365bet网上娱乐场_365双试投注是什么_365bet正网开户人民政府蒙古文网站 365bet网上娱乐场_365双试投注是什么_365bet正网开户

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠪᠠᠭᠠᠷᠢᠨ ᠠᠶᠠᠯᠠᠯ
        ᠨᠡᠶᠢᠲᠡᠯᠡᠭᠰᠡᠨ ᠴᠠᠭ᠄
        2023/2/7
                                                             ᠬᠠᠰᠳᠤᠩᠭᠠᠯᠠᠭ          ᠨᠠᠷᠠ ᠬᠤᠷ᠎ᠠ ᠲᠡᠩᠴᠡᠭᠰᠡᠨ ᠨᠠᠯᠠᠭᠠᠷ ᠨᠠᠮᠤᠷ ᠤᠨ ᠲᠤᠯᠤᠭᠠᠨ ᠰᠠᠷ᠎ᠠ ᠶᠢᠨ ᠠᠷᠪᠠᠨ ᠵᠢᠷᠭᠤᠭᠠᠨ ᠤ ᠦᠯᠵᠡᠶᠢᠳᠦ ᠡᠳᠦᠷ ᠶᠢ ᠰᠤᠩᠭᠤᠵᠦ᠂ ᠤᠤᠯ ᠤᠨ ᠵᠤᠤ ᠤᠳᠠ ᠠᠶᠢᠮᠠᠭ ᠤᠨ ︿︿ᠤᠯᠠᠭᠠᠨᠬᠠᠳᠠ ᠡᠷᠡᠭᠦᠯ ᠬᠠᠮᠠᠭᠠᠯᠠᠯ ᠤᠨ ᠰᠤᠷᠭᠠᠭᠤᠯᠢ ᠶᠢᠨ ᠡᠮᠴᠢ ᠶᠢᠨ ᠠᠩᠬᠢ ᠠᠴᠠ ᠲᠡᠭᠦᠰᠦᠭᠰᠡᠳ﹀﹀ ᠰᠤᠷᠭᠠᠭᠤᠯᠢ ᠲᠡᠭᠦᠰᠦᠭᠰᠡᠨ 40 ᠵᠢᠯ ᠤᠨ ᠤᠢ ᠶᠢᠨ ᠪᠠᠶᠠᠷ ᠲᠡᠮᠳᠡᠭᠯᠡᠬᠦ ᠪᠦᠭᠡᠮ ᠴᠤᠭᠯᠠᠭᠠᠨ ᠪᠠᠭᠠᠷᠢᠨ ᠪᠠᠷᠠᠭᠤᠨ ᠬᠤᠰᠢᠭᠤᠨ ᠤ ᠲᠦᠪ ᠳ᠋ᠠᠪᠠᠨ ᠪᠠᠯᠭᠠᠰᠤᠨ ᠤ ᠯᠢᠩ ᠱᠦᠢ ᠪᠠᠭᠤᠳᠠᠯ ᠳᠤ ︵ᠶᠡᠭᠡ ᠪᠠᠶᠢᠰᠢᠩ︶ ᠬᠦᠤᠷ ᠨᠠᠷᠭᠢᠶᠠᠨ ᠪᠢᠯᠬᠠᠮ᠎ᠠ ᠬᠦᠰᠢᠭᠡ  ᠎ ᠢᠶᠠᠨ ᠨᠡᠬᠡᠭᠡᠵᠦ ᠨᠠᠶᠢᠷ  ᠢᠶᠠᠨ ᠡᠬᠢᠯᠡᠭᠦᠯᠦᠯ᠎ᠡ᠃ ᠠᠬᠠᠮᠠᠳ ᠨᠦᠬᠦᠳ ᠤᠨ ᠲᠦᠯᠦᠭᠡᠯᠡᠭᠴᠢ ᠠᠴᠠ 40 ᠵᠢᠯ ᠤᠨ ᠲᠡᠤᠬᠡ ᠶᠢᠨ ᠤᠯᠪᠠᠭ᠎ᠠ ᠶᠢ ᠬᠠᠶᠢᠵᠦ᠂ ᠲᠦᠭᠦᠮ ᠲᠦᠳᠡ ᠡᠷᠬᠢᠴᠡᠭᠦᠯᠦᠨ ᠲᠤᠭᠠᠴᠠᠪᠠ᠃ ᠮᠠᠨᠤᠰ ᠪᠣᠯ ᠲᠡᠭᠡᠷ᠎ᠡ ᠵᠠᠭᠤᠨ ᠤ ᠲᠠᠯᠠᠭᠠᠳ ᠤᠨ ᠳᠤ ᠤᠯᠤᠰ ᠤᠨ ᠨᠢᠭᠡᠳᠦᠯᠳᠡᠢ ᠰᠢᠯᠭᠠᠭᠤᠯᠢ ᠪᠠᠷ ᠲᠠᠮᠵᠢᠨ ᠤᠯᠠᠭᠠᠨᠬᠠᠳᠠ ᠡᠷᠡᠭᠦᠯ ᠬᠠᠮᠠᠭᠠᠯᠠᠯ ᠤᠨ ᠰᠤᠷᠭᠠᠭᠤᠯᠢ ᠳᠤ ᠡᠯᠰᠡᠭᠳᠡᠨ ᠤᠷᠤᠭᠰᠠᠨ ᠰᠤᠷᠤᠯᠭ᠎ᠠ ᠶᠢᠨ ᠨᠠᠶᠢᠵᠠ ᠨᠠᠷ ᠶᠤᠮ᠃ ᠦᠨᠦᠳᠦᠷ ᠤᠨ ᠬᠤᠪᠢ ᠳᠤ ᠮᠠᠨᠤᠰ ᠨᠢᠭᠡᠨᠳᠡ ᠰᠤᠷᠭᠠᠭᠤᠯᠢ ᠲᠡᠭᠦᠰᠦᠭᠰᠡᠨ ᠲᠦᠴᠢᠨ ᠵᠢᠯ ᠤᠨ ᠤᠢ ᠪᠠᠨ ᠲᠡᠮᠳᠡᠭᠯᠡᠬᠦ ᠪᠤᠯᠤᠭᠰᠠᠨ ᠳᠤ ᠪᠠᠨ ᠲᠤᠩ ᠶᠡᠭᠡ ᠪᠠᠶᠠᠷ ᠲᠠᠢ ᠪᠠᠶᠢᠯ᠎ᠠ᠃ ᠲᠦᠴᠢᠨ ᠵᠢᠯ ᠤᠨ ᠡᠮᠦᠨᠡᠬᠢ ᠤᠷᠠᠢ ᠵᠠᠯᠠᠭᠤ ᠶᠢᠨ ᠬᠦᠮᠦᠰ ᠤᠳ ᠤᠳᠤ ᠨᠢᠭᠡᠨᠳᠡ ᠵᠢᠷᠠ ᠨᠠᠰᠤ ᠶᠢ ᠲᠠᠪᠠᠵᠦ᠂ ᠵᠠᠵᠢᠨ ᠦᠰᠦ ᠴᠠᠶᠢᠭᠠᠳ᠂ ᠵᠠᠬ᠎ᠠ ᠶᠢᠨ ᠠᠷᠠᠭ᠎ᠠ ᠵᠠᠶᠢᠮᠠᠵᠦ᠂ ᠵᠠᠭᠠᠯ ᠪᠤᠭᠤᠷᠤᠯ ᠤᠨ ᠡᠩᠨᠡᠭᠡ ᠳᠤ ᠲᠠᠪᠰᠢᠨ ᠤᠷᠤᠭᠰᠠᠨ ᠪᠢᠯᠡ᠃ ᠠᠢ ᠳ᠋ᠠ︕ ᠬᠦᠭᠡᠷᠦᠬᠦᠢ ᠠᠬ᠎ᠠ ᠲᠡᠭᠦᠦ ᠨᠠᠷ ᠮᠢᠨᠢ ᠡᠪᠦᠭᠡᠷᠡᠯ᠎ᠡ ᠴᠤ ᠭᠡᠮᠡᠨ ᠡᠪᠦᠭᠡᠷᠡᠯᠡᠶᠦ᠂ ᠦᠩᠭᠡ ᠶᠢᠷᠳᠢᠨᠴᠦ ᠶᠢᠨ ᠵᠠᠩ ᠵᠢᠷᠤᠮ ᠢᠶᠠᠷ ᠢᠶᠠᠨ ᠡᠪᠦᠭᠡᠷᠡᠯ᠎ᠡ ᠰᠢᠳᠠ᠃ ᠭᠠᠯ ᠵᠠᠯᠠᠭᠤ ᠶᠢᠨ ᠤᠩᠭᠤᠳ ᠤᠷᠤᠰᠢᠭᠰᠠᠨ ᠲᠡᠷᠡ ᠦᠶ᠎ᠡ ᠳᠤ ᠠᠭᠤᠯᠠ ᠬᠠᠳᠠ ᠰᠡᠨᠵᠢ ᠲᠠᠢ ᠠᠬᠤᠯ᠎ᠠ ᠡᠷᠭᠦᠭᠡᠳ ᠠᠪᠤᠮᠠᠷ ᠤᠮᠤᠭ ᠲᠠᠢ ᠪᠠᠶᠢᠭᠰᠠᠨ᠂ ᠤᠰᠤ ᠮᠦᠷᠡᠨ ᠰᠠᠪᠠ ᠲᠠᠢ ᠠᠬᠤᠯ᠎ᠠ ᠲᠡᠭᠦᠵᠢᠯᠡᠭᠡᠳ ᠶᠠᠪᠤᠮᠠᠷ ᠡᠷᠡᠯᠬᠡᠭ ᠪᠠᠶᠢᠭᠰᠠᠨ᠃ ᠬᠠᠨᠠᠭᠠᠷ ᠡᠷ᠎ᠡ  ᠶᠢᠨ ᠰᠦᠯᠳᠡ ᠨᠠᠰᠤᠨ ᠤ ᠲᠠᠭᠠᠰᠢᠶᠠᠯ ᠳᠤ ᠬᠤᠷᠤᠭᠤᠳᠠᠨ᠎ᠠ᠃ ᠪᠢᠷ᠎ᠠ ᠲᠠᠢ ᠲᠠᠷ ᠲᠠᠢ ᠭᠤᠸᠠᠯᠢᠭ ᠵᠠᠯᠠᠭᠤ ᠴᠢᠨᠢ ᠪᠦᠭᠳᠦᠷ ᠬᠠᠶᠢᠯᠠᠰᠤ ᠲᠠᠢ ᠮᠦᠷᠦ ᠵᠡᠷᠭᠡᠴᠡᠨ᠎ᠡ᠃ ᠦᠨᠦᠳᠦᠷ ᠤᠨ ᠬᠤᠪᠢ ᠳᠤ ᠠᠭᠠᠰᠢ ᠵᠠᠩ ᠨᠢ ᠨᠠᠮᠤᠭᠤᠬᠠᠨ ᠴᠤ ᠪᠤᠯᠤᠭᠰᠠᠨ᠂ ᠠᠯᠬᠤᠵᠦ ᠭᠢᠰᠬᠢᠬᠦ ᠨᠢ ᠤᠳᠠᠭᠠᠯᠢᠭ ᠴᠤ ᠪᠤᠯᠤᠭᠰᠠᠨ᠂ ᠠᠯᠢᠶ᠎ᠠ ᠲᠡᠭᠵᠢᠨ ᠲᠤᠭᠯᠠᠬᠤ ᠶᠢ ᠪᠠᠶᠢᠴᠢᠬᠠᠭᠰᠠᠨ᠂ ᠠᠷᠠᠯ ᠤᠨ ᠱᠠᠷ ᠮᠡᠳᠦ ᠠᠯᠬᠤᠬᠤ ᠪᠤᠯᠴᠢᠬᠠᠭᠰᠠᠨ᠃  ᠬᠢᠴᠢᠶᠡᠯ ᠤᠨ ᠲᠢᠩᠬᠢᠮ ᠤᠨ ᠬᠤᠸᠠᠷ ᠴᠡᠴᠡᠭ ᠮᠡᠳᠦ ᠬᠡᠭᠡᠨᠴᠢᠷ ᠬᠡᠤᠬᠡᠨᠴᠦᠳ ᠴᠤ  ᠬᠤᠪᠢᠷᠠᠯᠳᠠ ᠶᠡᠭᠡ ᠲᠠᠢ᠂ ᠪᠤᠯᠪᠠᠷᠠᠢ ᠵᠦᠭᠡᠯᠡᠨ ᠴᠢᠷᠠᠢ ᠳᠤ ᠨᠢ ᠪᠤᠷᠤᠭᠠᠨ ᠤ ᠲᠤᠰᠤᠯ ᠬᠤᠷᠭᠤᠳᠤᠭᠠᠳ᠂ ᠦᠵᠡᠬᠦ ᠬᠤᠶᠠᠷ ᠨᠢᠳᠦᠨ ᠳᠤ ᠨᠢ ᠤᠨᠢᠶᠠᠷ ᠬᠦᠳᠡᠩ ᠪᠦᠷᠬᠦᠶᠢᠭᠡᠳ᠂ ᠮᠦᠯᠰᠦᠨ ᠠᠷᠢᠭᠤᠬᠠᠨ ᠮᠠᠩᠨᠠᠢ ᠳᠤ ᠨᠢ ᠮᠦᠩᠭᠦᠨ ᠬᠤᠨᠢᠶᠠᠰᠤ ᠰᠠᠭᠠᠳᠤᠵᠦ᠂ ᠮᠦᠷᠦ ᠶᠢ ᠲᠠᠷᠤᠭᠰᠠᠨ ᠬᠠᠷ᠎ᠠ ᠦᠰᠦᠨ ᠳᠤ ᠨᠢ ᠨᠠᠮᠤᠷ ᠤᠨ ᠬᠢᠷᠠᠭᠤ ᠪᠠᠭᠤᠴᠢᠬᠠᠭᠰᠠᠨ᠂ ᠬᠤᠨᠳᠠᠭ᠎ᠠ ᠭᠠᠷᠳᠠᠭ ᠬᠠᠴᠠᠷ ᠲᠤ ᠨᠢ ᠪᠤᠶᠠᠨ ᠤ ᠮᠧᠩ ᠲᠤᠭᠳᠠᠵᠦ᠂ ᠮᠡᠯᠮᠡᠢ ᠠᠷᠭᠠᠮᠵᠢᠳᠠᠭ ᠵᠢᠰᠦᠨ ᠳᠤ ᠨᠢ ᠬᠠᠶᠢᠷ᠎ᠠ ᠶᠢᠨ ᠲᠤᠯᠪᠤ ᠬᠤᠨᠤᠭᠰᠢᠵᠠᠢ᠃ ᠨᠠᠰᠤᠨ ᠤ ᠡᠷᠬᠡ ᠪᠠᠶᠢᠭᠠᠯᠢ ᠶᠢᠨ ᠵᠢᠮ᠎ᠡ ᠪᠠᠷ ᠢᠶᠠᠨ ᠦᠳᠡᠯᠦᠭᠡ ᠲᠦᠷᠦᠭᠡ ᠰᠢᠭᠦᠷᠡᠭᠰᠡᠨ ᠴᠤ ᠵᠠᠯᠠᠭᠤ ᠶᠢᠨ ᠴᠤᠭ ᠢᠶᠠᠨ ᠪᠠᠳᠠᠷᠠᠭᠤᠯᠵᠦ᠂ ᠭᠠᠩᠭᠠᠩ ᠦᠶ᠎ᠡ ᠪᠠᠨ ᠰᠠᠨᠠᠭᠠᠯᠵᠠᠭᠰᠠᠭᠠᠷ᠂ ᠦᠯᠢᠭᠡᠷ ᠪᠤᠯᠤᠨ ᠬᠤᠴᠤᠷᠠᠭᠰᠠᠨ ᠦᠤᠷ ᠲᠡᠤᠬᠡ ᠪᠠᠨ ᠡᠷᠬᠢᠴᠡᠭᠦᠯᠦᠨ᠂ ᠶᠠᠷᠢᠭᠠᠳ ᠪᠠᠷᠠᠬᠤ ᠦᠭᠡᠢ ᠢᠨᠠᠭ ᠤᠨ ᠵᠤᠭᠤᠭ ᠂ ᠬᠡᠯᠡᠭᠡᠳ ᠲᠠᠭᠤᠰᠬᠤ ᠦᠭᠡᠢ ᠬᠠᠶᠢᠷ᠎ᠠ ᠶᠢᠨ ᠨᠢᠭᠤᠴᠠ ᠪᠠᠨ ᠶᠠᠷᠢᠯᠴᠠᠭᠠᠳ᠂᠂᠂᠂᠂᠂ ᠬᠠᠶᠢᠷ᠎ᠠ ᠲᠤᠷᠠᠯᠠᠯ ᠤᠨ ᠵᠡᠭᠦᠳᠦ ᠶᠢᠨ ᠶᠢᠷᠳᠢᠨᠴᠦ ᠳᠤ ᠰᠦᠨᠢᠵᠢᠨ ᠵᠤᠭᠠᠴᠠᠵᠦ᠂ ᠬᠦᠭᠡᠰᠦᠨ ᠪᠠᠶᠠᠷᠯᠠᠭᠰᠠᠨ ᠶᠢ ᠠᠯᠢ ᠶᠢ ᠨᠢ ᠬᠡᠯᠡᠵᠦ᠂ ᠶᠠᠭᠤ ᠶᠢ ᠨᠢ ᠲᠤᠭᠠᠴᠠᠭᠠᠳ ᠪᠠᠷᠠᠬᠤ ᠠᠵᠢ᠂᠂᠂᠂᠂᠂᠃ ᠮᠠᠨᠤᠰ 7 ᠰᠠᠷ᠎ᠠ ᠶᠢᠨ17᠎ ᠤ ᠡᠳᠦᠷ ᠪᠠᠭᠠᠷᠢᠨ ᠨᠤᠳᠤᠭ ᠤᠨ ᠨᠡᠷᠡᠳᠦ ᠦᠵᠡᠮᠵᠢ ᠶᠢᠨ ᠤᠷᠤᠨ ᠤ ᠨᠢᠭᠡ ᠪᠤᠯᠬᠤ ᠰᠠᠶᠢᠬᠠᠨ ᠬᠠᠨ ᠠᠭᠤᠯᠠ ᠶᠢ ᠴᠢᠭᠯᠡᠨ ᠠᠶᠠᠯᠠᠵᠦ᠂ ᠵᠠᠮ ᠤᠨ ᠭᠤᠳᠤᠰ ᠲᠤ ᠰᠠᠭᠠᠳ ᠦᠭᠡᠢ᠂ ᠦᠯᠢᠭᠡᠷ ᠦᠭᠡᠢ᠂ ᠲᠠᠭᠤ ᠳᠠᠭᠠᠨ ᠠᠷᠪᠠᠨ ᠨᠠᠢᠮᠠᠨ ᠦᠵᠡᠮᠵᠢ ᠪᠦᠬᠦᠢ᠂ ᠠᠷᠰᠢ ᠶᠢᠨ ᠪᠤᠯᠠᠭ ᠤᠨ ᠠᠭᠤᠯᠠ ᠤᠰᠤᠨ ᠤ ᠪᠠᠶᠢᠭᠠᠯᠢ ᠶᠢᠨ ᠦᠵᠡᠮᠵᠢ ᠳᠤ ᠰᠤᠭᠳᠤᠭᠤᠷᠠᠵᠦ ᠯᠠ ᠶᠠᠪᠤᠯ᠎ᠠ᠂᠂᠂᠂᠂᠂᠃ ᠶᠡᠭᠡ ᠬᠢᠩᠭᠠᠨ ᠲᠠᠪᠠᠭᠠᠨ ᠤ ᠠᠭᠤᠯᠠ ᠨᠢᠷᠦᠭᠤ ᠶᠢᠨ ᠦᠷᠭᠦᠯᠵᠢᠯᠡᠯ ᠪᠤᠯᠬᠤ ᠪᠠᠭᠠᠷᠢᠨ ᠤ ᠰᠠᠶᠢᠬᠠᠨ ᠬᠠᠨ ᠠᠭᠤᠯᠠ ᠭᠡᠭᠴᠢ ᠲᠡᠭᠷᠢ ᠶᠢᠨ ᠬᠤᠷ᠎ᠠ ᠲᠡᠭᠰᠢ ᠤᠨ ᠪᠣᠯ ᠦᠨᠡᠬᠡᠷ ᠦᠯᠢᠭᠡᠷ ᠲᠤᠮᠤᠭ ᠲᠤ ᠪᠠᠶᠢᠳᠠᠭ ᠪᠤᠷᠬᠠᠨ ᠰᠠᠬᠢᠭᠤᠯᠰᠤᠨ ᠰᠠᠭᠠᠳᠤᠭᠰᠠᠨ ᠪᠤᠳᠠᠯᠠᠩ ᠤᠨ ᠤᠷᠤᠨ ᠭᠡᠮᠡᠷ ᠮᠠᠭᠳᠠᠭᠠᠯ ᠲᠠᠢ᠂ ᠤᠨᠴᠠ ᠶᠢᠨ ᠰᠠᠶᠢᠬᠠᠨ ᠦᠵᠡᠮᠵᠢ ᠪᠦᠷᠢᠳᠦᠭᠰᠡᠨ ᠤᠮᠠᠷᠠᠳᠤ ᠤᠷᠤᠨ ᠤ ᠵᠢᠶᠠᠩᠨᠠᠨ ᠭᠡᠮᠡᠷ᠂ ᠰᠠᠶᠢᠬᠠᠨ ᠬᠠᠨ ᠠᠭᠤᠯᠠ ᠴᠤᠯᠠ ᠲᠠᠢ ᠠᠵᠤᠭᠤ᠃ ᠴᠠᠭᠠᠭᠴᠢᠨ ᠦᠬᠡᠷ ᠵᠢᠯ ᠤᠨ ᠬᠤᠷ᠎ᠠ ᠤᠰᠤ ᠲᠡᠩᠴᠡᠭᠰᠡᠨ ᠡᠨᠡ ᠡᠷᠢᠨ ᠳᠤ᠂ ᠠᠮᠢ ᠠᠬᠤᠢ ᠤᠷᠭᠤᠮᠠᠯ ᠤᠨ ᠪᠦᠷᠬᠦᠴᠡ ᠭᠠᠶᠢᠬᠠᠰᠢ ᠲᠦᠷᠦᠮ᠎ᠡ ᠪᠠᠶᠢᠭᠠᠯᠢ ᠶᠢᠨ ᠦᠵᠡᠮᠵᠢ ᠳᠤ ᠪᠠᠭ᠋ᠠᠷᠬᠠᠭᠰᠠᠭᠠᠷ᠂ ᠪᠤᠴᠠᠬᠤ ᠠᠶᠠᠨ ᠤ ᠲᠠᠭᠤ ᠳᠠᠭᠠᠨ ᠲᠡᠤᠬᠡ ᠶᠢᠨ ᠲᠤᠷᠠᠰᠬᠠᠯᠳᠤ ᠪᠠᠭᠠᠷᠢᠨ ᠴᠠᠭᠠᠨ ᠰᠤᠪᠤᠷᠭ᠎ᠠ ︵ᠵᠢᠨᠵᠢ ᠶᠢᠨ ᠴᠠᠭᠠᠨ ᠰᠤᠪᠤᠷᠭ᠎ᠠ︶ ᠎ ᠶᠢ ᠴᠤ ᠰᠤᠨᠢᠷᠬᠠᠵᠦ ᠶᠠᠪᠤᠯ᠎ᠠ᠃                ᠪᠠᠭᠠᠷᠢᠨ ᠨᠤᠳᠤᠭ ᠤᠨ ᠠᠷᠤ ᠬᠢᠵᠠᠭᠠᠷ ᠳᠠᠬᠢ ᠰᠤᠪᠤᠷᠭ᠎ᠠ ᠪᠠᠯᠭᠠᠰᠤᠨ ᠳᠤ ᠰᠡᠬᠦᠶᠢᠨ ᠰᠦᠨᠳᠡᠷᠯᠡᠭᠰᠡᠨ ᠱᠠᠭᠵᠠᠮᠤᠨᠢ ᠎ ᠶᠢᠨ ᠱᠠᠷᠢᠯ ᠤᠨ ᠰᠤᠪᠤᠷᠭ᠎ᠠ ᠬᠡᠮᠡᠭᠴᠢ 900 ᠢᠯᠡᠭᠦᠥ ᠵᠢᠯ ᠤᠨ ᠲᠡᠤᠬᠡ ᠲᠠᠢ ᠡᠨᠡ ᠴᠠᠭᠠᠨ ᠰᠤᠪᠤᠷᠭ᠎ᠠ ᠪᠣᠯ ᠯᠢᠶᠤᠥ ᠤᠯᠤᠰ ᠤᠨ ᠴᠦᠩ ᠰᠢ ᠶᠢᠨ ᠠᠷᠪᠠᠨ ᠵᠢᠷᠭᠤᠳᠤᠭᠠᠷ ᠤᠨ ᠠᠴᠠ ᠠᠷᠪᠠᠨ ᠨᠠᠢᠮᠠᠳᠤᠭᠠᠷ ᠤᠨ ᠳᠤ ᠪᠠᠷᠢᠯᠭ᠎ᠠ ᠲᠠᠭᠤᠰᠬᠠᠭᠰᠠᠨ ᠡᠨᠡᠬᠦ ᠴᠠᠭᠠᠨ ᠰᠤᠪᠤᠷᠭ᠎ᠠ ᠶᠢ ᠰᠢᠩᠽᠦ᠋ᠩ ᠬᠠᠭᠠᠨ ᠶᠧ ᠯᠢᠤᠢ ᠽᠦᠩ ᠵᠧᠨ ᠤ ᠲᠦᠷᠦᠭᠰᠡᠨ ᠡᠬᠡ ᠵᠠᠩ ᠱᠧᠩ ᠬᠤᠸᠠᠩ ᠲᠠᠶᠢᠬᠡᠤ ᠶᠢᠨ ᠵᠠᠷᠯᠢᠭ ᠢᠶᠠᠷ ᠱᠠᠭᠵᠠᠮᠤᠨᠢ ᠶᠢᠨ ᠭᠡᠭᠡᠨ ᠱᠠᠷᠢᠯ ᠳᠤ ᠲᠤᠬᠠᠶᠢᠯᠠᠨ ᠪᠦᠳᠦᠭᠡᠭᠰᠡᠨ ᠭᠡᠨ᠎ᠡ᠃ ᠲᠤᠰ ᠰᠤᠪᠤᠷᠭ᠎ᠠ ᠶᠢ ᠮᠤᠳᠤ ᠲᠤᠭᠤᠰᠬ᠎ᠠ ᠶᠢᠨ ᠮᠠᠲ᠋ᠠᠷᠢᠶᠠᠯ ᠢᠶᠠᠷ ᠨᠠᠢᠮᠠᠨ ᠲᠠᠯ᠎ᠠ ᠲᠠᠢ᠂ ᠲᠤᠯᠤᠭᠠᠨ ᠲᠠᠪᠬᠤᠷᠯᠢᠭ ᠲᠠᠭᠳᠤ ᠶᠢᠨ ᠬᠡᠯᠪᠡᠷᠢ ᠪᠠᠷ ᠴᠤᠭᠴᠠᠯᠠᠭᠰᠠᠨ ᠠᠵᠤᠭᠤ᠃ ᠰᠤᠪᠤᠷᠭ᠎ᠠ ᠶᠢᠨ ᠪᠦᠬᠦᠶᠢᠯᠡ ᠴᠤᠭᠴᠠᠰ 72᠂ 27 ᠮᠧᠲᠷ᠂ ᠰᠠᠭᠤᠷᠢ ᠠᠴᠠ ᠲᠡᠭᠡᠭᠰᠢ 8᠂ 7᠎ ᠶᠢᠨ ᠬᠠᠷᠢᠴᠠᠯ ᠢᠶᠠᠷ ᠴᠤᠮᠠᠳᠬᠠᠨ᠂ ᠬᠤᠯᠤᠰᠤᠨ ᠦᠶ᠎ᠡ ᠶᠢᠨ ᠬᠡᠯᠪᠡᠷᠢ ᠲᠠᠢ᠂ ᠬᠠᠨ᠎ᠠ ᠨᠢ ᠵᠤᠵᠠᠭᠠᠨ᠂ ᠬᠡᠪᠡᠯᠢ ᠨᠢ ᠬᠦᠨᠳᠡᠢ᠂ ᠲᠦᠷᠪᠡᠨ ᠲᠠᠯ᠎ᠠ ᠶᠢᠨ ᠬᠤᠷᠢᠨ ᠨᠠᠢᠮᠠᠨ ᠡᠭᠦᠳᠡᠨ ᠤ ᠬᠠᠵᠠᠭᠤ ᠳᠤ᠂ ᠬᠤᠶᠠᠭ ᠵᠡᠪᠰᠡᠭᠳᠦ ᠮᠠᠬᠠᠷᠠᠨᠽᠠ ᠶᠢ ᠭᠦᠳᠦᠭᠡᠷ ᠰᠡᠶᠢᠯᠦᠨ ᠵᠤᠭᠰᠤᠭᠠᠵᠦ᠂ ᠲᠠᠯᠠᠨ ᠵᠢᠷᠭᠤᠭᠠᠨ ᠨᠤᠮ ᠰᠡᠶᠢᠯᠦᠭᠰᠡᠨ ᠭᠠᠨᠳᠢᠭ ᠪᠠᠭᠠᠨ᠎ᠠ ᠶᠢ ᠨᠠᠢᠮᠠᠨ ᠲᠠᠯ᠎ᠠ ᠳᠤᠨᠢ ᠰᠡᠶᠢᠯᠦᠨ ᠤᠷᠠᠯᠠᠵᠦ᠂ 2240 ᠬᠤᠩᠬ᠎ᠠ ᠶᠢ ᠲᠠᠪᠬᠤᠷᠯᠢᠭ ᠰᠠᠷᠠᠪᠴᠢ ᠪᠦᠷᠢ ᠎ ᠳᠤ ᠲᠡᠭᠦᠵᠢᠯᠡᠵᠠᠢ᠃ ᠲᠤᠰ ᠪᠠᠷᠢᠯᠭ᠎ᠠ ᠨᠢ ᠯᠢᠶᠤᠥ ᠶᠢᠨ ᠲᠦᠷᠦ ᠶᠢᠨ ᠬᠦᠭᠵᠢᠯ ᠤᠨ ᠱᠠᠳᠤᠨ ᠳᠤ ᠪᠠᠶᠢᠭᠤᠯᠤᠭᠰᠠᠨ ᠭᠡᠳᠡᠭ᠃ ᠲᠤᠰ ᠰᠤᠪᠤᠷᠭ᠎ᠠ ᠳᠤ ᠤᠮᠠᠷᠠᠳᠤ ᠶᠢᠨ ᠭᠢᠳᠠᠨ ᠰᠤᠶᠤᠯ ᠤᠨ ᠦᠪ ᠢ ᠭᠦᠨ ᠬᠠᠳᠠᠭᠠᠯᠠᠭᠰᠠᠨ ᠷᠢᠳᠢ ᠰᠢᠳᠢ ᠲᠠᠢ ᠪᠠᠷᠢᠯᠭ᠎ᠠ ᠭᠡᠵᠦ ᠡᠳᠤᠭᠡ ᠶᠢᠨ ᠬᠦᠮᠦᠰ ᠦᠨᠡᠯᠡᠵᠦ ᠪᠢᠯᠡ᠃ ᠲᠠᠭᠠᠤ ᠳᠤᠨᠢ ᠬᠠᠮᠳᠤ ᠪᠠᠷ ᠪᠢᠳᠡᠭᠦᠦ ᠶᠢᠨ ᠷᠠᠰᠢᠶᠠᠨ ᠶᠢ ᠤᠭᠤᠤᠵᠦ᠂ ᠷᠠᠰᠢᠶᠠᠨ ᠤ ᠲᠤᠬᠠᠢ ᠲᠤᠮᠤᠭ ᠵᠤᠭᠤᠭ ᠶᠢ ᠲᠤᠭᠤᠯᠵᠦ ᠶᠠᠪᠤᠯ᠎ᠠ᠃ ᠯᠢᠩ ᠱᠦᠢ ᠪᠠᠭᠤᠳᠠᠯ ᠳᠤ ᠪᠠᠨ ᠪᠤᠴᠠᠵᠦ᠂ ᠤᠷᠤᠢ ᠶᠢᠨ ᠬᠤᠭᠤᠯᠠ ᠪᠠᠨ ᠬᠡᠷᠡᠭᠯᠡᠬᠦ ᠶᠢᠨ ᠲᠠᠭᠠᠤ ᠤᠯᠠᠨ ᠤ ᠰᠠᠨᠠᠯ ᠎ ᠢ ᠦᠨᠳᠦᠰᠦᠯᠡᠭᠡᠳ ᠲᠡᠳ᠋ ᠡᠳᠦᠷ ᠤᠨ ᠵᠤᠭᠠᠴᠠᠯ  ᠢ ᠦᠭᠡᠶᠢᠰᠭᠡᠵᠦ᠂ ᠵᠤᠬᠢᠶᠠᠨ ᠪᠠᠶᠢᠭᠤᠯᠬᠤ ᠺᠤᠮᠢᠰ ᠤᠨ ᠨᠠᠷᠠᠨᠳᠠᠯᠠᠢ᠂ ᠳ᠋ᠠᠮᠪᠢᠨᠢᠮ᠎ᠠ ᠬᠤᠶᠠᠭᠤᠯᠠ ᠠᠴᠠ ᠪᠤᠮᠠᠨ ᠰᠢᠷᠤᠢ ᠮᠤᠩᠭᠤᠯ ᠬᠤᠭᠤᠯᠠᠨ ᠳᠤ ᠨᠠᠶᠢᠷ ᠲᠠᠷᠬᠠᠭᠠᠬᠤ ᠶᠤᠰᠤᠯᠠᠯ ᠤᠨ ᠲᠠᠶᠢᠯᠯᠠᠭ᠎ᠠ ᠶᠢ ᠡᠷᠬᠢᠯᠡᠵᠦ᠂ ᠤᠩᠨᠢᠭᠤᠳ ᠨᠤᠳᠤᠭ ᠲᠠᠢ ᠬᠡᠰᠢᠭᠳᠡᠨ ᠬᠤᠰᠢᠭᠤ ᠪᠠᠷ ᠠᠯᠪᠠ ᠲᠠᠢ ᠰᠤᠳᠤ ᠨᠦᠬᠦᠷ ᠠᠴᠠ ᠴᠤᠭᠯᠠᠭᠠᠨ ᠨᠠᠶᠢᠷ ᠎ ᠢ ᠲᠦᠭᠦᠮ ᠢᠶᠠᠷ ᠳ᠋ᠦᠩᠨᠡᠯᠳᠡ ᠬᠢᠵᠦ᠂ ᠲᠦᠴᠢᠨ ᠵᠢᠯ ᠤᠨ ᠤᠢ ᠶᠢᠨ ᠪᠠᠶᠠᠷ ᠲᠡᠮᠳᠡᠭᠯᠡᠯ ᠤᠨ ᠨᠢᠵᠢᠭᠡᠷ ᠴᠤᠭᠯᠠᠭᠠᠨ ᠪᠢᠯᠬᠠᠮ᠎ᠠ ᠰᠠᠶᠢᠬᠠᠨ ᠠᠭᠤᠷ ᠠᠮᠢᠰᠬᠤᠯ ᠤᠨ ᠲᠤᠮᠳᠠ ᠦᠨᠳᠦᠷᠯᠡᠪᠡ᠃
        ᠢᠷᠡᠯᠲᠡ᠄ ᠬᠤᠯᠪᠤᠭ᠎ᠠ ᠰᠦᠯᠵᠢᠶ᠎ᠡ