ᠤᠷᠭᠤᠬᠤ ᠨᠠᠷ᠎ᠡ ᠲᠠᠢ ᠤᠷᠤᠯᠳᠤᠨ ᠦᠭᠡᠳᠡᠯᠡᠭᠦ ᠤᠶᠢᠯᠡᠰ ᠢᠶᠠᠨ ᠡᠷᠬᠢᠯᠡᠵᠦ ᠶᠠᠪᠤᠭ᠎ᠠ ᠡᠨᠡ ᠬᠦᠮᠦᠨ ᠢ ᠤᠶᠤᠨᠳᠠᠨ᠎ᠠ ᠭᠡᠳᠡᠭ᠃ ᠲᠡᠷᠡ ᠭᠠᠯᠠᠭᠤᠳᠤ ᠪᠠᠯᠭᠠᠰᠤᠨ | ᠲᠡᠭᠡᠷ᠎ᠡ ︽ᠲᠠᠶᠢᠴᠢᠨ︾ ᠭᠡᠤᠭᠡᠳ ᠠᠰᠠᠷᠠᠨ ᠬᠦᠮᠦᠵᠢᠭᠦᠯᠭᠦ ᠲᠥᠪ ᠢ ᠡᠷᠬᠢᠯᠡᠭᠡᠳ ᠠᠷᠪᠠᠭᠠᠳ ᠵᠢᠯ ᠪᠣᠯᠵᠤ ᠪᠠᠶᠢᠨ᠎ᠠ᠃ | ᠤᠶᠤᠨᠳᠠᠨ᠎ᠠ 2010 ᠣᠨ ᠳᠤ ᠰᠢᠯᠢ ᠶᠢᠨ ᠭᠤᠣᠯ ᠠᠶᠢᠮᠠᠭ ᠠᠴᠠ ᠦᠤᠰᠢᠨ ᠨᠣᠳᠤᠭ ᠲᠤ ᠮᠤᠷᠳᠠᠵᠤ ᠢᠷᠡᠭᠰᠡᠨ ᠪᠢᠯᠡ᠃ ᠬᠦᠮᠦᠨ ᠤ ᠨᠤᠳᠤᠭ | ᠬᠦᠨᠳᠡᠯᠡᠨ ᠤ ᠭᠠᠵᠠᠷ ᠲᠤ ᠠᠵᠤ ᠲᠦᠷᠦᠨ ᠠᠮᠢᠳᠤᠷᠠᠵᠤ ᠤᠶᠢᠯᠡᠰ ᠪᠤᠰᠬᠠᠨ᠎ᠠ ᠭᠡᠳᠡᠭ ᠨᠢ ᠤᠶᠤᠨᠳᠠᠨ᠎ᠠ ᠶᠢᠨ ᠬᠤᠪᠢ ᠳᠤ ᠶᠡᠭᠡ ᠰᠢᠯᠭᠠᠯᠳᠠ ᠪᠠᠶᠢᠯ᠎ᠠ᠃ ᠭᠡᠪᠡᠴᠦ | ᠲᠡᠷᠡ ᠡᠵᠢ ᠬᠦᠮᠦᠨ ᠤ ᠡᠨᠡᠷᠢᠩᠬᠦᠢ ᠰᠡᠳᠭᠢᠯ ᠢᠶᠠᠷ ᠦᠷᠦᠭᠡᠯ ᠤᠨ ᠭᠡᠤᠭᠡᠳ ᠢ ᠦᠪᠡᠷ ᠤᠨ ᠭᠡᠤᠭᠡᠳ ᠢᠶᠠᠨ ᠰᠢᠭ ᠠᠰᠠᠷᠠᠨ ᠭᠦᠮᠦᠵᠢᠭᠦᠯᠵᠦ᠂ ᠦᠷᠦ ᠵᠢᠷᠦᠬᠡᠨ ᠠᠴᠠ | ᠤᠨᠳᠤᠷᠤᠭᠰᠠᠨ ᠬᠠᠶᠢᠷ᠎ᠠ ᠪᠠᠷ ᠢᠶᠠᠨ ᠦᠰᠪᠦᠷᠢ ᠶᠢᠨ ᠬᠡᠤᠬᠡᠳ ᠢ ᠳᠤᠳᠤᠮᠳᠠᠳᠠᠭ ᠪᠠᠶᠢᠨ᠎ᠠ᠃ ᠡᠭᠦᠨ ᠤ ᠳᠠᠭᠠᠤ ᠲᠡᠷᠡ ᠠᠰᠠᠷᠠᠨ ᠬᠦᠮᠦᠵᠢᠭᠦᠯᠭᠦ ᠲᠥᠪ ᠤᠨ ᠪᠠᠭᠰᠢ | ᠨᠠᠷ ᠤᠨ ᠰᠢᠲ᠋ᠧᠮᠴᠢᠯᠡᠭᠰᠡᠨ ᠵᠢᠭᠠᠨ ᠰᠣᠷᠭᠠᠯᠲᠠ ᠶᠢᠨ ᠶᠠᠰᠣ ᠴᠢᠨᠡᠷ ᠢ ᠱᠠᠭᠠᠷᠳᠠᠵᠤ᠂ ᠪᠠᠭᠰᠢ ᠶᠢᠨ ᠡᠩᠨᠡᠭᠡ ᠪᠠᠨ ᠲᠠᠰᠤᠷᠠᠯᠳᠠ ᠦᠭᠡᠢ ᠲᠡᠭᠦᠯᠳᠡᠷᠵᠢᠭᠦᠯᠦ᠋ᠭᠰᠡᠭᠡᠷ | ᠢᠷᠡᠵᠡᠢ᠃ | ᠠᠨᠢᠶ᠎ᠠ ᠭᠡᠰᠡᠨ ᠢᠷᠠᠭᠤ ᠳᠠᠭᠤᠳᠠᠯᠭ᠎ᠠ ᠶᠢ ᠭᠡᠤᠭᠡᠳ ᠠᠴᠠ ᠪᠠᠨ ᠨᠢᠭᠡ ᠤᠯᠵᠤ᠂ ᠵᠠᠯᠠᠭᠤ ᠦᠢᠯᠡᠰᠴᠢᠨ ᠭᠡᠬᠦ ᠠᠯᠳᠠᠷ ᠢ ᠬᠠᠵᠠᠭᠤᠳᠠᠬᠢ ᠤᠯᠠᠨ ᠠᠴᠠ ᠪᠠᠨ | ᠰᠤᠨᠤᠰᠴᠤ ᠶᠠᠪᠤᠬᠤ ᠳᠠᠭᠠᠨ ᠤᠶᠤᠨᠲᠠᠨ᠎ᠠ ᠶᠢᠨ ᠰᠡᠳᠭᠢᠯ ᠬᠠᠩᠬᠤᠯᠤᠭᠤᠨ ᠪᠠᠶᠢᠪᠠ᠃ |