ᠡᠴᠢᠨ᠎ᠡ ᠬᠤᠯᠠ ᠶᠢᠨ ᠲᠡᠷᠲᠡᠭᠡ ᠠᠴᠠ ᠤᠷᠲᠤᠨ ᠤ ᠲᠠᠭᠤᠤ ᠲᠤᠭᠤᠯᠲᠠᠵᠤ᠂ ᠥᠨᠥᠳᠥᠷ ᠤᠨ ᠬᠠᠩᠬᠢᠨ ᠠᠴᠠ ︽ᠬᠥᠷᠥ ᠲᠠᠭᠤᠤ︾ ᠴᠤᠤᠷᠢᠶᠠᠲᠤᠨ᠎ᠠ᠃ | | ᠰᠢᠷᠭᠠᠯ ᠨᠠᠮᠤᠷ ᠤᠨ ᠶᠢᠰᠦᠳᠦᠭᠡᠷ ᠰᠠᠷ᠎ᠠ ᠶᠢᠨ ᠡᠬᠢ ᠪᠠᠷ ᠥᠪᠥᠷ ᠮᠣᠩᠭᠤᠯ ᠤᠨ ᠤᠷᠲᠤᠰ ᠬᠤᠲᠠ ᠶᠢᠨ ᠠᠩᠬᠠᠲᠤᠭᠠᠷ ᠬᠤᠭᠤᠴᠠᠭᠠᠨ ᠤ ︽ ᠤᠷᠲᠤᠰ ᠬᠥᠷᠥ | ᠲᠠᠭᠤᠤ ᠶᠢᠨ ᠤᠷᠠᠯᠢᠭ ᠤᠨ ᠴᠢᠭᠤᠯᠭᠠᠨ︾ ᠬᠠᠩᠬᠢᠨ ᠬᠤᠰᠢᠭᠤᠨ ᠳᠤ ᠬᠥᠭᠵᠢᠶᠡᠨᠲᠡᠢ ᠶᠠᠪᠤᠭᠲᠠᠵᠤ᠂ 37 ᠲᠤᠭᠤᠶᠢᠯᠠᠩ ᠤᠨ ᠬᠢᠨ ᠬᠥᠷᠥ ᠲᠠᠭᠤᠤ ᠶᠢᠨ ᠬᠠᠮᠲᠤ | ᠶᠢᠨ ᠳᠠᠭᠤᠤ ᠶᠢᠨ ᠤᠷᠤᠯᠲᠤᠭᠠᠨ ︵ᠢᠵᠠᠭᠤᠷ ᠮᠠᠶ᠋ᠢᠭ ᠢᠶᠠᠷ ᠲᠠᠭᠤᠯᠠᠬᠤ︶ ᠪᠣᠯᠣᠨ ︽ ᠤᠷᠲᠤᠰ ᠬᠥᠷᠥ ᠲᠠᠭᠤᠤ ᠶᠢᠨ ᠰᠢᠨ᠎ᠡ ᠪᠥᠲᠥᠬᠡᠯ ᠤᠨ ᠱᠠᠩᠨᠠᠯᠲᠤ | ᠤᠷᠤᠯᠲᠤᠭᠠᠨ︾ ︵ᠰᠢᠨ᠎ᠡ ᠮᠠᠶ᠋ᠢᠭ ᠢᠶᠠᠷ ᠲᠠᠭᠤᠯᠠᠬᠤ︶ ᠳᠤ ᠠᠪᠢᠶᠠᠰ ᠢᠶᠠᠨ ᠰᠣᠷᠢᠵᠤ᠂ ᠶᠡᠷᠡᠨ ᠨᠠᠰᠤᠲᠠᠢ ᠪᠤᠭᠤᠯᠴᠤᠳ ᠠᠴᠠ ᠶᠢᠰᠥᠨ ᠨᠠᠰᠤᠲᠠᠢ ᠪᠠᠭᠠᠴᠤᠳ | ᠬᠥᠷᠲᠡᠯ᠎ᠡ ᠢᠲᠡᠪᠬᠢᠯᠡᠨ ᠤᠷᠤᠯᠴᠠᠭᠰᠠᠨ ᠠᠴᠠ ᠭᠠᠲᠠᠨ᠎ᠠ ᠪᠠᠶᠠᠠᠨᠠᠭᠤᠷ ᠬᠤᠲᠠ ᠠᠴᠠ ᠭᠤᠷᠪᠠᠨ ᠲᠤᠭᠤᠶᠢᠯᠠᠩ ᠬᠦᠷᠦᠯᠴᠡᠨ ᠢᠷᠠᠵᠤ᠂ ᠤᠷᠤᠯᠳᠤᠭᠠᠨ ᠳᠤ | ᠤᠷᠤᠯᠴᠠᠭᠰᠠᠨ ᠬᠥᠮᠥᠨ ᠤ ᠲᠤᠭ᠎ᠠ ᠮᠢᠩᠭ᠎ᠠ ᠶᠢ ᠲᠠᠪᠠᠭᠰᠠᠨ ᠪᠠᠶᠢᠨ᠎ᠠ᠃ ᠡᠭᠦᠨ ᠤ ᠵᠡᠷᠭᠡ ᠪᠠᠷ ᠪᠠᠰᠠ ᠬᠥᠷᠥ ᠲᠠᠭᠤᠤ ᠶᠢᠨ ᠪᠡᠶᠡᠲᠦ ᠪᠤᠰᠤ ᠰᠤᠶᠤᠯ ᠤᠨ ᠥᠪ ᠤᠨ | ᠦᠵᠡᠭᠦᠯᠦᠯᠭᠡ᠂ ᠮᠢᠩᠭᠠᠨ ᠬᠥᠮᠥᠨ ᠤ ᠬᠥᠷᠥ ᠲᠠᠭᠤᠤ ᠶᠢᠨ ᠦᠵᠡᠭᠦᠯᠦᠯᠭᠡ᠂ ᠰᠤᠲᠤᠯᠤᠨ ᠶᠠᠷᠢᠯᠴᠠᠬᠤ ᠬᠤᠷᠠᠯ ᠵᠡᠷᠭᠡ ᠠᠵᠢᠯᠯᠠᠭ᠎ᠠ ᠨᠤᠭᠤᠳ ᠢ ᠥᠷᠨᠢᠭᠦᠯᠵᠦ᠂ | ᠳᠡᠯᠭᠡᠷ ᠪᠠᠶᠠᠷ ᠪᠣᠯᠵᠤ ᠬᠤᠯᠠ ᠤᠶᠢᠷ᠎ᠠ ᠶᠢᠨ ᠬᠥᠮᠥᠰ ᠤᠨ ᠠᠩᠬᠠᠷᠤᠯ ᠢ ᠲᠠᠲᠠᠭᠰᠠᠨ ᠪᠠᠶᠢᠨ᠎ᠠ᠃ | ᠬᠠᠩᠬᠢᠨ ᠬᠤᠰᠢᠭᠤᠨ ᠤ ᠠᠷᠠᠳ ᠲᠥᠮᠡᠨ ᠬᠠᠮᠤᠭ ᠮᠤᠩᠭᠤᠯ ᠤᠨ ︽ᠠᠮᠢᠲᠤ ᠴᠢᠯᠠᠭᠤᠵᠢᠮᠠᠯ︾ ᠪᠤᠯᠤᠭᠰᠠᠨ ︽ᠬᠥᠷᠥ ᠲᠠᠭᠤᠤ︾ ᠪᠠᠨ ᠬᠠᠶᠢᠷᠠᠯᠠᠨ | ᠬᠠᠮᠠᠭᠠᠯᠠᠵᠤ᠂ ᠤᠯᠠᠮᠵᠢᠯᠠᠨ ᠵᠠᠯᠭᠠᠮᠵᠢᠯᠠᠬᠤ ᠲᠠᠯ᠎ᠠ ᠪᠠᠷ ᠲᠤᠪᠤᠶᠢᠮ᠎ᠠ ᠥᠢᠯᠡᠲᠥᠯ ᠪᠠᠳᠠᠷᠠᠭᠤᠯᠤᠯ᠎ᠠ ᠭᠡᠵᠤ ᠬᠡᠯᠡᠵᠤ ᠪᠤᠯᠤᠨ᠎ᠠ᠃ 20 ᠳ᠋ᠤᠭᠠᠷ ᠵᠠᠭᠤᠨ ᠤ ᠨᠠᠶᠠᠭᠠᠳ | ᠤᠨ ᠠᠴᠠ ᠡᠬᠢᠯᠡᠨ ᠬᠠᠩᠬᠢᠨ ᠬᠤᠰᠢᠭᠤᠨ ᠤ ᠬᠥᠷᠥᠪᠠᠨᠽᠠᠷ ᠠᠷᠠᠳ ᠤᠨ ᠲᠤᠮᠲᠠ ᠠᠮᠠ ᠲᠠᠮᠵᠢᠨ ᠲᠠᠭᠤᠯᠠᠭᠲᠠᠭᠰᠠᠭᠠᠷ ᠢᠷᠡᠭᠰᠡᠨ ︽ᠬᠥᠷᠥ ᠲᠠᠭᠤᠤ︾ ᠨᠤᠭᠤᠳ | ᠢ ᠡᠮᠬᠢᠯᠡᠨ ᠴᠤᠭᠯᠠᠭᠤᠯᠵᠤ᠂ ᠬᠠᠲᠠᠭᠠᠯᠠᠨ ᠦᠯᠡᠳᠡᠭᠡᠵᠦ ᠥᠪᠯᠡᠨ ᠤᠯᠠᠮᠵᠢᠯᠠᠬᠤ ᠳᠤ ᠰᠠᠭᠤᠷᠢ ᠲᠠᠯᠪᠢᠭᠰᠠᠨ ᠪᠠᠶᠢᠲᠠᠭ᠃ ᠲᠡᠬᠦᠨ ᠤ ᠲᠠᠷᠠᠭ᠎ᠠ ᠮᠥᠡᠭᠬᠡᠲᠤᠶᠠᠭᠠ ᠨᠠᠷ | ᠠᠷᠠᠳ ᠤᠨ ᠲᠤᠮᠲᠠ ᠲᠠᠭᠤᠯᠠᠭᠲᠠᠭᠰᠠᠭᠠᠷ ᠢᠷᠡᠭᠰᠡᠨ ︽ᠬᠥᠷᠥ ᠲᠠᠭᠤᠤ︾ ᠶᠢ ᠲᠠᠬᠢᠨᠲᠠ ᠪᠥᠷᠢᠳᠬᠡᠨ ᠴᠤᠭᠯᠠᠭᠤᠯᠵᠤ ᠡᠮᠬᠢᠳᠬᠡᠨ ᠰᠢᠩᠬᠡᠬᠡᠵᠤ ᠬᠤᠶᠢᠴᠢᠰ ᠲᠠᠭᠠᠨ | ᠥᠪᠯᠡᠨ ᠥᠯᠡᠲᠡᠬᠡᠭᠰᠡᠨ ᠪᠠᠶᠢᠨ᠎ᠠ᠃ ᠤᠷᠴᠢᠮ ᠤᠨ ᠵᠢᠯ ᠤᠳ ᠲᠤ ᠬᠠᠩᠬᠢᠨ ᠬᠤᠰᠢᠭᠤᠨ ᠤ ᠠᠷᠠᠳ ᠤᠨ ᠲᠤᠮᠲᠠ ︽ᠬᠥᠷᠥ ᠲᠠᠭᠤᠤ ᠶᠢᠨ ᠨᠡᠶᠢᠬᠡᠮᠯᠢᠭ ︾᠂ ︽ | ᠬᠥᠷᠥ ᠲᠠᠭᠤᠤ ᠶᠢᠨ ᠪᠥᠯᠬᠦᠮ︾᠂ ︽ᠬᠥᠷᠥ ᠲᠠᠭᠤᠤ ᠶᠢᠨ ᠲᠤᠭᠤᠶᠢᠯᠠᠩ︾ ᠵᠡᠷᠭᠡ ︽ᠬᠥᠷᠥ ᠲᠠᠭᠤᠤ︾ ᠪᠠᠨ ᠤᠯᠠᠮᠵᠢᠯᠠᠨ ᠪᠠᠲᠠᠷᠠᠭᠤᠯᠬᠤ᠂ ᠵᠠᠯᠭᠠᠮᠵᠢᠯᠠᠨ | ᠥᠪᠯᠡᠬᠦ ᠬᠠᠮᠲᠤ ᠨᠡᠶᠢᠲᠡ ᠪᠠ ᠬᠤᠪᠢ ᠬᠥᠮᠥᠨ ᠣᠯᠠᠰᠢᠷᠠᠵᠤ᠂ ᠬᠠᠩᠬᠢᠨ ᠤ ᠬᠢᠨ ︽ᠬᠥᠷᠥ ᠲᠠᠭᠤᠤ︾ ᠶᠢ ᠤᠷᠤᠨ ᠲᠠᠶᠠᠭᠠᠷ᠂ ᠤᠯᠤᠰ ᠲᠠᠶᠠᠭᠠᠷ᠂ ᠴᠢᠨᠠᠭᠰᠢᠯᠠᠪᠠᠯ | ᠳᠡᠯᠡᠬᠡᠢ ᠲᠠᠶᠠᠭᠠᠷ ᠲᠤ ᠳᠠᠭᠤᠯᠠᠵᠤ ᠣᠶᠢᠯᠠᠭᠠᠵᠤ ᠮᠡᠳᠡᠷᠡᠭᠦᠯᠵᠦ ᠢᠷᠠᠵᠠᠢ᠃ 2018 ᠤᠨ ᠳᠤ ᠬᠠᠩᠬᠢᠨ ᠤ ᠬᠥᠷᠥ ᠲᠠᠭᠤᠤ ᠶᠢᠨ ᠨᠡᠶᠢᠬᠡᠮᠯᠢᠭ ᠤᠷᠢᠯᠭ᠎ᠠ ᠪᠠᠷ | ᠤᠯᠤᠰ ᠤᠨ ᠺᠢᠨᠤ᠋ ᠵᠥᠴᠥᠬᠡ ᠶᠢᠨ ᠲᠢᠶᠠᠲ᠋ᠠᠷ ᠲᠤ ᠬᠦᠷᠴᠦ ︽ᠬᠥᠷᠥ ᠲᠠᠭᠤᠤ︾ ᠶᠢᠨ ᠦᠵᠡᠭᠦᠯᠦᠯᠭᠡ ᠡᠷᠬᠢᠯᠡᠵᠦ ᠬᠥᠷᠥ ᠲᠠᠭᠤᠤ ᠶᠢ ᠤᠯᠤᠰ ᠲᠠᠶᠠᠭᠠᠷ ᠲᠤ | ᠲᠠᠨᠢᠯᠴᠠᠭᠤᠯᠤᠭᠰᠠᠨ ᠪᠠᠶᠢᠨ᠎ᠠ᠃ ᠲᠡᠳᠡ 2019 ᠤᠨ ᠤ 6 ᠰᠠᠷ᠎ᠠ ᠳᠤ ᠮᠤᠩᠭᠤᠯ ᠤᠯᠤᠰ ᠲᠤ ᠪᠤᠯᠤᠭᠰᠠᠨ ᠠᠽᠢᠶ᠎ᠠ ᠲᠢᠪ ᠤᠨ ᠵᠠᠩ ᠥᠢᠯᠡ ᠤᠷᠠᠯᠢᠭ ᠤᠨ | ᠨᠠᠭᠠᠲᠤᠮ ᠳᠤ ᠮᠥᠡᠭᠬᠦᠨ ᠮᠧᠳᠠᠯ ᠲᠤᠰᠴᠤ᠂ 8 ᠰᠠᠷ᠎ᠠ ᠳᠤᠨᠢ ᠪᠤᠯᠭᠠᠷᠢᠶ᠎ᠠ ᠳᠤ ᠪᠤᠯᠤᠭᠰᠠᠨ ᠶᠢᠰᠥᠳᠥᠬᠡᠷ ᠬᠤᠭᠤᠴᠠᠭᠠᠨ ᠤ ᠲᠡᠯᠡᠬᠡᠢ ᠶᠢᠨ ᠵᠠᠩ ᠥᠢᠯᠡ ᠤᠷᠠᠯᠢᠭ | ᠤᠨ ᠮᠠᠩᠯᠠᠢ ᠰᠢᠯᠭᠠᠷᠠᠭᠤᠯᠬᠤ ᠤᠷᠤᠯᠲᠤᠭᠠᠨ ᠳᠤ ᠠᠯᠲᠠᠨ ᠮᠧᠲᠠᠯ ᠲᠤᠰᠴᠤ᠂ ᠮᠣᠩᠭᠤᠯᠴᠤᠳ ᠤᠨ ︽ᠠᠮᠢᠲᠤ ᠴᠢᠯᠠᠭᠤᠵᠢᠮᠠᠯ︾ ᠪᠤᠯᠤᠭᠰᠠᠨ ᠬᠥᠷᠥ ᠲᠠᠭᠤᠤ ᠶᠢ | ᠶᠢᠷᠲᠢᠨᠴᠥ ᠶᠢᠨ ᠴᠢᠬᠢᠨ᠎ᠡ ᠳᠠᠭᠤᠷᠢᠰᠤᠭᠤᠯᠵᠤ᠂ ︽ᠬᠥᠷᠥ ᠲᠠᠭᠤᠤ︾ ᠪᠠᠷ ᠲᠡᠯᠡᠬᠡᠢ ᠶᠢᠨ ᠰᠤᠨᠤᠷ ᠢ ᠮᠢᠯᠢᠶᠡᠬᠰᠠᠨ ᠪᠠᠶᠢᠨ᠎ᠠ᠃ | ᠬᠠᠩᠬᠢᠨᠴᠤᠳ ᠮᠠᠨᠢ ᠡᠨᠡᠬᠦ ᠮᠤᠩᠭᠤᠯᠴᠤᠳ ᠤᠨ ᠰᠤᠶᠤᠯ ᠤᠨ ᠬᠡᠪ ᠨᠠᠮᠪᠠ ᠶᠢ ᠪᠥᠷᠢᠨ ᠬᠠᠲᠠᠭᠠᠯᠠᠭᠰᠠᠨ ᠥᠪ ᠬᠥᠷᠥᠩᠬᠡ ᠪᠠᠨ ᠬᠠᠶᠠᠭᠲᠠᠭᠤᠯᠤᠯ ᠥᠬᠡᠢ | ᠤᠯᠠᠮᠵᠢᠯᠠᠨ ᠵᠠᠯᠭᠠᠮᠵᠢᠯᠠᠵᠤ ᠬᠠᠲᠠᠭᠠᠯᠠᠵᠤ ᠶᠠᠪᠤᠭᠰᠠᠨ ᠢᠶᠠᠷ 2008 ᠤᠨ ᠳᠤ ᠬᠠᠩᠬᠢᠨ ᠤ ︽ᠬᠥᠷᠥ ᠲᠠᠭᠤᠤ︾ ᠤᠯᠤᠰ ᠤᠨ ᠪᠡᠶᠡᠲᠦ ᠪᠤᠰᠤ ᠰᠤᠶᠤᠯ ᠤᠨ ᠥᠪ | ᠪᠠᠷ ᠲᠠᠩᠰᠠᠯᠠᠭᠲᠠᠵᠤ᠂ ᠴᠢᠨᠠᠭᠰᠢᠯᠠᠨ ᠰᠤᠷᠭᠠᠭᠤᠯᠢ ᠶᠢᠨ ᠬᠥᠷᠢᠶᠡᠨ ᠳᠤ ᠲᠠᠭᠤᠯᠠᠭᠲᠠᠬᠤ ᠲᠠᠭᠤᠤ ᠤᠷᠠᠯᠢᠭ ᠤᠨ ᠤᠨᠴᠠᠭᠠᠢ ᠬᠢᠴᠢᠶᠡᠯ ᠪᠤᠯᠵᠤ᠂ ᠲᠡᠭᠦᠨ ᠢ ᠥᠪᠥᠷ | ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠥᠷᠢᠶᠡᠨ ᠳᠤ ᠬᠥᠷᠲᠡᠯ᠎ᠡ ᠬᠢᠴᠢᠶᠡᠯᠯᠡᠬᠦ ᠪᠣᠯᠵᠠᠢ᠃ ᠬᠠᠩᠬᠢᠨᠴᠤᠳ ᠪᠠᠰᠠ ᠤᠶᠢᠷ᠎ᠠ ᠶᠢᠨ ᠠᠷᠪᠠᠭᠠᠳ ᠵᠢᠯ ᠤᠨ | ᠲᠤᠷᠰᠢ᠂ ᠬᠤᠰᠢᠭᠤᠨ ᠤ ᠪᠠᠨ ᠡᠯ᠎ᠡ ᠰᠤᠮᠤ ᠪᠠᠯᠭᠠᠰᠤᠨ ᠳᠤ ᠬᠥᠷᠥ ᠲᠠᠭᠤᠤ ᠶᠢᠨ ᠲᠤᠭᠤᠶᠢᠯᠠᠩ ᠤᠨ ᠤᠷᠤᠯᠲᠤᠭᠠᠨ ᠥᠷᠨᠢᠭᠦᠯᠵᠦ᠂ ᠬᠠᠷᠢᠯᠴᠠᠨ ᠰᠤᠷᠤᠯᠴᠠᠵᠤ᠂ | ᠬᠠᠮᠲᠤ ᠪᠠᠷ ᠤᠯᠠᠮᠵᠢᠯᠠᠵᠤ᠂ ᠬᠥᠷᠥ ᠲᠠᠭᠤᠤ ᠪᠠᠨ ᠬᠠᠮᠲᠤ ᠪᠠᠷ ᠬᠥᠭᠵᠢᠭᠦᠯᠵᠦ ᠲᠤᠷᠰᠢᠯᠭ᠎ᠠ ᠪᠠᠨ ᠰᠤᠯᠢᠯᠴᠠᠭᠰᠠᠭᠠᠷ ᠢᠷᠡᠭᠰᠡᠨ ᠪᠠᠶᠢᠨ᠎ᠠ᠃ | ᠡᠨᠡ ᠤᠳᠠᠭᠠᠨ ᠤ ᠤᠷᠤᠯᠲᠤᠭᠠᠨ ᠤ ᠳ᠋ᠦᠩ ᠳᠤ᠂ ᠬᠥᠷᠥ ᠲᠠᠭᠤᠤ ᠶᠢᠨ ᠬᠠᠮᠲᠤ ᠶᠢᠨ ᠳᠠᠭᠤᠤ ᠶᠢᠨ ᠤᠷᠤᠯᠲᠤᠭᠠᠨ ︵ᠢᠵᠠᠭᠤᠷ ᠮᠠᠶ᠋ᠢᠭ ᠢᠶᠠᠷ ᠲᠠᠭᠤᠯᠠᠬᠤ︶ | ᠳᠤ ᠬᠠᠩᠬᠢᠨ ᠬᠤᠰᠢᠭᠤᠨ ᠤ ᠮᠤᠩᠭᠤᠯ ᠥᠨᠳᠥᠰᠥᠲᠡᠨ ᠤ ᠲᠤᠮᠲᠠᠲᠤ ᠰᠤᠷᠭᠠᠭᠤᠯᠢ ᠶᠢᠨ ᠬᠥᠷᠥ ᠲᠠᠭᠤᠤ ᠶᠢᠨ ᠲᠤᠭᠤᠶᠢᠯᠠᠩ ᠲᠡᠷᠢᠭᠦᠯᠡᠵᠦ᠂ ︽ᠤᠷᠲᠤᠰ ᠬᠥᠷᠥ | ᠲᠠᠭᠤᠤ ᠶᠢᠨ ᠰᠢᠨ᠎ᠡ ᠪᠥᠲᠥᠬᠡᠯ ᠤᠨ ᠱᠠᠩᠨᠠᠯᠲᠤ ᠤᠷᠤᠯᠲᠤᠭᠠᠨ︾ ︵ᠰᠢᠨ᠎ᠡ ᠮᠠᠶ᠋ᠢᠭ ᠢᠶᠠᠷ ᠲᠠᠭᠤᠯᠠᠬᠤ︶ ᠳᠤ ᠰᠢᠨᠡᠪᠠᠯᠭᠠᠰᠤᠨ ᠤ ᠲᠠᠯ᠎ᠠ ᠶᠢᠨ ᠲᠠᠭᠤᠯᠠᠯ ᠬᠥᠷᠥ | ᠲᠠᠭᠤᠤ ᠶᠢᠨ ᠲᠤᠭᠤᠶᠢᠯᠠᠩ ᠲᠡᠷᠢᠭᠦᠯᠡᠭᠰᠡᠨ ᠪᠠᠶᠢᠨ᠎ᠠ᠃ | ᠬᠠᠷ᠎ᠠ ᠮᠠᠩᠨᠠᠢ ᠶᠢᠨ ᠲᠠᠪᠤᠰᠤᠨ ᠨᠠᠭᠤᠷ ᠠᠴᠠ ︽ᠬᠥᠷᠥ ᠲᠠᠭᠤᠤ︾ ᠶᠢᠨ ᠡᠭᠡᠰᠢᠭ ᠴᠤᠤᠷᠢᠶᠠᠳᠤᠨ᠂ ᠬᠠᠩᠬᠢᠨ ᠤ ᠬᠠᠯᠠᠭᠤᠨ ᠡᠯᠢᠬᠡᠨ ᠠᠴᠠ ᠤᠵᠤᠭᠤᠷ | ᠡᠷᠲᠡᠨ ᠤ ᠤᠶᠠᠩᠭ᠎ᠠ ᠬᠠᠩᠬᠢᠨᠠᠨ᠎ᠠ᠃ ᠬᠥᠷᠥ ᠲᠠᠭᠤᠤ ᠶᠢᠨ ᠤᠯᠠᠮᠵᠢᠯᠠᠯ ᠥᠷᠬᠦᠯᠵᠢᠯᠡᠭᠰᠡᠬᠡᠷ ᠁ | ︵ᠬᠠᠩᠭᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ ᠤᠨ ᠰᠡᠷᠬᠦᠯᠡᠩ᠂ ᠷᠢᠨᠴᠢᠨ᠂ ᠤᠷᠠᠨᠲᠠᠨ᠎ᠠ ᠮᠡᠲᠡᠬᠡᠯᠡᠪᠡ︶ | | | | | | | | |