︽ᠪᠠᠯᠴᠢᠷ ᠬᠡᠦᠬᠡᠳ ᠲᠠᠶᠢᠯᠪᠤᠷᠢᠯᠠᠵᠤ ᠬᠡᠯᠡᠭᠡᠳ ᠣᠶᠢᠯᠠᠭᠠᠬᠤ ᠦᠭᠡᠢ᠂ ᠪᠠᠶᠢᠭ ᠪᠤᠯᠢ︾ ᠭᠡᠳᠡᠭ ᠦᠭᠡ ᠣᠯᠢᠭ ᠪᠣᠯᠳᠠᠭ ᠦᠶ᠎ᠡ ᠳᠤ ᠬᠡᠦᠬᠡᠳ ᠢ ᠠᠮᠠᠷᠬᠠᠨ | ᠰᠡᠩᠬᠡᠷᠡᠭᠦᠯᠳᠡᠭ ︽ᠨᠢᠭᠦᠯ︾ ᠭᠡᠳᠡᠭ ᠬᠦᠴᠦᠲᠦ ᠦᠭᠡ ᠶᠢᠨ ᠢᠳᠡ ᠰᠢᠳᠢ ᠶᠢ ᠬᠡᠷᠡᠭᠯᠡᠬᠦ ᠨᠢᠭᠡ ᠤᠷᠠᠨ ᠠᠷᠭ᠎ᠠ ᠪᠠᠶᠢᠳᠠᠭ᠃ ᠦᠯᠢᠭᠡᠷᠯᠡᠪᠡᠯ᠂ ︽ᠲᠡᠭᠡᠵᠦ ᠪᠣᠯᠬᠤ | ᠦᠭᠡᠢ᠂ ᠨᠢᠭᠦᠯ᠂ ᠲᠡᠷᠡ ᠨᠢ ᠲᠡᠭᠡᠵᠦ ᠣᠷᠬᠢᠳᠠᠭ ᠶᠤᠮ︾ ᠭᠡᠵᠦ ᠬᠥᠮᠥᠵᠢᠭᠦᠯᠳᠡᠭ᠃ ᠲᠡᠳᠡᠭᠡᠷ ᠨᠢᠭᠦᠯ ᠨᠢ ᠶᠠᠭᠠᠬᠢᠭᠠᠳ ᠦᠢᠯᠡᠳᠴᠦ ᠪᠣᠯᠳᠠᠭ ᠦᠭᠡᠢ ᠶᠢᠨ | ᠲᠠᠶᠢᠯᠪᠤᠷᠢ ᠨᠢ ᠲᠤᠬᠠᠢ ᠶᠢᠨ ᠨᠠᠰᠤᠨ ᠤ ᠬᠡᠦᠬᠡᠳ ᠤᠨ ᠰᠡᠳᠬᠢᠴᠡ ᠶᠢᠨ ᠬᠡᠮᠵᠢᠶᠡᠨ ᠳᠤ ᠪᠤᠵᠠᠭᠠᠢ ᠲᠣᠬᠢᠷᠠᠭᠰᠠᠨ ︽ᠬᠦᠨᠳᠦ ᠦᠭᠡ︾ ᠪᠠᠶᠢᠳᠠᠭ ᠨᠢ ᠬᠡᠦᠬᠡᠳ ᠢ | ᠨᠢᠳᠦ ᠢᠷᠮᠡᠬᠦ ᠶᠢᠨ ᠵᠠᠭᠤᠷ᠎ᠠ ᠦᠨᠡᠮᠰᠢᠭᠦᠯᠬᠦ ᠴᠢᠳᠠᠯ ᠲᠠᠢ ᠲᠤᠯᠠ ᠬᠡᠦᠬᠡᠳ ᠲᠡᠷᠡ ᠨᠢᠭᠦᠯ ᠢ ᠳᠠᠬᠢᠨ ᠣᠭᠲᠤ ᠬᠢᠬᠦ ᠦᠭᠡᠢ ᠪᠣᠯᠳᠠᠭ᠃ | | ᠮᠣᠩᠭᠤᠯᠴᠤᠳ ᠨᠢᠭᠦᠯ ᠤᠨ ᠲᠤᠬᠠᠢ ᠣᠶᠢᠯᠠᠭᠠᠯᠲᠠ ᠶᠢ ᠬᠡᠦᠬᠡᠳ ᠪᠠᠭᠠᠴᠤᠳ ᠲᠤ ᠲᠥᠯᠥᠪᠰᠢᠭᠦᠯᠦᠭᠰᠡᠨ ᠤ ᠰᠠᠭᠤᠷᠢᠨ ᠳᠡᠭᠡᠷ᠎ᠡ ᠪᠤᠶᠠᠨ ᠤ ᠲᠤᠬᠠᠢ ᠣᠶᠢᠯᠠᠭᠠᠯᠲᠠ ᠶᠢ | ᠭᠦᠨᠵᠡᠭᠡᠶᠢᠷᠡᠭᠦᠯᠦᠨ᠂ ᠠᠷᠪᠠᠨ ᠴᠠᠭᠠᠨ ᠪᠤᠶᠠᠨ ᠢ ᠡᠷᠬᠢᠮᠯᠡᠬᠦ ᠶᠣᠰᠣ ᠵᠦᠢ ᠲᠣᠭᠲᠠᠭᠠᠨ᠂ ᠬᠥᠮᠥᠨ ᠤ ᠰᠡᠳᠬᠢᠯ ᠢ ᠠᠷᠢᠭᠤᠰᠬᠠᠨ᠂ ᠢᠲᠡᠭᠡᠯ ᠦᠨᠡᠮᠰᠢᠯ ᠢ ᠪᠣᠢ | ᠪᠣᠯᠭᠠᠨ᠂ ᠪᠡᠶ᠎ᠡ᠂ ᠬᠡᠯᠡ᠂ ᠰᠡᠳᠬᠢᠯ ᠭᠤᠷᠪᠠ ᠶᠢ ᠤᠶᠠᠯᠳᠤᠭᠤᠯᠤᠨ᠂ ᠨᠡᠶᠢᠭᠡᠮ ᠤᠨ ᠬᠠᠷᠢᠯᠴᠠᠭ᠎ᠠ ᠶᠢ ᠵᠣᠬᠢᠴᠠᠭᠤᠯᠳᠠᠭ ᠪᠠᠶᠢᠵᠠᠢ᠃ | ᠠᠷᠪᠠᠨ ᠴᠠᠭᠠᠨ ᠪᠤᠶᠠᠨ | | 1.ᠠᠯᠢᠪᠠ ᠠᠮᠢ ᠬᠤᠷᠣᠭᠠᠬᠤ ᠶᠢ ᠬᠠᠲᠠᠭᠤ ᠴᠡᠭᠡᠷᠯᠡᠬᠦ᠃ | 2. ᠬᠠᠷᠠᠮᠴᠢ ᠬᠥᠮᠥᠨ ᠳᠤ ᠭᠤᠮᠣᠳᠠᠬᠤ ᠦᠭᠡᠢ᠂ ᠬᠠᠷᠢᠨ ᠥᠪᠡᠷ ᠢᠶᠠᠨ ᠥᠭᠯᠢᠭᠡ ᠥᠭᠬᠦ᠃ | 3.ᠪᠤᠷᠤᠭᠤ ᠦᠢᠯᠡ ᠶᠢ ᠲᠡᠪᠴᠢᠨ᠂ ᠵᠦᠢ ᠵᠣᠬᠢᠰ ᠢ ᠡᠷᠬᠢᠮᠯᠡᠬᠦ᠃ | 4. ᠬᠤᠪ ᠵᠥᠭᠡᠭᠡᠬᠦ᠂ ᠬᠤᠳᠬᠤᠨ ᠦᠢᠮᠡᠭᠦᠯᠬᠦ ᠶᠢ ᠴᠡᠭᠡᠷᠯᠡᠨ᠂ ᠬᠦᠯᠢᠴᠡᠲᠡᠶ ᠲᠠᠶᠢᠪᠤᠩ ᠪᠠᠶᠢᠵᠤ ᠠᠮᠤᠷᠯᠢᠩᠭᠤᠢ ᠶᠢ ᠬᠢᠴᠢᠶᠡᠬᠦ᠃ | 5. ᠬᠤᠳᠠᠯ ᠦᠭᠡ ᠶᠢ ᠲᠡᠪᠴᠢᠨ ᠪᠣᠯᠤᠭᠰᠠᠨ ᠶᠠᠪᠤᠳᠠᠯ ᠢ ᠦᠨᠡᠨ ᠢᠶᠠᠷ ᠬᠡᠯᠡᠬᠦ᠃ | 6.ᠰᠢᠷᠦᠭᠦᠨ ᠦᠭᠡ ᠬᠡᠷᠴᠡᠭᠡᠢ ᠶᠠᠷᠢᠶ᠎ᠠ ᠶᠢ ᠴᠡᠭᠡᠷᠯᠡᠬᠦ᠃ | 7.ᠠᠰᠢᠭ ᠬᠤᠨᠵᠢᠶ᠎ᠠ᠂ ᠳᠠᠯᠳᠠ ᠵᠠᠯᠢᠬᠠᠢ ᠦᠭᠡ ᠶᠢ ᠲᠡᠪᠴᠢᠭᠡᠳ ᠴᠢᠩ ᠰᠡᠳᠬᠢᠯ ᠤᠨ ᠦᠭᠡ ᠶᠢ ᠢᠯᠡ ᠲᠣᠳᠣ ᠭᠡᠯᠡᠬᠦ᠃ | 8. ᠪᠤᠰᠤᠳ ᠲᠠᠢ ᠵᠥᠷᠢᠴᠡᠯᠳᠦᠬᠦ ᠡᠯᠳᠡᠪ ᠬᠤᠣᠷᠲᠤ ᠰᠠᠨᠠᠭ᠎ᠠ ᠰᠡᠳᠬᠢᠯ ᠢ ᠲᠡᠪᠴᠢᠬᠦ᠃ | 9. ᠬᠤᠮᠣᠬᠠᠢ ᠰᠢᠨᠤᠭ ᠰᠡᠳᠬᠢᠯ ᠢ ᠴᠡᠭᠡᠷᠯᠡᠵᠦ᠂ ᠬᠠᠶᠢᠷᠠᠯᠠᠨ ᠥᠷᠥ ᠡᠪᠡᠳᠴᠦ ᠲᠤᠰᠠᠲᠠᠢ ᠰᠡᠳᠬᠢᠯ ᠢ ᠳᠡᠭᠡᠳᠦᠯᠡᠬᠦ᠃ | 10. ᠡᠯᠳᠡᠪ ᠪᠤᠷᠤᠭᠤ ᠦᠵᠡᠯ ᠢ ᠵᠢᠭᠰᠢᠭᠡᠳ ᠡᠶᠡᠯᠳᠡᠭ ᠵᠥᠭᠡᠯᠡᠨ ᠬᠥᠮᠥᠡᠯᠢᠭ ᠰᠡᠳᠬᠢᠯ ᠢ ᠡᠷᠬᠢᠮᠯᠡᠬᠦ᠃ |