ᠠᠬᠠᠮᠠᠳ ᠨᠠᠰᠤᠲᠠᠨ ᠡᠪᠦᠭᠡ ᠳᠡᠭᠡᠳᠦᠰ ᠢᠶᠠᠨ ᠬᠦᠨᠳᠦᠯᠡᠬᠦ ᠮᠣᠩᠭᠤᠯ ᠶᠣᠰᠣ ᠪᠣᠯ ᠦᠶ᠎ᠡ ᠠᠴᠠ ᠦᠶ᠎ᠡ ᠳᠤ ᠤᠯᠠᠮᠵᠢᠯᠠᠭᠳᠠᠨ ᠲᠥᠯᠥᠪᠰᠢᠭᠰᠡᠨ ᠨᠠᠨᠳᠢᠨ ᠰᠠᠶᠢᠬᠠᠨ | ᠰᠣᠶᠣᠯ ᠶᠤᠮ᠃ ᠬᠡᠦᠬᠡᠳ ᠵᠠᠯᠠᠭᠤᠴᠤᠳ ᠢ ᠰᠤᠷᠭᠠᠨ ᠬᠥᠮᠥᠵᠢᠭᠦᠯᠳᠡᠭ ᠤᠯᠠᠮᠵᠢᠯᠠᠯ ᠤᠨ ᠳᠣᠲᠣᠷ᠎ᠠ ᠠᠬᠠᠮᠠᠳ ᠢ ᠬᠦᠨᠳᠦᠯᠡᠨ ᠲᠡᠳᠡᠨ ᠤ ᠳᠠᠭᠤᠷᠢᠶᠠᠯᠠᠯ ᠢᠶᠠᠷ ᠨᠢ | ᠬᠥᠮᠥᠵᠢᠭᠦᠯᠬᠦ ᠶᠣᠰᠣ ᠭᠤᠣᠯ ᠪᠠᠶᠢᠷᠢ ᠡᠵᠡᠯᠡᠨ᠎ᠡ᠃ ᠬᠡᠦᠬᠡᠳ ᠪᠠᠭᠠᠴᠤᠳ ᠢ ᠠᠬᠠᠮᠠᠳ ᠢᠶᠠᠨ ᠬᠦᠨᠳᠦᠯᠡᠨ ᠦᠭᠡ ᠰᠤᠷᠭᠠᠯ ᠢ ᠨᠢ ᠰᠣᠨᠣᠰᠬᠤ ᠶᠢ ᠣᠨᠴᠠᠯᠠᠨ | ᠠᠩᠬᠠᠷᠤᠭᠤᠯᠳᠠᠭ᠃ ᠠᠬᠠᠮᠠᠳ ᠲᠣᠮᠣᠭᠠᠲᠠᠳ ᠪᠣᠯ ᠠᠮᠢᠳᠤᠷᠠᠯ ᠤᠨ ᠲᠤᠷᠰᠢᠯᠭ᠎ᠠ᠂ ᠲᠠᠨᠢᠵᠤ ᠮᠡᠳᠡᠭᠰᠡᠨ ᠵᠦᠢᠯ ᠢᠶᠠᠷ ᠢᠯᠡᠭᠦᠦ᠃ ᠬᠤᠷᠠᠮᠳᠤᠭᠤᠯᠤᠭᠰᠠᠨ ᠮᠡᠳᠡᠯᠭᠡ | ᠶᠢᠨ ᠰᠠᠩ᠂ ᠠᠮᠢᠳᠤᠷᠠᠯ ᠤᠨ ᠲᠤᠷᠰᠢᠯᠭ᠎ᠠ᠂ ᠵᠠᠩ ᠵᠠᠩᠰᠢᠯ᠂ ᠶᠣᠰᠣ ᠰᠤᠷᠲᠠᠬᠤᠨ ᠤ ᠰᠢᠯᠢᠳᠡᠭ ᠵᠦᠢᠯ ᠢ ᠬᠡᠦᠬᠡᠳ ᠪᠠᠭᠠᠴᠤᠳ ᠲᠤ ᠥᠪᠯᠡᠭᠦᠯᠦᠨ ᠥᠭᠬᠦ ᠶᠢ | ᠵᠣᠷᠢᠳᠠᠭ ᠠᠴᠠ︽ᠬᠥᠮᠥᠨ ᠠᠬ᠎ᠠ ᠲᠠᠢ᠂ ᠳᠡᠪᠡᠯ ᠵᠠᠬ᠎ᠠ ᠲᠠᠢ︾ ᠭᠡᠳᠡᠭ ᠢ ᠣᠶᠢᠯᠠᠭᠠᠭᠤᠯᠤᠨ᠂︽ᠨᠠᠰᠤᠲᠠᠨ ᠣᠯᠠᠨ ᠲᠠᠢ ᠭᠠᠵᠠᠷ ᠤᠨ ᠨᠡᠷᠡᠨ ᠲᠤᠶᠠᠭ᠎ᠠ ᠲᠣᠰᠣᠨ᠎ᠠ︾ | ᠭᠡᠵᠦ ᠢᠲᠡᠭᠡᠭᠦᠯᠵᠦ᠂︽ᠠᠬᠠᠮᠠᠳ ᠤᠨ ᠰᠤᠷᠭᠠᠯ ᠠᠯᠲᠠ᠂ ᠪᠤᠭᠤᠷᠤᠯ ᠤᠨ ᠦᠭᠡ ᠪᠤᠶᠠᠨ︾ ᠪᠠᠶᠢᠳᠠᠭ ᠤᠴᠢᠷ ︽ᠪᠣᠯᠤᠭᠰᠠᠨ ᠠᠴᠠ ᠠᠮᠠ ᠬᠥᠷ᠂ ᠪᠤᠭᠤᠷᠤᠯ ᠠᠴᠠ | ᠦᠭᠡ ᠰᠣᠨᠣᠰ︾ ᠭᠡᠵᠦ ᠰᠤᠷᠭᠠᠨ ︽ᠠᠬ᠎ᠠ ᠨᠢ ᠬᠡᠯᠡᠵᠦ᠂ ᠳᠡᠭᠦᠦ ᠨᠢ ᠰᠣᠨᠣᠰᠳᠠᠭ︾ ᠭᠡᠰᠡᠨ ᠵᠠᠷᠴᠢᠮ ᠢ ᠠᠮᠢᠳᠤᠷᠠᠯ ᠤᠨ ᠪᠢᠴᠢᠭᠳᠡᠭᠡ ᠦᠭᠡᠢ ᠬᠠᠤᠯᠢ ᠪᠣᠯᠭᠠᠨ | ᠪᠠᠷᠢᠮᠲᠠᠯᠠᠭᠰᠠᠭᠠᠷ ᠢᠷᠡᠵᠡᠢ᠃ | ᠮᠣᠩᠭᠤᠯᠴᠤᠳ ᠠᠬᠠᠮᠠᠳ ᠢ ᠬᠦᠨᠳᠦᠳᠬᠡᠳᠡᠭ ᠶᠣᠰᠣᠨ ᠢ ᠬᠡᠦᠬᠡᠳ ᠪᠠᠭᠠᠴᠤᠳ ᠲᠤ ᠬᠠᠷ᠎ᠠ ᠪᠠᠭ᠎ᠠ ᠠᠴᠠ ᠨᠢ ᠮᠠᠰᠢ ᠨᠠᠷᠢᠨ ᠳᠠᠰᠬᠠᠯ ᠬᠢᠯᠭᠡᠵᠦ | ᠳᠠᠳᠬᠠᠯᠰᠢᠭᠤᠯᠳᠠᠭ ᠪᠠᠶᠢᠵᠠᠢ᠃ ᠠᠬᠠᠮᠠᠳ ᠬᠥᠮᠥᠨ ᠢᠷᠡᠬᠦ ᠳᠤ ᠮᠣᠷᠢᠨ ᠠᠴᠠ ᠨᠢ ᠲᠦᠰᠢᠵᠦ ᠪᠠᠭᠤᠯᠭᠠᠬᠤ᠂ ᠮᠣᠷᠢ ᠶᠢ ᠨᠢ ᠤᠶᠠᠵᠤ ᠴᠢᠳᠦᠷᠯᠡᠬᠦ᠂ ᠭᠡᠷ ᠤᠨ ᠢᠶᠠᠨ | ᠡᠭᠦᠳᠡ ᠶᠢ ᠨᠡᠭᠡᠭᠡᠵᠦ ᠣᠷᠣᠭᠤᠯᠬᠤ᠂ ᠣᠯᠪᠣᠭ ᠳᠡᠪᠢᠰᠬᠡᠷ ᠲᠠᠯᠪᠢᠵᠤ ᠥᠭᠬᠦ᠂ ᠴᠠᠢ ᠢᠳᠡᠭᠡ ᠪᠠᠷ ᠬᠦᠨᠳᠦᠯᠡᠬᠦ᠂ ᠠᠬᠠᠮᠠᠳ ᠬᠥᠮᠥᠨ ᠤ ᠳᠡᠭᠡᠳᠦ ᠲᠠᠯ᠎ᠠ ᠳᠤ ᠡᠰᠡ | ᠰᠠᠭᠤᠬᠤ᠂ ᠤᠷᠳᠤᠭᠤᠷ ᠨᠢ ᠡᠰᠡ ᠭᠠᠷᠬᠤ᠂ ᠦᠭᠡ ᠤᠷᠤᠯᠳᠤᠬᠤ ᠦᠭᠡᠢ᠂ ᠠᠬᠠᠮᠠᠳ ᠤᠨ ᠥᠭᠡᠳᠡ ᠠᠴᠠ ᠰᠢᠷᠦᠭᠦᠨ ᠳᠤᠤᠭᠠᠷᠬᠤ ᠦᠭᠡᠢ᠂ ᠦᠭᠡ ᠪᠤᠯᠢᠶᠠᠯᠳᠤᠬᠤ | ᠦᠭᠡᠢ ᠪᠠᠶᠢᠬᠤ ᠶᠢ ᠵᠢᠭᠠᠨ ᠥᠭᠳᠡᠭ᠃ | | |