ᠮᠤᠩᠭᠤᠯᠴᠤᠳ ᠡᠴᠢᠭᠡ ᠶᠢᠨ ᠤᠳᠤᠮ ᠤᠭᠰᠠᠭᠠᠨ ᠤ ᠬᠢ ᠪᠠᠨ ᠶᠠᠰᠤᠨ ᠲᠦᠷᠦᠯ ᠭᠡᠵᠤ᠂ ᠡᠬᠡ ᠶᠢᠨ ᠤᠳᠤᠮ ᠤᠭᠰᠠᠭᠠᠨ ᠤ ᠬᠢ ᠪᠠᠨ ᠴᠢᠰᠤᠨ ᠲᠦᠷᠦᠯ | ᠭᠡᠳᠡᠭ᠃ ᠦᠶ᠎ᠡ ᠲᠦᠷᠦᠯ ᠢᠶᠠᠨ ᠦᠪᠡᠷ ᠠᠴᠠ ᠪᠠᠨ ᠲᠡᠭᠡᠭᠰᠢ ᠶᠢᠰᠤᠨ ᠦᠶ᠎ᠡ ᠪᠠᠨ ᠡᠴᠢᠭᠡ᠂ ᠡᠪᠦᠭᠡ᠂ ᠡᠯᠤᠨᠴᠡ ᠡᠪᠦᠭᠡ᠂ ᠬᠤᠯᠤᠨᠴᠠ ᠡᠪᠦᠭᠡ᠂ ᠡᠯᠤᠨ ᠡᠪᠦᠭᠡ᠂ | ᠬᠤᠯᠤᠨ ᠡᠪᠦᠭᠡ᠂ ᠬᠤᠯᠪᠤᠭ᠎ᠠ ᠡᠪᠦᠭᠡ᠂ ᠦᠨᠳᠦᠷ ᠡᠪᠦᠭᠡ᠂ ᠪᠠᠯᠡᠳᠡᠩ ᠡᠪᠦᠭᠡ ᠭᠡᠵᠤ ᠨᠡᠷᠡᠯᠡᠵᠤ᠂ ᠴᠠᠭᠠᠰᠢ ᠪᠠᠨ ᠪᠤᠯ ᠡᠪᠦᠭᠡ ᠲᠡᠭᠡᠳᠦᠰ ᠭᠡᠳᠡᠭ᠃ ᠦᠪᠡᠷ ᠠᠴᠠ | ᠪᠠᠨ ᠲᠤᠭᠤᠭᠰᠢ ᠶᠢᠰᠤᠨ ᠦᠶ᠎ᠡ ᠪᠠᠨ ᠬᠦᠦ᠂ ᠤᠮᠪᠤᠯᠤ᠂ ᠲᠤᠮᠪᠤᠯᠤ ︵ᠵᠢᠴᠢ ︶᠂ ᠵᠢᠴᠢᠨᠴᠢᠷ᠂ ᠭᠤᠴᠢ᠂ ᠭᠤᠴᠢᠨᠴᠢᠷ᠂ ᠵᠢᠬᠦ᠂ ᠵᠢᠯᠢᠢᠭᠦᠢ᠂ ᠲᠡᠯᠢᠢᠭᠦᠢ ᠭᠡᠵᠤ | ᠨᠡᠷᠡᠯᠡᠨ ᠲᠠᠭᠤᠳᠠᠳᠠᠭ᠃ | ᠬᠠᠵᠠᠭᠤ ᠶᠢᠨ ᠬᠥᠨᠳᠠᠯᠠᠨ ᠬᠡᠯᠬᠢᠶ᠎ᠠ ᠪᠠᠨ ᠢᠯᠭᠠᠬᠤ ᠲᠠᠯ᠎ᠠ ᠪᠠᠷ ᠨᠠᠢᠮᠠᠨ ᠬᠡᠯᠬᠢᠶ᠎ᠠ ᠪᠠᠨ ᠢᠯᠭᠠᠨ ᠲᠠᠭᠤᠳᠠᠵᠣ ᠴᠢᠳᠠᠨ᠎ᠠ᠄ ᠲᠥᠷᠥᠭᠰᠡᠨ ᠠᠬ᠎ᠠ ᠲᠡᠬᠦᠥ — | ᠡᠴᠢᠬᠡ ᠨᠢᠬᠡᠳᠡᠢ ᠠᠬ᠎ᠠ ᠲᠡᠬᠦᠥ︔ ᠥᠶᠡᠯᠢᠳ ᠠᠬ᠎ᠠ ᠲᠡᠬᠦᠥ — ᠡᠪᠦᠭᠡ ᠨᠢᠬᠡᠳᠡᠢ ᠠᠬ᠎ᠠ ᠲᠡᠬᠦᠥ︔ ᠬᠠᠯᠢᠶᠠᠳ ᠠᠬ᠎ᠠ ᠲᠡᠬᠦᠥ — ᠡᠯᠣᠨᠴᠡ ᠡᠪᠦᠭᠡ | ᠨᠢᠬᠡᠳᠡᠢ ᠠᠬ᠎ᠠ ᠲᠡᠬᠦᠥ︔ ᠥᠶ᠎ᠠ ᠠᠬ᠎ᠠ ᠲᠡᠬᠦᠥ — ᠬᠤᠯᠣᠨᠴᠠ ᠡᠪᠦᠭᠡ ᠨᠢᠬᠡᠳᠡᠢ ᠠᠬ᠎ᠠ ᠲᠡᠬᠦᠥ︔ ᠬᠠᠶᠠ ᠠᠬ᠎ᠠ ᠲᠡᠬᠦᠥ — ᠡᠯᠥᠨ ᠡᠪᠦᠭᠡ ᠨᠢᠬᠡᠳᠡᠢ ᠠᠬ᠎ᠠ | ᠲᠡᠬᠦᠥ︔ ᠥᠶᠡᠨᠴᠢᠷ ᠠᠬ᠎ᠠ ᠲᠡᠬᠦᠥ — ᠬᠤᠯᠣᠨ ᠡᠪᠦᠭᠡ ᠨᠢᠬᠡᠳᠡᠢ ᠠᠬ᠎ᠠ ᠲᠡᠬᠦᠥ︔ ᠬᠠᠶᠠᠨᠴᠢᠷ ᠠᠬ᠎ᠠ ᠲᠡᠬᠦᠥ — ᠬᠤᠯᠪᠣᠭ᠎ᠠ ᠡᠪᠦᠭᠡ ᠨᠢᠬᠡᠳᠡᠢ ᠠᠬ᠎ᠠ | ᠲᠡᠬᠦᠥ︔ ᠲᠥᠷᠥᠯ ᠤᠨ ᠠᠬ᠎ᠠ ᠲᠡᠬᠦᠥ — ᠥᠨᠳᠥᠷ ᠡᠪᠦᠭᠡ ᠨᠢᠬᠡᠳᠡᠢ ᠪᠣᠶᠣ ᠲᠡᠬᠦᠨ ᠠᠴᠠ ᠲᠡᠬᠡᠭᠰᠢ ᠥᠶ᠎ᠠ ᠶᠢᠨ ᠡᠪᠦᠭᠡ ᠨᠢᠬᠡᠳᠡᠢ᠂ ᠨᠢᠬᠡ ᠤᠪᠣᠬ ᠶᠠᠰᠣᠨ ᠤ | ᠬᠡᠯᠬᠢᠶ᠎ᠠ ᠬᠤᠯᠠᠳᠠᠬᠰᠠᠨ ᠠᠬ᠎ᠠ ᠲᠡᠬᠦᠥ᠃ ᠮᠣᠩᠭᠤᠯᠴᠣᠳ ᠲᠥᠷᠥᠯ ᠰᠡᠳᠥᠨ ᠢᠶᠠᠨ ᠲᠣᠯᠣᠭᠠᠨ ᠵᠥᠢᠯ ᠬᠤᠪᠢᠶᠠᠨ ᠲᠠᠭᠤᠳᠠᠨ᠎ᠠ᠃ ᠡᠨᠡ ᠨᠢ ᠠᠪᠤ ᠶᠢᠨ ᠲᠥᠷᠥᠯ | ᠠᠪᠠᠭ᠎ᠠ ᠨᠠᠷ᠂ ᠡᠵᠢ ᠶᠢᠨ ᠲᠥᠷᠥᠯ ᠨᠠᠭᠠᠴᠢ ᠨᠠᠷ᠂ ᠬᠠᠳᠠᠮ᠂ ᠬᠤᠳᠠ ︵ᠬᠤᠳᠠᠭᠠᠢ︶᠂ ᠪᠥᠯᠥ᠂ ᠵᠢᠬᠡ᠂ ᠲᠠᠭᠤᠷ ︵ᠪᠥᠯᠥ︶ ᠵᠡᠷᠬᠡ ᠪᠤᠯᠤᠨ᠎ᠠ᠃ | ᠦᠯᠢᠶᠡᠳ ᠠᠴᠠ ᠳᠤᠷᠤᠭᠰᠢ ᠢᠯᠭᠠᠠ ᠳᠠᠭᠤᠳᠠᠬᠤ ᠲᠠᠯ᠎ᠠ ᠪᠠᠷ᠄ ᠦᠯᠢᠶᠡᠳ— ᠲᠦᠷᠦᠭᠰᠡᠨ ᠠᠬ᠎ᠠ ᠲᠡᠭᠦᠣ ᠶᠢᠨ ᠬᠡᠣᠬᠡᠳ︔ ᠦᠯᠢᠶᠡᠳ ᠬᠦᠣ — | ᠲᠦᠷᠦᠭᠰᠡᠨ ᠠᠬ᠎ᠠ ᠲᠡᠭᠦᠣ ᠶᠢᠨ ᠬᠦᠦ︔ ᠦᠯᠢᠶᠡᠳ ᠪᠡᠷᠢ — ᠦᠯᠢᠶᠡᠳ ᠬᠦᠣ ᠶᠢᠨ ᠬᠡᠷᠭᠡᠢ︔ ᠬᠠᠯᠢᠶᠠᠳ — ᠦᠯᠢᠶᠡᠳ ᠠᠬ᠎ᠠ ᠲᠡᠭᠦᠣ ᠶᠢᠨ ᠦᠷ᠎ᠡ | ᠬᠡᠣᠬᠡᠳ︔ ᠦᠶᠡᠨᠴᠡᠷ ᠠᠬ᠎ᠠ ᠲᠡᠭᠦᠣ — ᠬᠠᠯᠢᠶᠠᠳ ᠠᠬ᠎ᠠ ᠲᠡᠭᠦᠣ ᠠᠴᠠ ᠲᠦᠷᠦᠭᠰᠡᠨ ᠬᠡᠣᠬᠡᠳ︔ ᠪᠦᠯᠦᠨᠴᠡᠷ — ᠬᠤᠶᠠᠷ ᠪᠦᠯᠦ ᠠᠴᠠ ᠲᠦᠷᠦᠭᠰᠡᠨ | ᠬᠡᠣᠬᠡᠳ ᠬᠤᠭᠤᠷᠣᠨᠳᠦ ᠪᠠᠨ ᠪᠦᠯᠦᠨᠴᠡᠷ ᠪᠣᠯᠣᠨ᠎ᠠ︔ ᠵᠢᠭᠡᠨᠴᠡᠷ — ᠵᠢᠭᠡ ᠠᠴᠠ ᠲᠦᠷᠦᠭᠰᠡᠨ ᠬᠡᠣᠬᠡᠳ᠃ ᠪᠠᠵᠠ — ᠡᠭᠡᠴᠢ ᠲᠡᠭᠦᠣ ᠬᠤᠶᠠᠷ ᠤᠨ ᠬᠤᠶᠠᠷ | ᠡᠷ᠎ᠡ ᠬᠤᠭᠤᠷᠣᠨᠳᠦ ᠪᠠᠨ ᠪᠠᠵᠠ ᠪᠣᠯᠣᠨ᠎ᠠ︔ ᠠᠪᠢᠰᠦᠨ ᠠᠵᠢᠨ — ᠠᠬ᠎ᠠ ᠶᠢᠨ ᠡᠬᠡᠨᠡᠷ ᠲᠡᠭᠦᠣ ᠶᠢᠨ ᠡᠬᠡᠨᠡᠷ ᠤᠨ ᠠᠪᠢᠰᠦᠨ᠂ ᠲᠡᠭᠦᠣ ᠶᠢᠨ ᠡᠬᠡᠨᠡᠷ ᠠᠬ᠎ᠠ ᠶᠢᠨ | ᠡᠭᠡᠨᠡᠷ ᠤᠨ ᠠᠵᠢᠨ ᠪᠣᠯᠣᠨ᠎ᠠ︔ ᠠᠪᠠᠯᠢ — ᠠᠩᠬᠠᠨ ᠤ ᠬᠤᠯᠪᠣᠭᠰᠡᠨ ᠡᠷ᠎ᠡ ᠡᠮ᠎ᠠ︔ ᠲᠦᠷᠭᠦᠮ — ᠡᠬᠡᠨᠡᠷ ᠤᠨ ᠦᠪᠡᠷ ᠤᠨ ᠲᠦᠷᠦᠯ ᠰᠠᠳᠣᠨ ᠭᠡᠷ | ᠭᠠᠵᠠᠷ᠃ | ᠭᠦᠡᠳᠤᠳᠭᠡᠯ ᠳᠠᠭᠤᠳᠠᠯᠭ᠎ᠠ ᠶᠢᠨ ᠳᠤᠬᠠᠢ᠄ ᠠᠪᠣᠭᠠᠢ — ᠠᠬ᠎ᠠ ᠨᠠᠰᠣᠳᠠᠨ ᠢ ᠬᠦᠨᠳᠦᠳᠭᠡᠬᠦ ᠦᠭᠡ︔ ᠠᠪᠠᠭᠠᠢ — ᠨᠠᠰᠣᠳᠠᠢ ᠡᠬᠡᠨᠡᠷ᠂ ᠴᠢᠪᠠᠭᠠᠨᠴᠠ | ᠪᠤᠶᠤ ᠭᠡᠷᠭᠡᠢ︔ ᠠᠪᠠᠭ᠋ᠠᠢ — ᠠᠯᠢᠪᠠ ᠢᠵᠠᠭᠤᠷᠳᠠᠨ ᠬᠦᠮᠦᠨ ᠤ ᠦᠬᠢᠨ᠂ ᠬᠠᠶᠠ ᠵᠠᠯᠠᠭᠤ ᠬᠡᠣᠬᠡᠨ ᠪᠤᠶᠤ ᠦᠬᠢᠨ ᠢ ᠶᠦᠭᠡᠭᠡᠬᠦ ᠳᠤ ᠬᠡᠯᠡᠨ᠎ᠠ︔ ᠵᠢᠳᠦᠭᠡᠷ | — ᠨᠢᠭᠡ ᠬᠦᠮᠦᠨ ᠤ ᠬᠤᠶᠠᠷ ᠡᠬᠡᠨᠡᠷ︔ ᠠᠵᠢᠶ᠎ᠠ — ᠯᠠᠮᠠ ᠡᠴᠢᠭᠡ ᠶᠢ ᠴᠡᠭᠡᠷᠯᠡᠨ ᠳᠠᠭᠤᠳᠠᠬᠤ ᠪᠤᠶᠤ ᠣᠷᠤᠭ ᠲᠦᠷᠦᠯ ᠤᠨ ᠳᠣᠳᠣᠷᠠᠬᠢ ᠠᠬ᠎ᠠ ᠬᠦᠮᠦᠨ ᠢ | ᠬᠦᠨᠳᠦᠣᠭᠡᠨ ᠴᠡᠭᠡᠷᠯᠠᠨ ᠲᠠᠭᠤᠳᠠᠬᠤ ᠨᠡᠷ᠎ᠡ︔ ᠠᠮᠠ — ᠣᠷᠤᠭ ᠲᠦᠷᠦᠯ ᠤᠨ ᠠᠬ᠎ᠠ ᠬᠦᠮᠦᠨ ᠢ ᠬᠦᠨᠳᠦᠳᠭᠡᠨ ᠡᠶᠢᠨᠬᠦ ᠳᠠᠭᠤᠳᠠᠨ᠎ᠠ︔ ᠠᠮᠪᠠ — ᠣᠷᠤᠭ | ᠲᠦᠷᠦᠯ ᠤᠨ ᠵᠡᠷᠭᠡ ᠠᠬ᠎ᠠ ᠨᠠᠰᠦᠨ ᠤ ᠬᠦᠮᠦᠨ ᠢ ᠬᠦᠨᠳᠦᠳᠭᠡᠨ ᠵᠢᠩᠬᠢᠨᠢ ᠨᠡᠷ᠎ᠡ ᠶᠢ ᠴᠡᠭᠡᠷᠯᠡᠵᠦ ᠡᠶᠢᠨᠬᠦ ᠲᠠᠭᠤᠳᠠᠨ᠎ᠠ︔ ᠠᠭ᠎ᠠ — ᠣᠷᠤᠭ ᠲᠦᠷᠦᠯ ᠤᠨ | ᠳᠣᠳᠣᠷᠠᠬᠢ ᠨᠠᠰᠦ ᠠᠬ᠎ᠠ ᠡᠷᠡᠭᠳᠡᠢ ᠬᠦᠮᠦᠨ ᠢ ᠬᠦᠨᠳᠦᠳᠭᠡᠨ ᠨᠡᠷ᠎ᠡ ᠶᠢ ᠴᠡᠭᠡᠷᠯᠡᠵᠦ ᠡᠶᠢᠨᠬᠦ ᠳᠠᠭᠤᠳᠠᠨ᠎ᠠ᠂ ᠪᠠᠰᠠ ᠣᠷᠢᠳᠦ ᠶᠢᠨ ᠴᠠᠭ ᠲᠤ ᠡᠮᠡᠭᠳᠡᠢ ᠬᠦᠮᠦᠨ ᠢ | ᠬᠦᠨᠳᠦᠳᠭᠡᠨ ᠨᠡᠷ᠎ᠡ ᠶᠢ ᠴᠡᠭᠡᠷᠯᠡᠵᠦ ᠡᠶᠢᠨᠬᠦ ᠳᠠᠭᠤᠳᠠᠨ᠎ᠠ︔ ᠠᠨᠢᠶ᠎ᠠ — ᠲᠦᠷᠦᠯ ᠤᠨ ᠲᠣᠳᠣᠷᠠᠬᠢ ᠨᠠᠰᠦ ᠠᠬ᠎ᠠ ᠬᠦᠮᠦᠰ ᠤᠨ ᠨᠡᠷ᠎ᠡ ᠶᠢ ᠴᠡᠭᠡᠷᠯᠡᠵᠦ ᠡᠶᠢᠨᠬᠦ | ᠳᠠᠭᠤᠳᠠᠨ᠎ᠠ᠃ | ᠡᠬᠦᠨ ᠠᠴᠠ ᠭᠠᠳᠠᠨ᠎ᠠ ᠬᠠᠳᠠᠬ ᠲᠠᠯᠪᠢᠵᠣ ᠮᠥᠷᠬᠦᠭᠰᠡᠨ᠂ ᠲᠡᠭᠷᠢ ᠳᠤ ᠮᠥᠷᠬᠦᠭᠰᠡᠨ᠂ ᠡᠷᠬᠦᠵᠥ ᠥᠷᠡᠲᠡᠴᠢᠯᠡᠭᠰᠡᠨ᠂ ᠫᠤᠤ ᠶᠢᠨ ᠠᠮᠠ ᠲᠤᠯᠢᠶᠠᠯᠴᠠᠨ ᠴᠢᠰᠤ | ᠪᠠᠨ ᠤᠤᠭᠤᠯᠴᠠᠨ ᠠᠬ᠎ᠠ ᠲᠡᠭᠦᠦ ᠪᠠᠷᠢᠯᠳᠤᠭᠰᠡᠳ ᠢ ᠲᠠᠩᠭᠠᠷᠢᠭ ᠲᠦᠷᠦᠯ ᠭᠡᠵᠤ ᠨᠡᠷᠡᠰᠢᠭᠦᠯᠳᠡᠭ ᠬᠡᠬᠦ ᠮᠡᠳᠥ ᠶᠢᠨ ᠲᠥᠷᠥᠯ ᠤᠨ ᠲᠠᠭᠤᠳᠠᠯᠭ᠎ᠠ ᠴᠥ ᠪᠠᠶᠢᠳᠠᠬ᠃ | ︵ᠴᠢᠭᠡᠴᠢ ᠡᠮᠬᠢᠳᠭᠡᠪᠡ︶ | | | | |