| ᠵᠢᠷᠤᠭ 1 | ᠱᠠᠨᠰᠢ ᠮᠤᠵᠢ ᠶᠢᠨ ᠳᠡᠮᠡᠭᠡᠳᠤ ᠬᠤᠳᠠ ᠢᠢᠨ ᠰᠠᠶᠢᠨᠳᠤᠷ᠎ᠠ ᠬᠤᠳᠠ ᠶᠢᠨ ᠰᠦᠨ ᠵᠢᠶᠠ ᠴᠠ ᠪᠠᠯᠭᠠᠰᠤᠨ ᠤ ᠤᠤᠯ ᠤᠨ ᠸᠠᠩ ᠯᠦᠸᠧ ᠭᠸᠤ ᠶᠡᠭᠡ ᠪᠠᠷᠢᠭᠠᠳᠠ᠂ | ᠤᠳᠤ ᠶᠢᠨ ᠶᠠᠨ ᠵᠢᠶᠠ ᠲᠠ ᠳᠤᠰᠬᠤᠨ ᠤ ᠸᠠᠩ ᠯᠦᠸᠧ ᠭᠸᠤ ᠳᠤᠭᠤᠶᠢᠯᠠᠩ ᠤᠨ ᠨᠤᠳᠤᠭ ᠲᠤ ︽ᠬᠠᠳᠠᠨ ᠵᠢᠷᠤᠭ︾ ᠲᠠᠢ ᠨᠢᠭᠡᠨ ᠭᠠᠵᠠᠷ ᠪᠠᠶᠢᠳᠠᠭ᠂ ︽ | ᠳᠡᠮᠡᠭᠡᠳᠤ ᠬᠤᠳᠠ ᠶᠢᠨ ᠭᠠᠵᠠᠷ ᠤᠨ ᠵᠢᠷᠤᠭ ᠤᠨ ᠳᠠᠪᠳᠠᠷ ︵2011 ᠤᠨ ᠤ 7 ᠰᠠᠷ᠎ᠠ ᠶᠢᠨ ᠬᠤᠶᠠᠳᠤᠭᠠᠷ ᠤᠳᠠᠭᠠᠨ ᠤ ᠭᠡᠪᠯᠡᠯ ᠤᠨ 9 ᠳ᠋ᠤᠭᠡᠷ ᠬᠠᠭᠤᠳᠠᠰᠤ︶ | ᠳᠡᠭᠡᠷ᠎ᠡ ᠳᠡᠬᠦᠨ ᠢ ︽王乐沟岩画︾ ᠭᠡᠵᠤ ᠢᠯᠡᠳᠭᠡᠭᠰᠡᠨ ᠪᠠᠶᠢᠳᠠᠭ᠃ ᠡᠨᠡ ᠰᠦᠪᠡᠭᠴᠢ ᠪᠠᠷ ᠮᠠᠰᠢᠪᠢᠯᠢᠭ ᠪᠢᠳᠠ ᠬᠤᠶᠠᠭᠤᠯᠠ 2013 ᠤᠨ ᠤ 9 | ᠰᠠᠷ᠎ᠠ ᠶᠢᠨ 5 ᠤ ᠡᠳᠥᠷ ᠤᠨ ᠦᠳᠡ ᠶᠢᠨ ᠬᠤᠶᠢᠨ᠎ᠠ ᠳᠤᠬᠠᠢ ᠶᠢᠨ ᠭᠠᠵᠠᠷ ᠲᠤᠨᠢ ᠬᠦᠷᠴᠥ ᠪᠠᠶᠢᠷᠢᠰᠢᠯ ᠢ ᠨᠢ ᠳᠡᠮᠳᠡᠭᠯᠡᠵᠥ ᠵᠢᠷᠤᠭ ᠰᠡᠬᠦᠳᠡᠷ ᠠᠪᠤᠭᠰᠠᠨ ᠶᠤᠮ᠃ | | | | | ᠵᠢᠷᠤᠭ 2 | ᠡᠨᠡ ᠵᠢᠷᠤᠭ ᠨᠢ ᠪᠠᠷᠠᠭᠤᠨ ᠠᠴᠠ ᠵᠡᠭᠦᠨᠰᠢ ᠢᠷᠡᠭᠡᠳ ᠵᠡᠬᠦᠨ ᠡᠮᠥᠨᠡᠰᠢ ᠪᠠᠨ ᠨᠤᠭᠤᠷᠠᠭᠰᠠᠨ ᠭᠤᠤᠯ ᠤᠨ ᠬᠤᠶᠢᠳᠤ ᠡᠷᠬᠢᠨ ᠳᠠᠬᠢ ᠵᠠᠬᠦᠨ ᠡᠮᠥᠨᠡᠰᠢ | ᠬᠠᠨᠳᠤᠭᠰᠠᠨ ᠬᠠᠯᠢᠯ ᠬᠠᠳᠠ ᠲᠠᠢ ᠪᠤᠯᠤᠩ ᠭᠠᠵᠠᠷ ᠤᠨ ᠬᠠᠨᠠᠨ ᠳᠡᠭᠡᠷ᠎ᠡ ᠪᠠᠶᠢᠳᠠᠭ᠃ ᠵᠡᠬᠦᠨᠰᠢ ᠬᠠᠨᠳᠤᠭᠰᠠᠨ ᠬᠠᠯᠢᠯ ᠬᠠᠳᠠᠨ ᠳᠡᠭᠡᠷᠡᠬᠢ ᠵᠡᠬᠦᠨ ᠳᠡᠭᠡᠳᠤ | ᠪᠠᠶᠢᠷᠢ ᠳᠤᠨᠢ ᠬᠦᠷᠡᠩ ᠦᠩᠭᠡ ᠶᠢᠨ ᠴᠢᠯᠠᠭᠤᠨ ᠰᠢᠩᠬᠤ ᠪᠠᠷ ᠵᠢᠷᠤᠭᠳᠠᠭᠰᠠᠨ ᠠᠷᠪᠠᠨ ᠵᠢᠷᠤᠭ ᠪᠠᠶᠢᠨ᠎ᠠ᠃ ᠳᠡᠬᠦᠨ ᠤ ᠳᠤᠳᠤᠷ᠎ᠠ ᠤᠭᠤᠨᠤ᠂ ᠤᠷᠤᠩᠭ᠎ᠠ᠂ ᠨᠤᠬᠠᠢ᠂ | ᠮᠤᠷᠢ ᠤᠨᠤᠭᠰᠠᠨ ᠬᠦᠮᠥᠨ ᠵᠡᠷᠭᠡ ᠵᠢᠷᠤᠭ ᠨᠢ ᠳᠤᠳᠤᠷᠬᠠᠢ ᠳᠠᠨᠢᠭᠳᠠᠨ᠎ᠠ᠃ ᠡᠬᠦᠨ ᠤ ᠳᠤᠳᠤᠷ᠎ᠠ ᠠᠴᠠ ᠬᠤᠶᠠᠷ ᠬᠦᠮᠥᠨ ᠳᠤᠮᠳᠠ ᠪᠠᠨ ᠪᠠᠷᠢᠭᠰᠠᠨ ᠰᠢᠳᠠᠷ᠎ᠠ ᠶᠢᠨ | ᠬᠦᠯᠭᠡ ᠮᠠᠳᠤ ᠨᠢᠭᠡ ᠵᠢᠷᠤᠭ ᠪᠠ ᠳᠡᠷᠭᠡᠨ ᠳᠤᠭᠤᠶᠢᠯᠠᠪᠤᠷᠢ ︵ᠬᠦᠷᠳᠤ︶ ᠬᠡᠮᠡᠷ ᠬᠤᠶᠠᠷ ᠵᠢᠷᠤᠭ ᠨᠢ ᠶᠠᠭᠤ ᠶᠢ ᠬᠠᠷᠠᠭᠤᠯᠵᠤ ᠪᠠᠶᠢᠭ᠎ᠠ ᠶᠢ ᠮᠠᠭᠠᠳᠯᠠᠵᠤ ᠴᠢᠳᠠᠬᠤ | ᠦᠭᠡᠢ ᠪᠠᠶᠢᠨ᠎ᠠ ︵ᠵᠢᠷᠤᠭ 1᠂ ᠵᠢᠷᠤᠭ 2︶᠃ | | | | | ᠵᠢᠷᠤᠭ 3 | ᠪᠠᠷᠠᠭᠤᠨ ᠬᠠᠨᠠᠨ ᠤ ᠪᠠᠷᠠᠭᠤᠨ ᠳᠤᠤᠷ᠎ᠠ ᠨᠢ ︽ᠰᠠᠮ ᠳᠤᠮ ᠤᠨ ᠳᠠᠷᠨᠢ︾ ᠭᠡᠮᠡᠭᠴᠢ ︽ᠠ ᠺᠠ ᠽᠠᠮᠠᠷᠠᠽᠠ ᠱᠠᠳᠠᠷᠠ ᠱᠠᠮᠠᠷᠶᠠ ᠫᠠᠳ︾ ᠭᠡᠰᠡᠨ ᠢ ᠭᠡᠳᠤ | ᠳᠠᠬᠢᠵᠤ ᠪᠢᠴᠢᠭᠰᠡᠨ ᠪᠤᠯᠪᠠᠴᠤ ᠦᠰᠥᠭ ᠲᠠᠢ ᠬᠡᠰᠡᠭ ᠬᠠᠳᠠᠳ ᠨᠢ ᠬᠠᠭᠵᠠᠷᠠᠵᠤ ᠤᠨᠠᠭᠰᠠᠨ ᠠᠴᠠ ᠬᠦᠢᠴᠡᠳ ᠦᠭᠡᠢ ᠪᠤᠯᠵᠠᠢ ︵ᠵᠢᠷᠤᠭ 3︶᠃ | ᠡᠮᠥᠨᠡᠰᠢ ᠬᠠᠨᠳᠤᠭᠰᠠᠨ ᠠᠰᠭᠠ ᠬᠠᠳᠠ ᠶᠢ ᠬᠦᠨᠳᠡᠶᠢᠯᠠᠵᠤ ᠮᠠᠯᠳᠠᠭᠰᠠᠨ ᠠᠭᠤᠢ ᠶᠢᠨ ᠡᠬᠦᠳᠡᠨ ᠤ ᠪᠠᠷᠠᠭᠤᠨ ᠳᠡᠭᠡᠳᠤ ︵ ᠭᠠᠵᠠᠷ ᠵᠦᠢ ᠶᠢᠨ ᠵᠦᠭ︶ | ᠦᠨᠴᠥᠭ ᠲᠤ ᠱᠠᠭᠵᠠᠮᠤᠨᠢ ᠶᠢᠨ ᠵᠢᠷᠥᠭᠡᠨ ᠳᠠᠷᠨᠢ ᠭᠡᠮᠡᠭᠳᠡᠭᠴᠢ ︽ᠤᠸ᠋ᠮ ᠮᠠ ᠨᠢ ᠪᠠᠳ ᠮᠠᠢ ᠬᠤᠮ︾ ᠢ ᠪᠢᠴᠢᠭᠡᠳ ᠳᠡᠬᠦᠨ ᠤ ᠠᠷᠤ ᠠᠴᠠ ︽ᠤᠸ᠋ᠮ ᠠ ᠬᠤᠩ︾ | ᠭᠡᠵᠤ ᠪᠢᠴᠢᠵᠠᠢ ︵ᠵᠢᠷᠤᠭ 4︶᠃ | | | | | ᠵᠢᠷᠤᠭ 4 | ᠡᠨᠡ ᠠᠭᠤᠢ ᠶᠢᠨ ᠠᠮᠠᠨ ᠤ ᠪᠠᠷᠠᠭᠤᠨ ᠳᠡᠭᠡᠳᠤ ︵ᠭᠠᠵᠠᠷ ᠵᠦᠢ ᠶᠢᠨ ᠵᠦᠭ︶ ᠳᠠᠯ᠎ᠠ ᠳᠤ ︽ᠬᠠᠮᠤᠭ ᠪᠤᠷᠬᠠᠳ ᠰᠠᠬᠢᠬᠤ ᠪᠤᠯᠳᠤᠭᠠᠢ ᠬᠠᠮᠤᠭ ᠬᠠᠨ ᠭᠠᠵᠠᠷ | ᠤᠰᠤᠨ ᠢᠪᠡᠭᠡᠳᠥᠭᠡᠢ︕ ᠢᠷᠥᠭᠡᠶ᠎ᠡ ᠪᠤᠶᠤ ᠵᠠᠯᠪᠠᠷᠢᠶ᠎ᠠ︾ᠭᠡᠰᠡᠨ ᠮᠤᠩᠭᠤᠯ ᠪᠢᠴᠢᠭᠡᠰᠤ ᠲᠠᠢ ᠪᠠᠶᠢᠨ᠎ᠠ᠃ ᠳᠡᠬᠦᠨ ᠤ ᠳᠡᠭᠡᠳᠤ ᠪᠠᠶᠢᠷᠢᠨ ᠳᠤ ᠰᠢᠩᠬᠤᠨ ᠳᠦᠷᠪᠠᠯᠵᠢᠨ | ᠬᠦᠷᠢᠶ᠎ᠡ ᠪᠤᠢ ᠠᠪᠠᠴᠤ ᠳᠤᠳᠤᠷᠠᠬᠢ ᠦᠰᠥᠭ ᠵᠢᠷᠤᠭ ᠨᠢ ᠪᠦᠷᠢᠮᠤᠰᠤᠨ ᠠᠷᠢᠯᠤᠭᠠᠳ ᠶᠠᠭᠤ ᠴᠦ ᠦᠭᠡᠢ ᠪᠤᠯᠵᠠᠢ᠃ ᠡᠨᠡ ᠳᠦᠷᠪᠡᠯᠵᠢᠨ ᠳᠤᠳᠤᠷ᠎ᠠ ᠶᠠᠮᠠᠷ ᠦᠰᠥᠭ | ᠵᠢᠷᠤᠭ ᠪᠠᠶᠢᠭᠰᠠᠨ ᠢ ᠵᠤᠷᠢᠭᠯᠠᠨ ᠳᠠᠭᠠᠮᠠᠭᠯᠠᠵᠤ ᠴᠢᠳᠠᠭᠰᠠᠨ ᠦᠭᠡᠢ᠃ ᠪᠠᠰᠠ ᠮᠤᠩᠭᠤᠯ ᠦᠰᠥᠭ ᠤᠨ ᠬᠠᠮᠤᠭ ᠤᠨ ᠡᠴᠥᠰ ᠤᠨ ᠦᠭᠡ ᠨᠢ ᠪᠠᠯᠠᠷᠬᠠᠢ ᠪᠠᠶᠢᠵᠤ | ᠳᠠᠨᠢᠭᠳᠠᠬᠤ ᠦᠭᠡᠢ ᠪᠤᠯᠵᠠᠢ᠂ ᠡᠮᠥᠨᠡᠬᠢ ᠠᠭᠤᠯᠭ᠎ᠠ ᠶᠢ ᠨᠢ ᠦᠨᠳᠥᠰᠥᠯᠡᠭᠡᠳ ᠪᠢ ︽ᠢᠷᠥᠭᠡᠶ᠎ᠡ ᠪᠤᠶᠤ ᠵᠠᠯᠪᠠᠷᠢᠶ᠎ᠠ︾ ᠭᠡᠰᠡᠨ ᠦᠭᠡ ᠪᠠᠶᠢᠭᠰᠠᠨ ᠴᠦ ᠪᠤᠯ ᠤᠤ ᠭᠡᠵᠤ | ᠳᠠᠭᠠᠮᠠᠭᠯᠠᠭᠰᠠᠨ ᠶᠤᠮ ︵ᠵᠢᠷᠤᠭ 5︶᠃ | | | | | ᠵᠢᠷᠤᠭ 5 | ᠡᠮᠥᠨᠡᠰᠢ ᠬᠠᠨᠳᠤᠭᠰᠠᠨ ᠠᠭᠤᠢ ᠨᠢ ᠬᠤᠶᠠᠷ ᠮᠧᠲᠷ ᠬᠢᠷᠢ ᠦᠨᠳᠥᠷ᠂ ᠭᠤᠷᠪᠠᠨ ᠮᠧᠲᠷ ᠬᠢᠷᠢ ᠦᠷᠭᠡᠨ᠂ ᠭᠤᠷᠪᠠᠨ ᠮᠧᠲᠷ ᠬᠢᠷᠢ ᠭᠦᠨᠴᠠ ᠲᠠᠢ᠂ ᠳᠤᠮᠳᠠ ᠨᠢ | ᠬᠠᠳᠠᠨ ᠳᠤᠯᠭᠠᠭᠤᠷ ᠲᠠᠢ᠂ ᠵᠡᠬᠦᠨ ᠬᠤᠶᠢᠳᠤ ᠪᠤᠯᠤᠩ ᠳᠤᠨᠢ ᠨᠢᠭᠡᠨ ᠳᠠᠶᠢᠰᠠ ᠲᠠᠢ ᠪᠠᠶᠢᠨ᠎ᠠ᠃ ᠡᠨᠡ ᠠᠭᠤᠢ ᠳᠤᠳᠤᠷ᠎ᠠ ᠨᠢ ᠤᠶᠢᠷ᠎ᠠ ᠤᠷᠴᠢᠨ ᠤ ᠬᠢᠳᠡᠳ ᠬᠦᠮᠥᠨ | ᠨᠠᠰᠤᠳᠠᠨ ᠳᠠᠭᠠᠨ ᠪᠡᠯᠡᠳᠭᠡᠭᠰᠡᠨ ᠬᠤᠪᠳᠤ ᠪᠠᠨ ᠬᠠᠳᠠᠭᠠᠯᠠᠴᠢᠬᠠᠵᠠᠢ᠂ ᠠᠪᠰᠠᠨ ᠳᠡᠭᠡᠷ᠎ᠡ ᠪᠠᠨ ︽福如东海寿比南山︾ ᠭᠡᠰᠡᠨ ᠤᠶᠠᠩᠭ᠎ᠠ | ᠪᠢᠴᠢᠵᠤ ᠨᠠᠭᠠᠵᠠᠢ ︵ᠵᠢᠷᠤᠭ 6︶᠃ | | | | ᠵᠢᠷᠤᠭ 6 | ᠬᠠᠳᠠᠨ ᠵᠢᠷᠤᠭ ᠲᠠᠢ ᠬᠠᠯᠢᠯ ᠬᠠᠳᠠᠨ ᠤ ᠵᠡᠬᠦᠨ ᠳᠡᠷᠭᠡᠳᠡ ᠳᠡᠭᠡᠷ᠎ᠡ ᠪᠠᠨ ᠵᠢᠵᠢᠭᠭᠡᠨ ᠴᠢᠯᠠᠭᠤᠨ ᠤᠪᠤᠭ᠎ᠠ ᠪᠦᠬᠦᠢ ᠪᠢᠴᠢᠬᠠᠨ ᠱᠤᠪᠤᠭᠤᠷ ᠠᠭᠤᠯᠠ ᠪᠤᠢ᠃ | | ᠬᠦᠮᠥᠨ ᠤ ᠬᠦᠴᠥ ᠪᠠᠷ ᠮᠠᠯᠳᠠᠭᠰᠠᠨ ᠨᠦᠭᠡᠨ ᠭᠡᠷ ᠪᠡ ᠮᠤᠩᠭᠤᠯ ᠳᠦᠪᠡᠳ ᠪᠢᠴᠢᠭ ᠤᠨ ᠠᠭᠤᠯᠭ᠎ᠠ ᠶᠢ ᠦᠨᠳᠥᠰᠥᠯᠠᠨ ᠮᠤᠩᠭᠤᠯ ᠬᠦᠮᠥᠨ ᠪᠠᠶᠢᠭᠤᠯᠤᠭᠰᠠᠨ | ᠰᠦᠮ᠎ᠡ ᠪᠠᠶᠢᠭᠰᠠᠨ ᠭᠡᠵᠤ ᠦᠵᠡᠵᠦ ᠪᠤᠢ᠃ ᠭᠡᠷᠪᠡ ᠡ᠊ᠡᠳᠡ ᠰᠦᠮ᠎ᠡ ᠪᠠᠶᠢᠭᠰᠠᠨ ᠳᠤ ᠬᠦᠷᠪᠡᠯ ︽ᠨᠦᠭᠡᠨ ᠬᠠᠳᠠ ᠶᠢᠨ ᠰᠦᠮ᠎ᠡ︾ ᠭᠡᠵᠤ ᠨᠡᠷᠡᠯᠡᠬᠦ ᠨᠢ ᠯᠠᠪᠳᠠᠢ᠃ | ᠡᠶᠢᠨ ᠭᠦ ︽ᠤᠷᠳᠤᠰ ᠤᠨ ᠰᠦᠮ᠎ᠡ ᠭᠡᠶᠢᠳ︾ ᠭᠡᠰᠡᠨ ᠨᠤᠮ ᠲᠠᠢ ᠳᠤᠯᠭᠠᠬᠤ ᠳᠤ᠂ ᠤᠷᠳᠤᠰ ᠤᠨ ᠪᠠᠷᠠᠭᠤᠨ ᠭᠠᠷ ᠤᠨ ᠡᠮᠥᠨᠡᠳᠤ ᠠᠳᠠᠭ ᠬᠤᠰᠢᠭᠤ ᠭᠡᠮᠡᠬᠦ ᠵᠠᠰᠠᠭ | ᠬᠤᠰᠢᠭᠤᠨ ᠤ︽ᠨᠦᠬᠡᠨ ᠬᠠᠳᠠ ᠶᠢᠨ ᠰᠦᠮ᠎ᠡ︾ ᠲᠠᠢ ᠳᠤᠬᠢᠷᠠᠯᠴᠠᠵᠤ ᠪᠠᠶᠢᠨ᠎ᠠ᠃ ᠳᠡᠬᠦᠨ ᠳᠤ᠄ ︽ᠴᠢᠩ ᠤᠯᠤᠰ ᠤᠨ ᠳᠡᠭᠷᠢ ᠳᠡᠳᠬᠦᠭᠴᠢ ᠶᠢᠨ ᠠᠷᠪᠠᠳᠤᠭᠠᠷ ᠤᠨ | ︵1745︶ ᠳᠤ ᠨᠠᠰᠤᠨᠧᠴᠢᠷ ᠭᠡᠭᠴᠢ ᠬᠦᠮᠥᠨ ᠴᠢᠯᠠᠭᠤ ᠶᠢ ᠮᠠᠯᠳᠠᠵᠤ᠂ ᠪᠤᠷᠬᠠᠨ ᠰᠢᠳᠥᠭᠡᠨ ᠢ ᠪᠦᠳᠥᠭᠡᠵᠥ ᠪᠠᠶᠢᠭᠤᠯᠤᠭᠰᠠᠨ ᠠᠴᠠ ᠨᠦᠭᠡᠨ ᠬᠠᠳᠠ ᠶᠢᠨ ᠰᠦᠮ᠎ᠡ | ᠭᠡᠳᠡᠭ ᠪᠠᠶᠢᠨ᠎ᠠ ᠁ ᠡᠨᠡ ᠰᠦᠮ᠎ᠡ ᠶᠢ ᠬᠤᠶᠢᠰᠢ ᠨᠡᠬᠦᠯᠭᠡᠵᠥ᠂ ᠦᠨᠥ ᠶᠢᠨ ᠰᠢᠨ᠎ᠡ ᠵᠡᠭᠡᠯᠢ ᠪᠠᠯᠭᠠᠰᠤᠨ ᠤ ᠮᠠᠯ ᠬᠠᠷᠠᠭᠠᠴᠢ ᠶᠢᠨ ᠤᠷᠤᠢ ᠳᠤ ᠠᠪᠴᠢᠷᠠᠵᠤ | ᠪᠠᠷᠢᠭᠰᠠᠨ ᠪᠠᠶᠢᠨ᠎ᠠ︾① ᠭᠡᠵᠤ ᠳᠡᠮᠳᠡᠭᠯᠡᠵᠥ ᠪᠠᠶᠢᠨ᠎ᠠ᠃ ᠡᠬᠦᠨ ᠠᠴᠠ ᠳᠤᠰ ᠰᠦᠮ᠎ᠡ ᠨᠢ ᠵᠠᠰᠠᠭ ᠬᠤᠰᠢᠭᠤᠨ ᠤ ᠰᠦᠮ᠎ᠡ ᠪᠠᠶᠢᠭᠰᠠᠨ ᠬᠡᠳᠡᠭ ᠢ ᠮᠠᠳᠠᠵᠤ ᠪᠤᠯᠤᠨ᠎ᠠ | ᠃ ᠳᠡᠥᠭᠡ ᠶᠢᠨ ᠭᠠᠵᠠᠷ ᠤᠨ ᠵᠢᠷᠤᠭ ᠪᠠ ᠰᠠᠶᠢᠨᠳᠣᠷ᠎ᠠ ᠶᠢᠨ ᠣᠳᠣ ᠶᠢᠨ ᠭᠠᠵᠠᠷ ᠤᠨ ᠵᠢᠷᠤᠭ ᠲᠠᠢ ᠬᠠᠷᠢᠴᠠᠭᠤᠯᠬᠤᠯᠠ ᠡᠨᠡ ᠭᠠᠵᠠᠷ ᠨᠢ ᠰᠠᠶᠢᠨᠳᠤᠷ᠎ᠠ ᠶᠢᠨ ᠴᠠᠭᠠᠨ | ᠭᠡᠷᠡᠮ ᠠᠴᠠ ᠤᠮᠠᠷᠠᠰᠢ ᠵᠢᠷᠠᠭᠠᠳ ᠭᠠᠵᠠᠷ᠂ ᠵᠠᠰᠠᠭ ᠵᠢᠶᠦ᠋ᠨ ᠸᠠᠩ ᠬᠤᠶᠠᠷ ᠬᠤᠰᠢᠭᠤᠨ ᠤ ᠰᠠᠪᠠ ᠵᠢᠷᠤᠬᠠᠢ ᠶᠢᠨ ᠴᠡᠭ ᠳᠤᠭᠤᠰᠬᠠᠨ ᠤᠪᠤᠭ᠎ᠠ᠂ ᠬᠠᠷ᠎ᠠ | ᠤᠪᠤᠭ᠎ᠠ ᠠᠴᠠ ᠵᠡᠬᠦᠨᠳᠡᠢ᠂ ᠤᠯᠠᠭᠠᠨᠮᠦ᠋ᠷᠡᠨ ᠭᠤᠤᠯ ᠠᠴᠠ ᠪᠠᠷᠠᠭᠤᠨᠳᠠᠢ ᠤᠷᠤᠰᠢᠵᠤ᠂ ᠵᠢᠶᠦ᠋ᠨ ᠸᠠᠩ ᠤᠨ ᠬᠤᠰᠢᠭᠤᠨ ᠤ ᠬᠠᠷᠢᠶᠠᠳᠤ ᠨᠤᠳᠤᠭ ᠲᠠᠬᠢ ︽ᠨᠦᠭᠡᠨ | ᠬᠠᠳᠠ ᠶᠢᠨ ᠭᠤᠤᠯ︾② ᠤᠨ ᠡᠷᠬᠢ ᠳᠤ ᠪᠠᠶᠢᠨ᠎ᠠ᠃ ᠵᠢᠶᠦ᠋ᠨ ᠸᠠᠩ ᠤᠨ ᠬᠤᠰᠢᠭᠤᠨ ᠤ ᠨᠤᠳᠤᠭ ᠳᠡᠭᠡᠷ᠎ᠡ ᠵᠠᠰᠠᠭ ᠬᠤᠰᠢᠭᠤᠨ ᠤ ᠰᠦᠮ᠎ᠡ ᠪᠠᠶᠢᠵᠤ ᠦᠯᠥ ᠪᠤᠯᠬᠤ | ᠮᠠᠳᠤ ᠰᠠᠨᠠᠭᠳᠠᠨ᠎ᠠ᠂ ᠡᠨᠡ ᠠᠰᠠᠭᠤᠳᠠᠯ ᠢ ᠳᠡᠥᠭᠡ ᠶᠢᠨ ᠳᠠᠩᠰᠠ ᠡᠪᠭᠡᠮᠡᠯ ᠠᠴᠠ ᠬᠠᠶᠢᠪᠠᠯ ᠰᠢᠢᠳᠪᠤᠷᠢᠯᠡᠵᠤ ᠴᠢᠳᠠᠨ᠎ᠠ᠄ ︽ᠳᠦᠰᠢᠮᠡᠯ ᠪᠢᠳᠠ ᠤᠷᠳᠤᠰ ᠤᠨ | ᠵᠠᠰᠠᠭ ᠤᠳ ᠤᠨ ᠨᠤᠳᠤᠭ ᠤᠨ ᠭᠡᠯᠬᠢᠶ᠎ᠠ ᠶᠢᠨ ᠳᠠᠩᠰᠠ ᠶᠢ ᠪᠠᠶᠢᠴᠠᠭᠠᠨ ᠦᠵᠡᠪᠡᠰᠤ᠂ ᠵᠢᠷᠭᠤᠭᠠᠨ ᠬᠤᠰᠢᠭᠤ ᠢᠵᠠᠭᠤᠷ ᠤᠨ ᠨᠢᠭᠡᠨ ᠭᠡᠯᠬᠢᠶ᠎ᠡ᠂ ᠶᠠᠷᠤ ᠠᠯᠢ ᠨᠠᠷᠠᠳᠤ | ᠭᠠᠵᠠᠷ ᠢ ᠠᠯᠢ ᠬᠤᠰᠢᠭᠤᠨ ᠤ ᠭᠠᠵᠠᠷ ᠭᠡᠮᠡᠨ ᠭᠠᠷᠭᠠᠭᠰᠠᠨ ᠶᠠᠪᠤᠳᠠᠯ ᠦᠭᠡᠢ︾③ ᠬᠡᠵᠡᠢ᠃ ᠡᠨᠡ ᠪᠤᠯ ᠳᠡᠭᠷᠢ ᠳᠡᠳᠬᠦᠭᠴᠢ ᠶᠢᠨ ᠵᠢᠷᠭᠤᠳᠤᠭᠠᠷ ᠤᠨ ᠤ ᠳᠠᠩᠰᠠ | ᠶᠤᠮ᠃ ᠳᠡᠭᠷᠢ ᠳᠡᠳᠬᠦᠭᠴᠢ ᠶᠢᠨ ᠳᠠᠪᠤᠳᠤᠭᠠᠷ ᠤᠨ ᠤ ᠡᠪᠤᠯ ᠤᠨ ᠰᠡᠬᠦᠯ ᠰᠠᠷ᠎ᠠ ᠶᠢᠨ ᠠᠷᠪᠠᠨ ᠵᠢᠷᠭᠤᠭᠠᠨ ᠳᠤ ᠤᠷᠳᠤᠰ ᠤᠨ ᠳᠤᠯᠤᠭᠠᠨ ᠬᠤᠰᠢᠭᠤ ᠨᠤᠳᠤᠭ | ᠬᠤᠪᠢᠶᠠᠵᠤ ᠵᠠᠬ᠎ᠠ ᠠᠭᠤᠯᠵᠠᠷ ᠢᠶᠠᠨ ᠠᠩᠬ᠎ᠠ ᠤᠳᠠᠭ᠎ᠠ ᠳᠤᠭᠳᠠᠭᠠᠵᠤ᠂ ᠨᠤᠳᠤᠭ ᠤᠨ ᠬᠡᠯᠬᠢᠶ᠎ᠠ ᠵᠢᠷᠤᠭ ᠵᠢᠷᠤᠵᠤ᠂ ᠭᠠᠳᠠᠭᠠᠳᠤ ᠮᠤᠩᠭᠤᠯ ᠤᠨ ᠳᠦᠷᠥ ᠶᠢ ᠵᠠᠰᠠᠬᠤ | ᠶᠠᠪᠤᠳᠠᠯ ᠤᠨ ᠶᠠᠮᠤᠨ ᠳᠤ ᠡᠷᠬᠦᠭᠰᠡᠨ ᠢ ᠡᠳᠥᠭᠡ ᠳᠠᠶᠠᠩ ᠳᠠᠶᠠᠭᠠᠷ ᠮᠠᠳᠠᠵᠤ ᠪᠠᠶᠢᠳᠠᠭ᠂ ᠭᠡᠪᠡᠴᠤ ᠳᠡᠭᠷᠢ ᠳᠡᠳᠬᠦᠭᠴᠢ ᠶᠢᠨ ᠵᠢᠷᠭᠤᠳᠤᠭᠠᠷ ᠤᠨ ᠳᠤ ᠮᠥᠨ | ᠭᠡᠷᠡᠭ ᠤᠨ ᠳᠤᠯᠠ ᠭᠡᠯᠡᠯᠴᠡᠭᠰᠡᠭᠡᠷ ᠪᠠᠶᠢᠭᠰᠠᠨ ᠢ ᠳᠡᠭᠡᠷᠡᠬᠢ ᠳᠡᠮᠳᠡᠭᠯᠡᠯ ᠭᠡᠷᠡᠴᠢᠯᠠᠵᠤ ᠪᠠᠶᠢᠨ᠎ᠠ᠃ ᠬᠤᠰᠢᠭᠤᠳ ᠤᠨ ᠵᠠᠬ᠎ᠠ ᠵᠢᠰᠢᠶ᠎ᠠ ᠳᠤᠭᠳᠠᠭᠠᠭᠰᠠᠨ ᠤ ᠳᠠᠷᠠᠭ᠎ᠠ᠂ | ᠪᠤᠰᠤ ᠬᠤᠰᠢᠭᠤᠨ ᠤ ᠭᠠᠵᠠᠷ ᠲᠤ ᠰᠠᠭᠤᠭ᠎ᠠ ᠬᠦᠮᠥᠰ ᠢ ᠨᠡᠬᠦᠯᠭᠡᠬᠦ ᠡᠰᠡᠬᠦ ᠳᠤᠬᠠᠢ ︽ᠬᠤᠰᠢᠭᠤᠨ ᠪᠦᠷᠢ ᠰᠤᠯᠢᠴᠠᠨ ᠰᠠᠭᠤᠭᠰᠠᠨ ᠬᠦᠮᠥᠨ ᠢ ᠵᠤᠷᠭᠠᠨ ᠢ | ᠳᠤᠭᠳᠠᠭᠠᠭᠰᠠᠨ ᠶᠤᠰᠤᠭᠠᠷ ᠬᠡᠷᠬᠢᠪᠠᠴᠣ ᠬᠦᠳᠡᠯᠭᠡᠵᠥ ᠨᠡᠬᠦᠯᠭᠡᠬᠦᠢ ᠳᠤᠷ ᠬᠦᠷᠭᠡᠬᠦ ᠦᠭᠡᠢ᠂ ᠭᠠᠵᠠᠷ ᠠᠴᠠ ᠭᠠᠷᠬᠤ ᠳᠦᠮᠥᠰᠤ ᠤᠯᠬᠤ᠂ ᠦᠪᠡᠷ ᠢᠶᠠᠨ ᠳᠠᠷᠢᠶᠠᠨ | ᠳᠠᠷᠢᠬᠤ᠂ ᠮᠠᠯ ᠡᠪᠡᠰᠤᠯᠡᠬᠦ ᠵᠡᠷᠭᠡ ᠶᠢᠨ ᠵᠦᠢᠯ ᠢ ᠢᠵᠠᠭᠤᠷ ᠤᠨ ᠠᠵᠤ ᠳᠦᠷᠥᠬᠦ ᠶᠤᠰᠤᠨ ᠢ ᠠᠯᠳᠠᠭᠤᠯᠬᠤᠢ ᠳᠤᠷ ᠬᠦᠷᠭᠡᠭᠦ ᠦᠭᠡᠢ ᠭᠡᠮᠡᠨ ᠰᠢᠢᠳᠭᠡᠭᠰᠡᠨ ᠪᠦᠯᠥᠭᠡ︾ | ④ ᠭᠡᠰᠡᠨ ᠳᠤᠭᠳᠠᠭᠠᠯ ᠪᠤᠢ ᠳᠤᠯᠠ ᠵᠠᠰᠠᠭ ᠬᠤᠰᠢᠭᠤᠨ ᠤ ᠨᠠᠰᠤᠨᠧᠴᠢᠷ ᠭᠡᠭᠴᠢ ᠵᠢᠶᠦ᠋ᠨ ᠸᠠᠩ ᠤᠨ ᠬᠤᠰᠢᠭᠤᠨ ᠳᠤ ᠬᠤᠪᠢᠶᠠᠭᠳᠠᠭᠰᠠᠨ ᠭᠠᠵᠠᠷ ᠲᠤ ᠭᠡᠪ ᠢᠶᠠᠷ | ᠰᠠᠭᠤᠵᠤ᠂ ᠰᠠᠭᠤᠭ᠎ᠠ ᠭᠠᠵᠠᠷ ᠤᠨ ᠢᠶᠠᠨ ᠬᠠᠪᠢ ᠳᠤ ᠰᠦᠮ᠎ᠡ ᠪᠠᠶᠢᠭᠤᠯᠵᠤ ᠰᠢᠳᠥᠭᠡᠨ ᠪᠦᠳᠥᠭᠡᠬᠦ ᠨᠢ ᠵᠦᠢ ᠠᠴᠠ ᠵᠦᠷᠢᠴᠡᠬᠦ ᠦᠭᠡᠢ ᠶᠤᠮ ᠪᠠᠶᠢᠨ᠎ᠠ᠃ | ᠤᠷᠳᠤᠰ ᠵᠡᠬᠦᠨ ᠭᠠᠷ ᠤᠨ ᠳᠤᠮᠳᠠᠳᠤ︵ᠵᠢᠶᠦ᠋ᠨ ᠸᠠᠩ ᠤᠨ︶ᠬᠤᠰᠢᠭᠤᠨ ᠤ ᠭᠡᠪᠳᠤ ᠶᠤᠰᠤᠨ ᠤ ᠬᠤᠶᠠᠳᠤᠭᠠᠷ ᠤᠨ ᠡᠪᠤᠯ ᠤᠨ ᠳᠤᠮᠳᠠ ᠰᠠᠷ᠎ᠠ ᠶᠢᠨ ᠬᠤᠷᠢ | ᠵᠢᠰᠤᠨ ᠳᠤ ᠵᠢᠷᠤᠭᠰᠠᠨ ᠭᠠᠵᠠᠷ ᠤᠨ ᠵᠢᠷᠤᠭ ᠳᠡᠭᠡᠷ᠎ᠡ᠂ ᠬᠤᠵᠢᠷᠳᠤ ᠶᠢᠨ ᠭᠤᠤᠯ ᠠᠴᠠ ᠡᠮᠥᠨᠡᠰᠢ ᠵᠢᠷᠥᠭᠡ ᠶᠢᠨ ᠭᠤᠤᠯ᠂ ᠨᠦᠭᠡᠨ ᠬᠠᠳᠠ ᠶᠢᠨ ᠭᠤᠤᠯ ᠵᠢᠷᠤᠭᠳᠠᠵᠠᠢ᠃ | ᠡᠨᠡ ᠬᠠᠳᠠᠨ ᠨᠦᠭᠡ ᠲᠠᠢ ᠪᠤᠯᠤᠭᠰᠠᠨ ᠠᠴᠠ ᠨᠦᠭᠡᠨ ᠬᠠᠳᠠ ᠶᠢᠨ ᠭᠤᠤᠯ ᠭᠡᠵᠤ ᠨᠡᠷᠡᠯᠡᠭᠳᠡᠭᠰᠡᠨ ᠶᠤᠮ ᠪᠠᠶᠢᠨ᠎ᠠ᠃ ᠬᠠᠷᠢᠨ ᠳᠡᠭᠷᠢ ᠳ᠋ᠡᠳᠬᠦᠭᠴᠢ ᠶᠢᠨ ᠳᠠᠪᠤᠳᠤᠭᠠᠷ | ᠤᠨ ᠤ ᠡᠪᠤᠯ ᠤᠨ ᠰᠡᠬᠦᠯ ᠰᠠᠷ᠎ᠠ ᠶᠢᠨ ᠠᠷᠪᠠᠨ ᠵᠢᠷᠭᠤᠭᠠᠨ ᠤ ᠵᠠᠬ᠎ᠠ ᠵᠢᠰᠢᠶ᠎ᠠ ᠳᠤᠭᠳᠠᠭᠰᠠᠨ ᠴᠢᠭᠤᠯᠭᠠᠨ ᠤ ᠰᠢᠢᠳᠪᠤᠷᠢ ᠶᠢ ᠦᠨᠳᠥᠰᠥᠯᠡᠵᠥ ᠵᠢᠷᠤᠭᠰᠠᠨ ︽ᠶᠡᠭᠡ | ᠵᠤᠤ ᠶᠢᠨ ᠴᠢᠭᠤᠯᠭᠠᠨ ᠤ ᠳᠤᠯᠤᠭᠠᠨ ᠬᠤᠰᠢᠭᠤᠨ ᠤ ᠵᠢᠷᠤᠭ︾ ᠳᠡᠭᠡᠷ᠎ᠡ ︽ᠨᠦᠭᠡᠨ ᠬᠠᠳᠠ ᠶᠢᠨ ᠭᠤᠤᠯ︾ ᠦᠭᠡᠢ᠂ ︽ᠪᠢᠯᠡᠬᠦᠳᠤ ᠶᠢᠨ ᠭᠤᠤᠯ︾ ᠵᠢᠷᠤᠭᠳᠠᠵᠤ | ᠪᠠᠶᠢᠨ᠎ᠠ᠃ ᠡᠨᠡ ᠨᠢ ᠳᠡᠭᠷᠢ ᠲᠡᠳᠬᠦᠭᠴᠢ ᠶᠢᠨ ᠳᠠᠪᠤᠳᠤᠭᠠᠷ ᠤᠨ ᠤ ᠵᠢᠯ ᠤᠨ ᠰᠡᠬᠦᠯᠴᠢ ᠪᠤᠯᠳᠠᠯ᠎ᠠ ᠡᠨᠡ ᠬᠠᠳᠠᠨ ᠨᠦᠭᠡ᠂ ᠬᠠᠳᠠᠨ ᠵᠢᠷᠤᠭ ᠪᠠᠶᠢᠭ᠎ᠠ ᠦᠭᠡᠢ | ᠭᠡᠰᠡᠨ ᠢ ᠭᠡᠷᠡᠴᠢᠯᠠᠵᠤ ᠪᠠᠶᠢᠨ᠎ᠠ᠃ ᠡᠶᠢᠮᠥ ᠠᠴᠠ ᠨᠠᠰᠤᠨᠧᠴᠢᠷ ᠭᠡᠭᠴᠢ ᠬᠦᠮᠥᠨ ᠳᠡᠭᠷᠢ ᠳ᠋ᠡᠳᠬᠦᠭᠴᠢ ᠶᠢᠨ ᠠᠷᠪᠠᠳᠤᠭᠠᠷ ᠤᠨ ᠳᠤ ᠨᠦᠬᠡ ᠮᠠᠯᠳᠠᠵᠤ ᠰᠢᠳᠥᠭᠡᠨ | ᠤᠷᠤᠰᠢᠭᠤᠯᠵᠤ ᠰᠦᠮ᠎ᠡ ᠪᠠᠶᠢᠭᠤᠯᠤᠭᠰᠠᠨ ᠭᠡᠭᠦ ᠳᠡᠮᠳᠡᠭᠯᠡᠯ ᠤᠷᠤ ᠲᠠᠢ ᠪᠠᠶᠢᠬᠤ ᠶᠤᠮ ᠪᠠᠶᠢᠨ᠎ᠠ᠃ | ᠵᠡᠬᠦᠯᠳᠡ᠄ | ①︽ᠤᠷᠳᠤᠰ ᠤᠨ ᠰᠦᠮ᠎ᠡ ᠭᠡᠶᠢᠳ︾᠂ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2000 ᠤᠨ ᠤ 5 ᠰᠠᠷ᠎ᠠ ᠶᠢᠨ ᠠᠩᠬ᠎ᠠ ᠭᠡᠪ᠂ | ᠨᠢᠭᠡᠳᠤᠭᠡᠷ ᠤᠳᠠᠭ᠎ᠠ ᠶᠢᠨ ᠭᠡᠪᠯᠡᠯ᠂ P77᠃ | ②︽ᠤᠷᠳᠤᠰ ᠤᠨ ᠵᠡᠬᠦᠨ ᠭᠠᠷ ᠤᠨ ᠳᠤᠮᠳᠠᠳᠤ ᠬᠤᠰᠢᠭᠤᠨ ᠤ ᠭᠠᠵᠠᠷ ᠤᠨ ᠵᠢᠷᠤᠭ︾᠂ ᠭᠡᠪᠳᠤ ᠶᠤᠰᠤᠨ ᠤ ᠬᠤᠶᠠᠳᠤᠭᠠᠷ ᠤᠨ ᠡᠪᠤᠯ ᠤᠨ ᠳᠤᠮᠳᠠ | ᠰᠠᠷ᠎ᠠ ᠶᠢᠨ ᠬᠤᠷᠢ ᠵᠢᠰᠤᠨ᠃ | ③︽ᠬᠠᠩᠬᠢᠨ ᠬᠤᠰᠢᠭᠤᠨ ᠤ ᠵᠠᠰᠠᠭ ᠶᠠᠮᠤᠨ ᠤ ᠳᠠᠩᠰᠠ︾᠂ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2018 ᠤᠨ ᠤ 5 | ᠰᠠᠷ᠎ᠠ ᠶᠢᠨ ᠨᠢᠭᠡᠳᠤᠭᠡᠷ ᠭᠡᠪ᠂ 2018 ᠤᠨ ᠤ 9 ᠰᠠᠷ᠎ᠠ ᠳᠤ ᠨᠢᠭᠡᠳᠤᠭᠡᠷ ᠤᠳᠠᠭ᠎ᠠ ᠭᠡᠪᠯᠡᠭᠰᠡᠨ᠂ ᠵᠢᠷᠭᠤᠳᠤᠭᠠᠷ ᠪᠤᠳᠢ᠂ 78 ᠳ᠋ᠤᠭᠠᠷ ᠳᠠᠩᠰᠠ᠂ P144᠃ | ④︽ᠤᠷᠳᠤᠰ ᠤᠨ ᠪᠠᠷᠠᠭᠤᠨ ᠭᠠᠷ ᠤᠨ ᠡᠮᠥᠨᠡᠳᠤ ᠬᠤᠰᠢᠭᠤᠨ ︵ᠦᠥᠰᠢᠨ︶ ᠤ ᠵᠠᠰᠠᠭ ᠶᠠᠮᠤᠨ ᠤ ᠳᠠᠩᠰᠠ ᠡᠪᠭᠡᠮᠡᠯ︾ ᠂ ᠠᠯᠤᠰ ᠤᠨ ᠪᠠᠷ᠎ᠠ ᠭᠡᠪᠯᠡᠯ ᠤᠨ | ᠬᠤᠷᠢᠶ᠎ᠠ᠂ 2017 ᠤᠨ ᠤ 12 ᠰᠠᠷ᠎ᠠ᠂ ᠨᠢᠭᠡᠳᠤᠭᠡᠷ ᠭᠡᠪ᠂ ᠨᠢᠭᠡᠳᠤᠭᠡᠷ ᠤᠳᠠᠭ᠎ᠠ ᠭᠡᠪᠯᠡᠭᠰᠡᠨ᠂ P59᠃ | | |