365bet网上娱乐场_365双试投注是什么_365bet正网开户人民政府蒙古文网站 365bet网上娱乐场_365双试投注是什么_365bet正网开户

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠬᠤᠷ ᠤᠨ ᠵᠢᠷᠭᠤᠭᠠᠨ ᠪᠠᠯᠭᠠᠳ — ᠠᠷᠯᠠᠢ ᠶᠢᠨ ᠪᠠᠯᠭᠠᠰᠦ
        ᠨᠡᠶᠢᠲᠡᠯᠡᠭᠰᠡᠨ ᠴᠠᠭ᠄
        2022/9/28
              ᠳᠡᠯᠡᠬᠡᠢ ᠶᠢᠨ ᠪᠣᠯᠪᠠᠰᠣᠨ ᠤ ᠠᠭᠤᠯᠵᠠᠷ ᠭᠡᠭᠳᠡᠳᠡᠭ ᠠᠮᠤᠳᠠᠷᠶ᠎ᠠ ᠰᠢᠷᠳᠠᠷᠶ᠎ᠠ ᠬᠤᠶᠠᠷ ᠭᠤᠤᠯ ᠤᠨ ᠬᠤᠭᠤᠷᠣᠨᠳᠣ ᠢᠳᠡᠭᠡᠰᠢᠨ ᠠᠮᠢᠳᠤᠷᠠᠵᠤ  ᠠᠭᠰᠠᠨ ᠰᠤᠭᠲᠠ ᠬᠦᠮᠦᠰ ᠪᠣᠯ ᠨᠢᠳᠦ ᠭᠢᠯᠠᠰᠣᠮ᠎ᠠ ᠲᠡᠤᠬᠡ ᠰᠣᠶᠣᠯ ᠲᠠᠢ ᠡᠷᠲᠡᠨ ᠤ ᠦᠨᠳᠦᠰᠦᠲᠡᠨ ᠶᠠᠰᠤᠲᠠᠨ ᠤ ᠨᠢᠭᠡᠨ ᠪᠢᠯᠡ᠃ ᠰᠣᠭᠳᠠ ᠪᠢᠴᠢᠭ ᠠᠴᠠ ᠡᠭᠦᠰᠦᠨ ᠬᠤᠪᠢᠰᠴᠦ ᠢᠷᠡᠭᠰᠡᠨ ᠤᠶᠢᠭᠤᠷᠵᠢᠨ ᠪᠢᠴᠢᠭ᠂ ᠤᠶᠢᠭᠤᠷᠵᠢᠨ ᠮᠣᠩᠭᠤᠯ ᠪᠢᠴᠢᠭ᠂ ᠮᠠᠨᠵᠤ ᠪᠢᠴᠢᠭ ᠢ ᠡᠳᠦᠭᠡ ᠴᠤ ᠭᠡᠰᠡᠨ ᠬᠡᠷᠡᠭᠯᠡᠭᠰᠡᠭᠡᠷ ᠪᠠᠶᠢᠨ᠎ᠠ᠃ ᠲᠠᠩ ᠤᠨ ᠲᠦᠷᠦ ᠪᠠᠶᠢᠭᠤᠯᠤᠭᠳᠠᠭᠠᠳ ᠳᠡᠮᠡᠢ ᠤᠳᠠᠭᠰᠠᠨ ᠦᠭᠡᠢ᠂ ᠵᠧᠨ ᠭᠤᠸᠠᠨ ᠤ ᠳᠦᠳᠦᠭᠡᠷ ᠤᠨ ︵630 ᠣᠨ︶᠎ ᠳᠤ᠂ ᠵᠡᠭᠦᠨ ᠲᠦᠷᠦᠭ ᠬᠠᠭᠠᠨᠳᠦ ᠤᠯᠤᠰ ᠢ ᠮᠥᠬᠦᠭᠡᠪᠡ᠃ ᠵᠡᠭᠦᠨ ᠲᠦᠷᠦᠭ ᠤᠨ ᠠᠷᠪᠠᠨ ᠲᠦᠮᠡᠨ ᠡᠷᠦᠬᠡ ᠲᠠᠩ ᠤᠯᠤᠰ ᠢ ᠳᠠᠭᠠᠵᠠᠢ᠃ ᠲᠠᠩ ᠤᠨ ᠲᠦᠷᠦ ᠠᠴᠠ ᠳᠠᠭᠠᠭᠰᠠᠨ ᠢᠷᠭᠡᠳ ᠢ ᠾᠧ ᠴᠢᠥᠢ ︵ᠭᠤᠣᠯ ᠤᠨ ᠲᠣᠬᠤᠢ ︶ ᠭᠠᠵᠠᠷ᠎ᠠ ᠨᠡᠭᠦᠯᠭᠡᠨ᠂ ᠨᠤᠭᠲᠤᠯᠠᠨ ᠬᠠᠮᠢᠶᠠᠷᠬᠤ ᠵᠸᠤ ② ᠪᠠᠶᠢᠭᠤᠯᠵᠤ ᠵᠠᠬᠢᠷᠪᠠ᠃ ᠲᠢᠶᠣᠣ ᠯᠦ ᠶᠢᠨ ᠲᠡᠷᠢᠭᠦᠨ ᠣᠨ ︵679 ᠣᠨ︶᠎ ᠎ ᠳᠤ᠂ ᠲᠠᠩ ᠤᠨ ᠲᠦᠷᠦ ᠠᠴᠠ ᠵᠡᠭᠦᠨ ᠲᠦᠷᠦᠭ ᠤᠨ ᠳᠠᠭᠠᠭᠰᠠᠨ ᠢᠷᠭᠡᠨ ᠤ ᠳᠣᠲᠣᠷᠠᠬᠢ ᠰᠣᠭᠳᠠ ᠬᠦᠮᠦᠰ ᠢ ᠯᠢᠩ᠂ ᠰᠢᠶᠠ ᠬᠤᠶᠠᠷ ᠵᠧᠦ ᠶᠢᠨ ᠬᠤᠭᠤᠷᠣᠨᠳᠣ ᠨᠡᠭᠦᠯᠭᠡᠨ᠂ ᠣᠪᠣᠭ ᠤᠭᠰᠠᠭ᠎ᠠ ᠪᠠᠷ ᠨᠢ ᠢᠯᠭᠠᠵᠤ᠂ ᠯᠦ᠂ ᠯᠢ᠂ ᠬᠠᠨ᠂ ᠰᠠᠢ᠂ ᠶᠢ᠂ ᠴᠢ ᠬᠡᠮᠡᠬᠦ ᠨᠤᠭᠲᠤᠯᠠᠨ ᠬᠠᠮᠢᠶᠠᠷᠬᠤ ᠵᠢᠷᠭᠤᠭᠠᠨ ᠵᠧᠦ ᠶᠢ ᠪᠠᠶᠢᠭᠤᠯᠤᠨ ᠵᠠᠬᠢᠷᠴᠠᠢ᠃ ᠡᠨᠡ ᠵᠢᠷᠭᠤᠭᠠᠨ ᠵᠧᠦ ᠶᠢᠨ ᠲᠣᠭᠲᠠᠨᠢᠵᠣ ᠠᠭᠰᠠᠨ ᠲᠡᠣᠬᠡᠨ ᠴᠠᠭ ᠦᠶ᠎ᠡ ︵679~704 ᠣᠨ︶᠎ ᠨᠢ ᠣᠬᠤᠷᠬᠠᠨ ᠪᠣᠯᠪᠠᠴᠣ ︽ᠬᠤᠷ ᠤᠨ ᠵᠢᠷᠭᠤᠬᠠᠨ ᠵᠧᠦ︾ ᠭᠡᠰᠡᠨ ᠨᠡᠷ᠎ᠡ ᠪᠠᠷ ᠲᠡᠤᠬᠡᠨ ᠳᠤ ᠦᠯᠡᠳᠡᠭᠰᠡᠨ ᠪᠠᠶᠢᠯ᠎ᠠ᠃      ᠬᠤᠷ ᠤᠨ ᠵᠢᠷᠭᠤᠬᠠᠨ ᠵᠧᠦ ᠶᠢᠨ ᠬᠤᠪᠢᠳᠠᠭᠰᠠᠨ ᠨᠤᠲᠤᠭ ᠨᠢ ᠡᠳᠦᠭᠡ ᠶᠢᠨ ᠥᠪᠥᠷ ᠮᠣᠩᠭᠤᠯ ᠤᠨ ᠣᠲᠤᠭ ᠤᠨ ᠡᠮᠦᠨᠡᠲᠦ ᠬᠤᠰᠢᠭᠤ᠂ ᠨᠢᠩᠰᠢᠶᠠ ᠶᠢᠨ ᠲᠡᠷᠭᠡ ᠰᠢᠶᠠᠨ ᠤ ᠭᠠᠵᠠᠷ ᠨᠤᠲᠤᠭ ᠪᠣᠯᠬᠤ ᠪᠦᠭᠡᠳ ᠵᠸᠦ ᠶᠢᠨ ᠵᠠᠬᠢᠷᠭᠠᠨ ᠤ ᠬᠤᠲᠠ ᠨᠢ ᠡᠨᠡ ᠬᠤᠶᠠᠷ ᠬᠤᠰᠢᠭᠤ ᠰᠢᠶᠠᠨ ᠤ ᠬᠠᠷᠢᠶᠠᠨ ᠳᠤ ᠪᠠᠶᠢᠭ᠎ᠠ ᠲᠠᠩ ᠤᠨ ᠦᠶ᠎ᠡ ᠶᠢᠨ ᠡᠷᠲᠡᠨ ᠤ ᠪᠠᠯᠭᠠᠳ ᠪᠠᠶᠢᠬ᠎ᠠ ᠭᠡᠵᠦ ᠮᠠᠭᠠᠳᠯᠠᠳᠠᠭ᠃ ᠬᠤᠷ ᠤᠨ ᠵᠢᠷᠭᠤᠬᠠᠨ ᠪᠠᠯᠭᠠᠳ ᠤᠨ ᠨᠢᠭᠡ ᠨᠢ ᠨᠢᠩᠰᠢᠶᠠ ᠶᠢᠨ ᠲᠡᠷᠭᠡ ᠰᠢᠶᠠᠨ ᠳᠤ ᠬᠠᠷᠢᠶᠠᠯᠠᠭᠳᠠᠬᠤ ᠡᠷᠲᠡᠨ ᠤ ᠰᠢᠩ ᠦ᠋ ᠬᠤᠲᠠ ᠪᠣᠯᠣᠨ᠎ᠠ᠂ ᠡᠨᠡ ᠬᠤᠲᠠ ᠨᠡᠯᠢᠶᠡᠳ ᠪᠦᠷᠢᠨ ᠪᠦᠲᠦᠨ ᠢᠶᠠᠷ ᠢᠶᠠᠨ ᠪᠠᠶᠢᠳᠠᠭ ᠤᠨ ᠤᠴᠢᠷ ᠪᠣᠯ ᠮᠢᠩ ᠤᠨ ᠦᠶ᠎ᠡ ᠳᠤ ᠰᠡᠯᠪᠢᠨ ᠵᠠᠰᠠᠭᠰᠠᠨ ᠤ᠂ ᠠᠳᠡ ᠲᠠᠨᠢᠯᠴᠠᠭᠤᠯᠬᠤ ᠦᠭᠡᠢ᠃ ᠣᠲᠤᠭ ᠤᠨ ᠡᠮᠦᠨᠡᠲᠦ ᠬᠤᠰᠢᠭᠤᠨ ᠤ ᠬᠢᠵᠠᠭᠠᠷ ᠲᠤ ᠣᠷᠣᠰᠢᠬᠤ 1.ᠤᠯᠠᠭᠠᠨ ᠳᠤᠪᠤᠩ ᠤᠨ ᠪᠠᠯᠭᠠᠰᠤ᠂ 2. ᠪᠠᠯᠠᠩ ᠤᠨ ᠰᠦᠮ᠎ᠡ ᠶᠢᠨ ᠪᠠᠯᠭᠠᠰᠤ᠂ 3. ᠡᠪᠳᠡᠷᠬᠡᠢ ᠪᠠᠯᠭᠠᠰᠤ᠂ 4. ᠴᠠᠭᠠᠨ ᠪᠠᠯᠭᠠᠰᠦ᠂ 5.ᠤᠯᠵᠠᠴᠢ ᠶᠢᠨ ᠪᠠᠯᠭᠠᠰᠦ᠂ 6. ᠳ᠋ᠠ ᠬᠦᠷᠢᠶ᠎ᠡ᠂ 7. ᠠᠷᠯᠠᠢ ᠶᠢᠨ ᠪᠠᠯᠭᠠᠰᠦ᠂ 8.ᠰᠦᠯᠳᠡ ᠶᠢᠨ ᠪᠠᠯᠭᠠᠰᠤ᠂ 9.ᠤᠭᠤᠲᠤᠷ ᠪᠠᠯᠭᠠᠰᠤ᠂ 10. ᠪᠠᠶᠠᠨ ᠬᠤᠷᠠᠬᠤ ᠶᠢᠨ ᠪᠠᠯᠭᠠᠰᠤ ᠵᠡᠷᠭᠡ ᠡᠳᠡᠭᠡᠷ ᠲᠠᠩ ᠤᠨ ᠦᠶ᠎ᠡ ᠶᠢᠨ ᠡᠷᠲᠡᠨ ᠤ ᠬᠤᠲᠠᠨ ᠤ ᠳᠣᠲᠣᠷ᠎ᠠ ᠦᠯᠡᠳᠡᠭᠰᠡᠨ ᠲᠠᠪᠤᠨ ᠬᠤᠷ ᠤᠨ ᠪᠠᠯᠭᠠᠳ ᠪᠠᠶᠢᠭ᠎ᠠ ᠨᠢ ᠮᠠᠭᠠᠳ ᠪᠣᠯᠪᠠᠴᠣ ᠴᠣᠬᠤᠮ ᠠᠯᠢ ᠠᠯᠢ ᠨᠢ ᠮᠦᠨ ᠪᠣᠯᠬᠤ ᠶᠢ ᠬᠠᠷᠠᠬᠠᠨ ᠨᠤᠲᠠᠯᠠᠭ᠎ᠠ ᠦᠭᠡᠢ᠃ ᠳᠤᠤᠷ᠎ᠠ ᠡᠳᠡᠭᠡᠷ ᠪᠠᠯᠭᠠᠰᠤ ᠶᠢ ᠲᠤᠪᠴᠢ ᠶᠢᠨ ᠲᠡᠳᠦᠢ ᠲᠠᠨᠢᠯᠴᠠᠭᠤᠯᠰᠤᠭᠠᠢ᠃     7. ᠠᠷᠯᠠᠢ ᠶᠢᠨ ᠪᠠᠯᠭᠠᠰᠦ      ᠤᠲᠤᠭ ᠤᠨ ᠡᠮᠦᠨᠡᠲᠦ ᠬᠤᠰᠢᠭᠤᠨ ᠤ ᠮᠤᠭᠠᠶᠢᠲᠦ ᠰᠤᠮᠤᠨ ᠤ ᠠᠷᠯᠠᠢ ᠭᠠᠴᠠᠭᠠᠨ ᠤ ᠬᠦᠬᠡᠨᠠᠭᠤᠷ ᠤᠨ ᠴᠠᠶᠢᠳᠠᠮ ᠳᠡᠭᠡᠷ᠎ᠡ ᠪᠠᠶᠢᠷᠢᠰᠢᠨ᠎ᠠ ᠂ ᠬᠤᠲᠠ ᠶᠢᠨ ᠤᠷᠴᠢᠨ ᠭᠡᠴᠡᠭᠦᠦ ᠲᠠᠴᠢᠷᠰᠢᠵᠠᠢ᠃ ᠪᠠᠷᠠᠭᠤᠨ ᠬᠡᠷᠡᠮ ᠤᠨ ᠡᠮᠦᠨ᠎ᠡ ᠬᠡᠰᠡᠭ᠂ ᠡᠮᠦᠨ᠎ᠡ ᠬᠡᠷᠡᠮ ᠤᠨ ᠪᠠᠷᠠᠭᠤᠨ ᠬᠡᠰᠡᠭ ᠨᠢ ᠳᠤᠲᠤᠷᠬᠠᠢ ᠬᠠᠷᠠᠭᠳᠠᠨ᠎ᠠ᠂ ᠪᠤᠰᠤᠳ ᠬᠡᠷᠡᠮ ᠤᠨ ᠪᠠᠷᠤᠭ ᠲᠦᠯᠦᠪ ᠤᠷᠤᠮ ᠲᠤᠷᠤ ᠨᠢ ᠮᠡᠳᠡᠭᠳᠡᠵᠦ ᠪᠠᠶᠢᠨ᠎ᠠ᠂  ᠨᠤᠷᠠᠩᠬᠠᠢ ᠬᠡᠷᠡᠮ ᠤᠨ ᠦᠨᠳᠦᠷ 0.5~1.2 m ᠪᠤᠢ᠃     ᠬᠤᠲᠠ ᠶᠢᠨ ᠪᠠᠶᠢᠳᠠᠯ ᠤᠷᠲᠤ ᠳᠦᠷᠪᠡᠯᠵᠢᠨ᠂ ᠵᠡᠭᠦᠨᠰᠢ ᠪᠠᠷᠠᠭᠤᠨᠰᠢ ᠪᠠᠨ 250m᠂ ᠡᠮᠦᠨᠡᠰᠢ ᠬᠤᠶᠢᠰᠢ ᠪᠠᠨ 405m᠂ ᠬᠦᠷᠢᠶᠡᠨ ᠤ ᠤᠷᠲᠤ 1310m᠂ ᠨᠤᠷᠠᠩᠬᠠᠢ ᠬᠡᠷᠡᠮ ᠳᠤᠨᠢ ᠴᠢᠭᠵᠢᠭᠰᠡᠨ ᠬᠤᠩᠬᠤᠷ ᠲᠤᠳᠤᠷᠬᠠᠢ ᠬᠠᠷᠠᠭᠳᠠᠨ᠎ᠠ᠃ ᠬᠤᠲᠠᠨ ᠤ ᠳᠤᠲᠤᠷ᠎ᠠ ᠴᠢᠭ᠍ᠵᠢᠵᠤ ᠨᠢᠭᠲᠠᠷᠰᠢᠭᠤᠯᠤᠭᠰᠠᠨ ᠳᠡᠭᠰᠢᠬᠡᠨ ᠭᠠᠵᠠᠷ ᠪᠤᠢ᠂ ᠡᠨᠡᠭᠦᠷ ᠤᠯᠠᠨ ᠲᠤᠭᠠᠨ ᠤ ᠸᠠᠭᠠᠷ ᠲᠤᠭᠤᠰᠬᠠᠨ ᠤ ᠬᠠᠭᠠᠷᠬᠠᠢ᠂ ᠵᠢᠪᠡᠷᠬᠡᠢ ᠲᠡᠮᠦᠷ ᠤᠨ ᠬᠡᠮᠬᠡᠷᠬᠡᠢ ᠳᠠᠷᠬᠠᠵᠦ ᠪᠠᠶᠢᠨ᠎ᠠ᠃ ᠸᠠᠭᠠᠷ ᠰᠠᠪᠠᠨ ᠳᠤᠨᠢ ᠲᠠᠮᠤᠭᠰᠠᠨ ᠤᠭᠠᠯᠵᠠ᠂ ᠪᠦᠰ ᠤᠨ ᠠᠷ ᠲᠠᠢ᠂ ᠬᠦᠷᠳᠦᠨ ᠤ ᠳᠡᠭᠡᠷ᠎ᠡ ᠦᠢᠯᠡᠳᠴᠡᠢ᠃ 2005 ᠤᠨ᠂ 2006 ᠤᠨ ᠤ ᠬᠠᠶᠢᠨ ᠪᠠᠶᠢᠴᠠᠭᠠᠯᠲᠠ ᠪᠠᠷ ᠤᠯᠠᠨ ᠲᠤᠭᠠᠨ ᠤ ᠭᠠᠤᠯᠢᠨ ᠲᠤᠯᠢ ᠶᠢᠨ ᠬᠡᠮᠬᠡᠷᠬᠡᠢ᠂ ᠭᠠᠤᠯᠢᠨ ᠵᠡᠪᠡ᠂ ᠾᠥᠸᠧ ᠴᠢᠥᠸᠠᠨ ᠰᠤᠬᠤᠷ ᠵᠤᠭᠤᠰ ᠢ ᠤᠯᠪᠤᠷᠢᠯᠠᠭᠰᠠᠨ ᠪᠠᠶᠢᠵᠠᠢ᠃
        ᠢᠷᠡᠯᠲᠡ᠄ ᠣᠭᠤᠨᠣᠰ ᠵᠢᠷᠭᠠᠯᠲᠦ