ᠳᠡᠯᠡᠬᠡᠢ ᠶᠢᠨ ᠪᠣᠯᠪᠠᠰᠣᠨ ᠤ ᠠᠭᠤᠯᠵᠠᠷ ᠭᠡᠭᠳᠡᠳᠡᠭ ᠠᠮᠤᠳᠠᠷᠶ᠎ᠠ ᠰᠢᠷᠳᠠᠷᠶ᠎ᠠ ᠬᠤᠶᠠᠷ ᠭᠤᠤᠯ ᠤᠨ ᠬᠤᠭᠤᠷᠣᠨᠳᠣ ᠢᠳᠡᠭᠡᠰᠢᠨ ᠠᠮᠢᠳᠤᠷᠠᠵᠤ ᠠᠭᠰᠠᠨ ᠰᠤᠭᠲᠠ | ᠬᠦᠮᠦᠰ ᠪᠣᠯ ᠨᠢᠳᠦ ᠭᠢᠯᠠᠰᠣᠮ᠎ᠠ ᠲᠡᠤᠬᠡ ᠰᠣᠶᠣᠯ ᠲᠠᠢ ᠡᠷᠲᠡᠨ ᠤ ᠦᠨᠳᠦᠰᠦᠲᠡᠨ ᠶᠠᠰᠤᠲᠠᠨ ᠤ ᠨᠢᠭᠡᠨ ᠪᠢᠯᠡ᠃ ᠰᠣᠭᠳᠠ ᠪᠢᠴᠢᠭ ᠠᠴᠠ ᠡᠭᠦᠰᠦᠨ ᠬᠤᠪᠢᠰᠴᠦ | ᠢᠷᠡᠭᠰᠡᠨ ᠤᠶᠢᠭᠤᠷᠵᠢᠨ ᠪᠢᠴᠢᠭ᠂ ᠤᠶᠢᠭᠤᠷᠵᠢᠨ ᠮᠣᠩᠭᠤᠯ ᠪᠢᠴᠢᠭ᠂ ᠮᠠᠨᠵᠤ ᠪᠢᠴᠢᠭ ᠢ ᠡᠳᠦᠭᠡ ᠴᠤ ᠭᠡᠰᠡᠨ ᠬᠡᠷᠡᠭᠯᠡᠭᠰᠡᠭᠡᠷ ᠪᠠᠶᠢᠨ᠎ᠠ᠃ ᠲᠠᠩ ᠤᠨ ᠲᠦᠷᠦ | ᠪᠠᠶᠢᠭᠤᠯᠤᠭᠳᠠᠭᠠᠳ ᠳᠡᠮᠡᠢ ᠤᠳᠠᠭᠰᠠᠨ ᠦᠭᠡᠢ᠂ ᠵᠧᠨ ᠭᠤᠸᠠᠨ ᠤ ᠳᠦᠳᠦᠭᠡᠷ ᠤᠨ ︵630 ᠣᠨ︶ ᠳᠤ᠂ ᠵᠡᠭᠦᠨ ᠲᠦᠷᠦᠭ ᠬᠠᠭᠠᠨᠳᠦ ᠤᠯᠤᠰ ᠢ ᠮᠥᠬᠦᠭᠡᠪᠡ᠃ | ᠵᠡᠭᠦᠨ ᠲᠦᠷᠦᠭ ᠤᠨ ᠠᠷᠪᠠᠨ ᠲᠦᠮᠡᠨ ᠡᠷᠦᠬᠡ ᠲᠠᠩ ᠤᠯᠤᠰ ᠢ ᠳᠠᠭᠠᠵᠠᠢ᠃ ᠲᠠᠩ ᠤᠨ ᠲᠦᠷᠦ ᠠᠴᠠ ᠳᠠᠭᠠᠭᠰᠠᠨ ᠢᠷᠭᠡᠳ ᠢ ᠾᠧ ᠴᠢᠥᠢ ︵ᠭᠤᠣᠯ ᠤᠨ ᠲᠣᠬᠤᠢ | ︶ ᠭᠠᠵᠠᠷ᠎ᠠ ᠨᠡᠭᠦᠯᠭᠡᠨ᠂ ᠨᠤᠭᠲᠤᠯᠠᠨ ᠬᠠᠮᠢᠶᠠᠷᠬᠤ ᠵᠸᠤ ② ᠪᠠᠶᠢᠭᠤᠯᠵᠤ ᠵᠠᠬᠢᠷᠪᠠ᠃ ᠲᠢᠶᠣᠣ ᠯᠦ ᠶᠢᠨ ᠲᠡᠷᠢᠭᠦᠨ ᠣᠨ ︵679 ᠣᠨ︶ ᠳᠤ᠂ ᠲᠠᠩ ᠤᠨ | ᠲᠦᠷᠦ ᠠᠴᠠ ᠵᠡᠭᠦᠨ ᠲᠦᠷᠦᠭ ᠤᠨ ᠳᠠᠭᠠᠭᠰᠠᠨ ᠢᠷᠭᠡᠨ ᠤ ᠳᠣᠲᠣᠷᠠᠬᠢ ᠰᠣᠭᠳᠠ ᠬᠦᠮᠦᠰ ᠢ ᠯᠢᠩ᠂ ᠰᠢᠶᠠ ᠬᠤᠶᠠᠷ ᠵᠧᠦ ᠶᠢᠨ ᠬᠤᠭᠤᠷᠣᠨᠳᠣ ᠨᠡᠭᠦᠯᠭᠡᠨ᠂ ᠣᠪᠣᠭ | ᠤᠭᠰᠠᠭ᠎ᠠ ᠪᠠᠷ ᠨᠢ ᠢᠯᠭᠠᠵᠤ᠂ ᠯᠦ᠂ ᠯᠢ᠂ ᠬᠠᠨ᠂ ᠰᠠᠢ᠂ ᠶᠢ᠂ ᠴᠢ ᠬᠡᠮᠡᠬᠦ ᠨᠤᠭᠲᠤᠯᠠᠨ ᠬᠠᠮᠢᠶᠠᠷᠬᠤ ᠵᠢᠷᠭᠤᠭᠠᠨ ᠵᠧᠦ ᠶᠢ ᠪᠠᠶᠢᠭᠤᠯᠤᠨ ᠵᠠᠬᠢᠷᠴᠠᠢ᠃ ᠡᠨᠡ | ᠵᠢᠷᠭᠤᠭᠠᠨ ᠵᠧᠦ ᠶᠢᠨ ᠲᠣᠭᠲᠠᠨᠢᠵᠣ ᠠᠭᠰᠠᠨ ᠲᠡᠣᠬᠡᠨ ᠴᠠᠭ ᠦᠶ᠎ᠡ ︵679~704 ᠣᠨ︶ ᠨᠢ ᠣᠬᠤᠷᠬᠠᠨ ᠪᠣᠯᠪᠠᠴᠣ ︽ᠬᠤᠷ ᠤᠨ ᠵᠢᠷᠭᠤᠬᠠᠨ ᠵᠧᠦ︾ | ᠭᠡᠰᠡᠨ ᠨᠡᠷ᠎ᠡ ᠪᠠᠷ ᠲᠡᠤᠬᠡᠨ ᠳᠤ ᠦᠯᠡᠳᠡᠭᠰᠡᠨ ᠪᠠᠶᠢᠯ᠎ᠠ᠃ | ᠬᠤᠷ ᠤᠨ ᠵᠢᠷᠭᠤᠬᠠᠨ ᠵᠧᠦ ᠶᠢᠨ ᠬᠤᠪᠢᠳᠠᠭᠰᠠᠨ ᠨᠤᠲᠤᠭ ᠨᠢ ᠡᠳᠦᠭᠡ ᠶᠢᠨ ᠥᠪᠥᠷ ᠮᠣᠩᠭᠤᠯ ᠤᠨ ᠣᠲᠤᠭ ᠤᠨ ᠡᠮᠦᠨᠡᠲᠦ ᠬᠤᠰᠢᠭᠤ᠂ ᠨᠢᠩᠰᠢᠶᠠ ᠶᠢᠨ | ᠲᠡᠷᠭᠡ ᠰᠢᠶᠠᠨ ᠤ ᠭᠠᠵᠠᠷ ᠨᠤᠲᠤᠭ ᠪᠣᠯᠬᠤ ᠪᠦᠭᠡᠳ ᠵᠸᠦ ᠶᠢᠨ ᠵᠠᠬᠢᠷᠭᠠᠨ ᠤ ᠬᠤᠲᠠ ᠨᠢ ᠡᠨᠡ ᠬᠤᠶᠠᠷ ᠬᠤᠰᠢᠭᠤ ᠰᠢᠶᠠᠨ ᠤ ᠬᠠᠷᠢᠶᠠᠨ ᠳᠤ ᠪᠠᠶᠢᠭ᠎ᠠ ᠲᠠᠩ ᠤᠨ | ᠦᠶ᠎ᠡ ᠶᠢᠨ ᠡᠷᠲᠡᠨ ᠤ ᠪᠠᠯᠭᠠᠳ ᠪᠠᠶᠢᠬ᠎ᠠ ᠭᠡᠵᠦ ᠮᠠᠭᠠᠳᠯᠠᠳᠠᠭ᠃ ᠬᠤᠷ ᠤᠨ ᠵᠢᠷᠭᠤᠬᠠᠨ ᠪᠠᠯᠭᠠᠳ ᠤᠨ ᠨᠢᠭᠡ ᠨᠢ ᠨᠢᠩᠰᠢᠶᠠ ᠶᠢᠨ ᠲᠡᠷᠭᠡ ᠰᠢᠶᠠᠨ ᠳᠤ | ᠬᠠᠷᠢᠶᠠᠯᠠᠭᠳᠠᠬᠤ ᠡᠷᠲᠡᠨ ᠤ ᠰᠢᠩ ᠦ᠋ ᠬᠤᠲᠠ ᠪᠣᠯᠣᠨ᠎ᠠ᠂ ᠡᠨᠡ ᠬᠤᠲᠠ ᠨᠡᠯᠢᠶᠡᠳ ᠪᠦᠷᠢᠨ ᠪᠦᠲᠦᠨ ᠢᠶᠠᠷ ᠢᠶᠠᠨ ᠪᠠᠶᠢᠳᠠᠭ ᠤᠨ ᠤᠴᠢᠷ ᠪᠣᠯ ᠮᠢᠩ ᠤᠨ ᠦᠶ᠎ᠡ ᠳᠤ | ᠰᠡᠯᠪᠢᠨ ᠵᠠᠰᠠᠭᠰᠠᠨ ᠤ᠂ ᠠᠳᠡ ᠲᠠᠨᠢᠯᠴᠠᠭᠤᠯᠬᠤ ᠦᠭᠡᠢ᠃ ᠣᠲᠤᠭ ᠤᠨ ᠡᠮᠦᠨᠡᠲᠦ ᠬᠤᠰᠢᠭᠤᠨ ᠤ ᠬᠢᠵᠠᠭᠠᠷ ᠲᠤ ᠣᠷᠣᠰᠢᠬᠤ 1.ᠤᠯᠠᠭᠠᠨ ᠳᠤᠪᠤᠩ ᠤᠨ ᠪᠠᠯᠭᠠᠰᠤ᠂ | 2. ᠪᠠᠯᠠᠩ ᠤᠨ ᠰᠦᠮ᠎ᠡ ᠶᠢᠨ ᠪᠠᠯᠭᠠᠰᠤ᠂ 3. ᠡᠪᠳᠡᠷᠬᠡᠢ ᠪᠠᠯᠭᠠᠰᠤ᠂ 4. ᠴᠠᠭᠠᠨ ᠪᠠᠯᠭᠠᠰᠦ᠂ 5.ᠤᠯᠵᠠᠴᠢ ᠶᠢᠨ ᠪᠠᠯᠭᠠᠰᠦ᠂ 6. ᠳ᠋ᠠ ᠬᠦᠷᠢᠶ᠎ᠡ᠂ 7. ᠠᠷᠯᠠᠢ ᠶᠢᠨ | ᠪᠠᠯᠭᠠᠰᠦ᠂ 8.ᠰᠦᠯᠳᠡ ᠶᠢᠨ ᠪᠠᠯᠭᠠᠰᠤ᠂ 9.ᠤᠭᠤᠲᠤᠷ ᠪᠠᠯᠭᠠᠰᠤ᠂ 10. ᠪᠠᠶᠠᠨ ᠬᠤᠷᠠᠬᠤ ᠶᠢᠨ ᠪᠠᠯᠭᠠᠰᠤ ᠵᠡᠷᠭᠡ ᠡᠳᠡᠭᠡᠷ ᠲᠠᠩ ᠤᠨ ᠦᠶ᠎ᠡ ᠶᠢᠨ ᠡᠷᠲᠡᠨ ᠤ | ᠬᠤᠲᠠᠨ ᠤ ᠳᠣᠲᠣᠷ᠎ᠠ ᠦᠯᠡᠳᠡᠭᠰᠡᠨ ᠲᠠᠪᠤᠨ ᠬᠤᠷ ᠤᠨ ᠪᠠᠯᠭᠠᠳ ᠪᠠᠶᠢᠭ᠎ᠠ ᠨᠢ ᠮᠠᠭᠠᠳ ᠪᠣᠯᠪᠠᠴᠣ ᠴᠣᠬᠤᠮ ᠠᠯᠢ ᠠᠯᠢ ᠨᠢ ᠮᠦᠨ ᠪᠣᠯᠬᠤ ᠶᠢ ᠬᠠᠷᠠᠬᠠᠨ ᠨᠤᠲᠠᠯᠠᠭ᠎ᠠ | ᠦᠭᠡᠢ᠃ ᠳᠤᠤᠷ᠎ᠠ ᠡᠳᠡᠭᠡᠷ ᠪᠠᠯᠭᠠᠰᠤ ᠶᠢ ᠲᠤᠪᠴᠢ ᠶᠢᠨ ᠲᠡᠳᠦᠢ ᠲᠠᠨᠢᠯᠴᠠᠭᠤᠯᠰᠤᠭᠠᠢ᠃ | | | 2. ᠪᠠᠯᠠᠩ ᠤᠨ ᠰᠦᠮ᠎ᠡ ᠶᠢᠨ ᠪᠠᠯᠭᠠᠰᠤ | ᠤᠲᠤᠭ ᠤᠨ ᠡᠮᠦᠨᠡᠲᠦ ᠬᠤᠰᠢᠭᠤᠨ ᠤ ᠲᠠᠬᠢᠯᠲᠦ ᠰᠢᠶᠠᠩ ᠤᠨ ᠲᠥᠪ ᠠᠴᠠ ᠪᠠᠷᠠᠭᠤᠨᠰᠢ 8km ᠲᠤ᠂ ᠪᠠᠯᠠᠩ ᠤᠨ ᠰᠦᠮ᠎ᠡ ᠭᠠᠴᠠᠭᠠᠨ ᠤ ᠪᠠᠯᠠᠩ ᠤᠨ | ᠰᠦᠮ᠎ᠡ ᠶᠢᠨ ᠰᠢᠯᠢ ᠶᠢᠨ ᠠᠭᠤᠵᠢᠭᠤ ᠳᠡᠭᠰᠢᠬᠡᠨ ᠭᠠᠵᠠᠷ ᠳᠡᠭᠡᠷ᠎ᠡ ᠪᠠᠶᠢᠷᠢᠯᠠᠨ᠎ᠠ᠃ | ᠪᠠᠯᠭᠠᠰᠣᠨ ᠤ ᠪᠠᠶᠢᠳᠠᠯ ᠤᠷᠲᠤ ᠳᠦᠷᠪᠡᠯᠵᠢᠨ᠂ ᠵᠡᠭᠦᠨᠰᠢ ᠪᠠᠷᠠᠭᠤᠨᠰᠢ ᠪᠠᠨ 580m᠂ ᠡᠮᠦᠨᠡᠰᠢ ᠬᠤᠶᠢᠰᠢ ᠪᠠᠨ595m᠂ ᠬᠡᠷᠡᠮ ᠦᠨᠦᠨᠳᠦᠷ | 1~2m᠂ ᠦᠷᠭᠡᠨ 2~6m᠂ ᠴᠢᠭᠵᠢᠭᠰᠡᠨ ᠵᠤᠵᠠᠭᠠᠨ 10~12cm᠃ ᠲᠦᠷᠪᠡᠨ ᠲᠠᠯ᠎ᠠ ᠶᠢᠨ ᠬᠡᠷᠡᠮ ᠤᠨ ᠳᠤᠮᠳᠠ 10m ᠤᠨ ᠰᠡᠲᠡᠷᠬᠡᠢ ᠪᠠᠶᠢᠭ᠎ᠠ | ᠨᠢ ᠬᠤᠲᠠ ᠶᠢᠨ ᠡᠭᠦᠳᠡ ᠪᠤᠯᠤᠯᠲᠠᠢ᠂ ᠪᠠᠷᠠᠭᠤᠨ ᠬᠡᠷᠡᠮ ᠤᠨ ᠰᠡᠲᠡᠷᠬᠡᠢ ᠶᠢᠨ ᠬᠤᠶᠠᠷ ᠬᠠᠵᠠᠭᠤ ᠳᠤ 3.5m ᠦᠨᠳᠦᠷ ᠰᠢᠷᠤᠢ ᠶᠢᠨ ᠤᠪᠤᠭ᠎ᠠ ᠪᠠᠶᠢᠭ᠎ᠠ ᠨᠢ | ᠭᠤᠩᠬᠤᠨ ᠠᠰᠠᠷ③ ᠪᠠᠶᠢᠬ᠎ᠠ᠃ ᠬᠤᠲᠠ ᠶᠢᠨ ᠳᠤᠲᠤᠷᠠᠬᠢ ᠡᠮᠦᠨᠡᠰᠢ ᠬᠤᠶᠢᠰᠢ ᠴᠢᠭᠯᠡᠯ ᠲᠠᠢ ᠬᠡᠷᠡᠮ ᠬᠤᠲᠠ ᠶᠢ ᠵᠡᠭᠦᠨ ᠪᠠᠷᠠᠭᠤᠨ ᠬᠤᠶᠠᠷ ᠪᠤᠯᠭᠠᠵᠦ ᠠᠩᠭᠢᠯᠠᠵᠠᠢ᠃ | ᠬᠤᠲᠠᠨ ᠤ ᠳᠤᠲᠤᠷ᠎ᠠ ᠤᠪᠤᠶᠢᠵᠤ ᠬᠠᠷᠠᠭᠳᠠᠬᠤ ᠬᠡᠳᠦᠨ ᠰᠢᠷᠤᠢ ᠶᠢᠨ ᠤᠪᠤᠭ᠎ᠠ ᠪᠠᠶᠢᠭ᠎ᠠ ᠨᠢ ᠪᠠᠶᠢᠰᠢᠩ ᠪᠠᠷᠢᠯᠭ᠎ᠠ ᠪᠠᠶᠢᠭᠰᠠᠨ ᠪᠠᠶᠢᠬ᠎ᠠ᠃ ᠬᠤᠶᠢᠳᠤ ᠬᠡᠷᠡᠮ ᠤᠨ | ᠳᠤᠲᠤᠷ᠎ᠠ᠂ ᠪᠠᠷᠠᠭᠤᠨ ᠪᠡᠶ᠎ᠡ ᠪᠠᠷ ᠵᠡᠭᠦᠨᠰᠢ ᠪᠠᠷᠠᠭᠤᠨᠰᠢ ᠪᠠᠨ 30m᠂ ᠡᠮᠦᠨᠡᠰᠢ ᠬᠤᠶᠢᠰᠢ ᠪᠠᠨ 18m ᠤᠨ ᠭᠦᠳᠦᠩ ᠪᠤᠢ᠂ ᠡᠷᠭᠢᠨ ᠲᠤᠭᠤᠷᠢᠨ ᠢᠶᠠᠷ ᠨᠢ ᠸᠠᠭᠠᠷ | ᠲᠤᠭᠤᠰᠬᠠᠨ ᠤ ᠬᠠᠭᠠᠷᠬᠠᠢ ᠨᠢᠭᠲᠠ ᠳᠠᠷᠬᠠᠵᠦ ᠪᠠᠶᠢᠨ᠎ᠠ᠃ | ᠬᠤᠲᠠᠨ ᠤ ᠳᠤᠲᠤᠷᠠᠬᠢ ᠰᠤᠶᠤᠯᠲᠤ ᠳᠠᠪᠬᠤᠷᠭ᠎ᠠ ᠨᠢ 1m᠃ ᠦᠩᠭᠡᠨ ᠬᠦᠷᠦᠰᠦᠨ ᠠᠴᠠ ᠪᠦᠰ ᠠᠷ ᠲᠠᠢ ᠬᠦᠮᠦᠭᠡᠷ ᠸᠠᠭᠠᠷ᠂ ᠬᠠᠪᠲᠠᠭᠠᠢ ᠸᠠᠭᠠᠷ ᠤᠨ | ᠬᠠᠭᠠᠷᠬᠠᠢ᠂ ᠠᠷᠢᠶᠠᠲᠠᠨ ᠤ ᠨᠢᠭᠤᠷᠲᠤ ᠳᠤᠰᠬᠤᠭᠤᠷ ᠸᠠᠭᠠᠷ ᠤᠨ ᠬᠠᠭᠠᠷᠬᠠᠢ᠂ ᠴᠤᠯᠭᠤᠢ ᠨᠢᠭᠤᠷ ᠲᠠᠢ ᠲᠤᠭᠤᠰᠬ᠎ᠠ᠂ ᠢᠷᠤᠭᠠᠯ ᠳᠤᠨᠢ ᠡᠷᠭᠢᠯᠭᠡ ᠲᠠᠢ ᠤᠯᠠᠭᠠᠨ | ᠬᠦᠷᠡᠩ ᠸᠠᠭᠠᠷᠤᠨ ᠬᠡᠷᠡᠭᠰᠡᠯ ᠤᠨ ᠬᠠᠭᠠᠷᠬᠠᠢ᠂ ᠴᠠᠭᠠᠨ ᠫᠠᠯᠠᠩ᠂ ᠬᠦᠷᠡᠩ ᠫᠠᠯᠠᠩ ᠲᠠᠢ ᠱᠠᠭᠠᠵᠠᠩ ᠰᠠᠪᠠᠨ ᠤ ᠬᠠᠭᠠᠷᠬᠠᠢ ᠶᠢ ᠤᠯᠵᠤ ᠴᠤᠭᠯᠠᠭᠤᠯᠵᠠᠢ᠃ ᠪᠠᠰᠠ ᠺᠠᠢ | ᠶᠤᠸᠠᠨ ᠪᠤᠤ ᠲᠦᠩ ᠭᠠᠤᠯᠢᠨ ᠵᠤᠭᠤᠰ 1 ᠣᠯᠳᠠᠵᠠᠢ᠃ | | | | |