| ᠬᠤᠨᠢ ᠢᠮᠠᠭᠠᠨ ᠤ ᠭᠡᠳᠡᠰᠦᠨ ᠤ ᠴᠢᠰᠤᠨ ᠬᠤᠣᠷᠳᠠᠯᠭ᠎ᠠ ᠪᠣᠯ ᠬᠤᠨᠢᠨ ᠤ ᠨᠢᠭᠡ ᠵᠦᠢᠯ ᠤᠨ ᠲᠦᠷᠭᠡᠨ ᠴᠢᠨᠠᠷᠲᠤ ᠴᠢᠰᠤᠨ ᠬᠤᠣᠷᠳᠠᠯᠭ᠎ᠠ ᠪᠣᠯᠣᠨ᠎ᠠ᠃ | ᠡᠪᠡᠳᠴᠢᠨ ᠤ ᠡᠬᠦᠰᠬᠦ ᠨᠢ D ᠬᠡᠯᠪᠡᠷᠢ ᠶᠢᠨ ᠸᠧᠯᠼᠢ ᠤᠷᠬᠢᠨᠴᠢᠷ ᠪᠠᠺᠲ᠋ᠧᠷᠢ ᠬᠤᠨᠢᠨ ᠤ ᠢᠳᠡᠰᠢᠨ ᠳᠤ ᠶᠡᠭᠡ ᠪᠠᠷ ᠦᠷᠡᠵᠢᠭᠡᠳ ᠬᠤᠤᠷᠰᠤ ᠭᠠᠷᠭᠠᠬᠤ ᠠᠴᠠ ᠪᠤᠢ | ᠪᠤᠯᠳᠠᠭ᠃ ᠦᠬᠦᠳᠡᠯ ᠤᠨ ᠪᠥᠭᠡᠷ᠎ᠡ ᠶᠢᠨ ᠨᠡᠬᠡᠳᠡᠰᠦ ᠬᠢᠯᠪᠠᠷ ᠵᠥᠭᠡᠯᠡᠷᠡᠳᠡᠭ ᠪᠣᠯᠬᠤᠷ ᠲᠤᠰ ᠡᠪᠡᠳᠴᠢᠨ ᠢ ᠪᠠᠰᠠ ︽ᠪᠥᠭᠡᠷ᠎ᠡ ᠵᠥᠭᠡᠯᠡᠷᠡᠬᠦ ᠡᠪᠡᠳᠴᠢᠨ︾ ᠭᠡᠳᠡᠭ᠃ | ᠡᠮᠴᠢᠯᠡᠪᠦᠷᠢ ᠳᠤ ᠬᠤᠨᠢᠨ ᠤ ᠲᠦᠷᠭᠡᠨ ᠬᠢᠵᠢᠭ ᠲᠠᠢ ᠤᠶᠢᠷᠠᠯᠴᠠᠭ᠎ᠠ ᠪᠣᠯᠬᠤᠷ ᠪᠠᠰᠠ ︽ᠠᠳᠠᠯᠢᠪᠲᠤᠷ ᠲᠦᠷᠭᠡᠨ ᠬᠢᠵᠢᠭ︾ ᠭᠡᠨ᠎ᠡ᠃ | ᠰᠢᠨᠵᠢ ᠲᠡᠮᠳᠡᠭ | ᠭᠡᠨᠡᠳᠲᠡ ᠡᠪᠡᠳᠴᠢᠨ ᠡᠬᠦᠰᠬᠦ ᠨᠢ ᠲᠤᠰ ᠡᠪᠡᠳᠴᠢᠨ ᠤ ᠣᠨᠴᠠᠯᠢᠭ ᠪᠣᠯᠣᠨ᠎ᠠ᠃ ᠶᠡᠷᠦ ᠳᠤ ᠪᠠᠨ ᠰᠢᠨᠵᠢ ᠲᠮᠲᠡᠭ ᠨᠢ ᠮᠡᠳᠡᠭᠳᠡᠬᠦ ᠦᠭᠡᠢ ᠪᠠᠷ ᠦᠬᠦᠨ᠎ᠡ᠃ | ᠭᠡᠪᠡᠴᠦ ᠶᠡᠷᠦᠩᠬᠡᠢ ᠳᠤ ᠪᠠᠨ ᠡᠪᠡᠳᠴᠢᠯᠡᠭᠰᠡᠨ ᠬᠤᠨᠢᠨ ᠤ ᠰᠢᠨᠵᠢ ᠲᠡᠮᠳᠡᠭ ᠶᠢ ᠨᠢ ᠳᠣᠣᠷᠠᠬᠢ ᠬᠤᠶᠠᠷ ᠵᠦᠢᠯ ᠤᠨ ᠬᠡᠯᠪᠡᠷᠢ ᠳᠤ ᠬᠤᠪᠢᠶᠠᠨ᠎ᠠ᠃ | ᠨᠢᠭᠡ ᠵᠦᠢᠯ ᠨᠢ ᠲᠠᠲᠠᠪᠠᠯᠵᠠᠬᠤ ᠣᠨᠴᠠᠯᠢᠭ ᠲᠠᠢ᠂ ᠢᠯᠡᠷᠡᠯ ᠨᠢ ᠦᠬᠦᠬᠦ ᠠᠴᠠ ᠪᠠᠨ ᠡᠮᠦᠨ᠎ᠡ ᠲᠦᠷᠪᠡᠨ ᠮᠥᠴᠢ ᠨᠢ ᠴᠢᠩᠭ᠎ᠠ ᠲᠡᠯᠴᠢᠯᠡᠵᠦ ᠪᠤᠯᠴᠢᠩ ᠮᠢᠬ᠎ᠠ ᠨᠢ | ᠴᠡᠴᠡᠷᠡᠨ ᠨᠢᠳᠦᠨ ᠴᠡᠴᠡᠭᠡᠢ ᠨᠢ ᠡᠷᠭᠢᠯᠳᠦᠵᠦ ᠰᠢᠲᠤ ᠬᠠᠪᠢᠷᠠᠨ ᠰᠢᠯᠦᠰᠦ ᠠᠷᠪᠢᠨ ᠭᠤᠭᠤᠵᠢᠭᠤᠯᠵᠤ ᠡᠴᠦᠰ ᠰᠡᠬᠦᠯ ᠳᠤ ᠪᠠᠨ ᠬᠦᠵᠦᠭᠦᠦ ᠨᠢ ᠮᠡᠳᠡᠭᠳᠡᠮ᠎ᠡ ᠠᠪᠴᠢᠵᠤ | ᠠᠲᠤᠷᠢᠨ 2 — 4 ᠴᠠᠭ ᠤᠨ ᠳᠣᠲᠣᠷ᠎ᠠ ᠦᠬᠦᠨ᠎ᠡ᠃ | ᠨᠦᠬᠦᠭᠡ ᠨᠢᠭᠡ ᠬᠡᠯᠪᠡᠷᠢ ᠨᠢ ᠮᠠᠨᠠᠷᠠᠬᠤ ᠪᠠ ᠨᠠᠮ ᠵᠢᠮ ᠦᠬᠦᠬᠦ ᠣᠨᠴᠠᠯᠢᠭ ᠲᠠᠢ᠃ ᠡᠪᠡᠳᠴᠢᠨ ᠤ ᠶᠠᠪᠤᠴᠠ ᠨᠢ ᠲᠡᠶᠢᠮᠦ ᠲᠦᠷᠭᠡᠨ ᠴᠢᠨᠠᠷᠲᠠᠢ ᠪᠢᠰᠢ᠂ ᠡᠬᠢᠨ ᠤ | ᠰᠢᠨᠵᠢ ᠲᠡᠮᠳᠡᠭ ᠨᠢ ᠶᠡᠷᠦ ᠳᠤ ᠪᠠᠨ ᠪᠡᠶ᠎ᠡ ᠶᠢᠨ ᠪᠠᠶᠢᠳᠠᠯ ᠨᠢ ᠲᠣᠭᠲᠠᠭᠤᠨ ᠦᠭᠡᠢ᠂ ᠬᠡᠪᠲᠡᠭᠡᠳ ᠪᠤᠰᠬᠤ ᠦᠭᠡᠢ ᠪᠤᠯᠬᠤ ᠪᠠ ᠰᠡᠷᠡᠯ ᠤᠨ ᠰᠠᠭᠠᠳᠤᠯ ᠲᠠᠢ᠃ | ᠡᠬᠢᠨ ᠳᠤ ᠪᠠᠨ ᠰᠢᠯᠦᠰᠦ ᠭᠤᠭᠤᠵᠢᠭᠤᠯᠬᠤ᠂ ᠬᠤᠶᠠᠷ ᠡᠷᠡᠦ ᠨᠢ ᠬᠠᠪᠠᠭᠠᠨᠠᠬᠤ᠂ ᠵᠠᠯᠭᠠᠭᠠᠳ ᠮᠠᠨᠠᠷᠠᠵᠤ᠂ ᠨᠢᠳᠦᠨ ᠡᠪᠡᠷᠯᠢᠭ ᠪᠦᠷᠬᠦᠭᠦᠯ ᠤᠨ ᠣᠶᠢᠯᠲᠠ ᠨᠢ ᠠᠷᠢᠯᠳᠠᠭ | ᠂ ᠵᠠᠷᠢᠮ ᠭᠡᠮᠨᠡᠭᠰᠡᠨ ᠬᠤᠨᠢ ᠪᠠᠭᠠᠰᠤ ᠠᠯᠳᠠᠨ᠎ᠠ᠃ ᠶᠡᠷᠦ ᠳᠤ ᠪᠠᠨ 3 — 4 ᠴᠠᠭ ᠤᠨ ᠳᠣᠲᠣᠷ᠎ᠠ ᠨᠠᠮᠵᠢᠭᠤᠨ ᠢᠶᠠᠷ ᠦᠬᠦᠳᠡᠭ᠃ ᠲᠠᠲᠠᠪᠠᠯᠵᠠᠬᠤ ᠬᠡᠯᠪᠡᠷᠢ ᠪᠠ | ᠮᠠᠨᠠᠷᠠᠬᠤ ᠬᠡᠯᠪᠡᠷᠢ ᠶᠢᠨ ᠰᠢᠨᠵᠢ ᠲᠡᠮᠳᠡᠭ ᠤᠨ ᠲᠠᠯ᠎ᠠ ᠪᠠᠷ ᠵᠥᠷᠢᠶ᠎ᠡ ᠨᠢ ᠬᠤᠤᠷᠰᠤ ᠰᠢᠩᠭᠡᠬᠡᠨ ᠠᠪᠤᠭᠰᠠᠨ ᠤ ᠤᠯᠠᠨ ᠴᠥᠭᠡᠨ ᠤ ᠠᠳᠠᠯᠢ ᠦᠭᠡᠢ ᠶᠢᠨ ᠦᠷ᠎ᠡ ᠳ᠋ᠦᠩ | ᠮᠥᠨ᠃ | D ᠬᠡᠯᠪᠡᠷᠢ ᠶᠢᠨ ᠸᠧᠯᠼᠢ ᠤᠷᠬᠢᠨᠴᠢᠷ ᠪᠠᠺᠲ᠋ᠧᠷᠢ ᠬᠠᠯᠳᠠᠪᠤᠷᠢᠯᠠᠭᠰᠠᠨ ᠡᠪᠡᠳᠴᠢᠨ ᠤ ᠵᠢᠱᠢᠶ᠎ᠡ ᠨᠢ ᠦᠬᠦᠬᠦ ᠠᠴᠠ ᠪᠠᠨ ᠡᠮᠦᠨ᠎ᠡ ᠢᠯᠡ ᠲᠣᠳᠣ ᠴᠢᠰᠤᠨ ᠰᠢᠬᠢᠷ | ᠠᠷᠪᠢᠳᠬᠤ ︵40 — 65 ᠮᠢᠯᠢᠭᠷᠡᠮ %︶ ᠪᠠ ᠰᠢᠬᠢᠷ ᠰᠢᠵᠢᠩ ︵ᠬᠡᠪ ᠤᠨ 1 % ᠠᠴᠠ ᠳᠡᠭᠡᠭᠰᠢᠯᠡᠵᠦ 6 % ᠪᠤᠯᠬᠤ︶ ᠡᠪᠡᠳᠴᠢᠨ ᠤ ᠰᠢᠨᠵᠢ ᠲᠠᠢ | ᠪᠠᠶᠢᠳᠠᠭ᠃ | ᠰᠡᠷᠭᠡᠶᠢᠯᠡᠨ ᠵᠠᠰᠠᠬᠤ | 1. ᠡᠮᠴᠢᠯᠡᠨ ᠵᠠᠰᠠᠬᠤ᠄ ᠡᠪᠡᠳᠴᠢᠨ ᠤ ᠶᠠᠪᠤᠴᠠ ᠨᠢ ᠪᠠᠴᠢᠮ ᠲᠦᠷᠭᠡᠨ ᠪᠣᠯ ᠡᠮᠴᠢᠯᠡᠨ ᠵᠠᠰᠠᠵᠤ ᠠᠮᠵᠢᠬᠤ ᠦᠭᠡᠢ᠃ ᠡᠪᠡᠳᠴᠢᠨ ᠤ ᠶᠠᠪᠤᠴᠠ ᠨᠢ ᠤᠳᠠᠭᠠᠨ | ᠪᠣᠯ ᠰᠢᠨᠵᠢ ᠲᠡᠮᠳᠡᠭ ᠲᠤᠨᠢ ᠲᠣᠬᠢᠷᠠᠭᠤᠯᠤᠨ ᠡᠮᠨᠡᠨ᠎ᠡ᠃ 0.1 % PP ᠤᠰᠤ ᠴᠢᠳᠬᠤᠵᠤ ᠥᠭᠭᠦᠨ᠎ᠡ᠃ ᠬᠠᠭᠤᠷᠠᠢ ᠬᠥᠬᠡ ᠡᠪᠡᠰᠦ ᠪᠠᠷ ᠨᠥᠬᠦᠵᠦ ᠲᠡᠵᠢᠭᠡᠪᠡᠯ | ᠡᠪᠡᠳᠴᠢᠨ ᠢ ᠨᠢ ᠨᠠᠮᠳᠠᠭᠤᠯᠬᠤ ᠳᠤ ᠲᠤᠰᠠ ᠲᠠᠢ᠃ | 2. ᠰᠡᠷᠭᠡᠶᠢᠯᠡᠯᠲᠡ᠄ ︵1︶ ᠦᠷᠬᠦᠯᠵᠢ ᠡᠬᠦᠰᠳᠡᠭ ᠣᠷᠣᠨ ᠳᠤ ᠸᠠᠺᠽᠢᠨ ᠲᠠᠷᠢᠵᠤ ᠰᠡᠷᠭᠡᠶᠢᠯᠡᠨ᠎ᠡ᠃ ᠭᠤᠷᠪᠠᠨ ᠬᠤᠯᠪᠤᠭ᠎ᠠ ᠪᠤᠶᠤ ᠲᠠᠪᠤᠨ ᠬᠤᠯᠪᠤᠭ᠎ᠠ | ᠸᠠᠺᠽᠢᠨ ᠬᠡᠷᠡᠭᠯᠡᠨ᠎ᠡ᠃ ︵2︶ ᠡᠪᠡᠳᠴᠢᠨ ᠡᠭᠦᠰᠦᠮᠡᠭᠴᠡ ᠳᠠᠷᠤᠢ ᠲᠦᠷᠭᠡᠨ ᠪᠡᠯᠴᠢᠭᠡᠷ ᠰᠢᠯᠵᠢᠨ ᠮᠠᠯᠵᠢᠬᠤ ᠬᠡᠷᠡᠭᠲᠡᠢ᠃ ︵3︶ ᠠᠷᠠᠴᠢᠯᠠᠨ | ᠬᠠᠮᠢᠶᠠᠷᠤᠯᠲᠠ ᠶᠢ ᠨᠢ ᠴᠢᠩᠭᠠᠳᠬᠠᠵᠤ᠂ ᠬᠤᠨᠢᠳ ᠤᠨ ᠬᠥᠳᠡᠯᠭᠡᠭᠡᠨ ᠢ ᠴᠢᠩᠭᠠᠯᠠᠨ᠎ᠠ᠃ ︵4︶ ᠡᠪᠡᠳᠴᠢᠨ ᠤ ᠨᠥᠯᠥᠭᠡᠯᠡᠬᠦ ᠰᠢᠯᠲᠠᠭᠠᠨ ᠢ ᠪᠠᠭᠠᠰᠬᠠᠬᠤ ᠶᠢᠨ | ᠲᠥᠯᠥᠭᠡ ᠬᠥᠬᠡ ᠨᠣᠭᠤᠭ᠎ᠠ ᠤᠷᠭᠤᠬᠤ ᠨᠢ ᠣᠷᠣᠢ᠂ ᠡᠪᠡᠰᠦ ᠰᠢᠷᠠᠯᠠᠬᠤ ᠨᠢ ᠤᠳᠠᠭᠠᠨ ᠭᠠᠵᠠᠷ ᠮᠠᠯᠵᠢᠪᠠᠯ ᠰᠠᠶᠢᠨ᠃ | ᠸᠠᠺᠽᠢᠨ ᠳᠠᠷᠢᠭᠰᠠᠨ ᠭᠠᠵᠠᠷ ᠪᠠᠰᠠ ᠡᠪᠡᠳᠴᠢᠨ ᠡᠬᠦᠰᠳᠡᠭ᠃ ᠢᠯᠠᠩᠭᠤᠶ᠎ᠠ ᠸᠠᠺᠽᠢᠨ ᠳᠠᠷᠢᠭᠰᠠᠨ ᠤ ᠳᠠᠷᠠᠭᠠᠬᠢ ᠨᠢᠭᠡ ᠰᠠᠷ᠎ᠠ ᠳᠣᠲᠣᠷ᠎ᠠ ᠬᠢᠯᠪᠠᠷ ᠡᠬᠦᠰᠳᠡᠭ᠃ | ᠵᠠᠳᠠᠯᠤᠯᠲᠠ ᠶᠢ ᠦᠨᠳᠦᠰᠦᠯᠡᠪᠡᠯ᠂ ᠲᠡᠷᠡ ᠨᠢ ᠸᠠᠺᠽᠢᠨ ᠤ ᠦᠷ᠎ᠡ ᠠᠰᠢᠭ ᠲᠠᠢ ᠬᠤᠯᠪᠤᠭ᠎ᠠ ᠲᠠᠢ ᠪᠠᠶᠢᠵᠤ ᠮᠡᠳᠡᠨ᠎ᠡ᠃ ᠡᠶᠢᠮᠦ ᠠᠴᠠ ᠮᠠᠯ ᠤᠨ ᠪᠡᠯᠴᠢᠭᠡᠷ ᠤᠨ ᠴᠡᠪᠡᠷ | ᠪᠠᠶᠢᠬᠤ ᠶᠢ ᠪᠠᠲᠤᠯᠠᠬᠤ ᠪᠠ ᠬᠠᠰᠢᠶ᠎ᠠ ᠬᠦᠷᠢᠶ᠎ᠡ ᠪᠠᠨ ᠠᠷᠢᠭᠤᠳᠬᠠᠬᠤ ᠠᠵᠢᠯ ᠢ ᠲᠣᠭᠲᠠᠭᠰᠠᠨ ᠴᠠᠭ ᠲᠠᠢ ᠥᠷᠨᠢᠭᠦᠯᠵᠦ᠂ ᠬᠢᠵᠢᠭ ᠤᠨ ᠪᠠᠶᠢᠴᠠᠭᠠᠯᠲᠠ ᠶᠢ ᠰᠠᠶᠢᠲᠤᠷ | ᠬᠢᠬᠦ ᠬᠡᠷᠡᠭᠲᠡᠢ᠃ | |