ᠨᠢᠭᠡᠨ ᠮᠤᠩᠬᠠᠭ ᠨᠣᠶᠠᠨ ᠲᠠᠷᠢᠬᠢ ᠲᠣᠯᠣᠭᠠᠢ ᠪᠣᠯᠬᠢ ᠪᠢᠳᠠᠭᠤ ᠲᠤᠯᠠ ᠲᠠᠩ ᠲᠥᠬᠦᠭᠡᠷᠴᠦ ᠬᠡᠷᠡᠭ ᠵᠠᠷᠭᠤ ᠰᠢᠬᠦᠬᠦ ᠪᠣᠯᠭᠠᠨ ᠰᠢᠷᠡᠭᠡᠨ ᠳᠡᠭᠡᠷ᠎ᠡ ᠪᠠᠨ ᠲᠣᠯᠢ | ᠲᠠᠯᠪᠢᠵᠤ᠂ ᠬᠠᠳᠤᠨ ᠢᠶᠠᠨ ᠲᠠᠯᠳᠠ ᠭᠠᠵᠠᠷ ᠵᠣᠭᠰᠣᠭᠠᠭᠠᠳ ᠳᠣᠬᠢᠶ᠎ᠠ ᠶᠢ ᠨᠢ ᠦᠵᠡᠵᠦ ᠬᠡᠷᠡᠭ ᠰᠢᠭᠦᠳᠡᠭ ᠪᠠᠶᠢᠵᠠᠢ᠃ | ᠨᠢᠭᠡ ᠤᠳᠠᠭ᠎ᠠ ᠲᠠᠩ ᠲᠥᠬᠦᠭᠡᠷᠴᠦ ᠬᠤᠯᠠᠭᠠᠢ ᠶᠢᠨ ᠬᠡᠷᠡᠭ ᠢ ᠰᠢᠭᠦᠪᠡ᠃ ᠡᠬᠢᠯᠡᠭᠳ ᠭᠡᠳᠤ ᠠᠰᠠᠭᠤᠭᠰᠠᠨ ᠪᠤᠯᠪᠠᠴᠤ ᠬᠤᠯᠠᠭᠠᠶᠢᠴᠢ ᠥᠴᠢᠭᠯᠡᠬᠦ ᠦᠭᠡᠢ | ᠲᠤᠯᠠ ᠬᠠᠳᠤᠨ ᠨᠢ ᠠᠯᠠᠭ᠎ᠠ ᠪᠠᠨ ᠳᠣᠷᠣᠭᠰᠢ ᠬᠠᠨᠳᠤᠭᠤᠯᠤᠨ ᠳᠣᠬᠢᠶᠠᠯᠠᠭᠰᠠᠨ ᠳᠤ᠂ ᠨᠣᠶᠠᠨ ᠭᠤᠸᠠᠢ᠄ ︽ᠡᠯᠢᠭᠡᠳᠡᠨ ᠳᠠᠷᠤᠵᠤ ᠤᠨᠠᠭᠠᠭᠠᠳ ᠲᠠᠪᠤᠨ ᠲᠠᠰᠢᠭᠤᠷ | ᠭᠤᠶᠠᠳᠠ︕︾ ᠭᠡᠵᠦ ᠵᠠᠷᠯᠢᠭᠳᠠᠪᠠ᠃ ᠬᠤᠯᠠᠭᠠᠶᠢᠴᠢ ᠪᠠᠰᠠ ᠥᠴᠢᠭ ᠢᠶᠠᠨ ᠲᠤᠰᠢᠶᠠᠬᠤ ᠦᠭᠡᠢ ᠲᠤᠯᠠ ᠬᠠᠳᠤᠨ ᠨᠢ ᠭᠠᠷ ᠤᠨ ᠠᠯᠠᠭ᠎ᠠ ᠪᠠᠨ ᠳᠡᠭᠡᠭᠰᠢ | ᠬᠠᠨᠳᠤᠭᠤᠯᠤᠨ ᠪᠠᠰᠠ ᠲᠠᠪᠤᠨ ᠲᠠᠰᠢᠭᠤᠷ ᠭᠤᠶᠠᠳᠠ ᠭᠡᠰᠡᠨ ᠳᠣᠬᠢᠶ᠎ᠠ ᠥᠭᠴᠡᠢ᠃ ᠮᠤᠩᠬᠠᠭ ᠨᠣᠶᠠᠨ ᠬᠠᠷᠢᠨ ᠪᠤᠷᠤᠭᠤ ᠪᠠᠷ ᠣᠶᠢᠯᠠᠭᠠᠵᠤ᠄ ︽ᠲᠠᠩᠭᠠᠶᠢᠯᠭᠠᠨ | ᠤᠨᠠᠭᠠᠭᠠᠳ ᠲᠠᠪᠤᠨ ᠲᠠᠰᠢᠭᠤᠷ ᠭᠤᠶᠠᠳᠠ︕︾ ᠭᠡᠵᠦ ᠵᠠᠷᠯᠢᠭ ᠪᠣᠯᠪᠠ᠃ ᠬᠠᠳᠤᠨ ᠨᠢ ᠦᠵᠡᠭᠡᠳ ᠢᠩᠭᠢᠵᠦ ᠶᠠᠯᠠᠯᠠᠬᠤ ᠶᠣᠰᠣ ᠬᠠᠮᠢᠭ᠎ᠠ ᠪᠠᠶᠢᠳᠠᠭ ᠪᠢᠯᠡ︕ | ᠭᠡᠵᠦ ᠪᠠᠴᠢᠮᠳᠠᠬᠤ ᠳᠤ ᠪᠠᠨ ᠬᠤᠷᠤᠭᠤ ᠪᠠᠨ ᠠᠮᠠᠨ ᠳᠤ ᠪᠠᠨ ᠵᠠᠭᠤᠭᠰᠠᠨ ᠳᠤ᠂ ᠨᠣᠶᠠᠨ ᠦᠵᠡᠭᠡᠳ᠄ ︽ᠪᠦᠯᠳᠡᠭᠡ ᠶᠢ ᠨᠢ ᠬᠠᠵᠠᠨ ᠲᠠᠰᠤᠯᠲᠤᠭᠠᠢ︕︾ ᠭᠡᠵᠦ | ᠵᠠᠷᠯᠢᠭ ᠪᠣᠯᠤᠭᠰᠠᠨ ᠳᠤ᠂ ᠬᠤᠯᠠᠭᠠᠶᠢᠴᠢ ᠰᠣᠨᠣᠰᠤᠭᠠᠳ ᠡᠬᠡᠨᠡᠷ ᠠᠪᠴᠤ ᠪᠦᠳᠤᠬᠦ ᠦᠭᠡᠢ ᠪᠣᠯᠣᠭᠠᠳ ᠤᠳᠤᠮ ᠤᠭᠰᠠᠭ᠎ᠠ ᠲᠠᠰᠤᠷᠠᠬᠤ ᠠᠴᠠ ᠪᠠᠨ ᠠᠶᠤᠵᠤ ᠠᠷᠭ᠎ᠠ | ᠦᠭᠡᠢ ᠦᠨᠡᠨ ᠥᠴᠢᠭ ᠢᠶᠠᠨ ᠲᠤᠰᠢᠶᠠᠵᠤ ᠭᠡᠨ᠎ᠡ᠃ | ᠲᠠᠷᠬᠠᠭᠰᠠᠨ ᠭᠠᠵᠠᠷ᠄ ᠤᠳᠤᠭ᠂ ᠦᠦᠰᠢᠨ᠃ | | |