| | ᠴᠠᠭᠠᠨ ᠲᠤᠭᠤᠰᠤᠳᠤ ᠪᠦᠭᠡᠰᠤ ᠪᠤᠯ ᠮᠠᠰᠢ ᠦᠷᠭᠡᠨ ᠭᠡᠪᠴᠢᠶᠠᠨ ᠳᠤ ᠤᠷᠤᠩᠨᠠᠵᠤ᠂ ᠨᠢᠭᠡᠨᠳᠡ ᠤᠯᠵᠤ ᠮᠡᠳᠡᠭᠰᠡᠨ ᠢᠶᠠᠷ ᠪᠤᠯ 114 ᠢᠵᠠᠭᠤᠷ ᠤᠨ 670 | ᠲᠦᠷᠦᠯ ᠤᠨ ᠤᠷᠭᠤᠮᠠᠯ ᠳᠤ ᠤᠷᠤᠩᠨᠠᠳᠠᠭ ᠪᠠᠶᠢᠨ᠎ᠠ᠃ ᠮᠠᠨ ᠤ ᠤᠯᠤᠰ ᠤᠨ ᠤᠯᠵᠤ ᠮᠡᠳᠡᠭᠰᠡᠨ ᠢᠶᠠᠷ ᠪᠤᠯ 70 ᠢᠵᠠᠭᠤᠷ ᠤᠨ 270 ᠲᠦᠷᠦᠯ ᠤᠨ ᠤᠷᠭᠤᠮᠠᠯ ᠳᠤ | ᠤᠷᠤᠩᠨᠠᠵᠤ ᠪᠠᠶᠢᠨ᠎ᠠ᠂ ᠤᠯᠠᠩᠭᠢ ᠨᠤᠭᠤᠭ᠎ᠠ ᠨᠢ ᠴᠦᠮ ᠭᠦᠨᠦᠭᠡᠯ ᠳᠤ ᠤᠴᠠᠷᠠᠵᠤ᠂ ᠢᠯᠠᠩᠭᠤᠶ᠎ᠠ ᠦᠷᠭᠡᠰᠤᠳᠤ ᠭᠡᠮᠭᠡ᠂ ᠪᠤᠷᠴᠠᠭ ᠤᠨ ᠲᠦᠷᠦᠯ᠂ ᠲᠦᠪᠡᠳ ᠬᠠᠰᠢ᠂ | ᠬᠠᠰᠢ ᠨᠡᠩ ᠭᠦᠨᠳᠤ ᠨᠤᠴᠢᠳᠡᠢ ᠭᠦᠨᠦᠭᠡᠭᠳᠡᠳᠡᠭ ᠪᠠᠶᠢᠨ᠎ᠠ᠃ ᠡᠭᠦᠨ ᠠᠴᠠ ᠭᠠᠳᠠᠨ᠎ᠠ ᠪᠠᠰᠠ ᠪᠦᠭᠡᠷᠡᠩᠭᠡᠢ ᠴᠠᠭᠠᠨ ᠨᠤᠭᠤᠭ᠎ᠠ᠂ ᠴᠡᠴᠡᠭᠳᠤ ᠴᠠᠭᠠᠨ ᠨᠤᠭᠤᠭ᠎ᠠ᠂ | ᠴᠢᠩᠽᠢ᠂ ᠲᠤᠰᠤᠳᠤ ᠨᠤᠭᠤᠭ᠎ᠠ᠂ ᠯᠤᠤᠪᠠᠨᠭ᠌᠃ ᠰᠢᠯᠦᠭᠡᠢ ᠨᠤᠭᠤᠭ᠎ᠠ᠂ ᠭᠦᠷᠡᠯᠵᠡᠭᠡᠨᠠ ᠵᠡᠷᠭᠡ ᠤᠯᠠᠨ ᠲᠦᠷᠦᠯ ᠤᠨ ᠨᠤᠭᠤᠭ᠎ᠠ ᠵᠢᠴᠢ ᠬᠤᠸᠠᠷ ᠴᠡᠴᠡᠭ᠂ ᠵᠢᠮᠢᠰ ᠤᠨ | ᠮᠤᠳᠤ᠂ ᠡᠮ ᠤᠨ ᠮᠠᠲ᠋ᠧᠷᠢᠶᠠᠯ᠂ ᠰᠤᠯᠠ ᠡᠪᠡᠰᠤ ᠵᠡᠷᠭᠡ ᠤᠯᠠᠨ ᠵᠦᠢᠯ ᠤᠨ ᠤᠷᠭᠤᠮᠠᠯ ᠢ ᠭᠦᠨᠦᠭᠡᠳᠡᠭ ᠪᠠᠶᠢᠨ᠎ᠠ᠂ ᠴᠠᠭᠠᠨ ᠲᠤᠭᠤᠰᠤᠳᠤ ᠪᠦᠭᠡᠰᠤ ᠨᠢ ᠨᠠᠪᠴᠢᠨ ᠤ | ᠠᠷᠤ ᠳᠤ ᠰᠦᠷᠦᠭᠯᠡᠨ ᠴᠤᠠᠠᠯᠠᠵᠤ᠂ ᠤᠷᠭᠤᠮᠠᠯ ᠤᠨ ᠰᠢᠭᠦᠰᠤ ᠶᠢ ᠰᠤᠷᠤᠵᠤ᠂ ᠨᠠᠪᠴᠢ ᠶᠢ ᠬᠤᠷᠪᠤᠶᠢᠯᠭᠠᠨ ᠰᠢᠷᠠᠯᠠᠭᠤᠯᠵᠤ᠂ ᠤᠷᠭᠤᠮᠠᠯ ᠤᠨ ᠤᠷᠭᠤᠯᠳᠠ ᠶᠢ ᠨᠢ | ᠮᠠᠭᠤᠳᠠᠭᠤᠯᠳᠠᠭ ᠪᠦᠭᠡᠳ ᠴᠢᠨ᠋ᠬᠠᠰᠢᠯᠠᠪᠠᠯ ᠬᠠᠳᠠᠵᠤ ᠦᠭᠦᠭᠦᠯᠳᠡᠭ ᠪᠠᠶᠢᠨ᠎ᠠ᠃ ᠴᠠᠭᠠᠨ ᠲᠤᠭᠤᠰᠤᠳᠤ ᠪᠦᠭᠡᠰᠤ ᠶᠢᠨ ᠱᠦᠭᠦᠷᠡᠭᠦᠯᠦᠭᠰᠡᠨ ᠢᠯᠭᠠᠳᠠᠰᠤ ᠨᠢ | ᠪᠤᠭᠢᠷᠳᠤᠯ ᠤᠨ ᠭᠡᠮ ᠢ ᠡᠭᠦᠰᠭᠡᠵᠤ᠂ ᠬᠤᠸᠠᠷ ᠤᠨ ᠦᠨ᠎ᠠ ᠦᠷᠳᠡᠭ ᠢ ᠪᠠᠭᠤᠷᠠᠭᠤᠯᠳᠠᠭ ᠪᠠᠶᠢᠨ᠎ᠠ᠃ ᠡᠭᠦᠨ ᠠᠴᠠ ᠭᠠᠳᠠᠨ᠎ᠠ ᠪᠠᠰᠠ ᠤᠷᠭᠤᠮᠠᠯ ᠤᠨ ᠡᠪᠡᠳᠴᠢᠨ ᠤ | ᠬᠤᠤᠷ᠎ᠠ ᠤᠨ ᠭᠡᠮ ᠢ ᠲᠡᠯᠭᠡᠷᠡᠭᠦᠯᠳᠡᠭ ᠪᠠᠶᠢᠨ᠎ᠠ᠃ | ᠴᠠᠭᠠᠨ ᠲᠤᠭᠤᠰᠤᠳᠤ ᠪᠦᠭᠡᠰᠤ ᠶᠢ ᠰᠠᠷᠭᠡᠶᠢᠯᠡᠨ ᠵᠠᠰᠠᠬᠤ᠄ ᠴᠠᠭᠠᠨ ᠲᠤᠭᠤᠰᠤᠳᠤ ᠪᠦᠭᠡᠰᠤ ᠶᠢ ᠰᠡᠷᠭᠡᠶᠢᠯᠡᠨ ᠵᠠᠰᠠᠬᠤ ᠳᠤ ᠲᠠᠷᠢᠶᠠᠯᠠᠩ ᠤᠨ ᠠᠷᠭ᠎ᠠ ᠪᠠᠷ ᠰᠠᠭᠤᠷᠢ | ᠪᠤᠯᠭᠠᠵᠤ᠂ ᠲᠠᠷᠢᠬᠤ ᠠᠷᠠᠴᠢᠯᠠᠬᠤ ᠶᠢ ᠴᠢᠩᠭᠠᠳᠬᠠᠵᠤ᠂ ᠬᠤᠷᠤᠬᠠᠢ ᠦᠭᠡᠢ ᠴᠢᠭᠢ ᠪᠤᠶᠢᠵᠢᠭᠤᠯᠬᠤ ᠪᠠᠷ ᠭᠤᠤᠯᠳᠠᠯᠭ᠎ᠠ ᠪᠤᠯᠭᠠᠵᠤ᠂ ᠪᠢᠤᠯᠤᠭᠢ ᠶᠢᠨ ᠠᠷᠭ᠎ᠠ᠂ | ᠹᠢᠽᠢᠺ ᠤᠨ ᠠᠷᠭ᠎ᠠ ᠪᠠ ᠭᠢᠮᠢ ᠶᠢᠨ ᠠᠷᠭ᠎ᠠ ᠶᠢ ᠤᠶᠠᠯᠳᠤᠭᠤᠯᠤᠨ ᠰᠡᠷᠭᠡᠶᠢᠯᠡᠨ ᠵᠠᠰᠠᠨ᠎ᠠ᠄ | ︵1︶ ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ᠄ ① ᠬᠤᠷᠤᠬᠠᠢ ᠦᠭᠡᠢ ᠴᠢᠭᠢ ᠪᠤᠶᠢᠵᠢᠭᠤᠯᠬᠤ᠂ ᠴᠢᠭᠢ ᠪᠤᠶᠢᠵᠢᠭᠤᠯᠬᠤ ᠳᠠᠭᠠᠨ ᠴᠢᠭᠢᠨ ᠤ | ᠲᠠᠳᠠᠭᠠᠯ ᠪᠤᠯᠤᠨ ᠭᠦᠯᠡᠮᠵᠢ ᠪᠠᠨ ᠰᠠᠯᠭᠠᠵᠤ᠂ ᠴᠢᠭᠢ ᠪᠤᠶᠢᠵᠢᠭᠤᠯᠬᠤ ᠠᠴᠠ ᠪᠠᠨ ᠡᠮᠦᠨ᠎ᠠ ᠴᠢᠭᠢᠨ ᠤ ᠦᠷᠦᠭᠡ ᠪᠠᠨ ᠤᠳᠤᠨ ᠠᠷᠢᠭᠤᠳᠬᠠᠵᠤ᠂ ᠦᠯᠡᠳᠡᠭᠳᠡᠯ | ᠬᠤᠷᠤᠬᠠᠢ ᠶᠢ ᠤᠰᠠᠳᠬᠠᠨ᠎ᠠ᠃ ᠰᠤᠯᠠ ᠡᠪᠡᠰᠤ᠂ ᠦᠯᠡᠳᠡᠭᠳᠡᠯ ᠰᠠᠯᠠᠭ᠎ᠠ ᠶᠢ ᠴᠠᠪᠠᠷᠯᠡᠨ ᠠᠷᠢᠯᠭᠠᠵᠤ᠂ ᠰᠠᠯᠭᠢ ᠨᠠᠪᠳᠡᠷᠡᠭᠦᠯᠭᠦ ᠠᠮᠠᠨ ᠳᠠᠭᠠᠨ ᠨᠢᠯᠦ᠋ᠨ ᠱᠠ ᠪᠤᠶᠤ | ᠬᠤᠷᠤᠬᠠᠢ ᠰᠡᠷᠭᠡᠶᠢᠯᠡᠭᠦ ᠲᠤᠤᠷ ᠲᠠᠭᠠᠷᠠᠭᠤᠯᠵᠤ᠂ ᠭᠠᠳᠠᠨ᠎ᠠ ᠠᠴᠠ ᠬᠤᠷᠤᠬᠠᠢ ᠤᠷᠤᠵᠤ ᠢᠷᠡᠭᠦ ᠶᠢ ᠰᠡᠷᠭᠡᠶᠢᠯᠡᠨ᠎ᠡ᠃ ② ᠵᠤᠭᠢᠰᠳᠡᠢ ᠲᠠᠷᠢᠵᠤ ᠬᠤᠯᠢᠯᠳᠤᠭᠤᠯᠤᠨ | ᠲᠠᠷᠢᠬᠤ ᠠᠴᠠ ᠵᠠᠶᠢᠯᠠᠰᠭᠢᠨ᠎ᠠ᠃ ᠦᠷᠭᠡᠰᠤᠳᠤ ᠭᠡᠮᠭᠡ᠂ ᠲᠦᠪᠡᠳ ᠬᠠᠰᠢ᠂ ᠱᠤᠰᠢ ᠵᠡᠷᠭᠡ ᠴᠠᠭᠠᠨ ᠲᠤᠭᠤᠰᠤᠳᠤ ᠪᠦᠭᠡᠰᠤ ᠶᠢᠨ ᠢᠳᠡᠭᠦ ᠲᠤᠷᠠᠳᠡᠢ ᠨᠤᠭᠤᠭ᠎ᠠ ᠶᠢ | ᠬᠤᠯᠢᠯᠳᠤᠭᠤᠯᠤᠨ ᠲᠠᠷᠢᠬᠤ ᠶᠢ ᠴᠡᠭᠡᠷᠯᠡᠵᠤ᠂ ᠨᠢᠭᠡᠳᠦᠭᠡᠷ ᠭᠤᠤᠷᠰᠤᠨ ᠳᠤ ᠴᠢᠩᠽᠠᠢ᠂ ᠠᠮᠳᠠᠳᠤ ᠯᠠᠵᠤᠤ᠂ ᠲᠤᠰᠤᠳᠤ ᠨᠤᠭᠤᠭ᠎ᠠ ᠵᠡᠷᠭᠡ ᠴᠠᠭᠠᠨ ᠲᠤᠭᠤᠰᠤᠳᠤ | ᠪᠦᠭᠡᠰᠤ ᠶᠢᠨ ᠢᠳᠡᠭᠦ ᠲᠤᠷ᠎ᠠ ᠦᠭᠡᠢ ᠪᠤᠶᠤ ᠭᠦᠨᠦᠭᠡᠯ ᠪᠠᠭᠠᠠᠳᠠᠢ ᠨᠤᠭᠤᠭ᠎ᠠ ᠶᠢ ᠲᠠᠷᠢᠬᠤ ᠶᠢ ᠰᠠᠨᠠᠭᠠᠴᠢᠯᠠᠵᠤ᠂ ᠬᠤᠶᠠᠳᠤᠭᠠᠷ ᠭᠤᠤᠷᠰᠤᠨ ᠳᠤ ᠲᠠᠭᠢᠨ ᠦᠷᠭᠡᠰᠤᠳᠤ | ᠭᠡᠮᠭᠡ᠂ ᠲᠦᠪᠡᠳ ᠬᠠᠰᠢ ᠲᠠᠷᠢᠬᠤ ᠶᠢ ᠰᠠᠨᠠᠭᠠᠴᠢᠯᠠᠬᠤ ᠭᠡᠷᠡᠭᠳᠡᠢ᠃ ③ ᠲᠠᠷᠢᠬᠤ ᠬᠠᠮᠢᠶᠠᠷᠤᠯᠳᠠ ᠶᠢ ᠴᠢᠩᠭᠠᠳᠬᠠᠨ᠎ᠠ᠃ ᠰᠠᠯᠠᠭ᠎ᠠ ᠨᠠᠮᠠᠭ᠎ᠠ ᠶᠢ ᠨᠢ ᠵᠠᠰᠠᠬᠤ ᠲᠠᠢ | ᠤᠶᠠᠯᠳᠤᠭᠤᠯᠵᠤ᠂ ᠭᠦᠭᠰᠢᠨ ᠨᠠᠪᠴᠢ ᠶᠢ ᠲᠡᠭᠦᠨ ᠠᠪᠴᠤ ᠰᠢᠳᠠᠭᠠᠬᠤ ᠪᠤᠶᠤ ᠭᠦᠨ ᠪᠤᠯᠠᠵᠤ᠂ ᠬᠤᠷᠤᠬᠠᠢ ᠶᠢᠨ ᠲᠤᠭ᠎ᠠ ᠶᠢ ᠴᠦᠭᠡᠭᠡᠷᠡᠭᠦᠯᠭᠦ ᠭᠡᠷᠡᠭᠳᠡᠢ᠂ | ︵2︶ ᠪᠢᠤᠯᠤᠭᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠪᠠᠭᠠᠷᠠᠩᠴᠢ ᠵᠢᠵᠢᠭ ᠵᠦᠭᠡᠢ᠂ ᠲᠤᠮᠳᠠᠳᠤ ᠶᠢᠨ ᠡᠪᠡᠰᠤᠨ ᠭᠦᠮᠪᠠᠷᠠ ᠪᠤᠯᠤᠨ ᠭᠦᠷᠳᠤᠨ ᠰᠠᠯᠠᠭ᠎ᠠ | ᠪᠠᠺᠲ᠋ᠧᠷᠢ ᠵᠡᠷᠭᠡ ᠲᠦᠷᠦᠯᠭᠢ ᠶᠢᠨ ᠲᠠᠶᠢᠰᠤᠨ ᠢ ᠨᠢ ᠲᠠᠯᠪᠢᠨ᠂ ᠴᠠᠭᠠᠨ ᠲᠤᠭᠤᠰᠤᠳᠤ ᠪᠦᠭᠡᠰᠤ ᠶᠢ ᠰᠡᠷᠭᠡᠶᠢᠯᠡᠨ ᠵᠠᠰᠠᠵᠤ ᠪᠤᠯᠤᠨ᠎ᠠ᠃ ᠲᠦᠪᠡᠳ ᠬᠠᠰᠢ ᠶᠢᠨ ᠰᠠᠭᠤᠷᠢ | ᠪᠦᠷᠢ ᠲᠤᠮᠳᠡᠴᠢ ᠪᠠᠷ ᠪᠡᠶᠡᠯᠡᠭᠰᠡᠨ ᠴᠠᠭᠠᠨ ᠲᠤᠭᠤᠰᠤᠳᠤ ᠪᠦᠭᠡᠰᠤ 0.5 ᠠᠴᠠ ᠲᠤᠷᠤᠠᠠᠰᠢ ᠪᠠᠶᠢᠬᠤ ᠦᠶᠡᠰ᠂ ᠬᠤᠶᠠᠷ ᠭᠠᠷᠠᠭ ᠠᠯᠤᠰᠯᠠᠭᠠᠳ ᠰᠠᠭᠤᠷᠢ ᠪᠦᠷᠢ 15 | ᠪᠠᠭᠠᠷᠠᠩᠴᠢ ᠵᠦᠭᠡᠢ ᠶᠢᠨ ᠭᠡᠮᠵᠢᠶ᠎ᠠ ᠪᠠᠷ ᠦᠷᠭᠦᠯᠵᠢᠯᠡᠨ 3 ᠤᠳᠠᠭ᠎ᠠ ᠲᠠᠯᠪᠢᠵᠤ᠂ ᠴᠠᠭᠠᠨ ᠲᠤᠭᠤᠰᠤᠳᠤ ᠪᠦᠭᠡᠰᠤ ᠶᠢᠨ ᠭᠦᠨᠦᠭᠡᠯ ᠢ ᠬᠤᠷᠢᠠᠠᠯᠠᠵᠤ ᠪᠤᠯᠤᠨ᠎ᠠ᠃ | ︵3︶ ᠹᠢᠽᠢᠺ ᠤᠨ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠴᠠᠭᠠᠨ ᠲᠤᠭᠤᠰᠤᠳᠤ ᠪᠦᠭᠡᠰᠤ ᠨᠢ ᠰᠢᠷ᠎ᠠ ᠦᠡᠭᠭᠡᠨ ᠳᠤ ᠮᠠᠰᠢ ᠶᠡᠭᠡ ᠰᠤᠨᠢᠷᠬᠠᠯ ᠲᠠᠢ ᠪᠠᠶᠢᠳᠠᠭ | ᠵᠠᠩᠰᠢᠯ ᠢ ᠨᠢ ᠠᠰᠢᠠᠠᠯᠠᠨ᠂ ᠭᠦᠨᠦᠭᠡᠯ ᠡᠭᠦᠰᠭᠦ ᠶᠢᠨ ᠡᠭᠢᠨ ᠤ ᠦᠶ᠎ᠠ ᠳᠤ ᠰᠢᠷ᠎ᠠ ᠬᠠᠪᠳᠠᠰᠤᠨ ᠲᠡᠭᠡᠷ᠎ᠡ ᠮᠠᠰᠢᠨ ᠤ ᠲᠤᠰᠤ ᠲᠦᠷᠭᠢᠨ᠂ ᠨᠤᠭᠤᠭ᠎ᠠ ᠶᠢᠨ ᠰᠠᠭᠤᠷᠢ ᠶᠢᠨ | ᠵᠠᠢ ᠳᠤ ᠡᠯᠭᠦᠨ᠂ ᠪᠡᠶᠡᠯᠡᠭᠰᠡᠨ ᠬᠤᠷᠤᠬᠠᠢ ᠶᠢ ᠬᠠᠭᠤᠷᠤᠨ ᠠᠯᠠᠵᠤ ᠪᠤᠯᠤᠨ᠎ᠠ᠃ | ︵4︶ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠂ ᠡᠮ ᠢᠶᠠᠷ ᠰᠡᠷᠭᠡᠶᠢᠯᠡᠨ ᠵᠠᠰᠠᠬᠤ ᠳᠤ ᠬᠤᠷᠤᠬᠠᠢ ᠶᠢᠨ ᠨᠢᠠᠠᠳᠠᠴᠠ ᠨᠡᠯᠢᠶᠡᠳ ᠲᠤᠤᠷ᠎ᠠ ᠪᠠᠶᠢᠬᠤ ᠦᠶᠡᠰ | ᠡᠷᠳᠡᠭᠡᠨ ᠭᠡᠷᠡᠭᠯᠡᠭᠦ ᠭᠡᠷᠡᠭᠳᠡᠢ᠃ ᠲᠤᠬᠠᠶᠢᠯᠠᠪᠠᠯ 25% ᠶᠢᠨ ᠰᠠᠢ ᠴᠢᠨ ᠲᠦᠡᠭ ︵噻嗪酮︶ ᠨᠤᠠᠳᠠᠭ ᠡᠮ ᠤᠨ 1000 ~1500 ᠲᠠᠭᠢᠨ ᠤ | ᠰᠢᠩᠭᠡᠨ᠂ 10% ᠶᠢᠨ ᠯᠢᠶᠠᠨ ᠪᠧᠨ ᠵᠢᠤᠢ ᠵᠾᠢ ︵联苯菊酯︶ ᠲᠤᠰᠤᠨ ᠡᠮ ᠤᠨ 2000 ᠲᠠᠭᠢᠨ ᠤ ᠰᠢᠩᠭᠡᠨ᠂ 2. 5% ᠶᠢᠨ ᠳ᠋ᠢ ᠱᠠ ᠰᠧ ︵ | 敌杀死︶ ᠲᠤᠰᠤᠨ ᠡᠮ ᠤᠨ 2000 ᠲᠠᠭᠢᠨ ᠤ ᠰᠢᠩᠭᠡᠨ᠂ 20% ᠶᠢᠨ ᠰᠤ᠋ ᠮᠢᠶᠧ ᠱᠠ ᠳ᠋ᠢᠩ ︵速灭杀 丁︶ ᠲᠤᠰᠤᠨ ᠡᠮ ᠤᠨ | 2000 ᠲᠠᠭᠢᠨ ᠤ ᠰᠢᠩᠭᠡᠨ᠂ 2. 5% ᠶᠢᠨ ᠭᠦᠡᠭ ᠹᠦ᠋ ︵功夫︶ ᠲᠤᠰᠤᠨ ᠡᠮ ᠤᠨ 3000 ᠲᠠᠭᠢᠨ ᠤ ᠰᠢᠩᠭᠡᠨ᠂ ᠮᠢᠶᠧ ᠰᠤᠤ ᠯᠢ ︵灭 扫利 | ︶ ᠲᠤᠰᠤᠨ ᠡᠮ ᠤᠨ 2000 ~3000 ᠲᠠᠭᠢᠨ ᠤ ᠰᠢᠩᠭᠡᠨ ᠵᠡᠷᠭᠡ ᠶᠢ ᠰᠤᠩᠭᠤᠨ᠂ 7 ~10 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠤ᠂ | ᠦᠷᠭᠦᠯᠵᠢᠯᠡᠨ 3 ᠤᠳᠠᠭ᠎ᠠ ᠰᠦᠷᠴᠢᠨ ᠰᠡᠷᠭᠡᠶᠢᠯᠡᠨ ᠵᠠᠰᠠᠵᠤ ᠪᠤᠯᠤᠨ᠎ᠠ᠃ | |