| ᠸᠠᠨᠳᠤᠤ ᠶᠢᠨ ᠨᠢᠭᠤᠠᠠᠳᠠᠮᠠᠬᠠᠢ ᠢᠯᠠᠭ᠎ᠠ ᠪᠤᠯ ᠭᠤᠤᠯ ᠨᠢ ᠸᠠᠨᠳ᠋ᠸᠤ᠂ ᠼᠠᠠᠳ᠋ᠸᠤ᠂ ᠲᠤᠰᠤᠳᠤ ᠨᠤᠭᠤᠭ᠎ᠠ᠂ ᠴᠠᠭᠠᠨ ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ | ᠯᠤᠤᠪᠠᠨᠭ᠌᠂ ᠰᠢᠯᠦᠭᠡᠢ ᠨᠤᠭᠤᠭ᠎ᠠ᠂ ᠲᠦᠪᠡᠳ ᠬᠠᠰᠢ᠂ ᠲᠦᠮᠦᠰᠤ᠂ ᠲᠠᠷᠪᠤᠰ᠂ ᠠᠮᠳᠠᠳᠤ ᠭᠡᠮᠭᠡ ᠵᠡᠷᠭᠡ ᠲᠠᠷᠢᠮᠡᠯ ᠢ ᠭᠦᠨᠦᠭᠡᠳᠡᠭ᠂ ᠠᠪᠠᠭᠠᠯᠳᠠᠢ ᠨᠢ ᠨᠠᠪᠴᠢᠨ ᠳᠤ | ᠨᠢᠭᠤᠠᠠᠳᠠᠨ ᠭᠦᠨᠦᠭᠡᠵᠤ᠂ ᠨᠠᠪᠴᠢᠨ ᠤ ᠪᠠᠷᠢᠭᠤᠯ ᠢ ᠰᠡᠨᠳᠡᠶᠢᠯᠡᠨ ᠢᠳᠡᠵᠤ᠂ ᠵᠦᠪᠭᠡᠨ ᠬᠠᠯᠢᠰᠤ ᠶᠢ ᠨᠢ ᠦᠯᠡᠳᠡᠭᠡᠵᠤ᠂ ᠮᠤᠷᠤᠢ ᠰᠠᠷᠤᠢ ᠬᠤᠷᠤᠬᠠᠢ ᠤᠨ ᠵᠠᠮ | ᠭᠠᠷᠭᠠᠵᠤ᠂ ᠭᠦᠨᠳᠤ ᠨᠤᠴᠢᠳᠡᠢ ᠦᠶᠡᠰ ᠪᠦᠭᠦ ᠨᠠᠪᠴᠢ ᠶᠢ ᠬᠠᠳᠠᠨ ᠬᠤᠷᠪᠤᠶᠢᠯᠭᠠᠵᠤ᠂ ᠨᠠᠪᠴᠢᠳᠤ ᠨᠤᠭᠤᠭ᠎ᠠ ᠶᠢᠨ ᠢᠳᠡᠭᠡᠨ ᠤ ᠦᠨ᠎ᠠ ᠴᠠᠨ᠎ᠠ ᠶᠢ ᠠᠯᠳᠠᠭᠤᠯᠵᠤ᠂ | ᠸᠠᠨᠳ᠋ᠸᠤ᠂ ᠲᠤᠰᠤᠳᠤ ᠨᠤᠭᠤᠭ᠎ᠠ ᠵᠡᠷᠭᠡ ᠨᠢ ᠭᠦᠨᠦᠭᠡᠭᠳᠡᠭᠰᠡᠨ ᠤ ᠰᠡᠭᠦᠯᠡᠷ᠂ ᠵᠢᠮᠢᠰ ᠤᠨ ᠪᠤᠭᠤᠷᠴᠠᠭ ᠤᠨ ᠴᠠᠳᠬᠤᠯᠠᠩ ᠪᠠᠶᠢᠳᠠᠯ ᠢ ᠨᠦᠯᠦᠭᠡᠯᠡᠵᠤ᠂ ᠦᠷ᠎ᠡ ᠶᠢᠨ ᠶᠠᠰᠤ | ᠴᠢᠨᠠᠷ ᠪᠡ ᠬᠤᠷᠢᠶᠠᠯᠳᠠ ᠶᠢ ᠪᠠᠭᠤᠷᠠᠭᠤᠯᠳᠠᠭ ᠪᠠᠶᠢᠨ᠎ᠠ᠃ | ᠸᠠᠨᠳᠤᠤ ᠶᠢᠨ ᠨᠢᠭᠤᠠᠠᠳᠠᠮᠠᠬᠠᠢ ᠢᠯᠠᠭ᠎ᠠ ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠄ | ︵1︶ ᠦᠯᠡᠳᠡᠭᠳᠡᠯ ᠨᠠᠪᠴᠢ ᠨᠠᠮᠠᠭ᠎ᠠ ᠶᠢ ᠲᠠᠷᠦ᠋ᠢᠬᠠᠨ ᠰᠢᠢᠳᠪᠤᠷᠢᠯᠡᠵᠤ᠂ ᠬᠤᠷᠤᠬᠠᠢ ᠶᠢᠨ ᠰᠠᠭᠤᠷᠢ ᠲᠤᠭ᠎ᠠ ᠶᠢ ᠴᠦᠭᠡᠳᠭᠡᠨ᠎ᠡ᠃ | ︵2︶ ᠦᠨᠳᠡᠭᠡᠯᠡᠭᠦ ᠭᠦᠭ ᠬᠤᠭᠤᠴᠠᠭ᠎ᠠ ᠪᠠ ᠨᠡᠪᠴᠢᠭᠦ ᠡᠭᠢᠨ ᠤ ᠬᠤᠭᠤᠴᠠᠭ᠎ᠠ ᠶᠢ ᠡᠵᠡᠮᠳᠡᠨ ᠡᠮ ᠭᠡᠷᠡᠭᠯᠡᠨ ᠰᠡᠷᠭᠡᠶᠢᠯᠡᠨ ᠵᠠᠰᠠᠨ᠎ᠠ᠃ ᠭᠡᠷᠡᠭᠯᠡᠭᠦ ᠡᠮ ᠤᠨ | ᠲᠠᠯ᠎ᠠ ᠪᠠᠷ 80% ᠶᠢᠨ ᠳ᠋ᠢ ᠳ᠋ᠢ ᠸᠧᠢ ︵敌敌畏︶ ᠲᠤᠰᠤᠨ ᠪᠤᠶᠤ 90% ᠶᠢᠨ ᠲᠠᠯᠠᠰᠳᠤ ᠳ᠋ᠢ ᠪᠠᠢ ᠴᠦᠡᠭ ︵敌百虫︶ ᠡᠮ ᠤᠨ 1000 | ᠲᠠᠭᠢᠨ ᠤ ᠰᠢᠩᠭᠡᠨ᠂ 21% ᠶᠢᠨ ᠽᠸᠡᠭ ᠰᠢᠶᠤᠤ ᠼᠢᠶ᠋ᠨᠨ ᠮᠠ ︵增效氰马︶ ᠲᠤᠰᠤᠨ ᠡᠮ ᠤᠨ 8000 ᠲᠠᠭᠢᠨ ᠤ ᠰᠢᠩᠭᠡᠨ᠂ 2.5% ᠶᠢᠨ | ᠰᠢᠤᠢ ᠼᠢᠶᠠᠨ ᠵᠢᠤᠢ ᠮᠠ ︵溴氰菊马︶ ᠪᠤᠶᠤ 20% ᠶᠢᠨ ᠭᠦᠡᠭ ᠹᠦ᠋ ︵功 夫︶ ᠲᠤᠰᠤᠨ ᠡᠮ ᠤᠨ 3000 ᠲᠠᠭᠢᠨ ᠤ ᠰᠢᠩᠭᠡᠨ᠂ | 50% ᠶᠢᠨ ᠰᠢᠨ ᠯᠢᠤ ᠯᠢᠨ ︵辛硫磷︶ ᠲᠤᠰᠤᠨ ᠡᠮ ᠤᠨ 1500 ᠲᠠᠭᠢᠨ ᠤ ᠰᠢᠩᠭᠡᠨ᠂ 25% ᠶᠢᠨ ᠺᠦᠢ ᠯᠢᠤ ᠯᠢᠨ ︵喹硫磷︶ | ᠲᠤᠰᠤᠨ ᠡᠮ ᠤᠨ 2000 ᠲᠠᠭᠢᠨ ᠤ ᠰᠢᠩᠭᠡᠨ ᠢ ᠰᠤᠩᠭᠤᠨ ᠰᠦᠷᠴᠢᠨ᠎ᠠ᠃ | |