| ᠨᠠᠷᠢᠴᠠ ᠶᠢᠨ ᠬᠡᠮᠵᠢᠶ᠎ᠡ 13.56 ᠮᠢᠺᠷᠦᠮᠧᠲᠷ᠂ ᠨᠤᠤᠯᠤᠭᠤᠷ ᠤᠨ ᠭᠠᠷᠤᠯᠳᠠ 1510 ᠭᠷᠠᠮ — ᠤᠳᠤᠭ ᠬᠤᠰᠢᠭᠤᠨ ᠤ ᠠᠷᠪᠠᠰ ᠰᠤᠮᠤ ᠶᠢᠨ | ᠨᠤᠭᠤᠭᠠᠨᠳᠠᠢ ᠭᠠᠴᠠᠭᠠᠨ ᠤ ᠮᠠᠯᠴᠢᠨ ᠬᠤᠤᠰᠴᠢᠯᠠᠭᠤ ᠶᠢᠨ ᠤᠬᠤᠨ᠎ᠠ ᠪᠦᠬᠦ ᠬᠤᠰᠢᠭᠤᠨ ᠤ ᠪᠠᠨ ᠵᠢᠷᠭᠤᠳᠤᠭᠠᠷ ᠬᠤᠭᠤᠴᠠᠭᠠᠨ ᠤ ᠠᠷᠪᠠᠰ ᠤᠨ ᠨᠤᠤᠯᠤᠭᠤᠷ ᠤᠨ | ᠴᠠᠭᠠᠨ ᠢᠮᠠᠭᠠᠨ ᠤ ᠦᠷ᠎ᠡ ᠶᠢᠨ ᠮᠠᠯ ᠢ ᠠᠳᠠᠯᠢᠳᠬᠠᠨ ᠰᠢᠯᠭᠠᠷᠠᠭᠤᠯᠬᠤ ᠤᠷᠤᠯᠳᠤᠭᠠᠨ ᠳᠤ ᠲᠦᠷᠦᠬᠦᠯᠡᠪᠡ᠃ | ᠡᠨᠡ ᠵᠢᠯ᠂ ᠤᠲᠤᠭ ᠬᠤᠰᠢᠭᠤ ᠠᠷᠪᠠᠰ ᠤᠨ ᠨᠤᠤᠯᠤᠭᠤᠷ ᠤᠨ ᠴᠠᠭᠠᠨ ᠢᠮᠠᠭᠠᠨ ᠤ ᠦᠷ᠎ᠠ ᠶᠢᠨ ᠮᠠᠯ ᠢ ᠠᠳᠠᠯᠢᠳᠬᠠᠨ ᠰᠢᠯᠭᠠᠷᠠᠭᠤᠯᠬᠤ ᠤᠷᠤᠯᠳᠤᠭᠠᠨ ᠢ | ᠦᠵᠦᠭᠦᠷ ᠪᠠᠯᠭᠠᠰᠤ ᠶᠢᠨ ᠤᠷᠠᠨ ᠳᠦᠰᠢ ᠭᠠᠴᠠᠭᠠᠨ ᠳᠤ ᠶᠠᠪᠤᠭᠳᠠᠭᠤᠯᠵᠤ᠂ ᠮᠠᠯᠴᠢᠳ ᠲᠤᠬᠠᠢ ᠶᠢᠨ ᠲᠠᠯᠠᠪᠤᠷ ᠲᠤ ᠢᠮᠠᠭ᠎ᠠ ᠪᠠᠨ ᠰᠠᠮᠨᠠᠨ ᠬᠠᠮᠢᠶ᠎ᠠ ᠪᠦᠬᠦᠢ | ᠮᠡᠷᠬᠡᠵᠢᠯ ᠤᠨ ᠠᠵᠢᠯᠳᠠᠳ ᠤᠨ ᠬᠢᠨᠠᠯᠳᠠ ᠳᠤᠤᠷ᠎ᠠ ᠨᠤᠤᠯᠤᠭᠤᠷ ᠤᠨ ᠨᠠᠷᠢᠴᠠ ᠶᠢᠨ ᠬᠡᠮᠵᠢᠶ᠎ᠡ᠂ ᠨᠤᠤᠯᠤᠭᠤᠷ ᠤᠨ ᠭᠠᠷᠤᠯᠳᠠ ᠪᠠ ᠴᠡᠪᠡᠷ ᠨᠤᠤᠯᠤᠭᠤᠷ ᠤᠨ | ᠭᠠᠷᠤᠯᠳᠠ ᠶᠢ ᠬᠡᠮᠵᠢᠨ ᠰᠢᠯᠭᠠᠷᠠᠭᠤᠯᠵᠠᠢ᠃ ᠳᠡᠭᠡᠭᠡᠳ ᠬᠤᠤᠰᠴᠢᠯᠠᠭᠤ ᠶᠢᠨ ᠤᠬᠤᠨ᠎ᠠ ︽ᠠᠷᠪᠠᠰ ᠤᠨ ᠨᠤᠤᠯᠤᠭᠤᠷ ᠤᠨ ᠴᠠᠭᠠᠨ ᠢᠮᠠᠭᠠᠨ ᠤ ᠰᠢᠯᠢᠳᠡᠭ | ᠡᠭᠦᠯᠳᠡᠷ ᠤᠨ ᠮᠠᠩᠯᠠᠢ︾ ᠪᠠᠷ ᠲᠤᠳᠤᠷᠠᠵᠤ᠂ 8000 ᠲᠦᠭᠦᠷᠢᠭ ᠢᠶᠠᠷ ᠱᠠᠩᠨᠠᠭᠳᠠᠭᠰᠠᠨ ᠪᠢᠯᠡ᠃ | ᠨᠤᠤᠯᠤᠭᠤᠷ ᠤᠨ ᠢᠮᠠᠭ᠎ᠠ ᠪᠠᠨ ᠡᠭᠦᠯᠳᠡᠷ ᠰᠠᠶᠢᠵᠢᠷᠠᠭᠤᠯᠤᠭᠰᠠᠨ ᠦᠡᠭᠭᠡᠷᠡᠯᠳᠡ ᠪᠠᠨ ᠶᠠᠷᠢᠬᠤ ᠳᠤ ᠬᠤᠤᠰᠴᠢᠯᠠᠭᠤ ᠭᠤᠸᠠᠢ ᠪᠠᠶᠠᠷᠯᠠᠵᠤ ᠤᠮᠤᠭᠰᠢᠭᠰᠠᠨ | ᠰᠡᠳᠬᠢᠯ ᠢᠶᠠᠨ ᠳᠠᠷᠤᠵᠤ ᠶᠠᠳᠠᠨ᠎ᠠ᠃ ᠲᠡᠷᠡ᠄ ︽ᠦᠡᠭᠭᠡᠷᠡᠭᠰᠡᠨ ᠨᠢᠬᠡ ᠦᠶ᠎ᠠ ᠪᠢᠳᠡ ᠨᠤᠤᠯᠤᠭᠤᠷ ᠤᠨ ᠭᠠᠷᠤᠯᠳᠠ ᠶᠢ ᠰᠤᠬᠤᠷ ᠪᠠᠯᠠᠢ ᠪᠠᠷ ᠬᠦᠭᠡᠭᠡᠴᠡᠯᠳᠦᠵᠦ᠂ | ᠭᠠᠳᠠᠨ᠎ᠠ ᠠᠴᠠ ᠨᠤᠤᠯᠤᠭᠤᠷ ᠤᠨ ᠤᠬᠤᠨ᠎ᠠ ᠤᠷᠤᠭᠤᠯᠵᠤ ᠲᠠᠯᠪᠢᠭᠠᠳ ᠶᠡᠭᠡ ᠬᠤᠬᠢᠷᠠᠯ ᠠᠮᠰᠠᠭᠰᠠᠨ ᠰᠢᠦ︕ ᠡᠨᠡ ᠬᠡᠳᠦᠨ ᠵᠢᠯ ᠠᠴᠠ ᠪᠢ ᠳᠠᠬᠢᠨ ᠨᠤᠲᠤᠭ ᠤᠨ | ᠡᠭᠦᠯᠳᠡᠷ ᠤᠨ ᠢᠮᠠᠭ᠎ᠠ ᠪᠠᠨ ᠰᠡᠷᠭᠦᠭᠡᠨ ᠮᠠᠯᠵᠢᠵᠤ᠂ ᠬᠡᠳᠦᠨ ᠵᠢᠯ ᠤᠨ ᠡᠭᠦᠯᠳᠡᠷ ᠰᠠᠶᠢᠵᠢᠷᠠᠭᠤᠯᠤᠯᠲᠠ ᠶᠢ ᠦᠡᠭᠭᠡᠷᠡᠭᠡᠳ ᠤᠳᠤ ᠮᠢᠨᠤ ᠵᠠᠷᠤᠵᠤ ᠪᠠᠶᠢᠭ᠎ᠠ ᠤᠬᠤᠨ᠎ᠠ ᠶᠢᠨ | ᠨᠤᠤᠯᠤᠭᠤᠷ ᠤᠨ ᠨᠠᠷᠢᠴᠠ ᠶᠢᠨ ᠬᠡᠮᠵᠢᠶ᠎ᠡ ᠪᠦᠷ 14 ᠮᠢᠺᠷᠦᠮᠧᠲᠷ ᠤᠨ ᠲᠤᠳᠤᠷ᠎ᠠ ᠪᠠᠶᠢᠨ᠎ᠠ︾ ᠭᠡᠵᠦ ᠤᠴᠢᠷᠯᠠᠨ᠎ᠠ᠃ ᠳᠡᠳᠡᠨ ᠤ ᠬᠢᠨ ᠣᠶᠢᠷ᠎ᠠ ᠶᠢᠨ ᠬᠡᠳᠤᠨ ᠵᠢᠯ ᠳᠤ | ᠬᠤᠰᠢᠭᠤᠨ ᠤ ᠪᠠᠨ ᠠᠷᠪᠠᠰ ᠤᠨ ᠨᠤᠤᠯᠤᠭᠤᠷ ᠤᠨ ᠴᠠᠭᠠᠨ ᠢᠮᠠᠭᠠᠨ ᠤ ᠮᠠᠯᠵᠢᠯ ᠤᠨ ᠳᠤᠮᠤ ᠡᠷᠦᠭᠡ ᠠᠴᠠ ᠢᠰᠢᠭᠡ ᠠᠪᠴᠦ ᠮᠠᠯᠵᠢᠨ᠂ ᠭᠠᠷ ᠬᠡᠬᠡᠯᠳᠦᠬᠦᠯᠭᠡ ᠬᠢᠵᠤ᠂ | ᠨᠤᠤᠯᠤᠭᠤᠷ ᠤᠨ ᠨᠠᠷᠢᠴᠠ ᠨᠢ ᠪᠠᠷᠢᠮᠵᠢᠶ᠎ᠠ ᠳᠤ ᠬᠦᠷᠬᠦ ᠦᠭᠡᠢ ᠡᠬᠡ ᠮᠠᠯ ᠢᠶᠠᠨ ᠬᠤᠳᠠᠯᠳᠤᠨ ᠠᠯᠬᠤᠮ ᠠᠯᠬᠤᠮ ᠢᠶᠠᠷ ᠡᠭᠦᠯᠳᠡᠷ ᠰᠠᠶᠢᠵᠢᠷᠠᠭᠤᠯᠵᠠᠢ᠃ ᠤᠷᠴᠢᠮ ᠤᠨ | ᠬᠡᠳᠦᠨ ᠵᠢᠯ ᠳᠤ ᠤᠷᠳᠤᠰ ᠬᠤᠳᠠ ᠶᠢᠨ ᠬᠢᠨ ᠢᠮᠠᠭᠠᠨ ᠨᠤᠤᠯᠤᠭᠤᠷ ᠤᠨ ᠠᠵᠤ ᠠᠬᠤᠶᠢᠯᠠᠯ ᠲᠠᠢ ᠬᠠᠮᠳᠤᠷᠠᠨ ︽ᠰᠠᠶᠢᠨ ᠨᠤᠤᠯᠤᠭᠤᠷ ᠲᠤ ᠰᠠᠶᠢᠨ ᠦᠨ᠎ᠡ ᠥᠭᠬᠦ︾ | ᠲᠦᠷᠦᠯ ᠵᠦᠢᠯ ᠢ ᠬᠡᠷᠡᠭᠵᠢᠭᠦᠯᠵᠦ᠂ ᠢᠮᠠᠭᠠᠨ ᠨᠤᠤᠯᠤᠭᠤᠷ ᠢ ᠳᠠᠪᠤᠨ ᠳᠡᠰ ᠬᠤᠪᠢᠶᠠᠨ᠂ ᠳᠡᠰ ᠪᠦᠷᠢ ᠳᠤ ᠬᠠᠷᠠᠭᠠᠯᠵᠠᠭᠰᠠᠨ ᠨᠦᠬᠦᠪᠦᠷᠢ ᠤᠯᠭᠤᠵᠤ᠂ ᠮᠠᠯᠴᠢᠳ ᠤᠨ | ᠠᠷᠪᠠᠰ ᠤᠨ ᠨᠤᠤᠯᠤᠭᠤᠷ ᠤᠨ ᠴᠠᠭᠠᠨ ᠢᠮᠠᠭ᠎ᠠ ᠮᠠᠯᠵᠢᠬᠤ ᠶᠢ ᠵᠤᠷᠢᠭᠵᠢᠭᠤᠯᠤᠭᠰᠠᠨ ᠪᠠᠶᠢᠨ᠎ᠠ᠃ | ᠬᠤᠤᠰᠴᠢᠯᠠᠭᠤ ᠶᠢᠨ ᠬᠢᠨ ᠡᠨᠡ ᠵᠢᠯ ᠨᠡᠶᠢᠲᠡ 750 ᠺᠢᠯᠦᠭᠷᠡᠮ ᠨᠤᠤᠯᠤᠭᠤᠷ ᠰᠠᠮᠨᠠᠵᠤ᠂ ᠭᠠᠴᠠᠭ᠎ᠠ ᠠᠴᠠ ᠪᠠᠨ ᠣᠶᠢᠷᠠᠬᠠᠨ ᠪᠠᠶᠢᠳᠠᠭ ᠣᠷᠳᠣᠰ ᠬᠤᠲᠠ ᠶᠢᠨ | ᠲᠠᠷᠢᠶᠠᠯᠠᠩ ᠤᠨ ᠪᠡᠯᠡ ᠣᠷᠣᠭᠤᠯᠤᠯᠲᠠ ᠶᠢᠨ ᠺᠣᠮᠫᠠᠨᠢ ᠶᠢ ᠨᠤᠤᠯᠤᠭᠤᠷ ᠬᠤᠳᠠᠯᠳᠤᠨ ᠠᠪᠬᠤ ᠴᠡᠭ ᠲᠤ ᠬᠦᠷᠭᠡᠨ᠂ ᠳᠤᠬᠠᠢ ᠶᠢᠨ ᠲᠠᠯᠠᠪᠤᠷ ᠲᠤ ᠰᠢᠷᠬᠡᠭᠯᠢᠭ ᠤᠨ ᠬᠢᠨᠠᠨ | ᠬᠡᠮᠵᠢᠯᠳᠡ ᠬᠢᠯᠬᠡᠪᠡ᠃ ᠲᠠᠬᠡᠬᠡᠳ ᠪᠠᠷᠤᠭ 80 ᠺᠢᠯᠦᠭᠷᠡᠮ ᠨᠤᠤᠯᠤᠭᠤᠷ ᠨᠢ A ᠳᠡᠰ ᠤᠨ ᠪᠠᠷᠢᠮᠵᠢᠶ᠎ᠠ ᠳᠤ ᠬᠦᠷᠴᠦ᠂ ᠳᠤᠮᠳᠠᠴᠢ ᠪᠠᠷ ᠺᠢᠯᠦᠭᠷᠡᠮ ᠪᠦᠷᠢ ᠳᠤᠨᠢ 500 | ᠲᠦᠭᠦᠷᠢᠭ ᠤᠨ ᠦᠨ᠎ᠠ ᠦᠭᠴᠦ᠂ ᠬᠤᠤᠰᠴᠢᠯᠠᠭᠤ ᠡᠨᠡ 80 ᠺᠢᠯᠦᠭᠷᠡᠮ ᠨᠤᠤᠯᠤᠭᠤᠷ ᠠᠴᠠ ᠪᠠᠨ 4 ᠳᠦᠮᠡᠨ ᠳᠦᠭᠦᠷᠢᠭ ᠤᠨ ᠤᠷᠤᠯᠭ᠎ᠠ ᠤᠯᠵᠠᠢ᠃ | ᠬᠤᠤᠰᠴᠢᠯᠠᠭᠤ ᠬᠤᠰᠢᠭᠤᠨ ᠤ ᠪᠠᠨ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠪᠰᠤᠷᠤᠯᠭ᠎ᠠ ᠲᠠᠮᠵᠢᠯᠬᠡ ᠪᠠᠷ ᠢᠵᠢᠯ ᠬᠤᠭᠤᠴᠠᠭᠠᠨ ᠳᠤ ᠤᠷᠤᠭ᠎ᠠ | ᠤᠷᠤᠭᠤᠯᠵᠦ᠂ ᠢᠵᠢᠯ ᠬᠤᠭᠤᠴᠠᠭᠠᠨ ᠳᠤ ᠬᠡᠬᠡᠯᠳᠦᠬᠦᠯᠭᠡ ᠬᠢᠵᠦ᠂ ᠢᠵᠢᠯ ᠬᠤᠭᠤᠴᠠᠭᠠᠨ ᠳᠤ ᠲᠦᠯ ᠲᠤᠰᠴᠦ ᠪᠤᠶᠢᠵᠢᠭᠤᠯᠬᠤ ᠮᠡᠷᠬᠡᠵᠢᠯ ᠢ ᠡᠵᠡᠮᠰᠢᠵᠤ ᠠᠪᠤᠭᠠᠳ | ᠨᠤᠤᠯᠤᠭᠤᠷ ᠤᠨ ᠢᠮᠠᠭ᠎ᠠ ᠪᠠᠨ ᠡᠬᠦᠯᠳᠡᠷ ᠰᠠᠶᠢᠵᠢᠷᠠᠭᠤᠯᠬᠤ ᠶᠢ ᠰᠢᠯᠤᠭᠤᠳᠬᠠᠭᠰᠠᠨ ᠪᠠᠶᠢᠨ᠎ᠠ᠃ ︽ᠪᠢ ᠦᠪᠡᠷ ᠢᠶᠠᠨ ᠭᠠᠷ ᠬᠡᠬᠡᠯᠳᠦᠭᠦᠯᠭᠡ ᠬᠢᠵᠤ ᠪᠠᠶᠢᠨ᠎ᠠ᠃ ᠢᠵᠢᠯ | ᠬᠤᠭᠤᠴᠠᠭᠠᠨ ᠳᠤ ᠤᠷᠤᠭ᠎ᠠ ᠤᠷᠤᠭᠤᠯᠵᠦ᠂ ᠢᠵᠢᠯ ᠬᠤᠭᠤᠴᠠᠭᠠᠨ ᠳᠤ ᠬᠡᠬᠡᠯᠳᠦᠬᠦᠯᠭᠡ ᠬᠢᠳᠡᠭ ᠪᠤᠯᠬᠤᠷ ᠮᠢᠨᠤ 300 ᠰᠢᠬᠠᠮ ᠢᠮᠠᠭ᠎ᠠ ᠪᠠᠷᠤᠭ ᠨᠢᠭᠡ ᠭᠠᠷᠠᠭ ᠤᠨ | ᠳᠤᠳᠤᠷ᠎ᠠ ᠢᠰᠢᠭᠡᠯᠡᠭᠡᠳ ᠪᠠᠷᠠᠴᠢᠬᠠᠨ᠎ᠠ᠃ ᠲᠡᠷᠡ ᠮᠦᠷᠳᠡᠬᠡᠨ ᠢᠰᠢᠭᠡ ᠶᠢᠨ ᠦᠰᠦᠯᠳᠡ ᠨᠢ ᠵᠢᠭᠳᠡ᠂ ᠳᠡᠵᠢᠭᠡᠵᠦ ᠪᠤᠷᠤᠯᠠᠭᠤᠯᠬᠤ ᠳᠤ ᠠᠮᠠᠷ︾ ᠭᠡᠵᠦ ᠬᠤᠤᠰᠴᠢᠯᠠᠭᠤ | ᠶᠠᠷᠢᠨ᠎ᠠ᠃ ᠲᠡᠷᠡ ᠨᠤᠤᠯᠤᠭᠤᠷ ᠤᠨ ᠢᠮᠠᠭ᠎ᠠ ᠪᠠᠨ ᠡᠭᠦᠯᠳᠡᠷ ᠰᠠᠶᠢᠵᠢᠷᠠᠭᠤᠯᠤᠭᠠᠳ ᠠᠰᠢᠭ ᠤᠷᠤᠯᠭ᠎ᠠ ᠪᠠᠨ ᠨᠡᠮᠡᠭᠳᠡᠬᠦᠯᠦᠭᠰᠡᠨ ᠴᠦ ᠠᠮᠢ ᠬᠤᠪᠢ ᠪᠠᠨ ᠪᠤᠳᠤᠵᠤ | ᠰᠠᠭᠤᠭᠰᠠᠨ ᠦᠭᠡᠢ᠂ ᠬᠠᠷᠢᠨ ᠦᠢ ᠤᠯᠠᠨ ᠨᠤᠲᠤᠭ ᠤᠨ ᠮᠠᠯᠴᠢᠳ ᠲᠠᠢ ᠪᠠᠨ ᠬᠠᠮᠳᠤ ᠪᠠᠷ ᠪᠠᠶᠡᠵᠢᠬᠤ ᠶᠢ ᠵᠤᠷᠢᠵᠤ᠂ ᠭᠠᠴᠠᠭᠠᠨ ᠤ ᠪᠠᠨ ᠭᠠᠴᠢᠭᠳᠠᠵᠤ | ᠲᠦᠪᠡᠭᠳᠡᠭᠰᠡᠨ ᠡᠷᠦᠬᠡ ᠨᠦᠭᠦᠳ ᠲᠤ ᠰᠠᠶᠢᠨ ᠡᠭᠦᠯᠳᠡᠷ ᠤᠨ ᠤᠬᠤᠨ᠎ᠠ ᠪᠠᠨ ᠦᠭᠴᠦ ᠦᠨ᠎ᠠ ᠲᠦᠯᠦᠪᠤᠷᠢ ᠦᠬᠡᠢ ᠪᠠᠷ ᠵᠠᠷᠤᠭᠤᠯᠵᠤ ᠪᠤᠢ᠃ | ᠡᠨᠡ ᠵᠢᠯ ᠬᠤᠤᠰᠴᠢᠯᠠᠭᠤ 300 ᠭᠠᠷᠤᠢ ᠢᠮᠠᠭ᠎ᠠ ᠠᠴᠠ ᠪᠠᠨ 750 ᠺᠢᠯᠦᠭᠷᠡᠮ ᠨᠤᠤᠯᠤᠭᠤᠷ ᠰᠠᠮᠨᠠᠵᠤ᠂ ᠲᠡᠭᠰᠢᠳᠬᠡᠬᠡᠤᠨ ᠢᠮᠠᠭ᠎ᠠ ᠪᠦᠷᠢ ᠶᠢᠨ | ᠨᠤᠤᠯᠤᠭᠤᠷ ᠤᠨ ᠭᠠᠷᠤᠯᠳᠠ ᠨᠢ 2.5 ᠺᠢᠯᠦᠭᠷᠡᠮ ᠤᠷᠴᠢᠮ ᠪᠠᠶᠢᠵᠤ᠂ ᠨᠤᠤᠯᠤᠭᠤᠷ ᠤᠨ ᠪᠦᠬᠦ ᠤᠷᠤᠯᠭ᠎ᠠ ᠨᠢ 40 ᠳᠦᠮᠡᠨ ᠲᠦᠭᠦᠷᠢᠭ ᠢ ᠲᠠᠪᠠᠪᠠ᠃ | ᠳᠠᠭᠤᠷᠢᠶᠠᠯ ᠤᠨ ᠬᠦᠴᠦᠨ ᠬᠡᠮᠵᠢᠶᠡᠯᠡᠰᠢ ᠦᠭᠡᠢ ᠶᠤᠮ᠂ ᠬᠤᠤᠰᠴᠢᠯᠠᠭᠤ ᠶᠢᠨ ᠤᠷᠤᠨ ᠨᠤᠳᠤᠭ ᠤᠨ ᠰᠠᠶᠢᠨ ᠡᠬᠦᠯᠳᠡᠷ ᠤᠨ ᠠᠷᠪᠠᠰ ᠤᠨ ᠨᠤᠤᠯᠤᠭᠤᠷ ᠤᠨ ᠴᠠᠭᠠᠨ | ᠢᠮᠠᠭ᠎ᠠ ᠮᠠᠯᠵᠢᠵᠤ ᠤᠷᠤᠯᠭ᠎ᠠ ᠪᠠᠨ ᠨᠡᠮᠡᠭᠳᠡᠬᠦᠯᠦᠭᠰᠡᠨ ᠢ ᠬᠠᠷᠠᠭᠠᠳ ᠠᠶᠢᠯ ᠰᠠᠭᠠᠬᠠᠯᠳᠠ ᠶᠢᠨ ᠬᠢᠨ ᠴᠦᠮ ᠳᠡᠭᠦᠨ ᠠᠴᠠ ᠤᠬᠤᠨ᠎ᠠ ᠬᠤᠳᠠᠯᠳᠤᠨ ᠠᠪᠴᠤ | ᠨᠤᠤᠯᠤᠭᠤᠷ ᠤᠨ ᠢᠮᠠᠭ᠎ᠠ ᠪᠠᠨ ᠡᠭᠦᠯᠳᠡᠷ ᠢᠶᠠᠨ ᠰᠠᠶᠢᠵᠢᠷᠠᠭᠤᠯᠵᠤ ᠪᠠᠶᠢᠨ᠎ᠠ᠃ | | |