ᠴᠠᠭᠠᠨᠤᠳ ᠮᠠᠰᠢᠵᠢᠷᠭᠠᠯ᠄ | 1937 ᠤᠨ ᠤ 10 ᠰᠠᠷ᠎ᠠ ᠳᠤ ᠦᠤᠰᠢᠨ ᠬᠤᠰᠢᠭᠤᠨ ᠤ ᠤᠯᠠᠭᠠᠨᠳᠤᠯᠤᠭᠠᠢ ᠰᠤᠮᠤ ᠶᠢᠨ ᠪᠠᠶᠠᠨᠭᠤᠤᠯ ᠭᠠᠴᠠᠭᠠᠨ ᠳᠤ ᠲᠦᠷᠦᠵᠡᠢ᠃ ᠲᠡᠷᠡ ᠤᠯᠤᠰ ᠤᠨ | ᠬᠤᠶᠠᠳᠤᠭᠠᠷ ᠲᠡᠰ ᠤᠨ ᠠᠶᠠᠯᠭᠤ ᠵᠤᠬᠢᠶᠠᠬᠴᠢ᠂ ᠤᠷᠳᠤᠰ ᠬᠤᠳᠠ ᠶᠢᠨ ᠪᠤᠭᠤᠨᠢ ᠲᠠᠭᠤᠤ ᠶᠢᠨ ᠤᠯᠠᠮᠵᠢᠯᠠᠬᠴᠢ᠂ ᠤᠷᠳᠤᠰ ᠬᠤᠳᠠ ᠶᠢᠨ ᠤᠯᠠᠮᠵᠢᠯᠠᠯᠳᠤ ᠮᠤᠩᠭᠤᠯ | ᠰᠤᠶᠤᠯ ᠤᠷᠠᠯᠢᠭ ᠤᠨ ᠨᠡᠶᠢᠬᠡᠮᠯᠢᠭ ᠤᠨ ᠬᠡᠷᠡᠭ ᠡᠷᠬᠢᠯᠡᠭᠴᠢ᠂ ᠤᠷᠳᠤᠰ ᠬᠤᠳᠠ ᠶᠢᠨ ᠲᠠᠭᠤᠤ ᠪᠦᠵᠢᠭ ᠵᠦᠴᠦᠬᠡ ᠶᠢᠨ ᠪᠦᠯᠬᠦᠮ ᠤᠨ ᠵᠤᠬᠢᠶᠠᠨ ᠨᠠᠶᠢᠷᠠᠭᠤᠯᠬᠤ | ᠠᠯᠪᠠᠨ ᠬᠡᠷ ᠤᠨ ᠡᠷᠬᠢᠯᠡᠭᠴᠢ ᠶᠢᠨ ᠲᠤᠰᠢᠶᠠᠯ ᠢ ᠡᠬᠦᠷᠭᠡᠯᠡᠵᠤ ᠶᠠᠪᠤᠵᠤ ᠪᠠᠶᠢᠵᠠᠢ᠃ ᠡᠳᠤᠭᠡ ᠠᠵᠢᠯ ᠠᠴᠠ ᠪᠠᠨ ᠲᠠᠷᠬᠠᠯᠠᠬᠳᠠᠪᠠ᠃ | 1979 ᠤᠨ ᠳᠤ ︽ᠤᠷᠳᠤᠰ ᠠᠷᠠᠳ ᠤᠨ ᠲᠠᠭᠤᠤ︾ ︵306 ᠪᠠᠳᠠᠭ︶ ᠢ ᠡᠮᠬᠢᠳᠬᠡᠨ ᠬᠡᠪᠯᠡᠬᠦᠯᠪᠡ᠃ | ︽ᠮᠤᠷᠢ ᠤᠷᠤᠯᠳᠤᠨᠠᠮ︾ ᠬᠡᠬᠦ ᠬᠦᠭᠵᠢᠮ ᠨᠢ ᠦᠪᠡᠷᠳᠡᠬᠡᠨ ᠵᠠᠰᠠᠬᠤ ᠤᠷᠤᠨ ᠤ ᠠᠩᠬᠠᠳᠠᠬᠴᠢ ᠤᠳᠠᠭᠠᠨ ᠤ ︽ᠰᠠᠷᠠᠨ᠎ᠠ︾ ᠱᠠᠩᠨᠠᠯ ᠤᠨ ᠭᠤᠷᠪᠠᠳᠤᠭᠠᠷ | ᠲᠡᠰ ᠤᠨ ᠱᠠᠩᠨᠠᠯ ᠢ ᠬᠦᠷᠳᠡᠪᠡ᠃ | 1992 ᠤᠨ ᠳᠤ ᠲᠤᠮᠤ ᠬᠡᠯᠪᠡᠷᠢ ᠶᠢᠨ ᠦᠨᠳᠦᠰᠦᠳᠡᠨ ᠤ ᠪᠦᠵᠢᠭᠳᠦ ᠵᠦᠴᠦᠬᠡ ︽ᠰᠡᠨᠵᠢᠳᠮ᠎ᠠ︾ ᠶᠢᠨ ᠬᠦᠭᠵᠢᠮ ᠨᠢ ᠪᠦᠬᠦ ᠤᠯᠤᠰ ᠤᠨ ᠰᠢᠯᠢᠳᠡᠭ | ᠵᠤᠬᠢᠶᠠᠯ ᠤᠨ ᠱᠠᠩᠨᠠᠯ ᠬᠦᠷᠳᠡᠪᠡ᠃ | 1993 ᠤᠨ ᠳᠤ ᠲᠤᠮᠤ ᠬᠡᠯᠪᠡᠷᠢ ᠶᠢᠨ ᠦᠨᠳᠦᠰᠦᠳᠡᠨ ᠤ ᠪᠦᠵᠢᠭᠳᠦ ᠵᠦᠴᠦᠬᠡ ︽ᠰᠡᠨᠵᠢᠳᠮ᠎ᠠ︾ ᠶᠢᠨ ᠬᠦᠭᠵᠢᠮ ᠨᠢ ᠪᠦᠬᠦ ᠤᠯᠤᠰ ᠤᠨ ︽ᠸᠧᠨ | ᠬᠤᠸᠠ︾ ᠱᠠᠩᠨᠠᠯ ᠬᠦᠷᠳᠡᠪᠡ᠃ | 1994 ᠤᠨ ᠳᠤ ᠲᠤᠮᠤ ᠬᠡᠯᠪᠡᠷᠢ ᠶᠢᠨ ᠮᠤᠩᠭᠤᠯ ᠲᠠᠭᠤᠯᠠᠯᠳᠤ ᠵᠦᠴᠦᠬᠡ ︽ᠮᠦᠡᠭᠬᠦᠨ ᠠᠶᠠᠭ᠎ᠠ︾ ᠨᠢ ᠪᠦᠬᠦ ᠤᠯᠤᠰ ᠤᠨ ︽5 · 1︾ | ᠢᠨᠵᠧᠨᠧᠷᠢᠩ ᠤᠨ ᠱᠠᠩᠨᠠᠯ ᠬᠦᠷᠳᠡᠪᠡ᠃ | 1997 ᠤᠨ ᠳᠤ ᠲᠠᠭᠤᠯᠠᠯᠳᠤ ᠵᠦᠴᠤᠭᠡ ︽ᠤᠷᠳᠤᠰ ᠤᠨ ᠬᠠᠶᠢᠷ᠎ᠠ︾ ᠨᠢ ᠦᠪᠦᠷ ᠮᠤᠩᠭᠤᠯ ᠤᠨ ︽5 · 1︾ ᠢᠨᠵᠧᠨᠧᠷᠢᠩ ᠤᠨ ᠱᠠᠩᠨᠠᠯ ᠬᠦᠷᠳᠡᠪᠡ᠃ | | 2001 ᠤᠨ ᠳᠤ ︽ᠤᠷᠳᠤᠰ ᠠᠷᠠᠳ ᠤᠨ ᠲᠠᠭᠤᠤ︾ ︵ᠲᠡᠭᠡᠳᠤ ᠲᠤᠮᠳᠠᠳᠤ ᠲᠤᠤᠷᠠᠳᠤ︶ ᠨᠤᠮ ᠢᠶᠠᠨ ᠦᠨᠳᠦᠰᠦᠳᠡᠨ ᠤ ᠬᠡᠪᠯᠡᠯ ᠤᠨ ᠬᠤᠷᠢᠶᠠᠨ ᠳᠤ | ᠬᠡᠪᠯᠡᠬᠦᠯᠪᠡ᠃ | 2007 ᠤᠨ ᠳᠤ ᠵᠤᠬᠢᠶᠠᠯ ᠤᠨ ᠲᠠᠭᠤᠤ ᠶᠢᠨ ᠲᠡᠬᠦᠪᠦᠷᠢ ᠪᠤᠯᠬᠤ ︽ᠮᠠᠰᠢᠵᠢᠷᠭᠠᠯ ᠤᠨ ᠲᠠᠭᠤᠤ ᠶᠢᠨ ᠲᠡᠬᠦᠪᠦᠷᠢ︾ ᠪᠠᠨ ᠦᠪᠦᠷ ᠮᠤᠩᠭᠤᠯ ᠤᠨ | ᠠᠷᠠᠳ ᠤᠨ ᠬᠡᠪᠯᠡᠯ ᠤᠨ ᠬᠤᠷᠢᠶᠠᠨ ᠳᠤ ᠬᠡᠪᠯᠡᠬᠦᠯᠪᠠ᠃ | 2009 ᠤᠨ ᠳᠤ ︽ᠮᠠᠨᠢ ᠶᠢᠨ ᠮᠠᠬᠳᠠᠭᠠᠯ · ᠬᠦᠷᠦ ᠲᠠᠭᠤᠯᠠᠯ︾ ᠢᠶᠠᠨ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠬᠡᠪᠯᠡᠬᠦᠯᠪᠡ᠃ | | ︽ᠤᠷᠳᠤᠰ ᠠᠷᠠᠳ ᠤᠨ ᠲᠠᠭᠤᠤ ᠶᠢᠨ ᠵᠤᠬᠢᠶᠠᠬᠴᠢᠳ ᠤᠨ ᠠᠩᠬᠠᠨ︾ ᠬᠡᠬᠦ ᠨᠤᠮ ᠤᠨ ᠠᠩᠬᠠᠨ ᠤ ᠨᠤᠤᠷᠠᠭ ᠢᠶᠠᠨ ᠵᠠᠰᠠᠭᠠᠳ ︵ 180 ᠭᠠᠷᠤᠢ | ᠲᠠᠭᠤᠤ ᠶᠢ ᠬᠠᠮᠤᠷᠴᠠᠢ︶ ᠤᠳᠠᠯ ᠦᠭᠡᠢ ᠬᠡᠪᠯᠡᠭᠦᠯᠤᠨᠠ᠃ | | | | ᠤᠷᠳᠤᠰ ᠨᠤᠳᠤᠭ ᠪᠤᠯ ᠲᠠᠭᠤᠤ ᠶᠢᠨ ᠲᠠᠯᠠᠢ᠂ ᠪᠦᠵᠢᠭ ᠤᠨ ᠦᠯᠦᠬᠡᠢ ᠬᠡᠮᠡᠭᠳᠡᠭᠰᠡᠨ ᠦᠨᠳᠦᠷ ᠵᠢᠩᠳᠠᠭᠠᠨ ᠤ ᠦᠨᠡᠯᠡᠯᠳᠡ ᠪᠠᠷ ᠬᠤᠯᠠ ᠦᠢᠷ᠎ᠠ ᠳᠠᠭᠠᠨ | ᠠᠯᠳᠡᠷᠳᠡᠢ᠃ ᠤᠷᠳᠤᠰ ᠠᠷᠠᠳ ᠤᠨ ᠲᠠᠭᠤᠤ ᠨᠢ ᠰᠢᠷᠬᠢᠰᠢ ᠦᠬᠡᠢ ᠲᠠᠯᠡᠢ ᠮᠠᠳᠤ ᠴᠠᠯᠬᠢᠯᠠᠵᠦ ︽ᠲᠠᠭᠤᠤ ᠶᠢᠨ ᠲᠠᠬᠢᠨᠢ︾ ᠡᠨᠡ ᠨᠤᠳᠤᠭ ᠲᠤ ᠤᠯᠠᠨ ᠰᠠᠶᠢᠬᠠᠨ | ᠲᠠᠭᠤᠤ ᠶᠢ ᠲᠡᠯᠬᠡᠷᠡᠬᠦᠯᠵᠦ ᠠᠷᠠᠳ ᠲᠦᠮᠡᠨ ᠤ ᠲᠤᠮᠳᠠ ᠦᠯᠡᠳᠡᠬᠡᠭᠰᠡᠨ ᠲᠤᠬᠠᠢ ᠲᠤᠮᠤᠭ ᠶᠠᠷᠢᠶ᠎ᠠ ᠴᠤ ᠪᠠᠶᠢᠳᠠᠭ ᠪᠢᠯᠡ᠃ | ᠢᠨᠵᠨᠨᠨᠡᠰᠢ᠂ ᠭᠤᠷᠺᠢ᠂ ᠡ᠊ᠡᠭᠭᠧᠯᠰ ᠵᠡᠷᠬᠡ ᠡᠷᠳᠡᠮᠳᠡᠨ ᠮᠡᠷᠬᠡᠳ᠄ ︽ᠠᠷᠠᠳ ᠤᠨ ᠲᠠᠭᠤᠤ ᠪᠤᠯ ᠠᠷᠠᠳ ᠲᠦᠮᠡᠨ ᠤ ᠰᠡᠳᠬᠢᠴᠠ ᠶᠢ ᠲᠦᠯᠦᠬᠡᠯᠡᠭᠰᠡᠨ | ᠪᠦᠳᠦᠬᠡᠯ︾ ᠬᠡᠵᠦ ᠦᠵᠡᠵᠡᠬᠡᠳᠡᠭ᠃ ᠰᠡᠳᠬᠢᠴᠠ ᠶᠢ ᠲᠦᠯᠦᠬᠡᠯᠡᠬᠦ ᠬᠡᠳᠡᠭ ᠪᠤᠯ ᠠᠷᠠᠳ ᠲᠦᠮᠡᠨ ᠤ ᠰᠠᠨᠠᠭ᠎ᠠ ᠰᠡᠳᠬᠢᠯ ᠤᠨ ᠢᠯᠡᠷᠬᠡᠶᠢᠯᠡᠯ ᠮᠦᠨ ᠬᠡᠰᠡᠨ ᠦᠬᠡ | ᠪᠢᠯᠡ᠃ ᠤᠷᠳᠤᠰ ᠠᠷᠠᠳ ᠤᠨ ᠲᠠᠭᠤᠤ ᠶᠢᠨ ᠠᠮᠢᠳᠤ ᠪᠤᠷᠬᠠᠨ ᠬᠡᠮᠡᠭᠳᠡᠭᠰᠡᠨ ᠮᠠᠰᠢᠵᠢᠷᠭᠠᠯ ᠪᠠᠭᠰᠢ ᠮᠠᠨᠢ᠄ ︽ᠠᠷᠠᠳ ᠤᠨ ᠲᠠᠭᠤᠤ ᠶᠢ ᠠᠷᠠᠳ ᠲᠦᠮᠡᠨ | ᠲᠠᠭᠤᠯᠠᠳᠠᠭ ᠪᠤᠯᠬᠤᠷ ᠢᠶᠠᠨ ᠠᠷᠠᠳ ᠤᠨ ᠲᠠᠭᠤᠤ ᠬᠡᠮᠡᠨ ᠲᠠᠩ ᠴᠤᠯᠭᠤᠢ ᠪᠠᠷ ᠦᠵᠡᠵᠦ ᠪᠤᠯᠬᠤ ᠪᠢᠰᠢ᠂ ᠬᠠᠷᠢᠨ ᠠᠷᠠᠳ ᠲᠦᠮᠡᠨ ᠲᠠᠶᠠᠭᠠᠷ ᠢᠶᠠᠨ ᠤᠯᠠᠨ ᠵᠢᠯ ᠤᠨ | ᠲᠤᠷᠰᠢ ᠵᠠᠰᠠᠯᠳᠡ ᠨᠡᠮᠡᠯᠳᠠ ᠤᠷᠤᠭᠤᠯᠤᠬᠰᠠᠨ ᠢᠶᠠᠷ ᠠᠷᠠᠳ ᠤᠨ ᠲᠠᠭᠤᠤ ᠬᠡᠮᠡᠨ ᠦᠵᠡᠬᠦ ᠪᠤᠯ ᠵᠦᠢᠳᠡᠢ︾ ᠬᠡᠵᠦ ᠦᠨᠡᠯᠡᠵᠦ ᠬᠡᠯᠡᠭᠰᠡᠨ ᠪᠢᠯᠡ᠃ | | | | | ᠠᠷᠠᠳ ᠤᠨ ᠲᠠᠭᠤᠤ ᠪᠠᠨ ᠵᠦᠪ ᠲᠠᠨᠢᠬᠤᠢ | ᠠᠷᠠᠳ ᠤᠨ ᠲᠠᠭᠤᠤ ᠨᠢ ᠪᠤᠰᠤᠳ ᠵᠤᠬᠢᠶᠠᠯ ᠤᠨ ᠲᠠᠭᠤᠤ ᠠᠴᠠ ᠤᠨᠴᠠᠭᠠᠢ ᠦᠪᠡᠷᠮᠢᠴᠠ ᠬᠡᠪ ᠨᠠᠮᠪᠠ ᠲᠠᠢ᠃ ︽ᠬᠡᠳᠦᠨ ᠵᠠᠭᠤᠨ ᠵᠢᠯ ᠤᠨ ᠲᠤᠷᠰᠢ | ᠲᠠᠮᠵᠢᠬᠳᠠᠵᠦ ᠤᠳᠤ ᠪᠤᠯᠳᠠᠯ᠎ᠠ ᠲᠠᠭᠤᠯᠠᠬᠳᠠᠵᠦ ᠪᠠᠶᠢᠬᠤ ᠠᠷᠠᠳ ᠤᠨ ᠲᠠᠭᠤᠤ ᠨᠢ ᠠᠷᠠᠳ ᠲᠦᠮᠡᠨ ᠤ ᠰᠡᠳᠬᠢᠯ ᠢ ᠲᠦᠯᠦᠬᠡᠯᠡᠭᠰᠡᠨ᠂ ᠠᠷᠠᠳ ᠲᠦᠮᠡᠨ ᠤ ᠮᠦᠨ | ᠪᠡᠶ᠎ᠠ᠂ ᠦᠨᠡᠨ ᠴᠢᠨᠠᠷ ᠢ ᠢᠯᠡᠷᠡᠬᠦᠯᠦᠭᠰᠡᠨ ᠵᠤᠬᠢᠶᠠᠯ ᠪᠦᠳᠦᠬᠡᠯ ᠪᠠᠶᠢᠬᠰᠠᠨ ᠪᠢᠯᠡ᠃ ᠬᠦᠮᠦᠨ ᠤ ᠪᠡᠶ᠎ᠠ ᠶᠢᠨ ᠲᠠᠪᠤᠨ ᠴᠤᠯᠤ ᠵᠢᠷᠭᠤᠭᠠᠨ ᠰᠠᠪᠠ ᠲᠠᠢ ᠠᠳᠠᠯᠢᠬᠠᠨ | ᠠᠷᠠᠳ ᠤᠨ ᠲᠠᠭᠤᠤ ᠨᠢᠬᠡ ᠪᠦᠷᠢ ᠨᠢ ᠲᠤᠰ ᠪᠦᠷᠢ ᠶᠠᠮᠠᠷ ᠶᠠᠮᠠᠷ ᠤᠨᠴᠠᠯᠢᠭ ᠲᠠᠢ᠂ ᠶᠠᠮᠠᠷ ᠦᠯᠢᠬᠡᠷ ᠲᠡᠤᠬᠡ ᠲᠠᠢ ᠪᠤᠯ ᠬᠡᠬᠦ ᠮᠡᠳᠤ ᠪᠠᠷ ᠨᠠᠷᠢᠨ ᠰᠤᠳᠤᠯᠭᠠᠨ ᠬᠢᠪᠡᠯ | ᠲᠠᠭᠤᠤ ᠶᠢᠨ ᠲᠠᠯᠠᠢ᠂ ᠪᠦᠵᠢᠭ ᠤᠨ ᠦᠯᠦᠬᠡᠢ ᠪᠠᠨ ᠵᠦᠪ ᠦᠢᠯᠠᠭᠠᠵᠦ᠂ ᠠᠷᠠᠳ ᠤᠨ ᠲᠠᠭᠤᠤ ᠳᠠᠭᠠᠨ ᠵᠦᠪ ᠦᠨᠡᠯᠡᠯᠳᠠ ᠦᠭᠴᠤ ᠴᠢᠳᠠᠨ᠎ᠠ︾ ᠬᠡᠵᠦ ᠮᠠᠰᠢᠵᠢᠷᠭᠠᠯ | ᠪᠠᠭᠰᠢ ᠤᠨᠤᠯ ᠤᠨ ᠲᠦᠪᠰᠢᠨ ᠠᠴᠠ ᠦᠨᠡᠯᠡᠨ ᠶᠠᠷᠢᠨ᠎ᠠ᠃ | | | | | | ᠤᠳᠤ ᠦᠶ᠎ᠠ ᠪᠤᠯ ᠠᠷᠠᠳ ᠤᠨ ᠲᠠᠭᠤᠤ ᠶᠢ ᠦᠨᠡᠯᠡᠵᠦ ᠰᠤᠳᠤᠯᠵᠦ ᠪᠠᠶᠢᠬᠤ ᠴᠤᠬᠤᠮ ᠰᠠᠶᠢᠬᠠᠨ ᠴᠠᠭ ᠦᠶ᠎ᠠ ᠮᠦᠨ᠃ ᠠᠷᠠᠳ ᠤᠨ ᠲᠠᠭᠤᠤ ᠶᠢᠨ ᠡᠷᠬᠡ | ᠴᠢᠯᠦᠬᠡ ᠶᠢ ᠦᠪᠡᠷ ᠢᠶᠠᠨ ᠦᠨᠡᠨ ᠬᠦ ᠡᠳ᠋ᠯᠡᠵᠦ᠂ ᠶᠠᠭᠠᠬᠢᠵᠦ ᠰᠤᠳᠤᠯᠬᠤ᠂ ᠬᠡᠷᠬᠢᠨ ᠲᠠᠭᠤᠯᠠᠬᠤ᠂ ᠶᠠᠮᠠᠷ ᠵᠠᠰᠠᠪᠤᠷᠢ ᠤᠷᠤᠭᠤᠯᠬᠤ᠂ ᠰᠤᠷᠭᠠᠭᠤᠯᠢ ᠶᠢᠨ ᠬᠡᠤᠬᠡᠳ ᠲᠤ | ᠬᠦᠷᠳᠡᠯ᠎ᠠ ᠤᠯᠠᠮᠵᠢᠯᠠᠵᠦ ᠵᠢᠭᠠᠵᠤ ᠪᠠᠶᠢᠬᠤ ᠰᠠᠶᠢᠬᠠᠨ ᠴᠠᠭ ᠦᠶ᠎ᠠ ᠪᠢᠯᠡ᠃ | ᠤᠷᠳᠤᠰ ᠠᠷᠠᠳ ᠤᠨ ᠲᠠᠭᠤᠤ ᠶᠢᠨ ᠰᠤᠳᠤᠯᠭᠠᠳᠠᠨ ᠮᠠᠰᠢᠵᠢᠷᠭᠠᠯ ᠪᠠᠭᠰᠢ ᠠᠷᠠᠳ ᠤᠨ ᠲᠠᠭᠤᠤ ᠶᠢᠨ ᠵᠠᠷᠢᠮ ᠦᠵᠡᠭᠳᠡᠯ ᠢᠶᠠᠷ ᠢᠷᠡᠵᠦ ᠮᠦᠨ ᠴᠢᠨᠠᠷ ᠢ | ᠲᠠᠨᠢᠨ ᠵᠠᠳᠠᠯᠵᠦ᠂ ᠠᠷᠠᠳ ᠤᠨ ᠲᠠᠭᠤᠤ ᠪᠠᠨ ᠵᠦᠪ ᠲᠠᠨᠢᠵᠦ᠂ ᠵᠦᠪ ᠦᠢᠯᠠᠭᠠᠵᠦ᠂ ᠵᠦᠪ ᠤᠯᠠᠮᠵᠢᠯᠠᠵᠦ᠂ ᠵᠦᠪ ᠦᠨᠡᠯᠡᠵᠦ᠂ ᠦᠯᠢᠬᠡᠷ ᠲᠡᠤᠬᠡ ᠶᠢ ᠨᠢ ᠵᠦᠪ | ᠶᠠᠷᠢᠬᠤ ᠴᠢᠬᠤᠯᠠᠳᠡᠢ ᠬᠡᠮᠡᠨ ᠰᠤᠷᠭᠠᠮᠵᠢᠯᠡᠵᠦ ᠪᠠᠶᠢᠨ᠎ᠠ᠃ | ᠨᠢᠬᠡ ᠳᠤ᠂ ᠠᠷᠠᠳ ᠤᠨ ᠲᠠᠭᠤᠤ ᠶᠢᠨ ᠤᠭ ᠢᠵᠠᠭᠤᠷ ᠢ ᠬᠠᠶᠢᠵᠦ ᠮᠦᠷᠳᠡᠵᠦ ᠦᠵᠡᠪᠡᠯ᠂ ᠠᠷᠠᠳ ᠤᠨ ᠲᠠᠭᠤᠤ ᠶᠢ ᠤᠵᠤᠭᠤᠷ ᠲᠤ ᠬᠤᠷᠢᠮ ᠨᠠᠶᠢᠷ | ᠲᠡᠭᠡᠷ᠎ᠠ ᠲᠠᠶᠠᠭᠠᠷ ᠲᠠᠭᠤᠯᠠᠳᠠᠭ ᠪᠠᠶᠢᠵᠡᠢ᠃ ᠦᠨᠦᠳᠦᠷ ᠤᠨ ᠬᠢ ᠰᠢᠭ ᠲᠤᠰᠬᠠᠢ ᠬᠦᠭᠵᠢᠮ ᠲᠤᠬᠢᠷᠠᠭᠤᠯᠵᠦ᠂ ᠲᠤᠰᠬᠠᠢ ᠲᠠᠭᠤᠴᠢᠨ ᠲᠠᠭᠤᠯᠠᠵᠦ ᠪᠠᠶᠢᠬᠰᠠᠨ ᠪᠢᠰᠢ᠂ | ᠬᠠᠷᠢᠨ ᠪᠠᠶᠢᠬᠰᠠᠨ ᠬᠦᠭᠵᠢᠮ ᠤᠳ ᠢᠶᠠᠷ ᠬᠠᠪᠰᠤᠷᠤᠭᠤᠯᠤᠭᠠᠳ ᠠᠷᠠᠳ ᠤᠨ ᠨᠠᠶᠢᠷ ᠡᠬᠦᠰᠬᠡᠳᠡᠭ ᠪᠠᠶᠢᠵᠡᠢ᠃ ᠤᠳᠤ ᠶᠢᠨ ᠲᠤᠰᠬᠠᠢ ᠲᠠᠭᠤᠴᠢᠨ ᠢᠶᠠᠷ | ᠲᠠᠭᠤᠯᠠᠭᠤᠯᠳᠠᠭ ᠠᠷᠠᠳ ᠤᠨ ᠨᠠᠶᠢᠷ ᠨᠢ ᠬᠡᠷᠡᠭ ᠲᠡᠭᠡᠷ᠎ᠠ ᠪᠠᠨ ᠠᠷᠠᠳ ᠤᠨ ᠲᠠᠭᠤᠤ ᠶᠢᠨ ᠨᠠᠶᠢᠳᠠ ᠪᠠᠷ ᠲᠠᠭᠤᠯᠠᠳᠠᠭ ᠬᠡᠯᠪᠡᠷᠢ ᠳᠤ ᠠᠶᠤᠯ ᠪᠤᠯᠵᠦ ᠪᠠᠶᠢᠭ᠎ᠠ ᠶᠤᠮ | ᠰᠠᠨᠵᠡᠢ᠃ ᠠᠷᠠᠳ ᠤᠨ ᠲᠠᠭᠤᠤ ᠪᠠᠨ ᠵᠢᠩᠬᠢᠨᠢ ᠪᠠᠷ ᠲᠠᠭᠤᠯᠠᠳᠠᠭ ᠬᠤᠷᠢᠮ ᠨᠠᠶᠢᠷ ᠤᠨ ᠲᠠᠯᠠᠪᠠᠢ ᠲᠡᠬᠡᠷ᠎ᠠ ᠬᠦᠳᠦᠯᠦᠭᠴᠢ ᠠᠴᠠ ᠨᠡᠷᠡᠳᠤ ᠲᠠᠭᠤᠴᠢᠨ ᠢᠶᠠᠨ | ᠲᠠᠨᠢᠯᠴᠠᠭᠤᠯᠤᠭᠠᠳ ᠲᠠᠭᠤᠯᠠᠭᠤᠯᠬᠤ ᠳᠤ᠂ ᠵᠠᠷᠢᠮ ᠨᠢ ᠵᠤᠬᠢᠶᠠᠮᠠᠯ ᠲᠠᠭᠤᠤ ᠪᠠᠨ ᠲᠠᠭᠤᠯᠠᠵᠦ ᠪᠠᠶᠢᠳᠠᠭ ᠢ ᠴᠤ ᠪᠢᠳᠠ ᠡᠳᠦᠷ ᠪᠦᠷᠢ ᠬᠠᠷᠠᠵᠦ ᠪᠠᠶᠢᠭ᠎ᠠ ᠬᠡᠯᠳᠡᠢ᠃ | | | | | | | | | ᠬᠤᠶᠠᠷ ᠲᠤ᠂ ᠵᠠᠯᠭᠠᠮᠵᠢᠯᠠᠬᠴᠢ ᠴᠦᠬᠡᠷᠡᠵᠦ ᠪᠠᠶᠢᠬᠤ ᠪᠤᠶᠤ ᠦᠶ᠎ᠠ ᠲᠠᠰᠤᠷᠠᠬᠤ ᠪᠤᠯᠤᠮᠵᠢ ᠲᠠᠢ᠃ ᠤᠯᠠᠮᠵᠢᠯᠠᠯᠳᠤ ᠰᠤᠶᠤᠯ ᠳᠠᠭᠠᠨ ᠤᠬᠠᠮᠰᠠᠷ ᠠᠴᠠ ᠪᠠᠨ | ᠡᠬᠦᠰᠦᠭᠰᠡᠨ ᠰᠠᠬᠢᠯᠭ᠎ᠠ ᠪᠠᠳᠤᠴᠢ ᠴᠢᠨᠠᠷ ᠲᠠᠢ᠂ ᠲᠠᠭᠤᠤ ᠶᠢᠨ ᠦᠯᠢᠬᠡᠷ ᠤᠴᠢᠷ ᠢ ᠦᠢᠯᠠᠭᠠᠳᠠᠭ ᠠᠷᠠᠳ ᠤᠨ ᠲᠠᠭᠤᠤ ᠶᠢᠨ ᠦᠨᠡᠨ ᠬᠦ ᠵᠠᠯᠭᠠᠮᠵᠢᠯᠠᠬᠴᠢ ᠴᠦᠬᠡᠷᠡᠵᠦ | ᠪᠤᠢ᠃ ᠠᠬᠠᠮᠠᠳ ᠪᠤᠭᠤᠷᠤᠯ ᠨᠠᠰᠤᠳᠠᠨ ᠤ ᠠᠮᠠ ᠪᠠᠷ ᠤᠯᠠᠮᠵᠢᠯᠠᠵᠦ ᠢᠷᠡᠭᠰᠡᠨ ᠠᠷᠠᠳ ᠤᠨ ᠲᠠᠭᠤᠤ ᠮᠠᠨᠢ ᠵᠠᠯᠠᠭᠤ ᠦᠶ᠎ᠠ ᠶᠢᠨ ᠬᠢᠨ ᠤ ᠪᠡᠶ᠎ᠠ ᠲᠡᠭᠡᠷ᠎ᠠ ᠦᠶ᠎ᠠ | ᠲᠠᠰᠤᠷᠠᠬᠤ ᠪᠤᠯᠤᠮᠵᠢ ᠢᠯᠡᠷᠡᠵᠦ᠂ ᠠᠷᠠᠳ ᠤᠨ ᠲᠠᠭᠤᠤ ᠪᠠᠨ ᠤᠯᠠᠮᠵᠢᠯᠠᠨ ᠵᠠᠯᠭᠠᠮᠵᠢᠯᠠᠬᠤ ᠶᠠᠪᠤᠳᠠᠯ ᠵᠠᠯᠠᠭᠤ ᠨᠢᠬᠡ ᠦᠶ᠎ᠠ ᠶᠢᠨ ᠬᠢᠨ ᠤ ᠮᠦᠷᠦᠨ ᠲᠡᠭᠡᠷ᠎ᠠ ᠪᠠᠴᠢᠮ | ᠲᠤᠯᠭᠠᠷᠠᠵᠦ ᠪᠤᠢ᠃ ᠭᠠᠳᠠᠭᠠᠳᠤ ᠶᠢᠨ ᠬᠢᠨ ᠄ ︽ᠪᠢᠳᠠ ᠰᠤᠷᠤᠭᠠᠳ ᠪᠠᠷᠠᠬᠤ ᠦᠬᠡᠢ᠂ ᠪᠠᠭ᠋ᠠᠷᠬᠠᠭᠠᠳ ᠪᠠᠷᠠᠬᠤ ᠦᠬᠡᠢ᠂ ᠬᠦᠬᠡᠬᠡᠳ ᠬᠦᠢᠴᠡᠬᠦ ᠦᠬᠡᠢ ᠵᠦᠢᠯ ᠢ ᠲᠠ | ᠨᠠᠷ ᠶᠠᠭᠠᠬᠢᠭᠠᠳ ᠤᠷᠬᠢᠴᠢᠬᠠᠳᠠᠭ ᠪᠢᠯᠡ︖︾ ᠬᠡᠵᠦ ᠰᠢᠬᠦᠮᠵᠢᠯᠡᠯ ᠲᠠᠯᠪᠢᠵᠦ ᠪᠠᠶᠢᠬᠰᠠᠨ ᠢ ᠪᠢᠳᠠ ᠪᠤᠳᠤᠯᠳᠡᠢ᠃ ︽ᠠᠶᠢᠯ ᠠᠴᠠ ᠪᠠᠨ ᠡᠷᠢᠬᠦ ᠪᠠᠷ | ᠠᠪᠳᠠᠷ᠎ᠠ ᠠᠴᠠ ᠪᠠᠨ ᠡᠷᠢ︾ ᠭᠡᠳᠡᠭᠴᠢᠯᠡᠨ ᠬᠤᠭᠤᠷ ᠱᠠᠨᠵᠨ ᠶᠠᠳᠤᠭ᠎ᠠ ᠶᠠᠩᠴᠢᠨ ᠬᠠᠵᠠᠭᠤ ᠳᠤ ᠮᠢᠨᠢ ᠪᠠᠶᠢᠭ᠎ᠠ ᠴᠤ ᠭᠠᠳᠠᠭᠠᠳᠤ ᠶᠢᠨ ᠪᠦᠷᠢᠶ᠎ᠠ ᠶᠢ ᠰᠤᠨᠢᠷᠬᠠᠵᠦ | ᠦᠯᠢᠶᠡᠵᠦ ᠪᠠᠶᠢᠭ᠎ᠠ ᠶᠠᠪᠤᠳᠠᠯ ᠲᠠᠩᠳᠠ ᠬᠠᠷᠠᠬᠳᠠᠨ᠎ᠠ᠃ ᠰᠢᠨᠵᠢᠶᠠᠩ ᠢᠶᠠᠷ ᠵᠢᠱᠢᠶᠠᠯᠠᠵᠦ ᠶᠠᠷᠢᠬᠤ ᠳᠤ᠂ ᠰᠢᠨᠵᠢᠶᠠᠩ ᠤᠨ ᠤᠷᠠᠯᠢᠭ ᠤᠨ ᠪᠦᠯᠬᠦᠮ ᠤᠨ ᠬᠢᠨ | ᠲᠦᠮᠪᠦᠷᠠ ᠪᠠᠨ ᠠᠯᠢ ᠴᠤ ᠲᠤᠬᠯᠠᠯᠳᠠ ᠳᠤ ᠠᠯᠳᠠᠬᠤ ᠦᠬᠡᠢ ᠲᠤᠬᠯᠠᠳᠠᠭ ᠢᠶᠠᠷ ᠦᠵᠡᠭᠴᠢᠳ ᠶᠡᠭᠡ ᠪᠠᠷ ᠪᠠᠭ᠋ᠠᠷᠬᠠᠳᠠᠭ᠃ ᠡᠨᠡᠳᠬᠡᠭ ᠤᠯᠤᠰ ᠤᠨ ᠺᠢᠨᠣ᠋ ᠪᠤᠯ | ᠡᠬᠢᠨ ᠠᠴᠠ ᠨᠢ ᠲᠠᠭᠤᠰᠳᠠᠯ᠎ᠠ ᠦᠪᠡᠷ ᠤᠨ ᠭᠠᠵᠠᠷ ᠤᠷᠤᠨ ᠤ ᠤᠨᠴᠠᠯᠢᠭ ᠲᠠᠢ ᠲᠠᠭᠤᠤ ᠶᠢᠨ ᠡᠯᠧᠮᠧᠨ᠋ᠲ ᠢᠶᠠᠨ ᠠᠭᠤᠰᠬᠠᠵᠦ ᠤᠷᠤᠭᠤᠯᠤᠬᠰᠠᠨ ᠢᠶᠠᠷ ᠢᠶᠠᠨ | ᠭᠠᠳᠠᠭᠠᠳᠤ ᠲᠤᠳᠤᠭᠠᠳᠤ ᠶᠢᠨ ᠬᠢᠨ ᠳᠤ ᠶᠡᠭᠡ ᠪᠠᠷ ᠬᠦᠷᠢᠶᠡᠯᠡᠭᠳᠡᠳᠡᠭ ᠠᠵᠢ᠃ | ᠭᠤᠷᠪᠠ ᠳᠤ᠂ ᠠᠷᠠᠳ ᠤᠨ ᠲᠠᠭᠤᠤ ᠳᠤ ᠨᠠᠮᠠᠯᠳᠠ ᠬᠠᠰᠤᠯᠳᠠ ᠤᠷᠤᠳᠠᠭ ᠪᠤᠯᠤᠯ᠎ᠠ᠃ ︽ᠰᠠᠨᠵᠢᠳᠮ᠎ᠠ︾ ᠬᠡᠬᠦ ᠲᠠᠭᠤᠤ ᠳᠤ ᠶᠠᠩᠵᠤ ᠪᠦᠷᠢ ᠶᠢᠨ ᠠᠶᠢᠵᠠᠮ | ᠨᠤᠭᠤᠯᠪᠤᠷᠢ ᠲᠠᠢ ᠬᠤᠪᠢᠯᠪᠤᠷᠢ ᠭᠠᠷᠴᠤ ᠪᠤᠢ᠃ ︽︿ᠤᠷᠳᠤᠰ ᠮᠤᠩᠭᠤᠯ﹀ ᠬᠡᠮᠡᠬᠦ ᠠᠷᠠᠳ ᠤᠨ ᠲᠠᠭᠤᠤ ᠮᠠᠨᠢ ᠠᠷᠠᠳ ᠤᠨ ᠲᠤᠮᠳᠠ ᠪᠠᠨ ᠶᠠᠩᠵᠤ ᠪᠦᠷᠢ ᠪᠠᠷ | ᠲᠠᠭᠤᠯᠠᠬᠳᠠᠳᠠᠭ ᠪᠤᠯᠵᠡᠢ᠃ ᠷᠠᠳᠢᠣ᠋ ᠠᠴᠠ ᠰᠤᠨᠤᠰᠤᠭᠠᠳ ᠪᠠᠶᠢᠬᠤᠯᠠᠷ ︿ᠮᠠᠨᠳᠤᠵᠤ ᠭᠠᠷᠬᠤ — ᠨᠢᠬᠡ ᠦᠶ᠎ᠠ ᠶᠢ ᠬᠤᠶᠠᠷ ᠦᠶ᠎ᠠ ᠪᠤᠯᠭᠠᠨ ᠲᠠᠭᠤᠯᠠᠵᠦ ᠪᠠᠶᠢᠬᠤ﹀᠂ | ︿ᠤᠬᠠᠭᠠᠨ ᠨᠢ ᠲᠤᠩᠭᠠᠯᠠᠭ — ᠰᠤ᠋ ᠶᠢ ᠯᠠ ᠪᠤᠯᠭᠠᠨ ᠲᠠᠭᠤᠯᠠᠵᠦ ᠪᠠᠶᠢᠬᠤ﹀ ᠨᠢ ᠴᠢᠬᠢᠨ ᠳᠤ ᠰᠤᠨᠤᠰᠪᠤᠷᠢ ᠮᠠᠭᠤᠳᠡᠢ ᠪᠠᠶᠢᠨ᠎ᠠ︾ ᠬᠡᠵᠦ ᠮᠠᠰᠢᠵᠢᠷᠭᠠᠯ ᠭᠤᠸᠡᠢ | ᠰᠢᠬᠦᠮᠵᠢᠯᠡᠯ ᠲᠠᠢ ᠴᠢᠩᠭ᠎ᠠ ᠶᠠᠷᠢᠵᠦ ᠪᠠᠶᠢᠯ᠎ᠠ᠃ | — ᠨᠢᠭᠡᠨ ᠤᠳᠠᠭ᠎ᠠ ᠲᠠᠭᠤᠴᠢᠨ ᠵᠢᠬᠠᠤᠸᠠᠷ ᠲᠠᠢ ᠵᠤᠭᠤᠬᠳᠠᠬᠤ ᠵᠠᠭᠤᠷ᠎ᠠ ᠲᠡᠷᠡ ᠨᠠᠳᠠ ᠳᠤ᠄ ︽ᠶᠠᠫᠤᠨ ᠤᠯᠤᠰ ᠲᠤ ᠠᠷᠠᠳ ᠤᠨ ᠲᠠᠭᠤᠤ ᠶᠢ ᠲᠤᠰᠬᠠᠢ | ᠤᠯᠠᠮᠵᠢᠯᠠᠬᠤ ᠬᠦᠮᠦᠨ ᠲᠠᠢ ᠪᠦᠭᠡᠳ ᠬᠡᠵᠢᠶᠠᠳᠡ ᠲᠡᠷᠡ ᠲᠠᠭᠤᠤ ᠪᠠᠨ ᠪᠠᠷᠢᠮᠳᠠᠯᠠᠨ ᠲᠠᠭᠤᠯᠠᠳᠠᠭ︾ ᠬᠡᠵᠤ ᠭᠡᠯᠡᠪᠡ᠃ ᠮᠠᠨ ᠤ ᠬᠢᠨ ᠤ ᠲᠤᠮᠳᠠ ᠵᠢᠷᠬᠢᠶ᠎ᠠ | ᠬᠤᠯᠪᠤᠭ᠎ᠠ ᠪᠠᠷ ᠤᠯᠠᠮᠵᠢᠯᠠᠨ ᠵᠢᠭᠠᠵᠤ ᠪᠠᠶᠢᠬᠤ ᠰᠠᠶᠢᠬᠠᠨ ᠦᠵᠡᠭᠳᠡᠯ ᠢᠯᠡᠷᠡᠵᠦ ᠪᠠᠶᠢᠪᠠᠴᠤ ᠡᠨᠡ ᠨᠢ ᠡᠵᠡᠨ ᠦᠬᠡᠢ ᠶᠠᠭᠤᠮ᠎ᠠ ᠪᠤᠯᠴᠢᠬᠠᠬᠤ ᠴᠤ ᠮᠠᠭᠠᠳ ᠦᠭᠡᠢ᠃ | ᠵᠢᠱᠢᠶᠡᠯᠡᠪᠡᠯ᠂ ᠬᠡᠨ᠂ ᠠᠯᠢ ᠴᠠᠭ ᠠᠴᠠ ᠢᠡᠭᠬᠢᠵᠦ ᠤᠯᠠᠮᠵᠢᠯᠠᠵᠦ ᠢᠷᠡᠭᠰᠡᠨ ᠪᠤᠯ ᠬᠡᠰᠡᠨ ᠠᠰᠠᠭᠤᠳᠠᠯ ᠢᠯᠡᠷᠡᠨ᠎ᠠ᠃ ᠢᠡᠭᠬᠢᠬᠦᠯᠡᠷ ᠠᠷᠠᠳ ᠤᠨ ᠲᠠᠭᠤᠤ ᠮᠠᠨᠢ ᠴᠠᠭ | ᠦᠶ᠎ᠠ ᠶᠢᠨ ᠡᠷᠬᠡᠨ ᠳᠤ ᠦᠬᠡᠬᠦ ᠴᠤ ᠪᠢᠰᠢ ᠪᠤᠯᠴᠢᠷᠬᠠᠢ ᠴᠤ ᠪᠢᠰᠢ ᠶᠠᠭᠤᠮ᠎ᠠ ᠪᠤᠯᠵᠦ ᠴᠤ ᠮᠡᠳᠡᠨ᠎ᠠ ᠭᠡᠪᠡ᠃ | ︽ᠵᠢᠯᠤᠭᠤ ᠪᠠᠨ ᠵᠦᠪ ᠵᠠᠯᠠᠪᠠᠯ ᠵᠤᠷᠢᠬᠰᠠᠨ ᠵᠦᠭ ᠲᠡᠭᠡᠨ ᠬᠦᠷᠴᠤ ᠴᠢᠳᠠᠨ᠎ᠠ︾ ᠬᠡᠳᠡᠭᠴᠢᠯᠡᠨ ᠠᠷᠠᠳ ᠤᠨ ᠲᠠᠭᠤᠤ ᠶᠢᠨ ᠢᠶᠠᠨ ᠵᠢᠯᠤᠭᠤ ᠪᠠᠨ ᠵᠦᠪ | ᠲᠠᠳᠠᠵᠦ ᠦᠵᠡᠭᠳᠡᠯ ᠠᠴᠠ ᠦᠪᠡᠷ ᠢ ᠪᠠᠨ ᠵᠦᠪ ᠲᠠᠨᠢᠵᠤ ᠠᠪᠬᠤ ᠨᠢ ᠶᠠᠭᠤᠨ ᠠᠴᠠ ᠴᠤ ᠢᠯᠡᠬᠦᠦ ᠵᠦᠢᠳᠡᠢ ᠪᠢᠯᠡ᠃ | | ᠤᠷᠳᠤᠰ ᠠᠷᠠᠳ ᠤᠨ ᠲᠠᠭᠤᠤ ᠶᠢᠨ | ᠬᠤᠪᠢᠷᠠᠯ ᠬᠦᠭᠵᠢᠯ ᠤᠨ ᠰᠢᠨᠵᠢᠯᠡᠭᠡᠨ | | ᠨᠢᠬᠡ᠂ ︽ᠠᠯᠳᠠᠨ ᠬᠤᠨᠳᠠᠭ᠎ᠠ︾ ᠲᠠᠭᠤᠤ ᠶᠢᠨ ᠦᠯᠢᠬᠡᠷ | ᠮᠠᠰᠢᠵᠢᠷᠭᠠᠯ ᠭᠤᠸᠡᠢ ᠶᠢᠨ ᠬᠠᠭᠤᠴᠢᠯᠠᠬᠤ ᠪᠠᠷ᠂ ᠲᠡᠷᠡ ᠵᠢᠯ ︽ᠦᠨᠳᠦᠷ ᠮᠠᠩᠬᠠᠨ ᠰᠢᠯᠢ︾ ᠬᠡᠳᠡᠭ ᠲᠠᠭᠤᠤ ᠶᠢ ᠤᠳᠤᠬ ᠬᠤᠰᠢᠭᠤᠨ ᠳᠠᠭᠠᠨ | ᠠᠶᠢᠯᠴᠢᠯᠠᠵᠦ ᠢᠷᠡᠭᠰᠡᠨ ᠨᠠᠨᠵᠢᠩ ᠤᠨ ᠰᠡᠬᠡᠬᠡᠳᠠᠨ ︵1966 ᠤᠨ ᠳᠤ ᠤᠷᠳᠤᠰ ᠤᠨ ᠡᠯ᠎ᠠ ᠬᠤᠰᠢᠭᠤ ᠪᠠᠷ ᠢᠷᠡᠵᠦ ᠬᠤᠪᠢᠶᠠᠬᠳᠠᠬᠰᠠᠨ ᠪᠠᠶᠢᠳᠠᠭ︶᠄ | ︽ᠦᠨᠳᠦᠷ ᠮᠠᠩᠬᠠᠨ ᠰᠢᠯᠢ ᠲᠡᠭᠡᠷ᠎ᠠ | ᠰᠠᠶᠢᠯᠤᠷ ᠪᠠᠶᠢᠳᠤᠨ ᠰᠠᠢ | ᠡᠬᠦᠯᠡ ᠪᠤᠳᠠᠩ ᠲᠠᠳᠠᠨ ᠰᠠᠭᠤᠨ᠎ᠠ | ᠰᠠᠶᠢᠯᠤᠷ ᠪᠠᠶᠢᠳᠤᠨ ᠰᠠᠢ︾ ᠬᠡᠵᠦ ᠲᠠᠭᠤᠯᠠᠬᠤ ᠳᠤ᠂ ᠡᠨᠡ ᠲᠠᠭᠤᠤ ᠶᠢ ᠬᠡᠨ ᠠᠴᠠ ᠰᠤᠷᠪᠠ ᠬᠡᠵᠦ ᠠᠰᠠᠭᠤᠬᠤᠯᠠᠷ᠂ ᠪᠢᠳᠠ ᠤᠷᠳᠤᠰ ᠨᠤᠳᠤᠭ ᠲᠤ ᠠᠩᠬ᠎ᠠ | ᠢᠷᠡᠬᠡᠳ ᠰᠤᠷᠤᠬᠰᠠᠨ ᠬᠡᠵᠦ ᠬᠠᠷᠢᠭᠤᠯᠵᠡᠢ᠃ ᠡᠨᠡ ᠲᠠᠭᠤᠤ ᠳᠤ ᠮᠦᠨ ︽ᠬᠡᠤᠬᠡᠨ ᠦᠷ᠎ᠠ ᠮᠢᠨᠢ ᠬᠦᠮᠦᠨ ᠤ ᠡᠬᠦᠳᠡᠨ ᠳᠤ ᠵᠠᠶᠠᠭᠠᠳᠡᠢ︾ ᠬᠡᠵᠦ ᠲᠠᠭᠤᠯᠠᠵᠦ | ᠪᠠᠶᠢᠬᠤ ᠪᠤᠯᠪᠠᠴᠤ ︽ᠠᠯᠳᠠᠨ ᠬᠤᠨᠳᠠᠭ᠎ᠠ︾ ᠲᠠᠢ ᠠᠳᠠᠯᠢᠳᠬᠠᠪᠠᠯ ᠲᠠᠭᠤᠤ ᠶᠢᠨ ᠦᠬᠡ ᠠᠶᠠᠯᠭᠤ ᠨᠢ ᠶᠡᠭᠡ ᠤᠨᠳᠤᠤ᠂ ᠰᠢᠭᠤᠳᠬᠠᠨ ᠢᠶᠠᠷ ᠲᠠᠭᠤᠯᠠᠳᠠᠭ ᠰᠠᠶᠢᠬᠠᠨ | ᠵᠤᠬᠢᠶᠠᠮᠵᠢ ᠲᠠᠢ ᠪᠠᠶᠢᠪᠠ᠃ ᠡᠬᠦᠨ ᠠᠴᠠ ᠪᠢᠳᠡ ᠠᠷᠠᠳ ᠤᠨ ᠲᠠᠭᠤᠤ ᠦᠶ᠎ᠠ ᠦᠶ᠎ᠠ ᠬᠤᠪᠢᠷᠠᠵᠦ ᠪᠠᠶᠢᠳᠠᠭ ᠢ ᠤᠬᠠᠭᠠᠷᠠᠨ ᠮᠡᠳᠡᠯ᠎ᠠ᠃ ᠪᠠᠰᠠ ᠨᠢᠬᠡᠨ ᠵᠢᠱᠢᠶ᠎ᠠ ᠬᠡᠪᠡᠯ | ᠂ ᠠ᠊ · ᠮᠤᠳ᠋ᠰᠧᠷᠲ ᠤᠨ ᠬᠡᠪᠯᠡᠬᠦᠯᠦᠭᠰᠡᠨ ᠨᠤᠮ ᠲᠤᠳᠤᠷᠠᠬᠢ 35 ᠠᠷᠠᠳ ᠤᠨ ᠲᠠᠭᠤᠤ ᠶᠢ ᠡᠵᠡᠨ ᠲᠠᠢ ᠪᠤᠯᠭᠠᠵᠦ ︽ᠦᠤᠰᠢᠨ ᠠᠷᠠᠳ ᠤᠨ ᠲᠠᠭᠤᠤ ᠶᠢᠨ ᠪᠤᠳᠢ︾ | ᠳᠤ ᠬᠠᠮᠤᠷᠴᠤ ᠤᠷᠤᠭᠤᠯᠵᠡᠢ᠃ 1993 ᠤᠨ ᠳᠤ ᠦᠤᠰᠢᠨᠵᠤᠤ ᠳᠤ ᠬᠦᠷᠴᠤ ᠰᠢᠩᠬᠡᠬᠡᠵᠦ ᠲᠡᠮᠳᠡᠭᠯᠡᠵᠦ ᠠᠪᠤᠬᠰᠠᠨ ᠯᠠᠮᠠ ᠶᠢᠨ ᠪᠦᠷᠢᠶ᠎ᠠ ᠪᠢᠰᠬᠢᠬᠦᠷ ᠤᠨ | ᠠᠶᠠᠯᠭᠤ ᠶᠢ ᠤᠳᠤ ᠶᠢᠨ ᠬᠢ ᠲᠠᠢ ᠠᠳᠠᠯᠢᠳᠬᠠᠵᠦ ᠦᠵᠡᠭᠰᠡᠨ ᠳᠤ ᠲᠠᠨᠤᠭ ᠦᠬᠡᠢ ᠬᠤᠪᠢᠷᠠᠵᠦ ᠪᠢᠯᠡ᠃ ᠲᠡᠬᠡᠬᠦᠯᠠᠷ ᠯᠠᠮᠠ ᠶᠢᠨ ᠪᠦᠷᠢᠶ᠎ᠠ ᠪᠢᠰᠬᠢᠬᠦᠷ ᠤᠨ ᠠᠶᠠᠯᠭᠤ | ᠴᠤ ᠬᠤᠪᠢᠷᠠᠵᠦ ᠪᠠᠶᠢᠬᠤ ᠶᠤᠮ ᠴᠢᠨᠢ᠂ ᠠᠷᠠᠳ ᠤᠨ ᠲᠠᠭᠤᠤ ᠬᠡᠵᠢᠶ᠎ᠠ ᠴᠤ ᠲᠡᠷᠡ ᠬᠡᠪ ᠲᠡᠭᠡᠨ ᠪᠠᠶᠢᠳᠠᠭ ᠦᠬᠡᠢ ᠬᠡᠰᠡᠨ ᠢ ᠮᠠᠰᠢᠵᠢᠷᠭᠠᠯ ᠭᠤᠸᠡᠢ ᠦᠪᠡᠷ ᠤᠨ | ᠰᠤᠳᠤᠯᠭᠠᠨ ᠢᠶᠠᠷ ᠢᠶᠠᠨ ᠨᠤᠳᠠᠯᠠᠪᠠ᠃ ᠲᠡᠬᠡᠬᠦᠯᠡᠷ ︽ᠠᠯᠳᠠᠨ ᠬᠤᠨᠳᠠᠭ᠎ᠠ︾ ᠨᠢ ︽ ᠦᠨᠳᠦᠷ ᠮᠠᠩᠬᠠᠨ ᠰᠢᠯᠢ︾ ᠭᠡᠭᠦ ᠲᠠᠭᠤᠤ ᠶᠢᠨ ᠬᠤᠪᠢᠷᠠᠯ ᠪᠠᠶᠢᠬᠰᠠᠨ ᠶᠤᠮ | ᠰᠠᠨᠵᠡᠢ᠃ ︽ᠤᠷᠳᠤᠰ ᠢᠵᠡᠭᠤᠷ ᠬᠤᠷᠢᠮ︾ ᠺᠢᠨᠣ᠋ ᠶᠢ ᠦᠢᠯᠡᠳᠴᠤ ᠨᠡᠶᠢᠬᠡᠮ ᠲᠠᠶᠠᠭᠠᠷ ᠲᠤ ᠲᠠᠨᠢᠯᠴᠠᠭᠤᠯᠬᠤ ᠳᠠᠭᠠᠨ ︽ᠦᠨᠳᠦᠷ ᠮᠠᠩᠬᠠᠨ ᠰᠢᠯᠢ︾ ᠶᠢᠨ | ᠢᠵᠠᠭᠤᠷ ᠲᠠᠭᠤᠤ ᠪᠠᠨ ᠲᠠᠭᠤᠯᠠᠬᠰᠠᠨ ᠦᠬᠡᠢ᠂ ︽ᠠᠯᠳᠠᠨ ᠬᠤᠨᠳᠠᠭ᠎ᠠ︾ ᠪᠠᠨ ᠲᠠᠭᠤᠯᠠᠬᠰᠠᠨ ᠢᠶᠠᠷ ᠪᠢᠳᠠ ᠦᠨᠦᠳᠦᠷ ︽ᠠᠯᠳᠠᠨ ᠬᠤᠨᠳᠠᠭ᠎ᠠ︾ ᠪᠠᠨ ᠢᠯᠡᠬᠦᠦ | ᠮᠡᠳᠡᠵᠦ ᠲᠠᠭᠤᠯᠠᠳᠠᠭ ᠪᠠᠶᠢᠵᠡᠢ᠃ | | ᠬᠤᠶᠠᠷ᠂ ᠤᠷᠳᠤᠰ ᠠᠷᠠᠳ ᠤᠨ ᠲᠠᠭᠤᠤ ᠶᠢᠨ ᠮᠦᠷᠳᠡᠯ ᠵᠠᠳᠠᠯᠤᠯᠳᠠ | ᠮᠠᠨ ᠤ ᠤᠷᠳᠤᠰ ᠨᠤᠳᠤᠭ ᠲᠤ ᠠᠷᠠᠳ ᠤᠨ ᠲᠠᠭᠤᠤ ᠶᠢᠨ ᠰᠤᠳᠤᠯᠭᠠᠨ ᠤ ᠨᠡᠶᠢᠬᠡᠮᠯᠢᠭ᠂ ᠪᠤᠭᠤᠨᠢ ᠲᠠᠭᠤᠤ ᠶᠢᠨ ᠨᠡᠶᠢᠬᠡᠮᠯᠢᠭ᠂ ᠤᠷᠳᠤ ᠶᠢᠨ ᠲᠠᠭᠤᠤ ᠶᠢᠨ | ᠨᠡᠶᠢᠬᠡᠮᠯᠢᠭ ᠬᠡᠳ ᠤᠯᠠᠨ ᠨᠡᠶᠢᠬᠡᠮᠯᠢᠭ ᠪᠠᠶᠢᠳᠠᠭ᠃ ᠤᠷᠳᠤᠰ ᠮᠤᠩᠭᠤᠯ ᠷᠠᠳᠢᠣ᠋ ᠶᠢᠨ ᠤᠳᠬ᠎ᠠ ᠤᠷᠠᠯᠢᠭ ᠤᠨ ᠨᠡᠪᠳᠡᠷᠡᠬᠦᠯᠬᠡ ᠶᠢᠨ ︽ᠤᠳᠤᠮ ᠲᠠᠮᠵᠢᠬᠤ ᠠᠶᠠᠯᠭᠤ︾ | ᠪᠤᠯ ᠠᠷᠠᠳ ᠤᠨ ᠲᠠᠭᠤᠤ ᠶᠢᠨ ᠤᠳᠬ᠎ᠠ ᠤᠴᠢᠷ᠂ ᠦᠯᠢᠬᠡᠷ ᠭᠠᠷᠤᠯ ᠵᠢᠴᠢ ᠬᠤᠪᠢᠯᠪᠤᠷᠢ ᠲᠠᠭᠤᠤ ᠶᠢᠨ ᠮᠦᠷᠳᠡᠯᠳᠡ ᠶᠢ ᠪᠦᠳᠦᠮᠵᠢᠳᠡᠢ ᠦᠷᠨᠢᠬᠦᠯᠵᠦ ᠪᠠᠶᠢᠭ᠎ᠠ | ᠫᠷᠦᠭᠷᠡᠮ ᠪᠤᠯᠬᠤ ᠶᠤᠮ᠂ ᠨᠢᠭᠡᠨᠳᠡ 120 ᠭᠠᠷᠤᠢ ᠬᠤᠭᠤᠴᠠᠭ᠎ᠠ ᠨᠡᠪᠳᠡᠷᠡᠬᠦᠯᠵᠠᠢ᠃ ᠤᠷᠳᠤᠰ ᠷᠠᠳᠢᠣ᠋ ᠲᠧᠯᠸᠢᠰ ᠬᠤᠷᠢᠶᠠᠨ ᠤ ᠡᠨᠡ ᠬᠦ ᠠᠵᠢᠯᠯᠠᠭ᠎ᠠ | ᠮᠠᠬᠳᠠᠭᠤᠰᠢᠳᠡᠢ᠃ | ︽ᠠᠷᠠᠳ ᠤᠨ ᠲᠠᠭᠤᠤ ᠪᠠᠨ ᠲᠠᠭᠤᠯᠠᠬᠤ ᠳᠤ ᠦᠯᠢᠬᠡᠷ᠂ ᠲᠡᠬᠦᠨ ᠤ ᠡᠬᠦᠰᠦᠭᠰᠡᠨ ᠤᠴᠢᠷ ᠰᠢᠯᠳᠠᠭᠠᠨ ᠢ ᠨᠢ ᠮᠡᠳᠡᠬᠦ ᠦᠬᠡᠢ ᠪᠤᠯ ᠲᠤᠳᠤᠭᠠᠳᠤ | ᠰᠡᠳᠬᠢᠯᠬᠡ ᠪᠠᠨ ᠭᠠᠷᠭᠠᠵᠦ ᠴᠢᠳᠠᠬᠤ ᠦᠬᠡᠢ ᠨᠢ ᠮᠡᠳᠡᠬᠡᠵᠢ︾ ᠬᠡᠵᠦ ᠮᠠᠰᠢᠵᠢᠷᠭᠠᠯ ᠭᠤᠸᠡᠢ ᠤᠴᠢᠷᠯᠠᠵᠤ ᠶᠠᠷᠢᠬᠤ ᠳᠠᠭᠠᠨ᠄ | ︽ᠬᠠᠨᠭ᠍ᠬᠢᠨ ᠰᠡᠪᠬᠦᠯ︾ ᠬᠡᠷᠡᠭ ᠲᠡᠭᠡᠷ᠎ᠠ ᠪᠠᠨ ︽ᠦᠯᠵᠡᠶᠢᠰᠦ᠋ᠮᠪᠦᠷ︾ ᠬᠡᠰᠡᠨ ᠲᠠᠭᠤᠤ ᠶᠤᠮ᠃ ᠡᠬᠦᠨ ᠠᠴᠠ ᠪᠢᠳᠡ ︽ ᠦᠯᠢᠬᠡᠷ ᠢ ᠨᠢ ᠠᠪᠤᠭᠠᠳ | ᠲᠡᠬᠦᠨ ᠤ ᠰᠠᠨᠠᠭ᠎ᠠ ᠰᠡᠳᠬᠢᠯ ᠢ ᠲᠦᠯᠦᠬᠡᠯᠡᠨ ᠦᠬᠡᠷ᠎ᠠ ᠬᠦᠮᠦᠨ ᠵᠤᠬᠢᠶᠠᠵᠦ ᠪᠤᠯᠳᠠᠭ︾ ᠬᠡᠰᠡᠨ ᠢ ᠦᠢᠯᠠᠭᠠᠵᠦ ᠪᠤᠯᠤᠨ᠎ᠠ᠃ ᠲᠡᠬᠡᠬᠦᠯᠡᠷ ᠠᠷᠠᠳ ᠤᠨ ᠲᠠᠭᠤᠤ ᠠᠴᠠ | ᠡᠭᠢᠯᠠᠭᠡᠳ ᠠᠯᠢᠪᠠ ᠲᠠᠭᠤᠤ ᠬᠦᠭᠵᠢᠮ ᠨᠡᠶᠢᠳᠡᠮ ᠬᠤᠪᠢᠷᠠᠵᠦ ᠪᠠᠶᠢᠳᠠᠭ ᠪᠠᠶᠢᠨ᠎ᠠ᠃ | ᠤᠳᠤᠬ ᠤᠨ ︽ᠴᠸᠡᠭ ᠴᠤᠸᠠᠨ ᠲᠠᠩ︾ ᠬᠡᠮᠡᠬᠦ ᠮᠠᠬᠳᠠᠭᠠᠯ ᠲᠠᠭᠤᠤ ᠳᠤ ︽ᠬᠠᠷ᠎ᠠ ᠲᠤᠷᠭᠠᠨ ᠬᠠᠨᠵᠢᠶᠠᠷ︾ ᠤᠨ ᠠᠶ᠎ᠠ ᠬᠠᠷᠬᠠᠳᠠᠵᠦ ᠪᠤᠢ ᠬᠡᠨ᠎ᠠ᠃ | ︽ᠭᠠᠵᠠᠷ ᠤᠨ ᠠᠭᠤᠢ | ᠴᠸᠡᠭ ᠴᠤᠸᠡᠨ ᠲᠠᠩ | ᠭᠠᠯᠠᠭᠤ ᠴᠠᠭ ᠤᠨ ᠪᠠᠯᠭᠠᠰᠤᠨ ᠲᠠᠩ | ᠭᠠ᠊ ᠪᠠᠭᠰᠢ ᠶᠢᠨ ᠱᠠᠪᠢᠨᠠᠷ | ᠭᠠᠯᠢᠩᠭᠠ ᠶᠢᠨ ᠲᠠᠭᠤᠨ ᠲᠠᠢ︾᠃ ᠡᠨᠡ ᠲᠠᠭᠤᠤ ᠳᠤ ︽ᠠᠢ ᠳ᠋ᠠ᠂ ᠬᠦᠬᠡᠷᠦᠬᠦᠢ᠂ ᠴᠢ ᠯᠠ ᠮᠢᠨᠢ︾ ᠭᠡᠬᠦ ᠭᠡᠳᠤᠨ ᠦᠭᠡ ᠨᠢ ᠦᠬᠡᠢ᠃ ᠡᠨᠡ | ᠲᠠᠭᠤᠤ ᠨᠢ ︽ᠬᠠᠷ᠎ᠠ ᠲᠤᠷᠭᠠᠨ ᠬᠠᠨᠵᠢᠶᠠᠷ︾ ᠠᠴᠠ ᠤᠷᠢᠳᠠᠢ ᠨᠢ ᠪᠠᠶᠢᠬᠰᠠᠨ ᠶᠤᠮ ᠤᠤ᠂ ᠡᠰᠡᠬᠦᠯ᠎ᠠ ︽ᠬᠠᠷ᠎ᠠ ᠲᠤᠷᠭᠠᠨ ᠬᠠᠨᠵᠢᠶᠠᠷ︾ ᠲᠠᠭᠤᠤ ᠨᠢ ᠤᠷᠢᠳᠠᠢ | ᠪᠠᠶᠢᠬᠰᠠᠨ ᠶᠤᠮ ᠤᠤ︖ ᠭᠡᠷᠪᠡ ︽ᠴᠸᠡᠭ ᠴᠤᠸᠠᠨ ᠲᠠᠩ︾ ᠭᠡᠬᠦ ᠲᠠᠭᠤᠤ ᠤᠷᠢᠳᠠᠢ ᠨᠢ ᠪᠠᠶᠢᠬᠰᠠᠨ ᠪᠤᠯ ᠵᠠᠭᠤ ᠭᠠᠷᠤᠢ ᠵᠢᠯ ᠤᠨ ᠲᠡᠤᠬᠡ ᠲᠠᠢ ᠬᠡᠰᠡᠨ ᠢ ᠯᠠᠪ | ᠬᠡᠷᠡᠴᠢᠯᠡᠵᠦ ᠪᠠᠶᠢᠨ᠎ᠠ᠃ ︽ᠬᠠᠷ᠎ᠠ ᠲᠤᠷᠭᠠᠨ ᠬᠠᠨᠵᠢᠶᠠᠷ︾ ᠢ ᠴᠠᠬᠳᠤᠷᠰᠡᠷᠡᠩ ᠤᠨ ᠦᠶ᠎ᠠ ᠳᠤ ᠪᠤᠢ ᠪᠤᠯᠤᠬᠰᠠᠨ ᠬᠡᠬᠦ ᠦᠵᠡᠯᠳᠡ ᠠᠴᠠ ᠪᠠᠰᠠ ᠡᠮᠦᠨᠠᠰᠢ | ᠮᠦᠷᠳᠡᠬᠦ ᠨᠢ ᠭᠠᠷᠴᠠᠭ᠎ᠠ ᠦᠬᠡᠢ᠃ | ᠤᠷᠳᠤᠰ ᠨᠤᠳᠤᠭ ᠪᠤᠯ ᠲᠠᠭᠤᠤ ᠶᠢᠨ ᠦᠬᠡ ᠶᠢᠨ ᠲᠠᠯ᠎ᠠ ᠪᠠᠷ ᠲᠦᠢᠯ ᠤᠨ ᠪᠠᠶᠠᠯᠢᠭ ᠨᠤᠳᠤᠭ ᠮᠦᠨ᠃ ︽ᠳᠤᠭᠠᠷᠵᠠᠪ︾᠂ ︽ ᠪᠠᠨᠽᠠᠷᠳᠠᠷᠢ︾ ᠬᠡᠰᠡᠨ | ᠲᠠᠭᠤᠤ ᠶᠢᠨ ᠦᠬᠡ ᠪᠠᠷ ᠪᠦᠷ ᠵᠢᠱᠢᠶᠡᠯᠠᠨ ᠥᠵᠡᠵᠤ ᠪᠤᠯᠤᠨ᠎ᠠ᠃ | | ᠭᠤᠷᠪᠠ᠂ ᠠᠷᠠᠳ ᠤᠨ ᠲᠠᠭᠤᠤ ᠪᠠ ᠵᠤᠬᠢᠶᠠᠯ ᠤᠨ ᠲᠠᠭᠤᠤ ᠶᠢᠨ ᠢᠯᠭᠠᠭ᠎ᠠ | — ᠲᠠᠭᠤᠤ ᠶᠢᠨ ᠦᠯᠢᠬᠡᠷ ᠲᠡᠤᠭᠡ ᠠᠴᠠ ᠰᠢᠨᠵᠢᠪᠡᠯ᠂ ᠤᠵᠤᠭᠤᠷ ᠲᠤ ᠨᠠᠶᠢᠬᠡᠮ ᠤᠨ ᠪᠠᠶᠢᠳᠠᠯ᠂ ᠬᠦᠮᠦᠰ ᠤᠨ ᠰᠡᠳᠬᠢᠴᠠ ᠠᠴᠠ ᠪᠤᠯᠵᠦ᠂ ᠡᠴᠢᠬᠡ ᠡᠬᠡ | ᠂ ᠠᠳᠤᠭᠤ ᠮᠠᠯ ᠢᠶᠠᠨ ᠮᠠᠬᠳᠠᠬᠤ ᠭᠡᠯᠪᠡᠷᠢ ᠶᠢᠨ ᠲᠠᠭᠤᠤ ᠤᠯᠠᠨ ᠪᠠᠶᠢᠵᠠᠢ᠃ ᠤᠷᠴᠢᠨ ᠦᠶ᠎ᠠ ᠬᠦᠷᠴᠤ ᠢᠷᠡᠬᠦ ᠳᠤ ᠬᠦᠮᠦᠨ ᠬᠦᠮᠦᠨ ᠤ ᠬᠤᠭᠤᠷᠤᠨᠳᠤᠬᠢ | ᠮᠦᠷᠬᠦᠯᠳᠤᠭᠡᠨ᠂ ᠮᠡᠳᠭᠡᠯᠴᠡᠭᠡᠨ ᠤᠷᠳᠤᠰ ᠠᠷᠠᠳ ᠤᠨ ᠪᠤᠭᠤᠨᠢ ᠲᠠᠭᠤᠤ ᠳᠤ ᠢᠯᠡᠷᠡᠭᠰᠡᠨ ᠪᠠᠶᠢᠨ᠎ᠠ᠃ ᠤᠵᠤᠭᠤᠷ ᠲᠤ ᠴᠦᠬᠡᠨ ᠬᠡᠳᠤᠨ ᠦᠬᠡ ᠪᠠᠷ ᠲᠠᠭᠤᠤ | ᠵᠤᠬᠢᠶᠠᠬᠳᠠᠵᠦ ᠪᠠᠶᠢᠬᠰᠠᠨ ᠪᠤᠯ ᠤᠳᠤ ᠪᠦᠬᠦᠨ ᠢ ᠬᠠᠮᠤᠷᠬᠤ ᠬᠡᠮᠡᠨ ᠤᠷᠤᠯᠳᠤᠳᠠᠭ ᠪᠤᠯᠤᠯ᠎ᠠ᠃ ᠡᠨᠡ ᠪᠤᠯ ᠤᠳᠤ ᠶᠢᠨ ᠵᠤᠬᠢᠶᠠᠯ ᠪᠦᠳᠦᠬᠡᠯ ᠪᠤᠯᠤᠨ ᠡᠷᠳᠡᠨ ᠤ | ᠵᠤᠬᠢᠶᠠᠯ ᠪᠦᠳᠦᠬᠡᠯ ᠤᠨ ᠨᠢᠭᠡ ᠢᠯᠭᠠᠭ᠎ᠠ ᠮᠦᠨ᠃ | | | | | | — ᠠᠷᠠᠳ ᠤᠨ ᠲᠠᠭᠤᠤ ᠶᠢᠨ ᠦᠬᠡ ᠰᠢᠯᠦᠭ ᠢ ᠵᠤᠬᠢᠶᠠᠯ ᠤᠨ ᠲᠠᠭᠤᠤ ᠲᠠᠢ ᠬᠠᠷᠢᠴᠠᠭᠤᠯᠵᠦ ᠦᠵᠡᠪᠡᠯ᠂ ᠠᠷᠠᠳ ᠤᠨ ᠲᠠᠭᠤᠤ ᠪᠠ ᠵᠤᠬᠢᠶᠠᠯ ᠤᠨ | ᠲᠠᠭᠤᠤ ᠶᠢᠨ ᠰᠢᠨᠵᠢ ᠴᠢᠨᠠᠷ ᠨᠢ ᠡᠷᠡᠰ ᠤᠨᠳᠤᠤ᠃ ᠵᠤᠬᠢᠶᠠᠮᠠᠯ ᠲᠠᠭᠤᠤ ᠶᠢᠨ ᠦᠬᠡ ᠨᠢ ᠤᠷᠢᠳ ᠢᠶᠠᠷ ᠮᠡᠨᠳᠤᠯᠡᠵᠤ᠂ ᠠᠶ᠎ᠠ ᠨᠢ ᠬᠤᠶᠢᠨ᠎ᠠ ᠮᠡᠨᠳᠤᠯᠡᠨᠠ᠃ | ᠠᠷᠠᠳ ᠤᠨ ᠲᠠᠭᠤᠤ ᠪᠤᠯ ᠤᠷᠢᠳ ᠢᠶᠠᠷ ᠦᠯᠢᠬᠡᠷ ᠲᠡᠤᠬᠡ ᠭᠠᠷᠴᠤ᠂ ᠲᠠᠷᠠᠭ᠎ᠠ ᠨᠢ ᠠᠶ᠎ᠠ ᠵᠤᠬᠢᠶᠠᠬᠳᠠᠨᠠ ᠭᠡᠵᠤ ᠮᠠᠰᠢᠵᠢᠷᠭᠠᠯ ᠭᠤᠸᠡᠢ ᠤᠴᠢᠷᠯᠠᠨ᠎ᠠ᠃ | ᠮᠠᠰᠢᠵᠢᠷᠭᠠᠯ ᠭᠤᠸᠡᠢ ᠶᠢᠨ ᠵᠤᠬᠢᠶᠠᠬᠰᠠᠨ ︽ᠲᠠᠭᠤᠤ ᠬᠦᠭᠵᠢᠮ ᠤᠨ ᠠᠷᠢᠭᠤᠨ ᠰᠤᠷᠪᠤᠯᠵᠢ — ︿ᠠᠷᠠᠳ ᠤᠨ ᠲᠠᠭᠤᠤ﹀︾ ᠳᠤ ᠢᠡᠭᠬᠢᠵᠦ ᠶᠠᠷᠢᠵᠡᠢ᠄ | ︽ᠲᠠᠭᠤᠤ ᠪᠤᠯ ᠠᠶᠠᠰ ᠬᠠᠪᠰᠤᠷᠭᠠᠬᠰᠠᠨ ᠦᠬᠡ ᠪᠠᠷ ᠪᠤᠰᠤᠳ ᠢ ᠨᠦᠯᠦᠬᠡᠯᠡᠳᠡᠭ ᠲᠤᠯᠠ ᠬᠡᠯᠡᠬᠦ ᠬᠡᠰᠡᠨ ᠦᠬᠡ ᠪᠠᠨ ᠰᠢᠭᠤᠳ ᠬᠡᠯᠡᠵᠦ ᠭᠠᠷᠭᠠᠳᠠᠭ ᠠᠴᠠ ᠬᠤᠯᠠ | ᠤᠷᠠᠯᠢᠬᠵᠢᠭᠤᠨ ᠪᠤᠯᠵᠦ᠂ ᠬᠦᠮᠦᠨ ᠪᠠ ᠪᠤᠰᠤᠳ ᠠᠮᠢᠳᠤ ᠪᠤᠳᠠᠰ ᠤᠨ ᠲᠤᠳᠤᠭᠠᠳᠤ ᠰᠡᠳᠬᠢᠯᠬᠡ ᠶᠢ ᠬᠢᠯᠪᠠᠷᠬᠠᠨ ᠨᠦᠯᠦᠬᠡᠯᠡᠵᠦ ᠴᠢᠳᠠᠳᠠᠭ ᠤᠷᠠᠯᠢᠭ ᠤᠨ | ᠬᠦᠴᠦᠨ ᠲᠠᠢ ᠪᠠᠶᠢᠳᠠᠭ᠃ ᠰᠢᠨᠵᠢᠯᠡᠬᠦ ᠤᠬᠠᠭᠠᠨ ᠤ ᠲᠠᠯ᠎ᠠ ᠪᠠᠷ ᠬᠦᠮᠦᠰ ᠲᠤ ᠮᠠᠰᠢ ᠭᠠᠶᠢᠬᠠᠬᠳᠠᠬᠤ ᠳᠠᠭᠠᠨ ᠶᠠᠷᠤ ᠪᠤᠰᠤ ᠶᠢᠨ ᠰᠡᠳᠬᠢᠯᠬᠡ ᠶᠢᠨ ᠬᠤᠪᠢᠷᠠᠯᠳᠠ | ᠭᠠᠷᠭᠠᠭᠤᠯᠳᠠᠭ ᠨᠢ ᠭᠤᠤᠯᠳᠠᠭᠤ ᠮᠠᠯᠴᠢᠨ ᠬᠦᠮᠦᠨ ᠤ ᠬᠦᠳᠡᠯᠮᠤᠷᠢ ᠶᠢᠨ ᠤᠷᠢᠶ᠎ᠠ ᠪᠤᠯᠤᠨ ᠲᠤᠰᠬᠠᠢᠢᠵᠢᠭᠤᠯᠤᠬᠰᠠᠨ ᠬᠦᠭᠵᠢᠮ ᠤᠨ ᠨᠢᠭᠤᠴᠠ ᠤᠪᠠᠳᠢᠰ ᠲᠤᠨᠢ | ᠪᠠᠶᠢᠭ᠎ᠠ ᠶᠤᠮ︾ ᠬᠡᠵᠡᠢ᠃ | ᠮᠠᠰᠢᠵᠢᠷᠭᠠᠯ ᠭᠤᠸᠡᠢ ᠠᠷᠠᠳ ᠤᠨ ᠲᠠᠭᠤᠤ ᠪᠠᠨ ᠴᠤᠬᠯᠠᠭᠤᠯᠵᠦ ᠡᠮᠬᠢᠳᠬᠡᠬᠦ᠂ ᠲᠠᠭᠤᠯᠠᠬᠤ ᠰᠤᠳᠤᠯᠬᠤ ᠴᠢᠭᠯᠡᠯ ᠢᠶᠠᠷ ᠰᠢᠭᠤᠷᠬᠠᠢᠢᠯᠠᠨ ᠠᠵᠢᠯᠯᠠᠵᠤ ᠬᠤᠷᠢ | ᠭᠠᠷᠤᠢ ᠤᠷᠠᠨ ᠪᠦᠳᠦᠬᠡᠯ ᠭᠠᠷᠭᠠᠬᠰᠠᠨ ᠤ ᠭᠤᠤᠯ ᠵᠤᠷᠢᠯᠭ᠎ᠠ ᠨᠢ᠂ ᠤᠷᠳᠤᠰ ᠨᠤᠳᠤᠭ ᠲᠠᠭᠤᠤ ᠪᠦᠵᠢᠭ ᠤᠨ ᠦᠯᠦᠬᠡᠢ ᠭᠡᠮᠡᠨ ᠴᠤᠯᠠᠯᠠᠬᠳᠠᠬᠰᠠᠨ ᠤ ᠭᠤᠤᠯ | ᠪᠠᠶᠢᠷᠢ ᠶᠢ ᠠᠷᠠᠳ ᠤᠨ ᠲᠠᠭᠤᠤ ᠪᠠᠷ ᠡᠵᠡᠯᠡᠬᠦᠯᠵᠤ᠂ ᠤᠷᠳᠤᠰ ᠠᠷᠠᠳ ᠤᠨ ᠲᠠᠭᠤᠤ ᠶᠢᠨ ᠭᠠᠶᠢᠬᠠᠮᠰᠢᠭ ᠢ ᠨᠡᠶᠢᠬᠡᠮ ᠨᠠᠶᠢᠳᠠ ᠳᠤ ᠤᠬᠠᠭᠤᠯᠬᠤ᠂ ᠬᠠᠮᠠᠭᠠᠯᠠᠬᠤ᠂ | ᠲᠠᠨᠢᠭᠤᠯᠬᠤ᠂ ᠬᠦᠭᠵᠢᠬᠦᠯᠬᠦ ᠬᠡᠰᠡᠨ ᠡᠴᠢᠨ᠎ᠠ ᠰᠠᠨᠠᠭ᠎ᠠ ᠪᠠᠶᠢᠬᠰᠠᠨ ᠢ ᠪᠢᠳᠠ ᠰᠤᠷᠪᠤᠯᠵᠢᠯᠠᠭ᠎ᠠ ᠲᠤᠮᠳᠠ ᠪᠠᠨ ᠬᠦᠨ ᠦᠢᠯᠠᠭᠠᠯ᠎ᠠ᠃ | | ︽ᠮᠠᠨ ᠤ ᠤᠯᠭᠠᠨᠮᠦ᠋ᠴᠢᠷ ᠢᠡᠭᠬᠢᠵᠦ ᠬᠡᠯᠡᠵᠦ ᠪᠠᠶᠢᠬᠰᠠᠨ︾ | ᠮᠠᠰᠢᠵᠢᠷᠭᠠᠯ ᠭᠤᠸᠡᠢ 8 ᠨᠠᠰᠤᠳᠡᠢ ᠲᠡᠷᠡ ᠵᠢᠯ᠂ ᠲᠡᠳᠡᠨ ᠤ ᠳᠤ ᠢᠷᠡᠭᠰᠡᠨ ᠨᠢᠬᠡ ᠬᠡᠶᠢᠴᠢᠨ ᠲᠡᠬᠦᠨ ᠲᠠᠢ ᠵᠤᠭᠤᠬᠳᠠᠵᠦ ᠪᠠᠶᠢᠭᠠᠳ ᠤᠯᠭᠠᠨᠳᠤᠯᠤᠭᠠᠢ ᠶᠢᠨ | ᠰᠦᠮ᠎ᠠ ᠲᠡᠭᠡᠷ᠎ᠠ ᠪᠢᠴᠢᠭ ᠦᠵᠡᠵᠦ ᠪᠠᠶᠢᠬᠤ ᠶᠢ ᠨᠢ ᠶᠡᠭᠡ ᠯᠠ ᠰᠤᠨᠢᠭᠤᠴᠢᠯᠡᠵᠦ᠂ ︽ᠪᠠᠭᠰᠢ ᠳᠠᠭᠠᠨ ᠲᠠᠨᠢᠯᠴᠠᠭᠤᠯᠵᠦ ᠦᠭᠬᠦᠶ᠎ᠠ︾ ᠭᠡᠵᠤ ᠠᠮᠠᠯᠳᠠᠵᠠᠢ᠃ ᠲᠡᠮᠡᠢ | ᠤᠳᠠᠬᠰᠠᠨ ᠦᠬᠡᠢ ᠲᠡᠷᠡ ᠬᠦᠮᠤᠨ ᠦᠨᠡᠬᠡᠷ ᠦᠬᠡ ᠢᠷᠡᠬᠦᠯᠪᠠ᠃ ᠮᠠᠰᠢᠵᠢᠷᠭᠠᠯ ᠭᠤᠸᠡᠢ ᠬᠠᠭᠤᠷᠤᠬᠰᠠᠨ ᠠᠮᠤ ᠪᠠᠨ ᠰᠠᠪᠠᠯᠠᠭᠠᠳ ᠰᠦᠮ᠎ᠠ ᠲᠡᠭᠡᠷ᠎ᠠ ᠬᠦᠷᠴᠤ | ᠲᠠᠬᠢᠶᠠᠨ ᠡᠬᠦᠷ ᠰᠢᠭ ᠲᠤᠵᠢ ᠪᠤᠰᠠᠬᠠᠬᠰᠠᠨ ᠪᠢᠴᠢᠭ ᠤᠨ ᠰᠢᠷᠡᠬᠡᠨ ᠲᠡᠭᠡᠷ᠎ᠠ ᠪᠢᠴᠢᠭ ᠬᠡᠭᠴᠢ ᠶᠢ ᠲᠠᠨᠢᠵᠦ ᠡᠬᠢᠯᠡᠭᠰᠡᠨ ᠪᠠᠶᠢᠨ᠎ᠠ᠃ ᠲᠡᠷᠡ ᠦᠶ᠎ᠠ ᠳᠤ ᠲᠤᠯᠢ ᠪᠢᠴᠢᠭ | ᠪᠤᠯᠤᠬᠰᠠᠨ ︽ᠬᠦᠡᠭ ᠤᠨ ᠵᠤᠤ ᠶᠢᠨ ᠰᠤᠷᠭᠠᠯ ︾᠂ ︽ᠭᠤᠷᠪᠠᠨ ᠤᠯᠤᠰ ᠤᠨ ᠦᠯᠢᠬᠡᠷ︾ ᠢ ᠠᠶᠠᠯᠭᠤᠯᠠᠨ ᠤᠡᠭᠰᠢᠳᠠᠭ ᠪᠠᠶᠢᠪᠠ᠃ ︽ᠡᠨᠡ ᠤᠡᠭᠰᠢᠯᠭ᠎ᠠ ᠶᠠᠮᠠᠷ | ᠰᠠᠶᠢᠬᠠᠨ ᠠᠶ᠎ᠠ ᠪᠠᠶᠢᠬᠰᠠᠨ ᠪᠢᠯᠡ︾ ᠬᠡᠮᠡᠨ ᠲᠡᠷᠡ ᠬᠠᠶᠠ ᠳᠠᠭᠠᠨ ᠰᠡᠳᠬᠢᠯ ᠤᠪᠤᠯᠵᠠᠨ ᠠᠶᠢᠷᠠᠭ ᠰᠦ ᠪᠠᠨ ᠰᠠᠨᠠᠵᠦ ᠪᠠᠶᠢᠬᠰᠠᠨ ᠴᠤ ᠤᠳᠠᠭ᠎ᠠ ᠲᠠᠢ᠃ ᠬᠤᠵᠢᠮ ᠨᠢ | ᠲᠡᠷᠡ ︽ᠡᠨᠡ ᠠᠶ᠎ᠠ ᠪᠤᠯ ᠬᠤᠭᠤᠷ ᠤᠨ ᠦᠯᠢᠬᠡᠷ ᠲᠤ ᠭᠠᠷᠳᠠᠭ ᠪᠠᠭᠠᠳᠤᠷᠴᠤᠳ ᠢ ᠮᠠᠬᠳᠠᠨ ᠬᠦᠭᠯᠡᠳᠡᠭ ᠠᠶ᠎ᠠ ᠪᠠᠶᠢᠬᠰᠠᠨ︾ ᠢ ᠠᠷᠠᠳ ᠤᠨ ᠲᠠᠭᠤᠤ ᠶᠢᠨ | ᠰᠤᠳᠤᠯᠭᠠᠨ ᠲᠤᠮᠳᠠ ᠪᠠᠨ ᠮᠡᠳᠡᠷᠡᠵᠦ ᠪᠢᠯᠡ᠃ | ᠲᠡᠷᠡ ᠪᠠᠭ᠎ᠠ ᠰᠤᠷᠭᠠᠭᠤᠯᠢ ᠪᠠᠨ ᠲᠡᠬᠦᠰᠦᠬᠡᠳ ᠲᠤᠮᠳᠠᠳᠤ ᠰᠤᠷᠭᠠᠭᠤᠯᠢ ᠳᠤ ᠰᠠᠭᠤᠬᠤ ᠪᠠᠷ ᠳ᠋ᠥᠡᠭᠱᠸᠡᠭ ᠤᠷᠤᠭᠤ ᠮᠤᠳᠤᠨ ᠤ ᠵᠦᠭ ᠢᠶᠠᠷ ᠴᠢᠭᠯᠡᠨ | ᠶᠠᠪᠠᠭᠠᠨ ᠢᠶᠠᠷ ᠬᠡᠳᠦᠨ ᠬᠤᠨᠤᠭ ᠬᠦᠶᠦᠵᠦ ᠬᠤᠶᠠᠷ ᠲᠠᠪᠬᠤᠷ ᠠᠰᠠᠷ ᠲᠠᠢ ᠳ᠋ᠥᠡᠭᠱᠸᠡᠭ ᠳᠤ ᠠᠩᠬ᠎ᠠ ᠬᠦᠯ ᠲᠠᠯᠪᠢᠵᠡᠢ᠃ ᠮᠠᠰᠢᠵᠢᠷᠭᠠᠯ ᠬᠤᠳᠠ ᠶᠢᠨ ᠬᠤᠶᠠᠳᠤᠭᠠᠷ | ᠲᠤᠮᠳᠠᠳᠤ ᠰᠤᠷᠭᠠᠭᠤᠯᠢ ᠳᠤ ᠰᠤᠷᠤᠯᠴᠠᠵᠦ ᠪᠠᠶᠢᠬᠤ ᠳᠠᠭᠠᠨ ᠬᠢᠯᠳᠠᠭᠠᠨᠠᠭᠤᠷ ᠤᠷᠤᠭᠠᠳ ᠠᠩᠬᠢ ᠶᠢᠨ ᠪᠠᠭᠰᠢ ᠶᠢᠨ ᠢᠶᠠᠨ ᠴᠦᠬᠦᠷᠡᠰᠢ ᠦᠬᠡᠢ ᠢᠳᠬᠠᠯᠭ᠎ᠠ ᠶᠢ | ᠰᠤᠨᠤᠰᠤᠯ ᠦᠬᠡᠢ ᠬᠦᠳᠡᠭᠡ ᠭᠡᠷ ᠲᠡᠭᠡᠨ ᠬᠠᠷᠢᠵᠤ ᠮᠠᠯ ᠬᠠᠷᠢᠭᠤᠯᠪᠠ᠃ ᠠᠵᠠ ᠪᠠᠷ ᠲᠡᠬᠦᠨ ᠳᠤ ᠰᠤᠮᠤᠨ ᠤ ᠠᠵᠢᠯ ᠤᠨ ᠴᠢᠯᠦᠬᠡᠨ ᠤ ᠤᠯᠠᠭᠠᠨᠮᠦ᠋ᠴᠢᠷ ᠲᠤ | ᠠᠵᠢᠯᠳᠠᠨ ᠡᠯᠰᠡᠬᠦ ᠲᠤᠬᠢᠶᠠᠯ ᠲᠠᠭᠠᠷᠠᠯᠳᠤᠵᠤ ᠰᠤᠮᠤᠨ ᠳᠤ ᠬᠦᠷᠴᠤ ᠠᠵᠢᠯᠯᠡᠵᠡᠢ᠃ ᠤᠯᠠᠭᠠᠨᠳᠤᠯᠤᠭᠠᠢ ᠠᠴᠠ ᠭᠤᠷᠪᠠᠨ ᠬᠦᠮᠤᠨ ᠰᠤᠩᠭᠤᠬᠳᠠᠬᠰᠠᠨ ᠤ ᠨᠢᠭᠡ ᠨᠢ | ᠲᠡᠷᠡ ᠪᠠᠶᠢᠪᠠ᠃ ᠮᠠᠰᠢᠵᠢᠷᠭᠠᠯ ᠬᠤᠪᠢᠰᠬᠯᠳᠤ ᠤᠳᠬ᠎ᠠ ᠤᠷᠠᠯᠢᠭ ᠤᠨ ᠪᠦᠯᠬᠦᠮ᠂ ᠮᠠᠤ ᠽᠧ ᠳ᠋ᠥᠡᠭ ᠤᠨ ᠦᠵᠡᠯ ᠰᠠᠨᠠᠭ᠎ᠠ ᠶᠢ ᠤᠬᠠᠭᠤᠯᠬᠤ ᠠᠩᠬᠢ ᠶᠢᠨ ᠬᠡᠰᠢᠬᠦᠨ | ᠪᠤᠯᠵᠦ ᠶᠠᠪᠤᠬᠤ ᠳᠠᠭᠠᠨ ᠵᠠᠬᠢᠳᠠᠯ ᠪᠢᠴᠢᠬᠦ᠂ ᠦᠬᠦᠴᠠ ᠭᠠᠷᠭᠠᠬᠤ᠂ ᠡᠪᠳᠡᠷᠬᠡᠢ ᠪᠠᠶᠢᠰᠢᠩ ᠰᠡᠯᠪᠢᠨ ᠵᠠᠰᠠᠬᠤ᠂ ᠬᠡᠷ ᠤᠨ ᠠᠳᠠᠷ ᠲᠤ ᠴᠠᠭᠠᠰᠤ ᠨᠠᠭᠠᠬᠤ ᠵᠡᠷᠬᠡ | ᠬᠦᠡᠭᠱᠧ ᠶᠢᠨ ᠲᠦᠷ ᠴᠠᠭ ᠤᠨ ᠠᠵᠢᠯᠳᠠᠨ ᠠᠳᠠᠯᠢ ᠠᠵᠢᠯᠯᠠᠵᠦ᠂ ᠨᠢᠬᠡ ᠬᠤᠶᠠᠷ ᠵᠤᠭᠤᠰ ᠤᠯᠤᠭᠠᠳ ᠭᠡᠮᠵᠢᠶ᠎ᠠ ᠦᠭᠡᠢ ᠪᠠᠶᠠᠰᠴᠤ ᠶᠠᠪᠤᠳᠠᠭ ᠪᠠᠶᠢᠵᠠᠢ᠃ | ᠮᠠᠰᠢᠵᠢᠷᠭᠠᠯ ᠪᠠᠭ᠎ᠠ ᠠᠴᠠ ᠪᠠᠨ ᠲᠠᠭᠤᠤ ᠬᠦᠭᠵᠢᠮ ᠳᠤ ᠲᠤᠷ᠎ᠠ ᠪᠠᠬ᠎ᠠ ᠲᠠᠢ᠂ ᠪᠤᠳᠠᠭ᠎ᠠ ᠢᠳᠡᠳᠡᠭ ᠮᠤᠳᠤᠨ ᠠᠶᠠᠭ᠎ᠠ ᠪᠠᠨ ᠴᠤᠭᠤᠯᠤᠭᠠᠳ ᠱᠠᠨᠵᠨ ᠬᠢᠵᠦ | ᠠᠷᠠᠳ ᠤᠨ ᠲᠠᠭᠤᠴᠢᠨ ᠤ ᠲᠠᠭᠤᠯᠠᠬᠰᠠᠨ ︽ᠰᠡᠨᠵᠢᠳᠮ᠎ᠠ︾ ᠬᠡᠬᠦ ᠲᠠᠭᠤᠤ ᠶᠢ ᠲᠤᠭ ᠲᠤᠭ ᠲᠤᠬᠰᠢᠵᠦ ᠬᠦᠭᠵᠢᠮ ᠡᠬᠦᠰᠬᠡᠵᠦ ᠪᠠᠶᠢᠵᠡᠢ᠃ ︽ᠮᠠᠩᠬᠠᠨ | ᠴᠤᠭᠤᠷᠬᠠᠢ ᠳᠤ ᠦᠯᠢᠶᠠᠵᠦ ᠭᠠᠷᠭᠠᠬᠰᠠᠨ ᠦᠬᠢᠷᠡᠬᠡᠢ ᠮᠤᠳᠤ ᠪᠠᠷ ᠬᠤᠶᠢᠴᠠᠩ ᠬᠤᠭᠤᠷ ᠬᠢᠵᠤ ᠂ ᠪᠠᠶᠠᠡᠭᠤᠤᠯ ᠤᠨ ᠵᠡᠬᠦᠨ ᠡᠮᠦᠨᠡᠳᠡᠬᠢ ᠤᠡᠭᠭᠤᠨ ᠮᠠᠩᠬᠠᠨ ᠤ | ᠠᠷᠴᠠᠨ ᠤ ᠲᠠᠪᠠᠷᠬᠠᠢ ᠶᠢ ᠲᠦᠷᠬᠢᠵᠦ ᠴᠦᠷ ᠴᠦᠷ ᠬᠡᠵᠦ ᠲᠤᠤᠭᠠᠷᠭᠠᠳᠠᠭ ᠪᠠᠶᠢᠬᠰᠠᠨ︾ ᠬᠡᠮᠡᠨ ᠮᠠᠰᠢᠵᠢᠷᠭᠠᠯ ᠭᠤᠸᠡᠢ ᠬᠦᠬᠡᠷᠦᠨᠠ᠃ | ᠤᠢᠤᠰᠢᠨ ᠬᠤᠰᠢᠭᠤᠨ ᠤ ᠤᠯᠠᠭᠠᠨᠮᠦ᠋ᠴᠢᠷ ᠲᠤ ᠬᠤᠷᠢᠨ ᠵᠢᠯ ᠠᠵᠢᠯᠯᠠᠵᠦ ᠶᠠᠪᠤᠬᠤ ᠳᠠᠭᠠᠨ ᠢᠮᠠᠭᠠᠨ ᠬᠦᠷᠢᠶ᠎ᠠ ᠪᠠᠷ ᠬᠦᠰᠢᠬᠡ ᠪᠤᠯᠭᠠᠵᠦ ᠨᠦᠮᠤᠷᠢ ᠳᠤᠨᠢ | ᠲᠤᠬᠯᠠᠯᠳᠠ ᠭᠠᠷᠭᠠᠵᠦ ᠪᠠᠶᠢᠵᠡᠢ᠃ ᠲᠠᠶᠢᠰᠠᠨ ᠠᠷᠤ ᠳᠤ ᠬᠡᠤᠬᠡᠳ ᠢᠶᠠᠨ ᠬᠦᠬᠦᠬᠦᠯᠵᠦ ᠪᠠᠶᠢᠬᠰᠠᠨ ᠡᠮᠡᠭᠳᠡᠢ ᠲᠤᠬᠯᠠᠬᠴᠢ ᠲᠠᠶᠢᠰᠠᠨ ᠲᠡᠭᠡᠷ᠎ᠠ ᠭᠠᠷᠴᠤ ᠪᠦᠵᠢᠭᠯᠡᠬᠦ ᠳᠤ | ᠂ ᠲᠡᠷᠡ ᠬᠡᠤᠬᠡᠳ ᠢ ᠨᠢ ᠰᠠᠭᠠᠳᠠᠭᠤᠯᠳᠠᠭ ᠪᠠᠶᠢᠯ᠎ᠠ᠃ ᠲᠡᠷᠡ ᠦᠶ᠎ᠠ ᠳᠤ ᠡᠮᠴᠢ ᠶᠢᠨ ᠬᠤᠷᠢᠶᠠᠨ ᠳᠤ ᠡᠮᠨᠡᠬᠦᠯᠵᠤ ᠪᠠᠶᠢᠬᠰᠠᠨ ᠠᠵᠢᠯᠳᠠᠳ ᠢᠶᠠᠨ ᠴᠤ ᠢᠳᠬᠠᠵᠦ | ᠪᠠᠶᠢᠭᠠᠳ ᠲᠠᠶᠢᠰᠠᠨ ᠳᠤ ᠭᠠᠷᠭᠠᠳᠠᠭ ᠪᠠᠶᠢᠬᠰᠠᠨ ᠭᠡᠨ᠎ᠠ᠃ ᠲᠡᠷᠡ ᠡᠶᠢᠮᠤ ᠨᠢᠭᠡᠨ ᠦᠯᠢᠬᠡᠷ ᠢ ᠶᠠᠷᠢᠪᠠ᠄ | ᠪᠦᠷᠢᠳᠤ ᠠᠴᠠ ᠴᠠᠭᠠᠨᠰᠦ᠋ᠮ᠎ᠠ ᠬᠦᠷᠳᠡᠯ᠎ᠠ ᠨᠢᠬᠡᠨ ᠠᠬᠠᠮᠠᠳ ᠴᠡᠷᠢᠭ ᠲᠠᠢ ᠬᠠᠮᠳᠤ ᠶᠠᠪᠠᠭᠠᠨ ᠢᠶᠠᠷ ᠡᠯᠡᠰᠤ ᠮᠠᠩᠬ᠎ᠠ᠂ ᠪᠤᠳᠠ ᠪᠤᠷᠭᠠᠰᠤ ᠶᠢ ᠲᠤᠭᠤᠯᠤᠨ | ᠴᠠᠭᠠᠨᠰᠦ᠋ᠮ᠎ᠠ ᠬᠦᠷᠬᠦ ᠳᠤ ᠦᠨᠦᠬᠢ ᠴᠡᠷᠢᠭ ᠠᠪᠠᠭ᠎ᠠ ᠪᠦᠳᠦᠨ ᠪᠡᠶ᠎ᠠ ᠬᠦᠯᠦᠷᠡᠵᠤ᠄ ︽ᠡᠨᠡ ᠤᠯᠠᠭᠠᠨᠮᠦ᠋ᠴᠢᠷ ᠤᠨ ᠬᠢᠨ ᠲᠠᠢ ᠴᠤᠭ ᠶᠠᠪᠤᠭᠠᠳ ᠶᠠᠳᠠᠷᠠᠵᠦ ᠦᠬᠦᠬᠦ | ᠰᠢᠬᠠᠯ᠎ᠠ︾ ᠬᠡᠰᠡᠨ ᠬᠡᠨ᠎ᠠ᠃ ᠲᠡᠨᠳᠠ ᠠᠴᠠ ᠬᠤᠶᠢᠰᠢ ᠵᠢᠯ ᠪᠦᠷᠢ ᠤᠯᠠᠭᠠᠨᠮᠦ᠋ᠴᠢᠷ ᠤᠨ ᠬᠢᠨ ᠳᠤ ᠪᠤᠬᠴᠤ᠂ ᠤᠰᠤᠨ ᠰᠠᠪᠠ᠂ ᠬᠦᠨᠵᠢᠯᠠ ᠲᠠᠩᠰᠠ᠂ ᠡᠪᠤᠯ | ᠪᠤᠯᠬᠤ ᠳᠤ ᠬᠤᠨᠢᠨ ᠳ᠋ᠠᠴᠠᠩ ᠬᠤᠪᠢᠶᠠᠳᠠᠭ ᠪᠤᠯᠵᠡᠢ᠃ ᠮᠠᠰᠢᠵᠢᠷᠭᠠᠯ ᠭᠤᠸᠡᠢ ᠨᠠᠷᠠ ᠰᠠᠷ᠎ᠠ ᠬᠡᠷᠡᠯᠳᠦᠭᠰᠡᠨ ᠢᠰᠡᠬᠡᠢ ᠪᠠᠷ ᠢᠶᠠᠨ ᠬᠦᠨᠵᠢᠯᠡ ᠲᠡᠪᠢᠰᠬᠡᠷ ᠢᠶᠠᠨ ᠪᠠᠭᠯᠠᠭᠠᠳ | ᠦᠷᠯᠦᠬᠡ ᠶᠢᠨ ᠨᠠᠷᠠ ᠲᠠᠢ ᠤᠷᠤᠯᠳᠤᠨ ᠪᠠᠷᠢᠭᠠᠳᠠ ᠶᠢ ᠴᠢᠭᠯᠡᠵᠦ ᠪᠠᠶᠢᠬᠰᠠᠨ ᠭᠡᠨ᠎ᠠ᠃ ᠦᠨᠤ ᠴᠤ ᠭᠡᠰᠡᠨ ᠠᠷᠠᠳ ᠤᠯᠠᠨ᠄ ︽ᠮᠠᠨ ᠤ ᠤᠯᠠᠭᠠᠨᠮᠦ᠋ᠴᠢᠷ ᠢᠡᠭᠬᠢᠵᠦ | ᠬᠡᠯᠡᠵᠦ ᠪᠠᠶᠢᠬᠰᠠᠨ︾ ᠬᠡᠵᠦ ᠦᠷᠦ ᠡᠪᠡᠳᠦᠨ ᠠᠩᠬᠠᠨ ᠤ ᠦᠶ᠎ᠠ ᠶᠢᠨ ᠤᠯᠠᠭᠠᠨᠮᠦ᠋ᠴᠢᠷ ᠤᠨ ᠬᠢᠨ ᠤ ᠵᠤᠷᠢᠭ ᠰᠠᠨᠠᠭ᠎ᠠ ᠶᠢ ᠮᠠᠬᠳᠠᠨ ᠶᠠᠷᠢᠵᠦ ᠪᠠᠶᠢᠬᠰᠠᠨ ᠬᠡᠯᠳᠡᠢ᠃ | ︽ᠤᠯᠠᠭᠠᠨᠮᠦ᠋ᠴᠢᠷ︾ ᠬᠡᠰᠡᠨ ᠢ ᠲᠡᠷᠡ ᠴᠠᠭ ᠠᠴᠠ ᠴᠤ ᠠᠷᠠᠳ ᠲᠦᠮᠡᠨ ᠦᠨᠡᠨ ᠬᠦ ᠦᠢᠯᠠᠭᠠᠵᠦ ᠲᠠᠨᠢᠵᠡᠢ᠃ ᠬᠠᠮᠤᠭ ᠤᠨ ᠡᠷᠳᠡ ᠤᠯᠠᠭᠠᠨᠮᠦ᠋ᠴᠢᠷ ᠢ | ᠲᠡᠯᠬᠡᠷᠡᠬᠦᠯᠵᠦ ᠪᠦᠬᠦ ᠤᠯᠤᠰ ᠢ ᠲᠤᠭᠤᠷᠢᠨ ᠲᠤᠬᠯᠠᠯᠳᠠ ᠭᠠᠷᠭᠠᠵᠦ ᠪᠠᠶᠢᠬᠰᠠᠨ ᠲᠡᠷᠡ ᠵᠢᠯ᠂ 1965 ᠤᠨ ᠳᠤ ᠮᠠᠰᠢᠵᠢᠷᠭᠠᠯ ᠭᠤᠸᠡᠢ ᠶᠢᠨ ᠵᠤᠬᠢᠶᠠᠬᠰᠠᠨ ︽ | ᠠᠷᠠᠳ ᠤᠨ ᠬᠦᠡᠭᠱᠧ ᠰᠠᠶᠢᠨ︾ ᠬᠡᠰᠡᠨ ᠲᠠᠭᠤᠤ ᠶᠢ ᠤᠯᠠᠭᠠᠨᠮᠦ᠋ᠴᠢᠷ ᠤᠨ ᠬᠢᠨ ᠰᠠᠶᠢᠨ ᠲᠠᠭᠤᠯᠠᠵᠦ ᠪᠠᠶᠢᠵᠡᠢ᠃ ᠡᠨᠡ ᠲᠠᠭᠤᠤ ᠶᠢᠨ ᠦᠨᠳᠦᠰᠤ ᠪᠤᠯ ︽ᠠᠵᠢᠨᠡᠢ︾ | ᠬᠡᠰᠡᠨ ᠲᠠᠭᠤᠤ ᠪᠠᠶᠢᠬᠰᠠᠨ ᠬᠡᠵᠦ ᠮᠠᠰᠢᠵᠢᠷᠭᠠᠯ ᠭᠤᠸᠡᠢ ᠬᠠᠭᠤᠴᠢᠯᠠᠨ᠎ᠠ᠃ | ᠮᠠᠰᠢᠵᠢᠷᠭᠠᠯ ᠭᠤᠸᠡᠢ ᠤᠷᠠᠯᠢᠭ ᠤᠨ ᠠᠵᠢᠯ ᠳᠤ ᠭᠠᠪᠰᠢᠭᠠᠢᠢᠯᠠᠵᠦ᠂ ᠲᠤᠬᠯᠠᠬᠴᠢ ᠪᠠᠶᠢᠬᠰᠠᠨ ᠠᠴᠠ ᠪᠠᠨ ᠬᠦᠭᠵᠢᠮᠴᠢᠨ ᠪᠤᠯᠤᠬᠰᠠᠨ ᠪᠦᠭᠡᠳ ᠶᠡᠬᠡᠨᠭᠬᠢ | ᠴᠠᠭ ᠢᠶᠠᠨ ᠲᠠᠭᠤᠤ ᠬᠦᠭᠵᠢᠮ ᠤᠨ ᠵᠤᠬᠢᠶᠠᠯ ᠪᠢᠴᠢᠵᠤ ᠤᠷᠤᠯᠳᠤᠬᠤ ᠳᠤ ᠵᠤᠷᠢᠭᠤᠯᠵᠤ ᠶᠠᠪᠤᠵᠠᠢ᠃ ᠲᠡᠷᠡ ᠤᠯᠠᠨ ᠵᠦᠢᠯ ᠤᠨ ᠬᠦᠭᠵᠢᠮ ᠤᠨ ᠲᠦᠷᠢ ᠶᠢ ᠴᠢᠷᠮᠠᠶᠢᠨ | ᠪᠦᠳᠦᠬᠡᠵᠦ᠂ ᠤᠷᠠᠯᠢᠬᠴᠢᠳ ᠤᠨ ᠪᠡᠶ᠎ᠠ ᠬᠡᠯᠡ ᠰᠡᠳᠬᠢᠯ ᠤᠨ ᠨᠠᠮᠪᠠ ᠶᠢ ᠬᠦᠭᠵᠢᠮᠳᠡᠬᠦᠷ ᠢᠶᠠᠷ ᠢᠯᠡᠳᠭᠡᠬᠦ ᠲᠡᠭᠡᠷ᠎ᠠ ᠨᠠᠰᠤ ᠪᠠᠨ ᠡᠯᠡᠬᠡᠭᠰᠡᠨ ᠤᠷᠠᠯᠢᠭ ᠤᠨ | ᠠᠵᠢᠯᠳᠠᠨ ᠤ ᠭᠠᠶᠢᠬᠠᠮᠰᠢᠬᠳᠤ ᠨᠠᠮᠳᠠᠷ ᠲᠠᠢ ᠪᠢᠯᠡ᠃ | | ︽ᠰᠠᠨᠵᠢᠳᠮ᠎ᠠ︾ ᠶᠢᠨ ᠭᠬᠢᠷ ᠦᠬᠡᠢ ᠴᠠᠭᠠᠨ ᠰᠠᠨᠠᠭ᠎ᠠ | ᠮᠠᠰᠢᠵᠢᠷᠭᠠᠯ ᠭᠤᠸᠡᠢ ᠠᠷᠪᠠᠭᠠᠳ ᠨᠠᠰᠤᠨ ᠤ ᠠᠯᠢᠶ᠎ᠠ ᠭᠠᠨᠭ᠍ᠭᠠᠡᠭ ᠦᠶ᠎ᠠ ᠳᠡᠭᠡᠨ ᠦᠪᠡᠷ ᠤᠨ ᠦᠢᠯᠡᠳᠦᠭᠰᠡᠨ ᠪᠤᠬ ᠮᠠᠯ ᠤᠨ ᠰᠡᠷᠬᠢᠨᠠᠭ ᠤᠨ ᠪᠦᠷᠢᠶᠠᠰᠤ ᠲᠠᠢ᠂ | ᠶᠤᠩᠬᠤᠷ ᠪᠤᠶᠤ ᠮᠤᠷᠢᠨ ᠰᠡᠬᠦᠯ ᠢᠶᠠᠷ ᠲᠠᠮᠤᠬᠰᠠᠨ ᠭᠤᠷᠪᠠᠨ ᠤᠳᠠᠰᠤᠳᠤ ᠬᠦᠭᠵᠢᠮᠳᠡᠬᠦᠷ ᠢᠶᠠᠷ ᠢᠶᠠᠨ ᠠᠷᠠᠳ ᠤᠨ ᠲᠠᠭᠤᠴᠢᠨ ︽ᠰᠡᠨᠵᠢᠳᠮ᠎ᠠ︾ ᠬᠡᠬᠦ ᠲᠠᠭᠤᠤ ᠶᠢ | ᠲᠠᠭᠤᠯᠠᠬᠤ ᠳᠤ ᠬᠠᠪᠰᠤᠷᠤᠨ ᠬᠦᠭᠵᠢᠮᠳᠡᠵᠤ ᠪᠠᠶᠢᠵᠠᠢ᠃ | ᠬᠦᠨ ︵ᠴᠤ︶ ᠲᠠᠯᠠᠢ ᠶᠢᠨ ᠤᠰᠤᠨ ᠠᠴᠠ ᠪᠠᠨ | ᠲᠤᠩᠭᠠᠯᠠᠭ ᠲᠦᠷᠦᠭᠰᠡᠨ ᠶᠤᠮ ᠡ ᠭᠥ᠋ | ᠬᠦᠢ ᠬᠤᠸᠠᠷ ︵ᠶᠦ︶ ᠴᠡᠴᠡᠭ ᠠᠴᠠ ᠪᠠᠨ | ᠦᠡᠭᠬᠡᠳᠡᠢ ᠲᠦᠷᠦᠭᠰᠡᠨ ᠶᠤᠮ ᠭᠥ᠋ ᠁ | ︽︿ᠰᠡᠨᠵᠢᠳᠮ᠎ᠠ﹀ ᠬᠡᠳᠡᠭ ᠲᠠᠭᠤᠤ ᠪᠤᠯ ᠢᠨᠠᠭ ᠠᠮᠠᠷᠠᠭ ᠤᠨ ᠲᠠᠭᠤᠤ ᠨᠤᠭᠤᠳ ᠤᠨ ᠲᠤᠳᠤᠷ᠎ᠠ ᠬᠠᠮᠤᠭ ᠤᠨ ᠶᠡᠭᠡ ᠪᠠᠶᠢᠷᠢ ᠰᠠᠭᠤᠷᠢ ᠪᠡ ᠨᠦᠯᠦᠬᠡ ᠲᠠᠢ | ᠲᠠᠭᠤᠤ ᠶᠤᠮ᠃ ᠲᠤᠰ ᠲᠠᠭᠤᠤ ᠪᠤᠯ ᠰᠠᠨᠠᠨ ᠮᠦᠷᠦᠬᠡᠳᠦᠭᠰᠡᠨ᠂ ᠦᠬᠡᠶᠢᠯᠡᠭᠰᠡᠨ ᠰᠠᠨᠠᠭ᠎ᠠ ᠠᠬᠤᠢ ᠪᠠᠷ ᠬᠦᠨ ᠵᠤᠵᠠᠭᠠᠨ ᠲᠠᠭᠤᠤ ᠪᠢᠯᠡ᠃ ᠷᠤᠮᠠᠨᠲ᠋ᠢᠭ ᠦᠵᠡᠯ ᠢᠶᠠᠷ | ︿ᠰᠡᠨᠵᠢᠳᠮ᠎ᠠ﹀ ᠶᠢᠨ ᠭᠬᠢᠷ ᠦᠬᠡᠢ ᠴᠠᠭᠠᠨ ᠰᠠᠨᠠᠭ᠎ᠠ ᠶᠢ ᠢᠯᠡᠳᠭᠡᠬᠦ ᠳᠡᠭᠡᠨ᠂ ᠰᠡᠨᠵᠢᠳᠮ᠎ᠠ ᠰᠢᠬ ᠬᠠᠶᠢᠷ᠎ᠠ ᠪᠢᠯᠬᠠᠬᠰᠠᠨ᠂ ᠬᠦᠮᠦᠯᠢᠭ ᠦᠵᠡᠯ ᠲᠠᠢ᠂ ᠠᠷᠢᠭᠤᠨ | ᠴᠡᠪᠡᠷ ᠪᠦᠬᠡᠳ ᠤᠯᠠᠨ ᠳᠠᠭᠠᠨ ᠬᠦᠷᠢᠶᠡᠯᠡᠭᠳᠡᠭᠰᠡᠨ ᠬᠦᠮᠤᠨ ᠨᠡᠶᠢᠬᠡᠮ ᠲᠡᠭᠡᠷ᠎ᠠ ᠬᠡᠳᠦᠢ ᠤᠯᠠᠨ ᠪᠤᠯ ᠲᠡᠳᠦᠢ ᠰᠠᠶᠢᠨ ᠬᠡᠬᠦ ᠬᠦᠰᠡᠯᠠᠩᠳᠤ ᠰᠠᠨᠠᠭ᠎ᠠ ᠪᠠᠨ | ᠬᠢᠷᠢ ᠪᠠᠷ ᠢᠶᠠᠨ ᠦᠯᠢᠬᠡᠷᠴᠢᠯᠡᠨ ᠪᠢᠴᠢᠯ᠎ᠠ︾ ᠬᠡᠵᠦ ᠮᠠᠰᠢᠵᠢᠷᠭᠠᠯ ᠭᠤᠸᠡᠢ ᠶᠠᠷᠢᠨ᠎ᠠ᠃ | ᠮᠠᠰᠢᠵᠢᠷᠭᠠᠯ ᠭᠤᠸᠡᠢ᠄ ︽ᠠᠷᠠᠳ ᠤᠨ ᠲᠠᠭᠤᠤ ᠪᠤᠯ ᠠᠷᠠᠳ ᠲᠦᠮᠡᠨ ᠤ ᠲᠡᠤᠬᠡ ᠮᠦᠨ᠂ ᠲᠡᠤᠬᠡ ᠪᠤᠯᠭᠠᠨ ᠡᠵᠡᠨ ᠲᠠᠢ ᠪᠠᠶᠢᠳᠠᠭ᠃ ᠪᠢ ︿ᠰᠠᠨᠵᠢᠳᠮ᠎ᠠ﹀ | ᠬᠡᠰᠡᠨ ᠲᠠᠭᠤᠯᠠᠯᠳᠤ ᠪᠦᠵᠢᠭᠳᠦ ᠵᠦᠴᠦᠬᠡ ᠶᠢ ᠰᠡᠳᠬᠢᠮᠵᠢᠯᠡᠨ ᠵᠤᠬᠢᠶᠠᠬᠤ ᠶᠢᠨ ᠬᠠᠮᠳᠤ ︿ᠰᠠᠨᠵᠢᠳᠮ᠎ᠠ﹀ ᠬᠡᠬᠦ ᠲᠤᠭᠤᠵᠢᠰ ᠢ ᠲᠤᠭᠤᠷᠪᠢᠵᠦ ᠪᠢᠴᠢᠯ᠎ᠠ᠃ | ᠰᠡᠨᠵᠢᠳᠮ᠎ᠠ ᠪᠤᠯ ᠰᠡᠳᠬᠢᠯ ᠨᠢ ᠭᠤᠶᠤ ᠪᠠᠷ ᠪᠠᠷᠠᠬᠤ ᠦᠬᠡᠢ ᠲᠦᠷᠦᠭᠰᠡᠨ ᠨᠢ ᠴᠤ ᠭᠤᠶᠤ ᠪᠠᠶᠢᠬᠤ ᠪᠠᠷ ᠭᠤᠸ᠎ᠠ ᠰᠠᠶᠢᠬᠠᠨ ᠤ ᠪᠦᠷᠢᠯᠸ᠎ᠠ ᠮᠦᠨ︾ ᠬᠡᠯ᠎ᠠ᠃ | ᠠᠷᠠᠳ ᠤᠨ ᠲᠠᠭᠤᠤ ︽ᠰᠡᠨᠵᠢᠳᠮ᠎ᠠ︾ ᠶᠢ ᠬᠤᠪᠢᠷᠠᠭᠤᠯᠤᠨ ᠤᠯᠠᠨ ᠶᠠᠩᠵᠤ ᠪᠠᠷ ᠲᠠᠭᠤᠯᠠᠵᠦ ᠬᠦᠭᠵᠢᠮᠳᠡᠳᠡᠭ᠃ ᠲᠡᠬᠦᠨ ᠤ ᠬᠤᠷᠳᠤᠴᠠ ᠶᠢ ᠤᠯᠠᠨ | ᠵᠦᠢᠯ ᠢᠶᠠᠷ ᠬᠤᠪᠢᠷᠠᠭᠠᠵᠦ ᠪᠤᠯᠳᠠᠭ᠃ ᠦᠢᠯᠠᠭᠠᠬᠰᠠᠨ ᠰᠡᠳᠬᠢᠯᠬᠡ ᠪᠠᠷ ᠢᠶᠠᠨ ᠷᠤᠮᠠᠨᠲ᠋ᠢᠭ᠂ ᠡᠶᠡᠯᠳᠡᠭ ᠵᠦᠬᠡᠯᠡᠨ᠂ ᠡᠷᠡᠮᠡᠯᠵᠡᠨ ᠰᠠᠨᠠᠭᠠᠯᠵᠠᠬᠰᠠᠨ᠂ ᠵᠤᠪᠠᠨᠢᠬᠰᠠᠨ᠂ | ᠬᠦᠭᠵᠢᠬᠡᠯᠢᠭ᠂ ᠬᠦᠨᠳᠦᠳᠬᠡᠯ ᠲᠠᠢ᠂ ᠮᠠᠬᠳᠠᠬᠰᠠᠨ ᠪᠠ ᠡᠷᠬᠢᠴᠡᠬᠦᠯᠦᠭᠰᠡᠨ᠂ ᠡᠨᠡᠷᠢᠭᠰᠡᠨ ᠪᠤᠶᠤ ᠬᠢᠯᠢᠩᠯᠡᠭᠰᠡᠨ᠂ ᠬᠤᠷᠤᠰᠤᠬᠰᠠᠨ ᠪᠤᠶᠤ ᠮᠦᠷᠦᠬᠡᠳᠦᠭᠰᠡᠨ ᠮᠡᠳᠤ ᠶᠢᠨ | ᠰᠡᠳᠬᠢᠯᠬᠡ ᠶᠢ ᠲᠠᠪᠠ ᠪᠠᠷ ᠢᠶᠠᠨ ᠭᠠᠷᠭᠠᠵᠦ ᠪᠤᠯᠬᠤ ᠦᠪᠡᠷᠮᠢᠴᠠ ᠤᠨᠴᠠᠯᠢᠭ ᠲᠠᠢ ᠪᠠᠶᠢᠳᠠᠭ ᠲᠤᠯᠠ ᠲᠤᠰ ᠲᠠᠭᠤᠤ ᠶᠢᠨ ᠬᠦᠭᠵᠢᠮ ᠤᠨ ᠲᠦᠷᠢ ᠶᠢᠨ ᠨᠢᠬᠡᠳᠦᠮᠡᠯ | ᠴᠤᠬᠴᠠ ᠨᠢ ᠲᠡᠷᠡ ᠦᠶ᠎ᠠ ᠶᠢᠨ ᠡᠮᠡᠭᠳᠡᠢ ᠬᠦᠮᠦᠨ ᠤ ᠠᠮᠢᠳᠤᠷᠠᠯ ᠢ ᠦᠵᠡᠭᠳᠡᠵᠤ ᠬᠠᠷᠠᠬᠳᠠᠳᠠᠯᠠ ᠲᠠᠮᠳᠡᠭᠯᠡᠵᠤ᠂ ᠵᠠᠩᠴᠢᠨᠨᠤᠷᠪᠤ ᠶᠢᠨ ︽ᠮᠠᠨᠳᠤᠬᠠᠢ ᠰᠠᠴᠡᠨ︾ | ᠺᠢᠨᠣ᠋ ᠶᠢᠨ ᠠᠶᠠᠯᠭᠤ ᠲᠠᠢ ᠮᠦᠷᠦ ᠵᠡᠷᠬᠡᠴᠡᠮᠡᠷ ᠭᠠᠶᠢᠬᠠᠯᠳᠡᠢ ᠪᠦᠳᠤᠭᠡᠯ ᠪᠤᠯᠵᠠᠢ᠃ | 1993 ᠤᠨ ᠳᠤ ᠮᠠᠰᠢᠵᠢᠷᠭᠠᠯ ᠭᠤᠸᠡᠢ ᠶᠢᠨ ᠪᠦᠵᠢᠭᠳᠦ ᠵᠦᠴᠦᠬᠡ ᠶᠢᠨ ᠬᠦᠭᠵᠢᠮ ︽ᠰᠠᠨᠵᠢᠳᠮ᠎ᠠ︾ ᠨᠢ ᠲᠦᠷᠦ ᠶᠢᠨ ᠤᠷᠠᠯᠢᠭ ᠤᠨ ᠲᠡᠭᠡᠳᠤ ᠱᠠᠩᠨᠠᠯ | ᠪᠤᠯᠬᠤ ᠪᠦᠬᠦ ᠤᠯᠤᠰ ᠤᠨ ︽ᠸᠧᠨ ᠬᠤᠸᠠ︾ ᠱᠠᠩᠨᠠᠯ ᠢ ᠬᠦᠷᠳᠡᠪᠠ᠃ ᠤᠷᠠᠯᠢᠭ ᠤᠨ ᠤᠯᠠ ᠮᠦᠷ ᠢᠶᠠᠨ ︽ ᠲᠤᠮᠳᠠᠳᠤ ᠤᠯᠤᠰ ᠤᠨ ᠤᠷᠠᠯᠢᠭᠴᠢᠳ ᠤᠨ ᠨᠡᠷᠡᠳᠤ | ᠬᠦᠮᠦᠰ ᠤᠨ ᠨᠠᠮᠳᠠᠷ︾᠂ ︽ᠮᠤᠩᠭᠤᠯᠴᠢ ᠮᠠᠷᠭᠡᠳ ᠤᠨ ᠴᠢᠭᠤᠯᠭᠠᠨ︾᠂ ︽ ᠤᠷᠳᠤᠰ ᠤᠨ ᠵᠠᠭᠤᠨ ᠮᠡᠷᠭᠡᠳ ᠤᠨ ᠲᠤᠪᠴᠢ︾ ᠳᠤ ᠲᠡᠮᠳᠡᠭᠯᠡᠬᠦᠯᠦᠭᠰᠡᠨ | ᠮᠠᠰᠢᠵᠢᠷᠭᠠᠯ ᠭᠤᠸᠡᠢ ᠶᠢᠨ ᠲᠤᠨᠳᠠᠷᠡᠰᠢ ᠦᠬᠡᠢ ᠪᠤᠶᠠᠨ ᠬᠡᠰᠢᠭ ᠢ ᠪᠠᠭ᠋ᠠᠷᠰᠤᠭᠠᠢ᠃ | | |