| ᠪᠤᠭ ᠮᠠᠯ ᠢ ᠬᠠᠰᠢᠶᠠᠯᠠᠨ ᠲᠡᠵᠢᠭᠡᠬᠦ ᠰᠠᠶᠢᠨ ᠠᠷᠭ᠎ᠠ ᠮᠠᠯ ᠢ ᠬᠠᠰᠢᠶᠠᠯᠠᠨ ᠲᠡᠵᠢᠭᠡᠬᠦ ᠦᠶ᠎ᠡ ᠳᠤ ᠵᠠᠪᠠᠯ ᠠᠩᠬᠠᠷᠬᠤ ᠬᠡᠳᠦᠨ ᠵᠦᠢᠯ ᠭᠡᠪᠡᠯ᠄ | 1. ᠬᠠᠰᠢᠶ᠎ᠠ ᠬᠦᠷᠢᠶᠡᠨ ᠤ ᠶᠡᠭᠡ ᠪᠠᠭ᠎ᠠ ᠶᠢ ᠮᠠᠯ ᠪᠦᠷᠢ ᠶᠢᠨ ᠡᠵᠡᠯᠡᠬᠦ ᠲᠡᠯᠡᠪᠡᠢ ᠨᠢ 0.8 - 1 ᠲᠡᠭᠰᠢ ᠳᠥᠷᠪᠡᠯᠵᠢᠨ ᠮᠧᠲᠷ ᠤᠨ ᠪᠠᠷᠢᠮᠵᠢᠶ᠎ᠠ ᠪᠠᠷ ᠪᠡᠯᠡᠳᠬᠡᠨ | ᠪᠠᠷᠢᠵᠦ᠂ ᠡᠭᠦᠨ ᠠᠴᠠ ᠠᠭᠤᠵᠢᠭᠤ ᠪᠣᠯ ᠨᠠᠩ ᠰᠠᠶᠢᠨ᠃ ᠮᠠᠯ ᠲᠡᠵᠢᠭᠡᠬᠦ ᠪᠠ ᠬᠤᠨᠣᠬᠤ ᠬᠠᠰᠢᠶ᠎ᠠ ᠶᠢ ᠠᠰ ᠠᠰ ᠲᠤᠨᠢ ᠪᠡᠯᠡᠳᠬᠡᠪᠡᠯ ᠰᠠᠶᠢᠨ ᠪᠠᠶᠢᠳᠠᠭ᠃ | 2. ᠮᠠᠯ ᠲᠡᠵᠢᠭᠡᠬᠦ ᠬᠠᠰᠢᠶᠠᠨ ᠳᠠᠭᠠᠨ ᠡᠪᠡᠰᠦ ᠲᠡᠵᠢᠭᠡᠬᠦ ᠣᠩᠭᠤᠴᠠ᠂ ᠤᠰᠤᠨ ᠣᠩᠭᠤᠴᠠ᠂ ᠪᠣᠷᠳᠣᠭᠠᠨ ᠤ ᠣᠩᠭᠤᠴᠠ ᠶᠢ ᠲᠤᠰ ᠲᠤᠰ ᠲᠤᠨᠢ ᠪᠡᠯᠡᠳᠬᠡᠵᠦ | ᠲᠠᠯᠪᠢᠪᠠᠯ ᠡᠪᠡᠰᠦ ᠪᠣᠷᠳᠤᠭ᠎ᠠ ᠳᠤ ᠭᠠᠮᠲᠠᠢ ᠮᠥᠷᠲᠡᠭᠡᠨ ᠴᠡᠪᠡᠷᠬᠡᠨ ᠲᠣᠬᠢᠯᠢᠭ ᠲᠡᠵᠢᠭᠡᠵᠦ ᠴᠢᠳᠠᠳᠠᠭ᠃ | 3. ᠮᠠᠯ ᠲᠡᠵᠢᠭᠡᠬᠦ ᠬᠠᠰᠢᠶ᠎ᠠ ᠨᠢ ᠵᠠᠪᠠᠯ ᠰᠠᠷᠠᠪᠴᠢ ᠲᠠᠢ ᠪᠠᠶᠢᠪᠠᠯ ᠬᠦᠢᠲᠡᠨ ᠨᠦᠢᠲᠠᠨ ᠴᠠᠰᠤ ᠪᠣᠷᠣᠭᠠᠨ ᠲᠠᠢ ᠦᠶ᠎ᠡ ᠳᠤ ᠡᠪᠡᠰᠦ ᠲᠡᠵᠢᠭᠡᠯ ᠢᠶᠠᠨ ᠰᠦᠢᠳᠬᠡᠬᠦ | ᠦᠭᠡᠢ ᠪᠠᠶᠢᠳᠠᠭ᠃ | 4. ᠮᠠᠯ ᠬᠤᠨᠣᠬᠤ ᠬᠠᠰᠢᠶ᠎ᠠ ᠶᠢ ᠵᠠᠳᠠᠭᠠᠢ ᠰᠠᠷᠠᠪᠴᠢ ᠦᠭᠡᠢ ᠪᠠᠷᠢᠭᠰᠠᠨ ᠴᠦ ᠪᠤᠯᠳᠠᠭ᠃ ᠨᠥᠬᠦᠴᠡᠯ ᠲᠠᠢ ᠪᠣᠯ ᠰᠠᠷᠠᠪᠴᠢ ᠲᠣᠬᠢᠷᠠᠭᠤᠯᠵᠤ ᠪᠣᠯᠣᠨ᠎ᠠ᠃ | ᠶᠡᠷᠦᠳᠡᠭᠡᠨ ᠵᠠᠳᠠᠭᠠᠢ ᠬᠠᠰᠢᠶᠠᠨ ᠳᠤ ᠮᠠᠯ ᠬᠤᠨᠣᠬᠤ ᠳᠠᠭᠠᠨ ᠰᠢᠬᠠᠯᠳᠤᠵᠤ ᠪᠥᠭᠡᠮᠨᠡᠷᠡᠯᠳᠦᠬᠦ ᠦᠭᠡᠢ ᠰᠠᠶᠢᠨ ᠪᠠᠶᠢᠳᠠᠭ᠃ | 5. ᠬᠠᠰᠢᠶ᠎ᠠ ᠰᠠᠷᠠᠪᠴᠢ ᠪᠠᠨ ᠦᠷᠭᠦᠯᠵᠢ ᠠᠷᠢᠭᠤᠨ ᠴᠡᠪᠡᠷ ᠪᠠᠶᠢᠯᠭᠠᠵᠤ ᠮᠠᠯ ᠤᠨ ᠡᠷᠡᠭᠦᠯ ᠮᠡᠨᠳᠦ ᠶᠢ ᠪᠠᠲᠤᠯᠠᠬᠤ ᠬᠡᠷᠡᠭᠲᠡᠢ᠃ | 6. ᠮᠠᠯ ᠤᠨ ᠪᠦᠬᠡᠰᠦ ᠪᠠ ᠬᠠᠯᠠᠭᠤ ᠶᠢ ᠳᠠᠷᠤᠬᠤ ᠡᠮ ᠢ ᠪᠦᠷᠢᠨ ᠪᠡᠯᠡᠳᠬᠡᠬᠦ ᠬᠡᠷᠡᠭᠲᠡᠢ᠃ ᠶᠡᠷᠦ ᠶᠢᠨ ᠪᠡᠯᠡᠳᠬᠡᠬᠦ ᠡᠮ ᠳᠤ ᠴᠢᠦᠢ ᠴᠦᠡᠭ ᠸᠠᠩ᠂ ᠴᠢᠩ ᠹᠦ᠋ | ᠱᠠᠨ᠂ ᠰᠢᠶᠣᠣ ᠬᠤᠸᠠᠩ ᠰᠠᠨ᠂ ᠵᠢᠶᠠᠨ ᠸᠧᠢ ᠰᠠᠨ᠃ ᠪᠥᠭᠡᠰᠦᠨ ᠤ ᠡᠮ ᠳᠤ᠂ ᠢ ᠸᠧᠢ ᠵᠢᠶᠦ᠋ᠨ ᠰᠦ᠋᠂ ᠾᠧᠢ ᠮᠸᠢ ᠰᠦ᠋ ᠪᠠᠶᠢᠳᠠᠭ᠃ ᠲᠡᠵᠢᠭᠡᠵᠦ ᠪᠠᠶᠢᠭ᠎ᠠ | ᠮᠠᠯ ᠳᠠᠭᠠᠨ ᠴᠠᠭᠠᠨ ᠰᠢᠬᠢᠷ ᠲᠠᠢ ᠤᠰᠤ ᠪᠤᠶᠤ ᠮᠠᠷᠭᠠᠨᠵᠠᠪ ᠲᠠᠢ ᠤᠰᠤ ᠪᠠᠷ ᠦᠷᠬᠦᠯᠵᠢ ᠤᠰᠤᠯᠠᠪᠠᠯ ᠮᠠᠯ ᠤᠨ ᠬᠦᠴᠦ ᠲᠠᠷᠭᠤ ᠠᠪᠬᠤ ᠨᠢ ᠲᠦᠷᠭᠡᠰᠴᠦ | ᠪᠠᠷᠤᠭᠲᠠᠢ ᠳᠤ ᠡᠪᠡᠳᠴᠢᠨ ᠬᠠᠯᠳᠠᠬᠤ ᠦᠭᠡᠢ ᠪᠠᠶᠢᠳᠠᠭ᠃ | | |