| ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ ᠡᠮᠬᠢᠳᠭᠡᠨ ᠬᠡᠪᠯᠡᠬᠦᠯᠵᠦ ᠪᠦᠬᠦᠢ ᠡᠷᠳᠡᠨ ᠤ ᠵᠢᠷᠤᠭᠳᠤ ᠨᠤᠮ ᠤᠨ ᠰᠢᠷᠢᠰ ᠪᠢᠴᠢᠭ ᠤᠨ ᠨᠢᠭᠡ | ᠪᠤᠯ ᠤᠳᠤᠬᠠᠨ ᠬᠡᠪᠯᠡᠭᠳᠡᠭᠡᠳ ᠪᠦᠬᠦᠢ ︽ᠤᠮᠠᠷᠠᠳᠤ ᠶᠤᠸᠠᠨ ᠤ ᠵᠢᠷᠤᠬᠠᠢ ᠶᠢᠨ ᠪᠢᠴᠢᠭ︾ ᠪᠤᠯᠤᠨ᠎ᠠ᠃ | | | ᠤᠮᠠᠷᠠᠳᠤ ᠶᠢᠨ ᠦᠨᠳᠦᠰᠦᠳᠡᠨ ᠨᠦᠭᠦᠳ ᠠᠯᠢ ᠬᠡᠳᠦ᠋ᠢᠨ ᠾᠦᠩᠨᠤ ᠶᠢᠨ ᠦᠶ᠎ᠡ ᠠᠴᠠ ᠠᠪᠤᠭᠠᠳ ᠤᠳᠤᠨ ᠵᠢᠷᠤᠬᠠᠢ ᠶᠢ ᠬᠡᠷᠡᠭᠯᠡᠨ ᠤᠨ ᠵᠢᠯ ᠲᠡᠮᠳᠡᠭᠯᠡᠵᠦ | ᠪᠠᠶᠢᠭᠰᠠᠨ ᠤᠯᠠᠮᠵᠢᠯᠠᠯ ᠲᠠᠢ᠃ ᠲᠡᠷᠡ ᠨᠢ ᠲᠤᠬᠠᠢ ᠶᠢᠨ ᠴᠠᠭ ᠲᠤ ᠲᠠᠪᠰᠢᠭᠰᠠᠨ ᠰᠤᠶᠤᠯ ᠰᠢᠨᠵᠢᠯᠡᠬᠦ ᠤᠬᠠᠭᠠᠨ ᠢ ᠲᠦᠯᠦᠭᠡᠯᠡᠵᠦ ᠪᠠᠶᠢᠭᠰᠠᠨ ᠪᠤᠯᠬᠤᠷ ᠪᠤᠰᠤᠳ | ᠤᠯᠤᠰ ᠤᠷᠤᠨ ᠨᠤᠭᠤᠳ ᠲᠤ ᠴᠦ ᠤᠯᠠᠮᠵᠢᠯᠠᠭᠳᠠᠵᠤ ᠪᠠᠶᠢᠭᠰᠠᠨ ᠢ ᠲᠡᠦᠭᠡᠨ ᠮᠡᠳᠡᠭᠡ ᠰᠡᠯᠳᠡ ᠬᠡᠷᠡᠴᠢᠯᠡᠨ᠎ᠡ᠃ ᠶᠡᠭᠡ ᠮᠤᠩᠭᠤᠯ ᠤᠯᠤᠰ ᠪᠤᠶᠤ ᠶᠡᠭᠡ ᠶᠤᠸᠠᠨ ᠤ | ᠦᠶ᠎ᠡ ᠳᠤ ᠮᠤᠩᠭᠤᠯᠴᠤᠳ ᠡᠷᠳᠡᠨ ᠤ ᠠᠩᠨᠠᠯ ᠮᠠᠯᠵᠢᠯ ᠤᠨ ᠠᠵᠤ ᠠᠬᠤᠢ ᠶᠢᠨ ᠰᠠᠭᠤᠷᠢᠨ ᠲᠡᠭᠡᠷ᠎ᠡ ᠪᠤᠢ ᠪᠤᠯᠤᠭᠰᠠᠨ ᠠᠳᠤᠭᠤᠰᠤ ᠠᠮᠢᠳᠠᠨ ᠤ ᠬᠤᠸᠠᠩᠯᠢ ᠶᠢ | ᠬᠡᠷᠡᠭᠯᠡᠵᠦ ᠤᠨ ᠵᠢᠯ ᠰᠠᠷ᠎ᠠ ᠡᠳᠦᠷ ᠢ ᠲᠡᠮᠳᠡᠭᠯᠡᠵᠦ ᠪᠠᠶᠢᠭᠰᠠᠨ ᠪᠦᠭᠡᠳ ᠬᠢᠳᠠᠳ ᠤᠨ ᠬᠤᠷᠢᠨ ᠲᠦᠷᠪᠡᠨ ᠴᠠᠭ ᠤᠯᠠᠷᠢᠯ ᠢ ᠴᠦ ᠰᠤᠨᠢᠷᠬᠠᠨ ᠰᠤᠳᠤᠯᠵᠤ ᠪᠠᠶᠢᠯ᠎ᠠ᠃ | ᠲᠤᠮᠳᠠᠳᠤ ᠤᠯᠤᠰ ᠤᠨ ᠮᠤᠩᠭᠤᠯ ᠬᠡᠯᠡ ᠪᠢᠴᠢᠭ ᠤᠨ ᠰᠢᠨᠵᠢᠯᠡᠭᠡᠨ ᠤ ᠨᠡᠶᠢᠭᠡᠮᠯᠢᠭ ᠤᠨ ᠤᠷᠤᠯᠠᠭᠴᠢ ᠲᠠᠷᠤᠭ᠎ᠠ᠂ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ | ᠤᠬᠠᠭᠠᠨ ᠤ ᠬᠦᠷᠢᠶᠡᠯᠡᠩ ᠤᠨ ᠰᠤᠳᠤᠯᠤᠭᠴᠢ ᠨᠠ᠊ · ᠱᠤᠩᠬᠤᠷ ᠭᠤᠸᠠᠢ ᠶᠢᠨ ᠲᠠᠨᠢᠯᠴᠠᠭᠤᠯᠤᠭᠰᠠᠨ ᠢᠶᠠᠷ᠂ ︽ᠤᠮᠠᠷᠠᠳᠤ ᠶᠤᠸᠠᠨ ᠤ ᠵᠢᠷᠤᠬᠠᠢ ᠶᠢᠨ ᠪᠢᠴᠢᠭ︾ | ᠪᠤᠯᠪᠠᠰᠤ ᠦᠨᠡᠨ ᠳᠡᠭᠡᠨ ᠲᠦᠪᠡᠳ ᠲᠠᠩᠭᠤᠳ ᠲᠤ ᠤᠯᠠᠮᠵᠢᠯᠠᠭᠳᠠᠭᠰᠠᠨ ᠮᠤᠩᠭᠤᠯ ᠤᠳᠤᠨ ᠵᠢᠷᠤᠬᠠᠢ ᠡᠷᠬᠢᠭᠡᠳ ᠮᠤᠩᠭᠤᠯ ᠳᠤ ᠪᠤᠴᠠᠵᠤ ᠢᠷᠡᠭᠰᠡᠨ ᠴᠠᠭ ᠦᠶ᠎ᠡ ᠶᠢᠨ | ᠲᠦᠷᠦᠳᠡᠰᠦ ᠪᠤᠯᠤᠨ᠎ᠠ᠃ ︽ᠤᠮᠠᠷᠠᠳᠤ ᠶᠤᠸᠠᠨ ᠤ ᠵᠢᠷᠤᠬᠠᠢ ᠶᠢᠨ ᠪᠢᠴᠢᠭ︾ ᠬᠡᠳᠡᠭ ᠨᠢ ᠰᠤᠳᠤᠯᠬᠤ ᠳᠤ ᠲᠦᠬᠦᠮ ᠢ ᠪᠤᠳᠤᠵᠤ ᠨᠠᠶᠢᠷᠠᠭᠤᠯᠤᠭᠴᠢ ᠶᠢᠨ ᠰᠢᠨ᠎ᠡ ᠪᠠᠷ | ᠦᠭᠬᠦᠭᠰᠡᠨ ᠨᠡᠷ ᠡ ᠪᠤᠯᠬᠤ ᠶᠤᠮ᠃ ᠡᠨᠡ ᠪᠢᠴᠢᠭ ᠤᠨ ᠤᠤᠯ ᠡᠭᠡ ᠨᠢ 90 ᠬᠠᠭᠤᠳᠠᠰᠤ ︵ᠡᠴᠦᠰ ᠤᠨ ᠬᠠᠭᠤᠳᠠᠰᠤ ᠶᠢ ᠭᠠᠷᠭᠠᠪᠠᠯ ᠬᠠᠭᠤᠳᠠᠰᠤ ᠪᠤᠯᠭᠠᠨ ᠠᠷᠤ | ᠦᠪᠦᠷ ᠬᠤᠶᠠᠷ ᠨᠢᠭᠤᠷ ᠲᠠᠢ︶ ᠲᠠᠢ᠂ ᠦᠵᠦᠭ ᠪᠢᠷ ᠢᠶᠠᠷ ᠪᠢᠴᠢᠭᠳᠡᠭᠰᠡᠨ ᠰᠤᠳᠤᠷ ᠬᠡᠯᠪᠡᠷᠢ ᠲᠠᠢ᠂ 11.4 x 24.5 ᠬᠡᠮᠵᠢᠶ᠎ᠡ ᠲᠠᠢ᠂ ᠭᠠᠳᠠᠷ ᠬᠠᠭᠤᠳᠠᠰᠤ ᠨᠢ | ᠰᠡᠮᠡᠷᠡᠭᠰᠡᠨ ᠲᠤᠯᠠ ᠨᠡᠷ ᠡ ᠨᠢ ᠲᠤᠳᠤ ᠦᠭᠡᠢ᠂ ᠠᠷᠤ ᠳᠤᠨᠢ ︽ᠮᠠᠨᠵᠤᠱᠢᠷᠢ ᠶᠢᠨ ᠢᠯᠳᠦ ᠪᠠᠷ ᠵᠠᠶᠠᠭ᠎ᠠ ᠪᠤᠳᠤᠬᠤ ᠰᠤᠳᠤᠷ︾ ᠨᠡᠶᠢᠯᠡᠨ ᠲᠠᠭᠠᠯᠳᠤᠵᠤ ᠪᠠᠶᠢᠭᠰᠠᠨ | ᠪᠤᠯᠬᠤᠷ ᠨᠤᠮ ᠤᠨ ᠰᠠᠩ ᠤᠨ ᠠᠵᠢᠯᠳᠠᠳ ᠲᠠᠭᠠᠯᠳᠤᠭᠤᠯᠤᠯ ᠰᠤᠳᠤᠷ ᠤᠨ ᠨᠡᠷ ᠡ ᠪᠠᠷ ᠨᠢ ᠠᠳᠡᠬᠦᠷᠡᠨ ᠨᠡᠷᠡᠯᠡᠵᠦ ᠢᠷᠡᠭᠰᠡᠨ ᠶᠤᠮ᠃ ︽ᠬᠤᠷᠢᠨ ᠨᠠᠢᠮᠠᠨ ᠯᠠᠺᠱᠠᠳᠠᠷ | ︵ᠨᠠᠺᠱᠠᠳᠠᠷ︶ ᠲᠤᠯᠤᠭᠠᠨ ᠺᠠᠷᠠᠭ ᠯᠤᠭ᠎ᠠ ᠰᠢᠳᠦᠵᠦ ᠶᠡᠷᠦ ᠬᠤᠷᠢᠶᠠᠩᠭᠤᠢ ᠲᠤᠭ᠎ᠠ ᠦᠵᠯᠡᠭᠡ ᠲᠡᠬᠦᠰᠭᠡᠪᠡᠢ︾ ᠬᠡᠮᠡᠬᠦ ᠨᠤᠮ ᠤᠨ ᠲᠡᠬᠦᠰᠭᠡᠯ ᠠᠴᠠ ᠨᠢ ᠡᠨᠡ ᠨᠤᠮ ᠤᠨ | ᠨᠡᠷ᠎ᠡ ᠪᠠ ᠠᠭᠤᠯᠭ᠎ᠠ ᠶᠢ ᠶᠡᠭᠡ ᠲᠦᠯᠦᠪ ᠦᠵᠡᠵᠦ ᠭᠠᠷᠴᠤ ᠪᠤᠯᠬᠤ ᠶᠤᠮ᠃ | ᠤᠮᠠᠷᠠᠳᠤ ᠶᠤᠸᠠᠨ ᠤ ᠦᠶ᠎ᠡ ᠳᠤ ᠶᠠᠯᠳᠠᠩ ᠬᠤᠰᠢᠭᠤᠴᠢ ᠲᠠᠶᠢᠵᠢ ᠰᠡᠳᠦᠵᠦ᠂ ᠲᠦᠢᠨ ᠴᠤᠭ ᠲᠤ ᠬᠡᠮᠡᠭᠴᠢ ᠲᠦᠪᠡᠳ ᠬᠡᠯᠡᠨ ᠠᠴᠠ ᠮᠤᠩᠭᠤᠯᠴᠢᠯᠠᠭᠰᠠᠨ | ᠪᠠ ᠲᠦᠢᠨ ᠰᠤᠳᠨᠠᠮ ᠪᠠ ᠴᠤᠩ ᠰᠠᠩᠪᠤ᠂ ᠲᠦᠢᠨ ᠰᠢᠷᠤᠪ ᠪᠢᠴᠢᠭᠰᠡᠨ ᠡᠨᠡᠬᠦ ᠤᠳᠤᠨ ᠵᠢᠷᠤᠬᠠᠢ ᠶᠢᠨ ᠪᠢᠴᠢᠭ ᠪᠤᠯ ᠮᠠᠰᠢ ᠴᠢᠬᠤᠯᠠ ᠡᠷᠳᠡᠮ ᠰᠢᠨᠵᠢᠯᠡᠭᠡᠨ ᠤ | ᠦᠨ᠎ᠡ ᠴᠡᠨ᠎ᠡ ᠪᠦᠬᠦᠢ ᠬᠤᠪᠤᠷ ᠴᠤᠬᠠᠭ ᠨᠤᠮ ᠪᠤᠯᠬᠤ ᠶᠤᠮ᠃ ᠤᠤᠯ ᠨᠢ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠡᠩ ᠤᠨ | ᠨᠤᠮ ᠤᠨ ᠰᠠᠩ ᠳᠤ ᠬᠠᠳᠠᠭᠠᠯᠠᠭᠳᠠᠵᠤ ᠪᠠᠶᠢᠭᠰᠠᠨ ᠪᠤᠯᠪᠠᠴᠤ᠂ ᠡᠳᠦᠭᠡ ᠤᠯᠳᠠᠭᠳᠠᠬᠤ ᠪᠠᠨ ᠪᠤᠯᠢᠪᠠ᠃ ᠪᠡᠭᠡᠵᠢᠩ ᠨᠤᠮ ᠤᠨ ᠰᠠᠩ ᠤᠨ ᠬᠡᠪᠯᠡᠯ ᠤᠨ | ᠬᠤᠢᠷᠶᠠ ᠠᠴᠠ ᠬᠡᠪᠯᠡᠬᠦᠯᠦᠭᠰᠡᠨ ︽ᠲᠤᠮᠳᠠᠳᠤ ᠤᠯᠤᠰ ᠤᠨ ᠡᠷᠳᠡᠨ ᠤ ᠮᠤᠩᠭᠤᠯ ᠨᠤᠮ ᠪᠢᠴᠢᠭ ᠤᠨ ᠶᠡᠷᠦᠩᠭᠡᠢ ᠭᠠᠷᠴᠠᠭ︾ ︵1999︶ ᠳᠤ ᠮᠦᠨ ᠬᠠᠷᠠᠭᠳᠠᠬᠤ ᠦᠭᠡᠢ | ᠪᠢᠯᠠ᠃ ᠲᠡᠶᠢᠮᠦ ᠠᠴᠠ ᠨᠠ᠊ · ᠱᠤᠩᠬᠤᠷ ᠬᠤᠸᠠᠢ ᠠᠷᠪᠠᠭᠠᠳ ᠵᠢᠯ ᠤᠨ ᠡᠮᠦᠨ᠎ᠡ ᠠᠪᠤᠭᠰᠠᠨ ᠹᠤᠲ᠋ᠤ᠋ ᠵᠢᠷᠤᠭ ᠲᠠᠭᠠᠨ ᠦᠨᠳᠦᠰᠦᠯᠡᠵᠦ ᠲᠤᠰ ᠨᠤᠮ ᠢ ᠬᠡᠪᠯᠡᠬᠦᠯᠦᠨ | ᠭᠠᠷᠭᠠᠭᠰᠠᠨ ᠨᠢ ᠡᠨᠡ ᠪᠠᠶᠢᠵᠠᠢ᠃ ᠬᠡᠳᠦ᠋ᠢᠪᠡᠷ ᠢᠯᠭᠤᠭᠰᠠᠨ ᠤ ᠨᠤᠮᠯᠠᠭᠰᠠᠨ ᠰᠤᠳᠤᠷ ᠳ᠋ᠨᠨᠳᠠᠷᠠ ︽ᠴᠠᠭ ᠤᠨ ᠬᠦᠷᠳᠦᠨ ︾ ᠤ ᠢᠵᠠᠭᠤᠷ ᠦᠨᠳᠦᠰᠦᠨ᠂ ︽ᠬᠠᠮᠤᠭ | ᠪᠤᠷᠬᠠᠳ ᠯᠤᠭ᠎ᠠ ᠲᠡᠭᠰᠢ ᠪᠠᠷᠢᠯᠳᠤᠭᠴᠢ ᠲᠠᠬᠢᠨᠢ ᠶᠧᠯᠸᠢ ᠵᠢᠷᠭᠠᠯᠠᠩ ︾ ᠤᠨ ᠮᠠᠩᠯᠠᠢ ᠲᠡᠭᠡᠳᠦ᠂ ︽ᠪᠠᠷᠰ ᠤᠨ ᠴᠢᠬᠢᠳᠦ ᠶᠢᠨ ᠲᠤᠮᠤᠭ ᠢ ᠦᠬᠦᠯᠡᠬᠦᠢ︾ | ᠲᠡᠷᠢᠬᠦᠳᠡᠨ ᠳᠤᠷ ᠤᠳᠤᠨ ᠵᠢᠷᠤᠬᠠᠢ ᠶᠢ ᠨᠠᠷᠢᠨ ᠨᠤᠮᠯᠠᠭᠰᠠᠨ ᠵᠦᠢᠯ ᠪᠤᠢ ᠬᠡᠮᠡᠪᠡᠴᠦ᠂ ᠲᠤᠰ ᠵᠢᠷᠤᠬᠠᠢ ᠶᠢᠨ ᠪᠢᠴᠢᠭ ᠲᠤ ᠲᠤᠯᠤᠭᠠᠨ ᠭᠠᠷᠠᠭ ᠬᠤᠷᠢᠨ ᠨᠠᠢᠮᠠᠨ | ᠨᠡᠭᠱᠠᠳᠠᠷ ᠤᠨ ᠪᠠᠶᠢᠳᠠᠯ ᠢ ᠵᠢᠷᠤᠭ ᠬᠠᠪᠰᠤᠷᠭᠠᠨ ᠦᠵᠡᠬᠦᠯᠦᠭᠰᠡᠨ ᠨᠢ ᠰᠤᠷᠴᠤ ᠰᠤᠳᠤᠯᠤᠭᠴᠢᠳ ᠤᠨ ᠬᠠᠷᠠᠭᠠᠨ ᠰᠡᠷᠡᠯ ᠳᠤ ᠤᠨᠴᠠ ᠲᠦᠬᠦᠮ ᠲᠦᠳᠡ᠂ ᠬᠢᠯᠪᠠᠷ | ᠤᠢᠢᠯᠠᠭᠠᠮᠵᠢᠳᠠᠢ ᠪᠤᠯᠵᠤ᠂ ᠮᠤᠩᠭᠤᠯ ᠤᠳᠤᠨ ᠵᠢᠷᠤᠬᠠᠢ ᠶᠢᠨ ᠲᠤᠭ᠎ᠠ ᠦᠵᠡᠯᠭᠡ ᠶᠢ ᠰᠤᠷᠴᠤ ᠰᠤᠳᠤᠯᠬᠤ ᠳᠤ ᠴᠢᠬᠤᠯᠠ ᠪᠦᠬᠦᠢ ᠰᠢᠨ᠎ᠡ ᠮᠡᠳᠡᠭᠡ ᠵᠠᠩᠬᠢ ᠨᠤᠭᠤᠳ ᠢ | ᠬᠠᠩᠭᠠᠵᠤ ᠲᠡᠶᠢᠯᠦᠨ᠎ᠡ᠃ ︵ᠨᠠᠷᠠᠩᠭᠤᠸ᠎ᠠ︶ | | | | |