ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 36 ᠤᠨ ᠳᠤ᠂ ᡁᠢ ᡁᠢ ᠴᠠᠨ ᠢᠦᠢ ᠰᠢ ᠢᠦᠢ ᠶᠢᠨ ᠪᠦᠬᠦᠳᠡ ᠶᠢ ᠵᠠᠬᠢᠷᠤᠭᠴᠢ ᠲᠤᠰᠠᠯᠠᠭᠴᠢ ᠰᠢᠶᠤᠤ ᠸᠧᠢ | ᠴᠧᠨ ᠲᠠᠩ ᠳᠤ ᠠᠯᠠᠭᠳᠠᠵᠤ᠂ ᠬᠤ᠋ ᠬᠠᠨ ᠶᠧ ᠴᠠᠨ ᠢᠦᠢ ᠾᠸᠤᠩᠨᠤ ᠶᠢ ᠨᠢᠭᠡᠳᠭᠡᠵᠡᠢ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 33 ᠤᠨ ᠳᠤ᠂ ᠬᠤ᠋ | ᠬᠠᠨ ᠶᠧ « ᠴᠠᠨ ᠢᠦᠢ ᠶᠢᠨ ᠬᠠᠭᠠᠨ ᠰᠢᠷᠡᠭᠡᠨ ᠳᠤ ᠰᠠᠭᠤᠵᠤ᠂ ᠶᠤᠰᠤ ᠵᠢᠷᠤᠮ ᠢ ᠠᠩᠬᠠᠨ ᠤ ᠶᠤᠰᠤᠭᠠᠷ ᠰᠡᠷᠬᠦᠭᠡᠪᠡ»᠃ « ᠴᠠᠨ ᠢᠦᠢ ᠦᠪᠡᠷ ᠤᠨ | ᠲᠤᠷ᠎ᠠ ᠠᠴᠠ ᠪᠠᠨ ᠬᠠᠨ ᠤᠯᠤᠰ ᠲᠠᠢ ᠤᠷᠤᠭ ᠪᠠᠷᠢᠯᠳᠤᠨ ᠤᠶᠢᠷ᠎ᠠ ᠰᠠᠳᠤᠨ ᠪᠤᠯᠤᠯᠴᠠᠵᠤ»᠂ ᠶᠤᠸᠠᠨ ᠳ᠋ᠢ ᠤᠷᠳᠤᠨ ᠤ ᠦᠬᠢᠨ ᠸᠠᠩ ᠴᠢᠶᠠᠩ ︵ᠡᠷᠬᠦᠭᠰᠡᠨ | ᠨᠡᠷ᠎ᠡ ᠨᠢ ᠵᠤᠤ ᠵᠢᠶᠦ᠋ᠨ᠂ ᠬᠤᠪᠸᠢ ᠶᠢᠨ ᠽᠢ ᠭᠦᠢ ᠰᠢᠶᠠᠨ ᠤ ᠨᠢᠭᠡᠨ ᠠᠷᠠᠳ ᠤᠨ ᠦᠬᠢᠨ᠂ ᠦᠩᠭᠡ ᠵᠢᠰᠦ ᠭᠤᠸᠠᠯᠢᠭ ᠪᠤᠯᠬᠤᠷ ᠤᠷᠳᠤᠨ ᠤ ᠦᠬᠢᠨ ᠢᠶᠠᠷ | ᠰᠤᠩᠭᠤᠭᠳᠠᠪᠠ︶ ᠢ ᠴᠠᠨ ᠢᠦᠢ ᠳᠤ ᠪᠤᠭᠳᠤᠯᠠᠨ ᠦᠭᠪᠡ᠃ « ᠴᠠᠨ ᠢᠦᠢ ᠶᠬᠡᠪᠡᠷ ᠪᠠᠶᠠᠷᠯᠠᠵᠤ᠂ ᠲᠤᠷᠠᠳᠠᠶᠢᠶ᠎ᠠ ᠱᠠᠩ ᠬᠦ᠋ ᠠᠴᠠ ᠪᠠᠷᠠᠭᠤᠨᠰᠢ ᠳ᠋ᠦᠨᠬᠤᠸᠠᠩ | ᠬᠦᠷᠳᠡᠯᠡᠬᠢ ᠭᠠᠵᠠᠷ ᠢ ᠦᠨᠢᠳᠡ ᠪᠠᠳᠤᠯᠠᠨ ᠬᠠᠮᠠᠭᠠᠯᠤᠰᠤᠭᠠᠢ ᠬᠡᠮᠡᠨ ᠳᠡᠭᠡᠭᠰᠢ ᠪᠤᠳᠤᠤᠷᠠᠯ ᠡᠷᠬᠦᠵᠡᠢ»᠃ ᠵᠤᠤ ᠵᠢᠶᠦ᠋ᠨ ᠪᠤᠭᠤᠮᠳᠠ ᠶᠢᠨ ᠭᠠᠳᠠᠨ᠎ᠠ ᠮᠤᠷᠳᠠᠭᠰᠠᠨ ᠤ | ᠲᠠᠷᠠᠭ᠎ᠠ ᠠᠩᠬ᠎ᠠ ᠦᠶᠤᠸᠠᠨ ᠤ ᠭᠤᠸᠠᠩ ᠯᠤ᠋ ᠪᠤᠭᠤᠮᠳᠠ ᠳᠤ ᠰᠠᠭᠤᠵᠤ ᠪᠠᠶᠢᠪᠠ᠃ ᠬᠤ᠋ ᠬᠠᠨ ᠶᠧ ᠵᠤᠤ ᠵᠢᠶᠦ᠋ᠨ ᠢ « ᠾᠸᠤᠩᠨᠤ ᠶᠢ ᠠᠮᠤᠷᠵᠢᠭᠤᠯᠤᠭᠴᠢ ᠶᠠᠨ | ᡁᠢ ︵ ᠬᠠᠳᠤᠨ︶» ᠬᠡᠮᠡᠨ ᠡᠷᠬᠦᠮᠵᠢᠯᠡᠪᠡ᠃ ᠵᠤᠤ ᠵᠢᠶᠦ᠋ᠨ ᠪᠤᠭᠤᠮᠳᠠ ᠶᠢᠨ ᠭᠠᠳᠠᠨ᠎ᠠ ᠮᠤᠷᠳᠠᠭᠰᠠᠨ ᠤ ᠳᠠᠷᠠᠭ᠎ᠠ ᠾᠸᠤᠩᠨᠤ ᠪᠤᠯᠤᠨ ᠬᠠᠨ ᠤᠯᠤᠰ ᠤᠨ | ᠬᠤᠭᠤᠷᠤᠨᠳᠤᠬᠢ ᠨᠦᠬᠦᠷᠰᠡᠭ ᠬᠠᠷᠢᠯᠴᠠᠭ᠎ᠠ ᠶᠢ ᠤᠯᠠᠮ ᠨᠢᠭᠡ ᠠᠯᠬᠤᠮ ᠪᠠᠳᠤᠳᠬᠠᠪᠠ᠃ ᠡᠶᠢᠮᠦᠷᠬᠦ ᠨᠦᠬᠦᠷᠰᠡᠭ ᠬᠠᠷᠢᠯᠴᠠᠭ᠎ᠠ ᠨᠢ ᠵᠢᠷᠠ ᠭᠠᠷᠤᠢ ᠵᠢᠯ ᠤᠨ ᠲᠤᠷᠰᠢ | ᠦᠷᠬᠦᠯᠵᠢᠯᠡᠵᠦ᠂ « ᠬᠢᠯᠢ ᠶᠢᠨ ᠬᠤᠳᠠ ᠠᠮᠤᠷ ᠵᠢᠮᠤᠷ᠂ ᠬᠤᠨᠢ ᠮᠠᠯ ᠲᠠᠯ᠎ᠠ ᠪᠦᠷᠬᠦᠵᠦ᠂ ᠬᠦᠮᠦᠨ ᠤ ᠶᠢᠷᠲᠢᠨᠴᠦ ᠳᠤ ᠨᠤᠬᠠᠢ ᠬᠤᠴᠠᠬᠤ ᠲᠠᠭᠤᠨ ᠦᠭᠡᠢ᠂ | ᠬᠦᠮᠦᠨ ᠠᠷᠠᠳ ᠲᠤ ᠳᠠᠶᠢᠨ ᠳᠠᠵᠢᠨ ᠤ ᠭᠠᠮᠰᠢᠭ ᠠᠷᠢᠯᠤᠭᠰᠠᠨ» ᠡᠩᠬᠡ ᠲᠠᠶᠢᠪᠤᠩ ᠠᠮᠤᠷ ᠲᠤᠭᠳᠠᠭᠤᠨ ᠴᠠᠭ ᠦᠶ᠎ᠡ ᠶᠢ ᠪᠤᠢ ᠪᠤᠯᠭᠠᠵᠠᠢ᠃ ᠸᠠᠩ ᠮᠠᠩ ᠤᠨ | ᠦᠶ᠎ᠡ ᠪᠤᠯᠵᠤ ᠦᠨᠳᠦᠰᠦᠳᠡᠨ ᠤ ᠲᠦᠷᠦ ᠶᠢᠨ ᠪᠤᠳᠤᠯᠭ᠎ᠠ ᠶᠢᠨ ᠲᠠᠯ᠎ᠠ ᠪᠠᠷ ᠪᠤᠷᠤᠭᠤ ᠪᠤᠳᠤᠯᠭ᠎ᠠ ᠬᠡᠷᠡᠭᠵᠢᠬᠦᠯᠦᠭᠰᠡᠨ ᠠᠴᠠ ᠡᠨᠡᠬᠦ ᠨᠦᠬᠦᠷᠰᠡᠭ ᠬᠠᠷᠢᠯᠴᠠᠭ᠎ᠠ ᠨᠢ ᠰᠠᠶ᠋ᠢ | ᠲᠠᠰᠤᠷᠠᠭᠰᠠᠨ ᠶᠤᠮ᠃ ᠪᠠᠷᠠᠭᠤᠨ ᠬᠠᠨ ᠤ ᠰᠡᠬᠦᠯᠴᠢ ᠶᠢᠨ ᠦᠶ᠎ᠡ ᠳᠤ ᠲᠠᠷᠢᠶᠠᠴᠢᠳ ᠤᠨ ᠪᠤᠰᠤᠯᠭ᠎ᠠ ᠨᠢ ᠸᠠᠩ ᠮᠠᠩ ᠤᠨ ᠰᠢᠨ᠎ᠡ ᠲᠦᠷᠦ ᠶᠢ ᠲᠦᠯᠬᠢᠨ ᠨᠤᠷᠠᠭᠠᠪᠠ᠃ | ᠨᠡᠶᠢᠳᠡ ᠶᠢᠨ ᠤᠨ ᠲᠤᠭᠠᠯᠠᠯ ᠤᠨ 25 ᠤᠨ ᠳᠤ ᠯᠢᠦ ᠰᠢᠦ ᠯᠦᠸ᠋ᠶᠠᠩ ᠳᠤ ᠬᠠᠭᠠᠨ ᠰᠠᠭᠤᠷᠢᠨ ᠳᠤ ᠰᠠᠭᠤᠵᠤ ︵ᠭᠤᠸᠠᠩ ᠡᠤ ᠳ᠋ᠢ︶ ᠵᠡᠬᠦᠨ ᠬᠠᠨ ᠤᠯᠤᠰ ᠢ | ᠪᠠᠶᠢᠭᠤᠯᠪᠠ᠃ ᠭᠡᠪᠡᠴᠦ ᠤᠷᠤᠨ ᠨᠤᠳᠤᠭ ᠤᠨ ᠬᠡᠰᠡᠭᠯᠡᠨ ᠡᠵᠡᠮᠰᠢᠭᠰᠡᠨ ᠪᠠᠶᠢᠳᠠᠯ ᠨᠢ 37 ᠵᠢᠯ ᠦᠷᠬᠦᠯᠵᠢᠯᠡᠵᠡᠢ᠃ ᠨᠡᠶᠢᠳᠡ ᠶᠢᠨ ᠤᠨ ᠲᠤᠭᠠᠯᠠᠯ ᠤᠨ 29 ᠤᠨ | ᠳᠤ᠂ ᠯᠤ᠋ ᠹᠠᠩ ᠾᠸᠤᠩᠨᠤ ᠶᠢᠨ ᠲᠡᠮᠵᠢᠯᠭᠡ ᠲᠤᠤᠷ᠎ᠠ ᠦᠶᠤᠸᠠᠨ ᠳᠤ ᠦᠪᠡᠷ ᠢ ᠪᠠᠨ ᠬᠠᠭᠠᠨ ᠡᠷᠬᠦᠮᠵᠢᠯᠡᠵᠦ᠂ ᠦᠶᠤᠸᠠᠨ ᠵᠢᠶᠦ᠋ᠨ᠂ ᠱᠦᠸᠧ ᠹᠠᠩ ᠵᠢᠶᠦ᠋ᠨ᠂ | ᠶᠦᠨ ᠵᠦᠩ ᠵᠢᠶᠦ᠋ᠨ ᠵᠡᠷᠭᠡ ᠭᠠᠵᠠᠷ ᠢ ᠡᠵᠡᠯᠡᠪᠡ᠃ ᠲᠤᠰ ᠬᠤᠰᠢᠭᠤᠨ ᠤ ᠭᠠᠵᠠᠷ ᠨᠤᠳᠤᠭ ᠨᠢ ᠲᠠᠷᠤᠢ ᠲᠡᠬᠦᠨ ᠤ ᠬᠠᠷᠢᠶᠠᠨ ᠳᠤ ᠪᠠᠭᠳᠠᠵᠤ ᠪᠠᠶᠢᠪᠠ᠃ ᠨᠡᠶᠢᠳᠡ | ᠶᠢᠨ ᠤᠨ ᠲᠤᠭᠠᠯᠠᠯ ᠤᠨ 31 ᠤᠨ ᠳᠤ᠂ ᠯᠤ᠋ ᠹᠠᠩ ᠤᠨ ᠪᠠᠶᠢᠭᠤᠯᠤᠮᠵᠢ ᠳᠠᠬᠢ ᠱᠦᠸᠧ ᠹᠠᠩ ᠵᠢᠶᠦ᠋ᠨ ᠤ ᠲᠠᠶᠢᠱᠸᠤ ᠵᠠᠬᠦᠨ ᠬᠠᠨ ᠳᠤ ᠤᠷᠤᠵᠤ ᠦᠭᠪᠡ᠃ | ᠨᠡᠶᠢᠳᠡ ᠶᠢᠨ ᠤᠨ ᠲᠤᠭᠠᠯᠠᠯ ᠤᠨ 37 ᠤᠨ ᠳᠤ᠂ ᠯᠤ᠋ ᠹᠠᠩ ᠾᠸᠤᠩᠨᠤ ᠳᠤ ᠲᠤᠳᠠᠭᠠᠨ ᠤᠴᠢᠪᠠ᠃ ᠵᠡᠬᠦᠨ ᠬᠠᠨ ᠤᠯᠤᠰ ᠤᠯᠤᠰ ᠪᠠᠶᠢᠭᠤᠯᠤᠭᠰᠠᠨ ᠡᠬᠢᠨ ᠤ | ᠦᠶ᠎ᠡ ᠳᠤ᠂ ᠵᠠᠷᠢᠮ ᠤᠷᠤᠨ ᠨᠤᠳᠤᠭ ᠤᠨ ᠵᠠᠰᠠᠭ ᠵᠠᠬᠢᠷᠭᠠᠨ ᠤ ᠪᠠᠶᠢᠭᠤᠯᠤᠮᠵᠢ ᠶᠢ ᠴᠤᠮᠬᠠᠳᠬᠠᠨ ᠬᠠᠰᠤᠪᠠ᠃ ᠨᠡᠶᠢᠳᠡ ᠶᠢᠨ ᠤᠨ ᠲᠤᠭᠠᠯᠠᠯ ᠤᠨ35 ᠤᠨ ᠳᠤ᠂ | « ᠱᠦᠸᠧ ᠹᠠᠩ ᠮᠤ᠋ ᠶᠢ ᠬᠠᠰᠤᠵᠤ᠂ ᠪᠢᠩ ᠵᠸᠤ ᠶᠢ ᠪᠠᠶᠢᠭᠤᠯᠵᠤ»᠂ ᠯᠢᠨᠾᠧ ᠵᠡᠷᠭᠡ ᠲᠠᠪᠤᠨ ᠰᠢᠶᠠᠨ ᠢ ᠰᠢ ᠾᠧ ᠵᠢᠶᠦ᠋ᠨ ᠳᠤ ᠨᠢᠭᠡᠳᠭᠡᠨ ᠤᠷᠤᠭᠤᠯᠵᠤ᠂ | ᠰᠢᠨ᠎ᠡ ᠪᠠᠶᠢᠭᠤᠯᠤᠭᠰᠠᠨ ᠪᠢᠩ ᠵᠸᠤ ︵ᠵᠠᠬᠢᠷᠭᠠᠨ ᠤ ᠭᠠᠵᠠᠷ ᠨᠢ ᠤᠳᠤ ᠶᠢᠨ ᠱᠠᠨ ᠰᠢ ᠶᠢᠨ ᠲᠠᠶᠢᠶᠤᠸᠠᠨ ᠳᠤ ᠪᠤᠢ︶ ᠳᠤ ᠨᠢᠭᠡᠳᠦᠯᠲᠡᠢ ᠬᠠᠷᠢᠶᠠᠯᠠᠭᠤᠯᠪᠠ᠃ | ᠨᠡᠶᠢᠳᠡ ᠶᠢᠨ ᠤᠨ ᠲᠤᠭᠠᠯᠠᠯ ᠤᠨ 48 ᠤᠨ ᠳᠤ᠂ ᠬᠤ᠋ ᠬᠠᠨ ᠶᠧ ᠶᠢᠨ ᠦᠷ᠎ᠡ ᠬᠤᠶᠢᠴᠢᠰ ᠴᠠᠨ ᠢᠦᠢ ᠶᠢᠨ ᠤᠷᠤ ᠶᠢ ᠵᠠᠯᠭᠠᠮᠵᠢᠯᠠᠬᠤ ᠡᠷᠬᠡ ᠶᠢ | ᠪᠤᠯᠢᠶᠠᠴᠠᠯᠳᠤᠨ᠂ ᠠᠬᠠᠮᠠᠳ ᠤᠮᠪᠤᠯᠤ ᠪᠠᠷᠠᠭᠤᠨ ᠢᠦᠢ ᠵᠢᠶᠠᠨ ᠿᠢ ᠵᠤ᠋ ᠸᠠᠩ ᠪᠢ ᠬᠡᠮᠡᠭᠴᠢ ︵ᠨᠡᠷ᠎ᠡ ᠨᠢ ᠪᠢ ᠭᠡᠳᠡᠭ︶ ᠨᠢᠢᠮᠠᠨ ᠶᠡᠭᠡ ᠠᠶᠢᠮᠠᠭ ᠤᠨ ᠳᠦᠷᠪᠡ ᠲᠠᠪᠤᠨ | ᠲᠦᠮᠡᠨ ᠴᠡᠷᠢᠭ ᠠᠭᠳᠠ ᠢᠶᠠᠨ ᠳᠠᠭᠠᠭᠤᠯᠤᠨ ᠲᠤᠲᠤᠷ᠎ᠠ ᠤᠷᠤᠨ ᠳᠤ ᠳᠠᠭᠠᠭᠰᠠᠨ ᠠᠴᠠ ᠾᠸᠤᠩᠨᠤ ᠨᠢ ᠡᠮᠦᠨ᠎ᠡ ᠤᠮᠠᠷ᠎ᠠ ᠬᠤᠶᠠᠷ ᠬᠡᠰᠡᠭ ᠪᠤᠯᠤᠨ ᠬᠤᠪᠢᠶᠠᠭᠳᠠᠪᠠ᠃ | ᠤᠮᠠᠷᠠᠳᠤ ᠾᠸᠤᠩᠨᠤ ᠨᠢ ᠡᠮᠦᠨᠡᠳᠦ ᠾᠸᠤᠩᠨᠤ᠂ ᠳ᠋ᠢᠩ ᠯᠢᠩ᠂ ᠰᠢᠶᠠᠨᠪᠢ ᠪᠤᠯᠤᠨ ᠰᠢ ᠢᠦᠢ ᠶᠢᠨ ᠡᠯ᠎ᠡ ᠦᠨᠳᠦᠰᠦᠳᠡᠨ ᠤ ᠳᠦᠷᠪᠡᠨ ᠲᠠᠯ᠎ᠠ ᠶᠢᠨ ᠪᠦᠰᠡᠯᠡᠯᠳᠡ | ᠲᠤᠤᠷ᠎ᠠ« ᠤᠮᠠᠷᠠᠳᠤ ᠲᠢᠩᠬᠢᠮ ᠶᠡᠬᠡᠪᠡᠷ ᠰᠠᠮᠠᠭᠤᠷᠠᠵᠤ»᠂ ᠵᠡᠬᠦᠨ ᠬᠠᠨ ᠤᠯᠤᠰ ᠤᠨ ᠾᠧ ᠳ᠋ᠢ ᠶᠢᠨ ᠦᠶ᠎ᠡ ᠪᠤᠯᠬᠤ ᠳᠤ ᠳ᠋ᠸᠤ ᠰᠢᠶᠠᠨ ᠵᠡᠷᠭᠡ ᠶᠢᠨ ᠬᠡᠳᠦ | ᠤᠳᠠᠭᠠᠨ ᠤ ᠲᠠᠭᠠᠷᠢᠯᠳᠠ ᠳᠤ ᠤᠴᠠᠷᠠᠵᠤ ᠬᠦᠴᠦᠨ ᠨᠢ ᠤᠯᠠᠮ ᠢᠶᠠᠷ ᠪᠠᠭᠤᠷᠠᠵᠠᠢ᠃ ᠡᠬᠦᠨ ᠳᠤ ᠳᠡᠳᠡᠨ ᠤ ᠨᠢᠭᠡ ᠬᠡᠰᠡᠭ ᠨᠢ ᠪᠠᠷᠠᠭᠤᠨᠰᠢ ᠨᠡᠬᠦᠳᠡᠯᠯᠡᠵᠦ᠂ ᠨᠢᠭᠡ | ᠬᠡᠰᠡᠭ ᠤᠨ ᠪᠠᠷᠤᠭ ᠠᠷᠪᠠᠨ ᠲᠦᠮᠡᠨ ᠡᠷᠦᠬᠡ ᠨᠢ ᠤᠤᠭᠠᠯ ᠨᠤᠳᠤᠭ ᠲᠠᠭᠠᠨ ᠦᠯᠡᠳᠡᠨ᠂ ᠤᠳᠠᠯ ᠦᠭᠡᠢ ᠰᠢᠶᠠᠨᠪᠢ ᠶᠢᠨ ᠠᠶᠢᠮᠠᠭ ᠲᠤ ᠨᠢᠭᠡᠳᠦᠨ ᠤᠷᠤᠵᠤ᠂ ᠦᠪᠡᠷ | ᠢ ᠪᠠᠨ ᠮᠦᠨ ᠰᠢᠶᠠᠨᠪᠢ ᠬᠦᠮᠦᠨ ᠭᠡᠵᠦ ᠨᠡᠷᠡᠯᠡᠬᠦ ᠪᠤᠯᠵᠠᠢ᠃ | ᠡᠮᠦᠨᠡᠳᠦ ᠾᠸᠤᠩᠨᠤ ᠲᠤᠲᠤᠷ᠎ᠠ ᠤᠷᠤᠨ ᠳᠤ ᠳᠠᠭᠠᠭᠰᠠᠨ ᠤ ᠲᠠᠷᠠᠭ᠎ᠠ᠂ ᠤᠮᠠᠷᠠᠳᠤ ᠤᠷᠤᠨ ᠤ ᠡᠯ᠎ᠡ ᠵᠢᠶᠦ᠋ᠨ ᠨᠢ ᠤᠤᠯ ᠤᠨ ᠪᠠᠶᠢᠭᠤᠯᠤᠮᠵᠢ ᠪᠠᠨ ᠶᠡᠭᠡ | ᠲᠦᠯᠦᠪ ᠰᠡᠷᠭᠦᠬᠡᠵᠦ᠂ ᠱᠦᠸᠧ ᠹᠠᠩ᠂ ᠦᠶᠤᠸᠠᠨ᠂ ᠶᠦᠨ ᠵᠦᠩ᠂ ᠪᠸᠢ ᠳ᠋ᠢ᠂ ᠳ᠋ᠢᠩ ᠰᠢᠶᠠᠩ᠂ ᠶᠠᠨ ᠮᠧᠨ᠂ ᠳ᠋ᠠᠢ᠂ ᠱᠠᠩ ᠭᠦ᠋ ᠵᠡᠷᠭᠡ ᠵᠢᠶᠦ᠋ᠨ ᠳᠤ ᠴᠦᠮ | ᠡᠮᠦᠨᠡᠳᠦ ᠾᠸᠤᠩᠨᠤ ᠪᠠ ᠤᠮᠠᠷᠠᠳᠤ ᠾᠸᠤᠩᠨᠤ ᠠᠴᠠ ᠳᠠᠭᠠᠭᠰᠠᠳ ᠳᠠᠰᠤᠷᠠᠯᠳᠠ ᠦᠭᠡᠢ ᠤᠯᠠᠰᠢᠷᠠᠪᠠ᠃ ᠾᠸᠤᠩᠨᠤᠴᠤᠳ ᠮᠦᠨ ᠳᠠᠰᠤᠷᠠᠯᠳᠠ ᠦᠭᠡᠢ ᠡᠮᠦᠨᠡᠰᠢ | ᠨᠡᠬᠦᠳᠡᠯᠯᠡᠪᠡ᠃ ᠨᠡᠶᠢᠳᠡ ᠶᠢᠨ ᠤᠨ ᠲᠤᠭᠠᠯᠠᠯ ᠤᠨ 140 ᠤᠨ ᠳᠤ᠂ ᠡᠮᠦᠨᠡᠳᠦ ᠾᠸᠤᠩᠨᠤ ᠳᠤ ᠳᠤᠳᠤᠭᠠᠳᠤ ᠶᠢᠨ ᠰᠠᠮᠠᠭᠤᠷᠠᠯ ᠡᠬᠦᠰᠴᠦ᠂ ᠵᠡᠬᠦᠨ ᠬᠡᠰᠡᠭ ᠤᠨ | ᠭᠸᠤ ᠯᠦᠩ ᠸᠠᠩ ᠪᠤᠯᠤᠨ ᠪᠠᠷᠠᠭᠤᠨ ᠮᠡᠷᠭᠡᠨ ᠸᠠᠩ ᠴᠡᠷᠢᠭ ᠬᠠᠮᠳᠤᠷᠠᠨ ᠯᠦᠩ ᠲᠢᠩ ᠤᠨ ᠪᠠᠷᠠᠭᠤᠨ ᠡᠷᠬᠢ ᠳᠠᠬᠢ ᠮᠸᠢ ᠵᠢᠢ ︵ᠤᠳᠤ ᠶᠢᠨ ᠶᠡᠭᠡ ᠵᠤᠤ ᠶᠢᠨ | ᠵᠦᠩᠭᠠᠷ ᠬᠤᠰᠢᠭᠤᠨ ᠤ ᠤᠶᠢᠷᠠᠯᠴᠠᠭ᠎ᠠ ᠪᠤᠢ︶ ᠶᠢ ᠪᠦᠰᠡᠯᠡᠨ ᠳᠠᠭᠠᠷᠢᠵᠤ᠂ ᠬᠤᠵᠢᠮ ᠨᠢ ᠪᠠᠰᠠ ᠵᠡᠬᠦᠨᠰᠢ ᠮᠤ᠋ ᠬᠤᠸᠠᠨ᠂ ᠪᠠᠷᠠᠭᠤᠨᠰᠢ ᠴᠢᠶᠠᠩ᠂ ᠬᠤ᠋ ᠶᠢ | ᠬᠤᠷᠢᠶᠠᠮᠵᠢᠯᠠᠨ᠂ ᠪᠢᠩ᠂ ᠯᠢᠶᠠᠩ᠂ ᠶᠢᠦ᠂ ᠶᠠᠨ ᠵᠡᠷᠭᠡ ᠳᠦᠷᠪᠡᠨ ᠵᠸᠤ ᠶᠢ ᠦᠢᠮᠡᠬᠦᠯᠪᠡ᠃ ᠬᠠᠨ ᠤᠯᠤᠰ ᠤᠷᠪᠠᠭᠴᠢᠳ ᠤᠨ ᠲᠦᠢᠪᠡᠭᠡᠯᠭᠡ ᠠᠴᠠ ᠵᠠᠶᠢᠯᠠᠰᠬᠢᠬᠦ | ᠶᠢᠨ ᠲᠦᠯᠦᠭᠡ᠂ ᠰᠢ ᠾᠧ᠂ ᠱᠠᠩ ᠵᠢᠶᠦ᠋ᠨ᠂ ᠱᠦᠸᠧ ᠹᠠᠩ ᠵᠡᠷᠭᠡ ᠵᠢᠶᠦ᠋ᠨ ᠤ ᠵᠠᠬᠢᠷᠭ᠎ᠠ ᠪᠠᠨ ᠡᠮᠦᠨᠡᠰᠢ ᠨᠡᠬᠦᠯᠭᠡᠪᠡ᠃ ᠨᠡᠶᠢᠳᠡ ᠶᠢᠨ ᠤᠨ ᠲᠤᠭᠠᠯᠠᠯ ᠤᠨ 215 | ᠤᠨ ᠳᠤ᠂ « ᠶᠦᠨ ᠵᠦᠩ᠂ ᠳ᠋ᠢᠩ ᠰᠢᠶᠠᠩ᠂ ᠦᠶᠤᠸᠠᠨ᠂ ᠱᠦᠸᠧ ᠹᠠᠩ ᠢ ᠴᠤᠴᠠᠯᠠᠵᠤ᠂ ᠨᠢᠭᠡ ᠰᠢᠶᠠᠨ ᠪᠠᠶᠢᠭᠤᠯᠤᠨ ᠠᠷᠠᠳ ᠢᠷᠭᠡᠳ ᠢ ᠨᠢ | ᠬᠠᠷᠢᠶᠠᠯᠠᠭᠤᠯᠵᠤ᠂ ᠰᠢᠨ ᠰᠢᠩ ᠵᠢᠶᠦ᠋ᠨ ᠬᠡᠮᠡᠪᠡ» ︵ᠵᠢᠶᠦ᠋ᠨ ᠤ ᠵᠠᠬᠢᠷᠭ᠎ᠠ ᠨᠢ ᠤᠳᠤ ᠶᠢᠨ ᠱᠠᠨ ᠰᠢ ᠶᠢᠨ ᠰᠢᠨ ᠰᠢᠶᠠᠨ ᠳᠤ ᠪᠤᠢ︶᠃ | ᠬᠤᠵᠢᠮ ᠨᠢ ᠰᠢ ᠾᠧ᠂ ᠱᠠᠩ ᠵᠢᠶᠦ᠋ᠨ᠂ ᠱᠦᠸᠧ ᠹᠠᠩ ᠵᠡᠷᠭᠡ ᠭᠠᠵᠠᠷ ᠢᠶᠠᠷ ᠲᠠᠷᠬᠠᠭᠰᠠᠨ ᠾᠸᠤᠩᠨᠤᠴᠤᠳ ᠤᠯᠠᠮ ᠢᠶᠠᠷ ᠡᠮᠦᠨᠡᠰᠢ ᠨᠡᠬᠦᠳᠡᠯᠯᠡᠵᠦ᠂ | ᠤᠯᠠᠩᠬᠢ ᠨᠢ ᠪᠢᠩ ᠵᠸᠤ ᠶᠢᠨ ᠳᠤᠮᠳᠠ ᠬᠡᠰᠡᠭ ᠤᠨ ᠹᠧᠨ ᠾᠧ ᠶᠢᠨ ᠰᠠᠪᠠ ᠭᠠᠵᠠᠷ ᠳᠠᠭᠠᠤ ᠲᠦᠪᠯᠡᠷᠡᠨ ᠰᠠᠭᠤᠷᠢᠰᠢᠵᠠᠢ᠃ ᠵᠡᠬᠦᠨ ᠬᠠᠨ ᠤᠯᠤᠰ ᠤᠨ ᠰᠡᠬᠦᠯᠴᠢ | ᠠᠴᠠ ᠨᠢᠭᠡᠳᠦᠭᠰᠡᠨ ᠰᠦᠢ ᠤᠯᠤᠰ ᠬᠦᠷᠳᠡᠯᠡᠬᠢ ᠭᠤᠷᠪᠠᠨ ᠵᠠᠭᠤ ᠭᠠᠷᠤᠢ ᠵᠢᠯ ᠪᠤᠯ ᠹᠸᠤᠳᠠᠯᠳᠤ ᠲᠦᠷᠦ ᠶᠢᠨ ᠵᠠᠳᠠᠷᠠᠯ ᠪᠠ ᠦᠨᠳᠦᠰᠦᠳᠡᠨ ᠤ ᠶᠡᠭᠡ ᠠᠭᠤᠰᠤᠯᠴᠠᠯ | ᠤᠨ ᠴᠠᠭ ᠦᠶ᠎ᠡ ᠪᠠᠶᠢᠵᠤ᠂ ᠲᠠᠷᠤᠢ ᠲᠡᠤᠬᠡᠨ ᠲᠡᠭᠡᠷ᠎ᠡ ᠶᠠᠷᠢᠭᠳᠠᠳᠠᠭ ᠭᠤᠷᠪᠠᠨ ᠤᠯᠤᠰ ᠬᠤᠶᠠᠷ ᠶᠢᠨ ᠤ ᠡᠮᠦᠨᠡᠳᠦ ᠤᠮᠠᠷᠠᠳᠤ ᠲᠦᠷᠦ ᠶᠢᠨ ᠴᠠᠭ ᠬᠤᠭᠤᠴᠠᠭ᠎ᠠ | ᠪᠤᠯᠤᠨ᠎ᠠ᠃ ᠡᠨᠡᠬᠦ ᠬᠤᠭᠤᠴᠠᠭᠠᠨ ᠳᠤ᠂ ᠪᠦᠬᠦᠶᠢᠯᠡ ᠤᠮᠠᠷᠠᠳᠤ ᠤᠷᠤᠨ ᠳᠤ ᠨᠢᠭᠡᠨ ᠤᠳᠠᠭᠠᠨ ᠤ ᠦᠨᠳᠦᠰᠦᠳᠡᠨ ᠨᠦᠭᠦᠳ ᠤᠨ ᠶᠡᠭᠡ ᠠᠭᠤᠰᠤᠯᠴᠠᠯ ᠡᠬᠦᠰᠦᠭᠰᠡᠨ | ᠶᠤᠮ᠃ ᠤᠤᠯ ᠳᠠᠭᠠᠨ ᠮᠤᠩᠭᠤᠯ ᠤᠨ ᠲᠠᠯ᠎ᠠ ᠨᠤᠳᠤᠭ ᠲᠤ ᠠᠵᠤ ᠲᠦᠷᠦᠵᠦ ᠪᠠᠶᠢᠭᠰᠠᠨ ᠤᠮᠠᠷᠠᠳᠤ ᠶᠢᠨ ᠡᠯ᠎ᠡ ᠴᠦᠬᠡᠨ ᠲᠤᠭᠠᠳᠤ ᠦᠨᠳᠦᠰᠦᠳᠡᠨ ᠤ ᠤᠯᠠᠩᠬᠢ ᠨᠢ | ᠬᠠᠳᠤᠨ ᠭᠤᠤᠯ ᠤᠨ ᠰᠠᠪᠠ ᠭᠠᠵᠠᠷ ᠲᠤ ᠨᠡᠬᠦᠳᠡᠯᠯᠡᠨ ᠰᠠᠭᠤᠷᠢᠰᠢᠵᠠᠢ᠃ ᠲᠡᠳᠡ ᠬᠤᠭᠤᠷᠤᠨᠳᠤ ᠪᠠᠨ ᠢᠮᠠᠭᠳᠠ ᠵᠦᠷᠢᠴᠡᠯᠳᠦᠨ ᠳᠠᠶᠢᠨ ᠬᠢᠳᠡᠭ ᠪᠠᠶᠢᠭᠰᠠᠨ ᠪᠤᠯᠪᠠᠴᠤ | ᠬᠠᠮᠳᠤ ᠳᠤᠨᠢ ᠪᠠᠰᠠ ᠦᠷᠬᠦᠯᠵᠢ ᠠᠵᠤ ᠠᠬᠤᠢ ᠰᠤᠶᠤᠯ ᠤᠨ ᠬᠠᠷᠢᠯᠴᠠᠭ᠎ᠠ ᠬᠢᠵᠦ ᠬᠠᠷᠢᠯᠴᠠᠨ ᠨᠦᠯᠦᠭᠡᠯᠡᠵᠦ ᠪᠠᠶᠢᠪᠠ᠃ ᠲᠤᠬᠠᠢ ᠶᠢᠨ ᠦᠶ᠎ᠡ ᠳᠤ ᠲᠤᠰ ᠬᠤᠰᠢᠭᠤᠨ | ᠤ ᠭᠠᠵᠠᠷ ᠨᠤᠳᠤᠭ ᠨᠢ ᠨᠢᠭᠡᠨᠳᠡ ᠬᠢᠳᠡᠳ ᠦᠨᠳᠦᠰᠦᠳᠡᠨ ᠪᠠ ᠤᠮᠠᠷᠠᠳᠤ ᠶᠢᠨ ᠵᠠᠷᠢᠮ ᠴᠦᠬᠡᠨ ᠲᠤᠭᠠᠳᠤ ᠦᠨᠳᠦᠰᠦᠳᠡᠨ ᠬᠤᠯᠢᠯᠳᠤᠨ ᠰᠠᠭᠤᠷᠢᠰᠢᠭᠰᠠᠨ ᠤᠷᠤᠨ | ᠪᠤᠯᠤᠭᠰᠠᠨ ᠪᠠᠶᠢᠨ᠎ᠠ᠃ ᠤᠷᠢᠳ ᠬᠤᠵᠢᠳ ᠾᠸᠤᠩᠨᠤ᠂ ᠲᠢᠶᠧ ᠹᠦ᠋ ᠾᠸᠤᠩᠨᠣ᠂ ᠷᠸᠤ ᠷᠠᠨ᠂ ᠤᠤᠢ ᠯᠧ ᠵᠡᠷᠭᠡ ᠨᠡᠬᠦᠳᠡᠯᠴᠢᠨ ᠦᠨᠳᠦᠰᠦᠳᠡᠨ ᠨᠦᠭᠦᠳ ᠲᠤ | ᠡᠵᠡᠯᠡᠭᠳᠡᠵᠦ ᠪᠠᠶᠢᠪᠠ᠃ ᠡᠬᠦᠨ ᠤ ᠲᠤᠲᠤᠷ᠎ᠠ ᠰᠢᠶᠠᠨᠪᠢ ᠦᠨᠳᠦᠰᠦᠳᠡᠨ ᠤ ᠨᠤᠶᠠᠷᠬᠠᠯ ᠤᠨ ᠬᠤᠭᠤᠴᠠᠭ᠎ᠠ ᠨᠢ ᠬᠠᠮᠤᠭ ᠤᠷᠳᠤ ᠪᠠᠶᠢᠵᠤ᠂ ᠬᠠᠮᠤᠭ ᠴᠢᠬᠤᠯᠠ ᠪᠠᠶᠢᠷᠢ | ᠰᠠᠭᠤᠷᠢ ᠶᠢ ᠡᠵᠡᠯᠡᠳᠡᠭ᠃ | ᠵᠡᠬᠦᠨ ᠬᠠᠨ ᠤᠯᠤᠰ ᠤᠨ ᠰᠡᠬᠦᠯᠴᠢ ᠶᠢᠨ ᠤᠨ ᠳᠤ᠂ ᠭᠤᠷᠪᠠᠨ ᠤᠯᠤᠰ ᠡᠰᠡᠷᠬᠦᠯᠡᠨ ᠲᠤᠭᠳᠠᠨᠢᠵᠤ᠂ ᠽᠤᠤ ᠽᠤᠤ ᠶᠢᠨ ᠸᠧᠢ ᠤᠯᠤᠰ ᠨᠢ ᠤᠮᠠᠷᠠᠳᠤ ᠬᠡᠰᠡᠭ | ᠲᠤ ᠤᠷᠤᠰᠢᠵᠤ ᠪᠠᠶᠢᠪᠠ᠃ ᠸᠧᠢ ᠤᠯᠤᠰ ᠤᠨ ᠰᠡᠬᠦᠯᠴᠢ᠂ ᠶᠢᠨ ᠤᠯᠤᠰ ᠤᠨ ᠡᠬᠢ ᠪᠠᠷ᠂ ᠲᠤᠲᠤᠷ᠎ᠠ ᠤᠷᠤᠨ ᠳᠤ ᠲᠠᠭᠠᠭᠰᠠᠨ ᠾᠸᠤᠩᠨᠤᠴᠤᠳ ᠤᠨ ᠪᠠᠶᠢᠳᠠᠯ ᠳᠤ | ᠬᠤᠪᠢᠷᠠᠯᠳᠠ ᠭᠠᠷᠴᠤ᠂ ᠡᠮᠦᠨᠡᠳᠦ ᠾᠸᠤᠩᠨᠤ ᠠᠴᠠ ᠭᠠᠳᠠᠨ᠎ᠠ ᠪᠤᠰᠤᠳ ᠾᠸᠤᠩᠨᠤ ᠶᠢᠨ ᠳᠤᠮᠳᠠ ᠠᠴᠠ ᠪᠠᠰᠠ « ᠲᠦ᠋ ᠬᠦ᠋» ᠬᠡᠮᠡᠬᠦ ᠰᠠᠯᠪᠤᠷᠢ ᠰᠠᠯᠵᠤ | ᠭᠠᠷᠤᠭᠰᠠᠨ ᠪᠠᠶᠢᠨ᠎ᠠ᠃ ᠲᠡᠳᠡᠨᠦᠰ ᠤᠳᠤ ᠶᠢᠨ ᠭᠠᠨᠰᠤ᠂ ᠱᠠᠨᠰᠢ᠂ ᠦᠪᠦᠷ ᠮᠤᠩᠭᠤᠯ ᠪᠠ ᠱᠠᠨ ᠰᠢ ᠶᠢᠨ ᠬᠡᠰᠡᠭ ᠤᠷᠤᠨ ᠢᠶᠠᠷ ᠰᠠᠭᠤᠷᠢᠰᠢᠨ᠂ ᠱᠠᠨ ᠰᠢ ᠳᠤ | ᠰᠠᠭᠤᠭ᠎ᠠ ᠨᠢ ᠬᠦᠮᠦᠨ ᠠᠮᠠ ᠪᠠᠷ ᠬᠠᠮᠤᠭ ᠤᠯᠠᠨ᠂ ᠬᠠᠮᠤᠭ ᠬᠦᠴᠦᠷᠬᠡᠭ ᠪᠠᠶᠢᠵᠠᠢ᠃ ᠡᠨᠡ ᠬᠤᠶᠠᠷ ᠪᠦᠯᠦᠭ ᠾᠸᠤᠩᠨᠣᠴᠤᠳ ᠬᠤᠵᠢᠮ ᠨᠢ ᠳᠠᠬᠢᠨ ᠨᠢᠭᠡᠳᠴᠦ | ᠨᠢᠭᠡ ᠴᠤᠭᠴᠠ ᠪᠤᠯᠪᠠ᠃ ᠶᠢᠨ ᠡᠤ ᠳ᠋ᠢ ᠶᠢᠨ ᠦᠶ᠎ᠡ ᠳᠤ᠂ ᠾᠸᠤᠩᠨᠣ ᠪᠠᠷᠠᠭᠤᠨ᠂ ᠵᠡᠬᠦᠨ᠂ ᠡᠮᠦᠨ᠎ᠡ᠂ ᠤᠮᠠᠷ᠎ᠠ᠂ ᠳᠤᠮᠳᠠ ᠭᠡᠬᠦ ᠲᠠᠪᠤᠨ ᠠᠶᠢᠮᠠᠭ ᠪᠤᠯᠤᠨ | ᠬᠠᠭᠠᠴᠠᠵᠤ᠂ ᠲᠤᠰ ᠬᠤᠰᠢᠭᠤᠨ ᠤ ᠭᠠᠵᠠᠷ ᠨᠤᠳᠤᠭ ᠢ ᠡᠵᠡᠯᠡᠵᠦ ᠪᠠᠶᠢᠭᠰᠠᠨ ᠨᠢ ᠤᠮᠠᠷᠠᠳᠤ ᠾᠸᠤᠩᠨᠤ ᠪᠤᠯᠤᠨ᠎ᠠ᠃ ᠨᠡᠶᠢᠳᠡ ᠶᠢᠨ ᠤᠨ ᠲᠤᠭᠠᠯᠠᠯ ᠤᠨ304 ᠤᠨ | ᠳᠤ᠂ ᠲᠠᠶᠢᠶᠤᠸᠠᠨ ᠳᠤ ᠰᠠᠭᠤᠵᠤ ᠪᠠᠶᠢᠭᠰᠠᠨ ᠵᠡᠬᠦᠨ ᠠᠶᠢᠮᠠᠭ ᠨᠢ ᠯᠢᠦ ᠶᠤᠸᠠᠨ ︵ᠾᠸᠤᠩᠨᠤ ᠦᠨᠳᠦᠰᠦᠳᠡᠨ︶ ᠤ ᠤᠳᠤᠷᠢᠳᠤᠯᠭ᠎ᠠ ᠲᠤᠤᠷ᠎ᠠ ᠲᠠᠪᠤᠨ ᠠᠶᠢᠮᠠᠭ ᠢ | ᠨᠢᠭᠡᠳᠭᠡᠨ ᠬᠠᠨ ᠸᠠᠩ ︵ᠲᠡᠤᠬᠡᠨ ᠲᠡᠭᠡᠷ᠎ᠡ ᠡᠮᠦᠨᠡᠳᠦ ᠵᠤᠤ ᠭᠡᠳᠡᠭ︶ ᠪᠤᠯᠪᠠ᠃ ᠲᠤᠰ ᠬᠤᠰᠢᠭᠤᠨ ᠤ ᠭᠠᠵᠠᠷ ᠨᠤᠳᠤᠭ ᠨᠢ ᠲᠡᠬᠦᠨ ᠤ ᠬᠢᠯᠢ ᠳᠤ ᠪᠠᠶᠢᠵᠠᠢ᠃ 319 | ᠤᠨ ᠳᠤ ᠡᠮᠦᠨᠡᠳᠦ ᠵᠤᠤ ᠶᠢᠨ ᠵᠠᠩᠵᠤᠨ ᠱᠢ ᠯᠧ ︵ᠰᠢᠸ᠋ ᠦᠨᠳᠦᠰᠦᠳᠡᠨ︶ ᠦᠪᠡᠷ ᠢ ᠪᠠᠨ ᠵᠤᠤ ᠸᠠᠩ ᠡᠷᠬᠦᠮᠵᠢᠯᠡᠪᠡ ︵ᠲᠡᠤᠬᠡᠨ ᠲᠡᠭᠡᠷ᠎ᠡ ᠬᠤᠶᠢᠳᠤ ᠵᠤᠤ ᠭᠡᠳᠡᠭ︶ | ᠃ ᠲᠤᠰ ᠬᠤᠰᠢᠭᠤᠨ ᠤ ᠨᠤᠳᠤᠭ ᠨᠢ ᠮᠦᠨ ᠲᠡᠬᠦᠨ ᠤ ᠬᠠᠷᠢᠶᠠᠨ ᠳᠤ ᠪᠠᠭᠳᠠᠵᠤ ᠪᠠᠶᠢᠵᠠᠢ᠃ 350 ᠤᠨ ᠳᠤ᠂ ᠬᠤᠶᠢᠳᠤ ᠵᠤᠤ ᠶᠢᠨ ᠵᠠᠩᠵᠤᠨ ᠹᠦ᠋ ᠬᠤᠩ ︵ | ᠳ᠋ᠢ ᠦᠨᠳᠦᠰᠦᠳᠡᠨ︶ ᠦᠪᠡᠷ ᠢ ᠪᠠᠨ ᠴᠢᠨ ᠸᠠᠩ ᠡᠷᠬᠦᠮᠵᠢᠯᠡᠪᠡ ︵ᠲᠡᠤᠬᠡᠨ ᠲᠡᠭᠡᠷ᠎ᠡ ᠡᠮᠦᠨᠡᠳᠦ ᠴᠢᠨ ᠭᠡᠳᠡᠭ︶᠃ 384 ᠤᠨ ᠳᠤ ᠡᠮᠦᠨᠡᠳᠦ ᠴᠢᠨ ᠤ ᠵᠠᠩᠵᠤᠨ | ᠶᠤᠤ ᠴᠠᠩ ︵ᠴᠢᠶᠠᠩ ᠦᠨᠳᠦᠰᠦᠳᠡᠨ︶ ᠦᠪᠡᠷ ᠢ ᠪᠠᠨ ᠴᠢᠨ ᠸᠠᠩ ᠬᠡᠮᠡᠪᠡ ︵ᠲᠡᠤᠬᠡᠨ ᠲᠡᠭᠡᠷ᠎ᠡ ᠬᠤᠶᠢᠳᠤ ᠴᠢᠨ ᠭᠡᠳᠡᠭ︶᠃ ᠲᠤᠰ ᠬᠤᠰᠢᠭᠤᠨ ᠤ ᠨᠤᠳᠤᠭ ᠨᠢ | ᠴᠦᠮ ᠲᠡᠳᠡᠨ ᠤ ᠬᠠᠷᠢᠶᠠᠨ ᠳᠤ ᠪᠠᠭᠳᠠᠳᠠᠭ᠃ 406 ᠤᠨ ᠳᠤ ᠬᠤᠶᠢᠳᠤ ᠴᠢᠨ ᠤ ᠵᠠᠩᠵᠤᠨ ᠾᠧ ᠯᠢᠶᠠᠨ ᠪᠦᠸᠧ ᠪᠦᠸᠧ ︵ ᠲᠢᠸ᠋ ᠹᠦ᠋ ᠾᠸᠤᠩᠨᠣ ᠶᠢᠨ | ᠬᠤᠶᠢᠴᠢᠰ᠃ ᠲᠢᠸ᠋ ᠹᠦ᠋ ᠾᠸᠤᠩᠨᠤ ᠪᠤᠯ ᠾᠸᠤᠩᠨᠤ ᠪᠤᠯᠤᠨ ᠰᠢᠶᠠᠨᠪᠢ ᠦᠨᠳᠦᠰᠦᠳᠡᠨ ᠤ ᠤᠶᠠᠯᠳᠤᠯ ᠠᠴᠠ ᠡᠬᠦᠰᠦᠭᠰᠡᠨ ᠤᠭᠰᠠᠭᠠᠳᠠᠨ ᠪᠤᠯᠤᠨ᠎ᠠ︶ ᠰᠢᠶᠠ ᠤᠯᠤᠰ | ᠢ ᠪᠠᠶᠢᠭᠤᠯᠵᠤ᠂ ᠸᠠᠨ ᠴᠧᠩ ︵ ᠤᠳᠤ ᠶᠢᠨ ᠱᠠᠨᠰᠢ ᠮᠤᠵᠢ ᠶᠢᠨ ᠵᠢᠩ ᠪᠢᠶᠠᠨ ᠰᠢᠶᠠᠨ ᠤ ᠪᠸᠢ ᠬᠤᠩ ᠳ᠋ᠦᠨ ᠵᠢᠸ᠋ ᠨᠢᠭᠡᠳᠦᠯ ᠤᠨ ᠪᠠᠢ ᠴᠧᠩ ᠽᠢ︶ ᠳᠤ | ᠨᠡᠶᠢᠰᠯᠡᠪᠡ᠃ ᠲᠤᠰ ᠬᠤᠰᠢᠭᠤᠨ ᠤ ᠭᠠᠵᠠᠷ ᠨᠤᠳᠤᠭ ᠨᠢ ᠮᠦᠨ ᠲᠡᠬᠦᠨ ᠤ ᠬᠢᠯᠢ ᠳᠤ ᠤᠷᠤᠰᠢᠵᠤ ᠪᠠᠶᠢᠵᠠᠢ᠃ | | | |