365bet网上娱乐场_365双试投注是什么_365bet正网开户人民政府蒙古文网站 365bet网上娱乐场_365双试投注是什么_365bet正网开户

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠬᠠᠩᠬᠢᠨ ᠬᠤᠶᠢᠳᠤ ᠬᠤᠰᠢᠭᠤᠨ ᠤ ᠲᠡᠤᠬᠡᠨ ᠬᠤᠪᠢᠰᠤᠯ ︵ᠬᠤᠶᠠᠷ︶
        ᠨᠡᠶᠢᠲᠡᠯᠡᠭᠰᠡᠨ ᠴᠠᠭ᠄
        2022/8/9
                    ᠡᠨᠡᠬᠦ ᠬᠠᠨ ᠤᠯᠤᠰ ᠤᠨ ᠤᠮᠠᠷᠠᠳᠤ ᠬᠡᠰᠡᠭ ᠲᠤ ᠬᠠᠩᠬᠠᠶᠢᠨ ᠰᠡᠬᠦᠶᠢᠭᠰᠡᠨ ᠬᠦᠴᠦᠷᠬᠡᠭ ᠶᠡᠭᠡ ᠪᠤᠭᠤᠯ ᠤᠨ ᠡᠵᠡᠨᠳᠦ ᠭᠠᠭᠴᠠᠭᠠᠷ ᠡᠵᠡᠮᠰᠢᠯᠳᠦ ᠤᠯᠤᠰ ᠨᠢ ᠵᠠᠰᠠᠭ ᠵᠠᠬᠢᠷᠭᠠᠨ ᠤ ᠲᠠᠯ᠎ᠠ ᠪᠠᠷ ᠭᠤᠷᠪᠠᠨ ᠬᠡᠰᠡᠭ ᠲᠤ ᠬᠤᠪᠢᠶᠠᠭᠳᠠᠳᠠᠭ᠃ ᠳᠤᠮᠳᠠ ᠬᠡᠰᠡᠭ ᠨᠢ ᠴᠠᠨ ᠢᠦᠢ ᠶᠢᠨ ᠰᠢᠭᠤᠳ ᠡᠵᠡᠮᠰᠢᠯ ᠳᠤ ᠬᠠᠷᠢᠶᠠᠯᠠᠭᠳᠠᠵᠤ᠂ ᠵᠡᠬᠦᠨ ᠪᠠᠷᠠᠭᠤᠨ ᠬᠤᠶᠠᠷ ᠬᠡᠰᠡᠭ ᠲᠤ ᠲᠤᠰ ᠪᠦᠷᠢ ᠵᠡᠬᠦᠨ ᠪᠠᠷᠠᠭᠤᠨ ᠮᠡᠷᠭᠡᠨ ᠸᠠᠩ ᠲᠤᠬᠢᠷᠠᠭᠤᠯᠤᠨ ᠬᠠᠷᠢᠶᠠᠯᠠᠭᠤᠯᠵᠠᠢ᠃ ᠾᠸᠤᠩᠨᠤ ᠶᠢᠨ ᠴᠠᠨ ᠢᠦᠢ ᠲᠢᠩᠬᠢᠮ ︵ᠯᠤᠤ ᠶᠢᠨ ᠲᠢᠩᠬᠢᠮ ᠪᠤᠶᠤ ᠯᠤᠤ ᠶᠢᠨ ᠬᠤᠳᠠ︶᠎ ᠨᠢ ᠤᠳᠤ ᠶᠢᠨ ᠮᠤᠩᠭᠤᠯ ᠤᠯᠤᠰ ᠤᠨ ᠤᠷᠬᠤᠨ ᠭᠤᠤᠯ ᠤᠨ ᠡᠷᠬᠢ ᠳᠠᠬᠢ ᠬᠤᠰᠢᠭᠤ ᠴᠠᠶᠢᠳᠠᠮ ᠨᠠᠭᠤᠷ ᠤᠨ ᠤᠶᠢᠷᠠᠯᠴᠠᠭ᠎ᠠ ᠪᠠᠶᠢᠵᠠᠢ᠂ ᠡᠨᠡ ᠪᠤᠯ ᠤᠮᠠᠷᠠᠳᠤ ᠲᠢᠩᠬᠢᠮ ᠪᠤᠯᠤᠨ᠎ᠠ᠃ ᠡᠮᠦᠨᠡᠳᠦ ᠲᠢᠩᠬᠢᠮ ᠨᠢ ᠤᠳᠤ ᠶᠢᠨ ᠤᠯᠠᠭᠠᠨᠴᠠᠪ ᠬᠤᠳᠠ ᠶᠢᠨ ᠴᠠᠬᠠᠷ ᠪᠠᠷᠠᠭᠤᠨ ᠭᠠᠷᠤᠨ ᠬᠤᠶᠢᠳᠤ ᠬᠤᠰᠢᠭᠤᠨ ᠤ ᠲᠦᠷᠦᠳᠡᠢ ᠤᠷᠴᠢᠮ ᠪᠤᠢ᠃ ᠮᠤᠳᠤᠨ ᠴᠠᠨ ᠢᠦᠢ ᠡᠮᠦᠨᠡᠳᠦ ᠲᠢᠩᠬᠢᠮ ᠳᠤ ᠪᠠᠶᠢᠬᠤ ᠦᠶ᠎ᠡ ᠳᠤ᠂ ᠲᠡᠬᠦᠨ ᠤ ᠵᠠᠬᠢᠷᠭᠠᠨ ᠲᠤᠤᠷᠠᠬᠢ ᠳᠤᠮᠳᠠ ᠬᠡᠰᠡᠭ ᠤᠨ ᠴᠡᠷᠢᠭ ᠮᠤᠷᠢ ᠨᠢ ᠡᠮᠦᠨᠡᠰᠢ ᠬᠠᠨ ᠤᠯᠤᠰ ᠤᠨ ᠳ᠋ᠠᠢ ᠵᠢᠶᠦ᠋ᠨ ︵ᠤᠳᠤ ᠶᠢᠨ ᠾᠧᠪᠸᠢ ᠮᠤᠵᠢ ᠶᠢᠨ ᠸᠧᠢ ᠰᠢᠶᠠᠨ︶᠎ ᠤ ᠶᠦᠨ ᠵᠦᠩ ︵ᠤᠳᠤ ᠎ ᠶᠢᠨ ᠲᠤᠭᠳᠠᠬᠤ ᠰᠢᠶᠠᠨ ᠤ ᠵᠠᠬᠦᠨ ᠬᠤᠶᠢᠳᠤ ᠬᠡᠰᠡᠭ︶ ᠤᠷᠤᠨ ᠲᠠᠢ ᠡᠭᠴᠡ ᠬᠠᠷᠠᠯᠴᠠᠵᠤ ᠪᠠᠶᠢᠪᠠ᠃ ᠵᠡᠬᠦᠨ ᠬᠡᠰᠡᠭ ᠨᠢ ᠵᠡᠬᠦᠨ ᠬᠤᠶᠢᠳᠤ ᠤᠷᠤᠨ ᠢ ᠡᠵᠡᠮᠰᠢᠨ᠂ ᠵᠡᠬᠦᠨ ᠮᠡᠷᠭᠡᠨ ᠸᠠᠩ ᠤᠨ ᠬᠠᠷᠢᠶᠠᠨ ᠳᠤ ᠪᠠᠶᠢᠵᠤ᠂ ᠡᠮᠦᠨᠡᠰᠢ ᠬᠠᠨ ᠤᠯᠤᠰ ᠤᠨ ᠱᠠᠩ ᠭᠦ᠋ ︵ᠤᠳᠤ ᠶᠢᠨ ᠾᠧᠪᠸᠢ ᠮᠤᠵᠢ ᠶᠢᠨ ᠬᠤᠸᠠᠢ ᠯᠠᠢ ᠰᠢᠶᠠᠨ︶᠎ ᠠᠴᠠ ᠵᠡᠬᠦᠨᠰᠢᠬᠢ ᠤᠷᠤᠨ ᠲᠠᠢ ᠰᠢᠭᠤᠳ ᠵᠤᠯᠭᠠᠯᠳᠤᠵᠤ ᠪᠠᠶᠢᠪᠠ᠃ ᠪᠠᠷᠠᠭᠤᠨ ᠬᠡᠰᠡᠭ ᠨᠢ ᠪᠠᠷᠠᠭᠤᠨ ᠲᠠᠯ᠎ᠠ ᠳᠤ  ᠰᠠᠭᠤᠷᠢᠰᠢᠭᠰᠠᠨ ᠪᠠᠷᠠᠭᠤᠨ ᠮᠡᠷᠭᠡᠨ ᠸᠠᠩ ᠤᠨ ᠬᠠᠷᠢᠶᠠᠨ ᠎ ᠳᠤ ᠬᠤᠪᠢᠶᠠᠭᠳᠠᠵᠤ᠂ ᠡᠮᠦᠨᠡᠰᠢ ᠬᠠᠨ ᠤᠯᠤᠰ ᠤᠨ ᠱᠠᠩ ᠵᠢᠶᠦ᠋ᠨ ᠠᠴᠠ ᠪᠠᠷᠠᠭᠤᠨᠰᠢ᠂ ᠭᠠᠨᠰᠦ ᠶᠢᠨ ᠡᠮᠦᠨᠡᠳᠦ ᠬᠡᠰᠡᠭ ᠪᠠ ᠬᠦᠬᠡᠨᠠᠭᠤᠷ ᠤᠨ  ᠪᠦᠰᠡ ᠨᠤᠳᠤᠭ ᠬᠦᠷᠳᠡᠯᠡᠬᠢ ᠤᠷᠤᠨ ᠲᠠᠢ ᠵᠠᠯᠭᠠᠯᠳᠤᠵᠤ ᠪᠠᠶᠢᠪᠠ᠃ ᠪᠠᠷᠠᠭᠤᠨ ᠬᠠᠨ ᠤ ᠦᠶ᠎ᠡ ᠶᠢᠨ ᠾᠸᠤᠩᠨᠤ ᠪᠤᠷᠤᠲᠤᠬᠤᠢ ᠶᠢ ᠡᠵᠡᠯᠡᠵᠦ ᠪᠠᠶᠢᠭᠰᠠᠨ ᠦᠶ᠎ᠡ ᠳᠤ᠂ ᠲᠤᠰ ᠬᠤᠰᠢᠭᠤᠨ ᠤ ᠭᠠᠵᠠᠷ ᠨᠤᠳᠤᠭ ᠨᠢ ᠪᠠᠷᠠᠭᠤᠨ ᠮᠡᠷᠭᠡᠨ ᠸᠠᠩ ᠤᠨ ᠡᠵᠡᠮᠰᠢᠯ ᠤᠷᠤᠨ ᠳᠤ ᠪᠠᠭᠳᠠᠭᠳᠠᠵᠤ ᠪᠠᠶᠢᠵᠠᠢ᠃   ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 201 ᠤᠨ ︵ᠬᠠᠨ ᠭᠤᠤᠽᠦ ᠶᠢᠨ ᠵᠢᠷᠭᠤᠳᠤᠭᠠᠷ ᠤᠨ︶᠎ ᠳᠤ᠂ ᠾᠸᠤᠩᠨᠤ ᠶᠢᠨ ᠶᠡᠭᠡ ᠴᠡᠷᠢᠭ ᠬᠢᠳᠡᠳ ᠤᠨ ᠲᠦᠪ ᠨᠤᠳᠤᠭ ᠲᠤ ᠴᠦᠮᠦᠷᠡᠨ ᠤᠷᠤᠵᠤ᠂ ᠬᠠᠨ ᠸᠠᠩ ᠰᠢᠨ ᠤ ᠨᠡᠶᠢᠰᠯᠡᠯ ᠬᠤᠳᠠ ᠮᠠ ᠢ ︵ᠤᠳᠤ ᠶᠢᠨ ᠱᠠᠨ ᠰᠢ ᠮᠤᠵᠢ ᠶᠢᠨ ᠱᠦᠸᠧ ᠰᠢᠶᠠᠨ︶᠎ ᠢ ᠳᠠᠭᠠᠷᠢᠨ ᠡᠵᠡᠯᠡᠬᠦ ᠶᠢᠨ ᠬᠠᠮᠳᠤ ᠡᠮᠦᠨᠡᠰᠢ ᠶᠢᠨ ᠶᠠᠩ ︵ᠤᠳᠤ ᠎ ᠶᠢᠨ ᠱᠠᠨ ᠰᠢ ᠮᠤᠵᠢ ᠶᠢᠨ ᠲᠠᠶᠢᠶᠤᠸᠠᠨ︶᠎ ᠳᠤ ᠲᠤᠯᠪᠠ᠃  ᠳᠠᠷᠠᠭ᠎ᠠ ᠵᠢᠯ ᠨᠢ᠂ ᠬᠠᠨ ᠭᠤᠤᠽᠦ ᠯᠢᠦ ᠪᠠᠩ ᠦᠪᠡᠷ ᠢᠶᠠᠨ ᠭᠤᠴᠢᠨ ᠬᠤᠶᠠᠷ ᠲᠦᠮᠡᠨ ᠶᠡᠭᠡ ᠴᠡᠷᠢᠭ ᠳᠠᠶᠢᠴᠢᠯᠠᠨ ᠡᠰᠡᠷᠬᠦᠴᠡᠭᠰᠡᠨ ᠪᠤᠯᠪᠠᠴᠤ ᠲᠡᠬᠦᠨ ᠤ ᠶᠡᠭᠡ ᠴᠡᠷᠢᠭ ᠠᠩᠬᠢ ᠪᠤᠯᠤᠨ ᠮᠠᠩᠯᠠᠢ ᠴᠡᠷᠢᠭ ᠠᠩᠬᠢ ᠨᠢ ᠴᠦᠮ ᠫᠢᠩ ᠴᠧᠩ ᠤᠨ ᠪᠠᠢ ᠳ᠋ᠧᠩ ᠱᠠᠨ ᠠᠭᠤᠯᠠᠨ ᠎ ᠳᠤ ᠾᠸᠤᠩᠨᠤ ᠶᠢᠨ ᠴᠡᠷᠢᠭ ᠲᠤ ᠳᠤᠯᠤᠭᠠᠨ ᠰᠦᠨᠢ ᠳᠤᠯᠤᠭᠠᠨ ᠡᠳᠦᠷ ᠪᠦᠰᠡᠯᠡᠭᠳᠡᠵᠦ᠂ ᠬᠠᠨ ᠭᠤᠤᠽᠦ ᠠᠷᠭ᠎ᠠ ᠪᠤᠰᠤ ᠤᠷᠤᠭ ᠪᠠᠷᠢᠯᠳᠤᠵᠤ ᠡᠪᠰᠡᠬᠦ ᠭᠡᠷ᠎ᠡ ᠲᠤᠭᠳᠠᠵᠠᠢ᠃ ᠬᠦᠩᠵᠦ ᠪᠠᠨ ᠬᠦᠷᠭᠡᠬᠦ ᠪᠠᠷ ᠪᠠᠷᠠᠬᠤ ᠦᠭᠡᠢ᠂ ᠵᠢᠯ ᠪᠦᠷᠢ ᠲᠤᠷᠭ᠎ᠠ ᠲᠤᠷᠳᠤᠩ ᠠᠮᠤ ᠪᠤᠳᠠᠭ᠎ᠠ ᠬᠦᠷᠭᠡᠵᠦ᠂ ᠪᠤᠭᠤᠮᠳᠠ ᠨᠡᠭᠡᠭᠡᠵᠦ ᠠᠷᠠᠯᠵᠢᠶ᠎ᠠ ᠨᠡᠪᠳᠡᠷᠡᠯᠴᠡᠵᠦ᠂ ᠾᠸᠤᠩᠨᠤ ᠲᠠᠢ ᠠᠬᠠᠨ ᠳᠡᠭᠦᠰ ᠪᠠᠷᠢᠯᠳᠤᠵᠠᠢ᠃ ᠡᠶᠢᠮᠦᠷᠬᠦ ᠤᠷᠤᠭ ᠪᠠᠷᠢᠯᠳᠤᠨ ᠡᠪᠰᠡᠬᠦ ᠲᠦᠷᠦ ᠶᠢᠨ ᠪᠤᠳᠤᠯᠭ᠎ᠠ ᠨᠢ ᠬᠠᠨ ᠤᠯᠤᠰ ᠤᠨ ᠡᠬᠢᠨ ᠤ ᠲᠠᠯᠠᠨ ᠵᠢᠯ ᠤᠨ ᠲᠤᠷᠰᠢ ᠶᠡᠷᠦ ᠬᠤᠪᠢᠷᠠᠭ᠎ᠠ ᠦᠭᠡᠢ᠃ ᠡᠨᠡᠬᠦ ᠬᠤᠭᠤᠴᠠᠭᠠᠨ ᠳᠤ᠂ ᠾᠸᠤᠩᠨᠤ ᠮᠦᠨ ᠡᠮᠦᠨᠡᠰᠢ ᠪᠤᠭᠤᠮᠳᠠ ᠳᠤ ᠬᠡᠳᠦᠨ ᠠᠷᠪᠠᠨ ᠤᠳᠠᠭᠠᠨ ᠤ ᠲᠠᠭᠠᠷᠢᠯᠳᠠ ᠬᠢᠵᠡᠢ᠃ ᠬᠠᠨ ᠤᠯᠤᠰ ᠨᠢ « ᠸᠧᠨ ᠵᠢᠩ ᠤᠨ ᠵᠠᠰᠠᠯᠳᠠ»᠎ ᠪᠠᠷ ᠳᠠᠮᠵᠢᠨ ᠤᠷᠳᠤ ᠬᠤᠭᠤᠴᠠᠭᠠᠨ ᠤ ᠵᠠᠰᠠᠨ ᠰᠡᠯᠪᠢᠯᠳᠡ ᠬᠢᠭᠰᠡᠨ ᠠᠴᠠ ᠤᠯᠤᠰ ᠎ ᠤᠨ ᠬᠦᠴᠦᠨ ᠨᠢ ᠠᠭᠠᠵᠢᠮ ᠢᠶᠠᠷ ᠰᠡᠷᠬᠦᠨ ᠪᠤᠰᠤᠭᠰᠠᠨ ᠪᠠᠶᠢᠨ᠎ᠠ᠃ ᠬᠠᠨ ᠡᠤ ᠳ᠋ᠢ ᠬᠠᠭᠠᠨ ᠤ ᠦᠶ᠎ᠡ ᠪᠤᠯᠬᠤ ᠳᠤ᠂ ᠬᠠᠨ ᠤᠯᠤᠰ ᠡᠬᠢᠯᠡᠨ ᠾᠸᠤᠩᠨᠤ ᠳᠤ ᠢᠳᠡᠪᠬᠢᠳᠡᠢ ᠪᠠᠷ ᠲᠠᠭᠠᠷᠢᠯᠳᠠ ᠬᠢᠵᠦ᠂ ᠤᠷᠢᠳ ᠬᠤᠵᠢᠳ ᠠᠷᠪᠠᠭᠠᠳ ᠤᠳᠠᠭ᠎ᠠ ᠴᠡᠷᠢᠭᠯᠡᠵᠦ᠂ ᠡᠬᠦᠨ ᠤ ᠲᠤᠳᠤᠷ᠎ᠠ ᠭᠤᠷᠪᠠ ᠤᠳᠠᠭᠠᠨ ᠤ ᠲᠤᠮᠤ ᠬᠡᠪᠴᠢᠶᠡᠨ ᠤ ᠳᠠᠶᠢᠨ ᠬᠢᠭᠰᠡᠨ ᠪᠠᠶᠢᠨ᠎ᠠ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ127 ᠤᠨ ᠳᠤ᠂ ᠬᠠᠨ ᠤᠯᠤᠰ ᠤᠨ ᠵᠠᠩᠵᠤᠨ ᠸᠧᠢ ᠴᠢᠩ ᠴᠡᠷᠢᠭ ᠳᠠᠶᠢᠴᠢᠯᠠᠨ ᠪᠠᠷᠠᠭᠤᠨᠰᠢ ᠳᠠᠭᠠᠷᠢᠵᠤ᠂ ᠾᠸᠤᠩᠨᠤ ᠶᠢᠨ ᠯᠸᠤ ᠹᠠᠨ ᠢ ᠢᠯᠠᠵᠤ᠂ ᠾᠧ ᠨᠠᠨ ᠤᠷᠤᠨ ᠢ ᠪᠤᠴᠠᠭᠠᠨ ᠠᠪᠴᠤ᠂ ᠱᠦᠸᠧ ᠹᠠᠩ ᠵᠢᠶᠦ᠋ᠨ ᠪᠤᠯᠤᠨ ᠦᠶᠤᠸᠠᠨ ᠵᠢᠶᠦ᠋ᠨ ᠎ ᠢ ᠪᠠᠶᠢᠭᠤᠯᠵᠠᠢ᠃ ᠮᠦᠨ ᠠᠷᠪᠠᠨ ᠲᠦᠮᠡᠨ ᠶᠠᠳᠠᠭᠤ ᠠᠷᠠᠳ ᠢ ᠡᠯᠰᠡᠨ ᠱᠦᠸᠧ ᠹᠠᠩ ᠳᠤ ᠨᠡᠬᠦᠯᠭᠡᠨ ᠠᠪᠴᠢᠷᠠᠪᠠ᠃ ᠴᠢᠨ ᠤᠯᠤᠰ ᠤᠨ ᠦᠶ᠎ᠡ ᠳᠤ ᠪᠠᠶᠢᠭᠤᠯᠤᠭᠰᠠᠨ ᠬᠤᠳᠠ ᠪᠠᠬᠢᠯᠡᠯᠳᠡ ᠶᠢ ᠵᠠᠰᠠᠨ ᠰᠡᠯᠪᠢᠵᠦ᠂ ᠬᠠᠳᠤᠨ ᠭᠤᠤᠯ ᠤᠨ ᠬᠦᠪᠡᠭᠡ ᠲᠠᠭᠠᠤ ᠶᠢᠨ ᠰᠡᠷᠭᠡᠶᠢᠯᠡᠯᠳᠡ ᠪᠠᠬᠢᠯᠡᠯᠳᠡ ᠶᠢ ᠪᠠᠬᠢᠵᠢᠬᠦᠯᠵᠡᠢ᠃ ᠲᠡᠬᠦᠨ ᠎ ᠤ ᠪᠠᠶᠢᠭᠤᠯᠤᠭᠰᠠᠨ ᠱᠦᠸᠧ ᠹᠠᠩ ᠵᠢᠶᠦ᠋ᠨ ︵ᠵᠢᠶᠦ᠋ᠨ ᠤ ᠵᠠᠬᠢᠷᠭᠠᠨ ᠭᠠᠵᠠᠷ ᠨᠢ ᠤᠳᠤ ᠶᠢᠨ ᠶᠡᠭᠡ ᠵᠤᠤ ᠠᠶᠢᠮᠠᠭ ᠤᠨ ᠲᠤᠭᠤᠢ ᠲᠠᠯ᠎ᠠ ᠶᠢᠨ ᠪᠠᠷᠠᠭᠤᠨ ᠳᠠᠬᠢ ᠬᠠᠳᠤᠨ ᠭᠤᠤᠯ ᠤᠨ ᠡᠮᠦᠨ᠎ᠡ ᠡᠷᠬᠢ ᠳᠤ ᠪᠤᠢ︶᠎ ᠨᠢ ᠤᠳᠤ ᠶᠢᠨ ᠪᠠᠶᠠᠨᠨᠠᠭᠤᠷ ᠶᠢᠨ ᠠᠷᠤ ᠲᠤᠬᠤᠢ ᠪᠠ ᠶᠡᠭᠡ ᠵᠤᠤ ᠶᠢᠨ ᠬᠠᠩᠬᠢᠨ ᠬᠤᠰᠢᠭᠤᠨ ᠤ ᠨᠤᠳᠤᠭ ᠤᠷᠤᠨ ᠎ ᠢ ᠪᠠᠭᠳᠠᠭᠠᠵᠤ᠂ ᠠᠷᠪᠠᠨ ᠰᠢᠶᠠᠨ ᠢ ᠬᠠᠮᠤᠷᠴᠤ ᠪᠠᠶᠢᠵᠠᠢ᠂ ᠲᠡᠳᠡᠭᠡᠷ ᠨᠢ ᠲᠤᠰ ᠪᠦᠷᠢ᠄ ᠢᠦᠢ ᠾᠦᠨ᠂ ᠰᠠᠨ ᠹᠧᠩ᠂ ᠯᠢᠨ ᠷᠦᠩ᠂ ᠯᠢᠨᠾᠧ᠂ ᠸᠧ ᠶᠧ᠂ ᠭᠤᠸᠠᠩ ᠮᠤ᠋᠂ ᠱᠦᠸᠧ ᠹᠠᠩ᠂ ᠴᠢᠦᠢ ᠰᠸᠤ᠂ ᠰᠢᠦ ᠳ᠋ᠦ᠋᠂ ᠬᠤ᠋ ᠴᠢᠦ ᠵᠡᠷᠭᠡ ᠪᠤᠯᠤᠨ᠎ᠠ᠃ ᠲᠤᠰ ᠬᠤᠰᠢᠭᠤᠨ ᠤ ᠭᠠᠵᠠᠷ ᠨᠢ ᠲᠠᠷᠤᠢ ᠯᠢᠨᠾᠧ ᠰᠢᠶᠠᠨ ︵ᠰᠢᠶᠠᠨ ᠤ ᠬᠤᠳᠠ ᠨᠢ ᠤᠳᠤ ᠶᠢᠨ ᠯᠢᠨᠾᠧ ᠰᠢᠶᠠᠨ ᠤ ᠡᠤ ᠰᠢᠩ ᠰᠢᠶᠠᠩ ᠤᠨ ᠭᠤᠤ ᠶᠸᠤ ᠹᠠᠩ ᠭᠧ ᠳ᠋ᠠᠨ︶᠎ ᠤ ᠬᠠᠷᠢᠶ᠎ᠠ ᠤᠷᠤᠨ ᠪᠤᠯᠤᠨ᠎ᠠ᠃ ᠴᠢᠨ ᠤᠯᠤᠰ ᠤᠨ ᠦᠶ᠎ᠡ ᠶᠢᠨ ᠵᠢᠦ ᠶᠤᠸᠠᠨ ᠵᠢᠶᠦ᠋ᠨ ᠢ ᠦᠶᠤᠸᠠᠨ ᠵᠢᠶᠦ᠋ᠨ ᠬᠡᠮᠡᠨ ᠨᠡᠷ᠎ᠡ ᠶᠢ ᠨᠢ ᠦᠭᠡᠷᠡᠴᠢᠯᠡᠨ᠂ ᠤᠳᠤ ᠶᠢᠨ ᠶᠡᠭᠡ ᠵᠤᠤ ᠠᠶᠢᠮᠠᠭ ᠤᠨ ᠵᠡᠬᠦᠨ ᠬᠤᠶᠢᠳᠤ ᠬᠡᠰᠡᠭ᠂ ᠮᠤᠨᠠ ᠠᠭᠤᠯᠠ ᠎ ᠶᠢᠨ ᠤᠶᠢᠷᠠᠯᠴᠠᠭ᠎ᠠ ᠪᠠ ᠪᠤᠭᠤᠳᠤ ᠶᠢᠨ ᠬᠡᠰᠡᠭ ᠭᠠᠵᠠᠷ ᠤᠷᠤᠨ ᠢ ᠬᠠᠷᠢᠶᠠᠯᠠᠭᠤᠯᠵᠤ ᠪᠠᠶᠢᠪᠠ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 121 ᠤᠨ ᠳᠤ᠂ ᠵᠠᠩᠵᠤᠨ ᠾᠦᠸᠧ ᠴᠢᠦᠢ ᠪᠢᠩ ᠭᠠᠨᠰᠤ ᠶᠢᠨ ᠪᠠᠷᠠᠭᠤᠨ ᠠᠴᠠ ᠬᠤᠶᠠᠷ ᠤᠳᠠᠭ᠎ᠠ ᠾᠸᠤᠩᠨᠤ ᠶᠢ ᠳᠠᠭᠠᠷᠢᠨ ᠴᠤᠬᠢᠵᠤ ᠢᠯᠠᠯᠳᠠ ᠤᠯᠪᠠ᠃ ᠾᠸᠤᠩᠨᠤ ᠶᠢᠨ ᠾᠦᠨ ᠶᠧ ᠸᠠᠩ ᠨᠢ ᠰᠢᠦ ᠲᠦ᠋ ᠸᠠᠩ ᠢ ᠬᠦᠨᠦᠭᠡᠵᠦ᠂ ᠲᠦᠮᠡᠨ ᠢᠷᠭᠡᠳ ᠢᠶᠠᠨ ᠳᠠᠭᠠᠭᠤᠯᠤᠨ ᠬᠠᠨ ᠤᠯᠤᠰ ᠲᠤ ᠪᠠᠭᠤᠵᠤ ᠦᠭᠴᠦ᠂ ᠬᠠᠨ ᠤᠯᠤᠰ ᠲᠡᠳᠡᠨ ᠢ ᠯᠦᠩ ᠰᠢ ᠂ ᠪᠸᠢ ᠳ᠋ᠢ᠂ ᠱᠠᠩ ᠵᠢᠶᠦ᠋ᠨ᠂ ᠱᠦᠸᠧ ᠹᠠᠩ᠂ ᠶᠦᠨ ᠵᠦᠩ ᠲᠠᠪᠤᠨ ᠵᠢᠶᠦ᠋ᠨ ᠤ ᠪᠤᠭᠤᠮᠳᠠ ᠶᠢᠨ ᠭᠠᠳᠠᠨ᠎ᠠ ᠰᠠᠭᠤᠷᠢᠰᠢᠭᠤᠯᠵᠤ᠂ ᠲᠠᠪᠤᠨ ᠬᠠᠷᠢᠶᠠᠳᠤ ᠤᠯᠤᠰ ᠬᠡᠮᠡᠨ ᠨᠡᠷᠡᠯᠡᠪᠡ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 119 ᠤᠨ ᠳᠤ᠂ ᠶᠡᠭᠡ ᠵᠠᠩᠵᠤᠨ ᠸᠧᠢ ᠴᠢᠩ ᠳ᠋ᠢᠩ ᠰᠢᠶᠠᠩ ᠠᠴᠠ ᠮᠤᠷᠳᠠᠵᠤ᠂ ᠫᠢᠶᠤᠤ ᠴᠢ ᠵᠠᠩᠵᠤᠨ ᠾᠦᠸᠧ ᠴᠢᠦᠢ ᠪᠢᠩ ᠳ᠋ᠠᠢ ᠵᠢᠶᠦ᠋ᠨ ᠠᠴᠠ ᠴᠡᠷᠢᠭᠯᠡᠨ᠂ ᠲᠤᠰ ᠪᠦᠷᠢ ᠶᠡᠭᠡ ᠴᠡᠷᠢᠭ ᠳᠠᠶᠢᠴᠢᠯᠠᠨ ᠭᠤᠪᠢ ᠶᠢᠨ ᠤᠮᠠᠷᠠᠳᠤ ᠳᠤ ᠬᠦᠨᠵᠡᠭᠡᠶᠢᠷᠡᠨ ᠤᠷᠤᠵᠤ᠂ ᠾᠸᠤᠩᠨᠤ ᠶᠢᠨ ᠭᠤᠤᠯ ᠬᠦᠴᠦᠨ ᠳᠤ ᠴᠤᠬᠢᠯᠳᠠ ᠦᠭᠴᠦ᠂ ᠾᠸᠤᠩᠨᠤ ᠶᠡᠬᠡᠪᠡᠷ ᠢᠯᠠᠭᠳᠠᠵᠠᠢ᠃ ᠡᠨᠡᠬᠦ ᠭᠤᠷᠪᠠᠨ ᠤᠳᠠᠭᠠᠨ ᠤ ᠶᠡᠭᠡ ᠳᠠᠶᠢᠨ ᠤ ᠲᠠᠷᠠᠭ᠎ᠠ᠂ ᠾᠸᠤᠩᠨᠤᠴᠤᠳ ᠳᠠᠬᠢᠨ ᠭᠤᠪᠢ ᠶᠢᠨ ᠡᠮᠦᠨ᠎ᠡ  ᠤᠷᠤᠬᠤ ᠠᠴᠠ ᠪᠠᠨ ᠵᠢᠷᠦᠬᠡᠰᠢᠶᠡᠬᠦ ᠪᠤᠯᠪᠠ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 110 ᠤᠨ ᠳᠤ᠂ ᠬᠠᠨ ᠡᠤ ᠳ᠋ᠢ ᠬᠠᠭᠠᠨ ᠦᠪᠡᠷᠲᠡᠭᠡᠨ ᠠᠷᠪᠠᠨ ᠨᠢᠢᠮᠠᠨ ᠲᠦᠮᠡᠨ ᠴᠡᠷᠢᠭ ᠳᠠᠶᠢᠴᠢᠯᠠᠨ ᠶᠦᠨ ᠶᠠᠩ ᠪᠠᠷ ᠳᠠᠮᠵᠢᠨ ᠱᠠᠩ ᠵᠢᠶᠦ᠋ᠨ᠂ ᠰᠢ ᠾᠧ᠂ ᠱᠦᠸᠧ ᠹᠠᠩ᠂ ᠦᠶᠤᠸᠠᠨ ᠠᠴᠠ ᠮᠤᠷᠳᠠᠵᠤ᠂ ᠴᠠᠭᠠᠨ ᠬᠡᠷᠡᠮ ᠢ ᠳᠠᠪᠠᠵᠤ᠂ ᠮᠤᠨᠢ ᠠᠭᠤᠯᠠ ᠶᠢ ᠲᠤᠭᠤᠯᠤᠨ᠂ ᠴᠠᠨ ᠢᠦᠢ ᠶᠢᠨ ᠲᠠᠶᠢᠵᠠ ᠳᠤ ᠠᠪᠠᠷᠢᠨ ᠭᠠᠷᠤᠭᠰᠠᠨ ᠪᠤᠯᠪᠠᠴᠤ᠂ ᠾᠸᠤᠩᠨᠤ ᠶᠢᠨ ᠴᠠᠨ ᠢᠦᠢ ᠨᠢᠭᠡᠨᠳᠡ ᠬᠤᠯᠠ ᠵᠠᠶᠢᠯᠠᠨ ᠲᠤᠳᠠᠭᠠᠵᠤ᠂ ᠳᠠᠶᠢᠯᠠᠯᠳᠤᠬᠤ ᠠᠴᠠ ᠳᠠᠳᠠᠭᠠᠯᠵᠠᠭᠰᠠᠨ ᠪᠠᠶᠢᠨ᠎ᠠ᠃        ᠬᠠᠨ ᠡᠤ ᠳ᠋ᠢ ᠤᠮᠠᠷᠠᠰᠢ ᠳᠠᠶᠢᠯᠠᠭᠰᠠᠨ ᠠᠴᠠ ᠡᠬᠢᠯᠡᠭᠡᠳ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 60 ᠤᠨ ᠪᠤᠯᠳᠠᠯᠠᠬᠢ ᠲᠠᠪᠢᠨ ᠵᠢᠯ ᠤᠨ ᠲᠤᠷᠰᠢ᠂ ᠬᠠᠨ ᠤᠯᠤᠰ ᠠᠴᠠ ᠾᠸᠤᠩᠨᠤ ᠳᠤ ᠭᠤᠤᠯᠳᠠᠭᠤ ᠰᠢᠭᠤᠳ  ᠰᠡᠷᠭᠡᠶᠢᠯᠡᠬᠦ ᠴᠢᠭᠯᠡᠯᠳᠡ ᠶᠢ ᠬᠡᠷᠡᠭᠵᠢᠬᠦᠯᠪᠡ᠃ ᠨᠢᠭᠡ ᠳᠤ᠂ ᠬᠢᠯᠢ ᠲᠠᠭᠠᠤ ᠶᠢᠨ ᠴᠠᠭᠠᠨ ᠬᠡᠷᠡᠮ ᠪᠠ ᠬᠤᠳᠠ ᠶᠢᠨ ᠪᠠᠬᠢᠯᠡᠯᠳᠡ ᠶᠢ ᠨᠡᠮᠡᠨ ᠰᠡᠯᠪᠢᠵᠦ᠂ ᠲᠠᠰᠤᠷᠠᠯᠳᠠ ᠦᠭᠡᠢ ᠶᠡᠭᠡ ᠴᠡᠷᠢᠭ ᠲᠤᠮᠢᠯᠠᠨ ᠰᠠᠬᠢᠨ ᠬᠠᠮᠠᠭᠠᠯᠠᠪᠠ᠃ ᠤᠷᠢᠳ ᠬᠤᠵᠢᠳ ᠪᠠ ᠬᠤ᠋ ᠵᠠᠩᠵᠤᠨ ᠭᠦᠸᠧ ᠴᠠᠩ᠂ ᠴᠦ᠋ ᠶᠧ ᠾᠸᠤ ᠵᠤᠤ ᠫᠦᠸᠧ ᠨᠤ᠋ ᠶᠢ ᠲᠤᠮᠢᠯᠠᠨ ᠱᠦᠸᠧ ᠹᠠᠩ ᠠᠴᠠ ᠵᠡᠬᠦᠨᠰᠢᠬᠢ ᠭᠠᠵᠠᠷ ᠤᠷᠤᠨ ᠳᠤ ᠰᠠᠭᠤᠯᠭᠠᠪᠠ᠃ ᠭᠤᠸᠠᠩ ᠯᠤ᠋ ᠰᠢᠶᠦ᠋ᠨ ᠰᠢᠦᠢ ᠽᠢ ᠸᠧᠢ ᠢ ᠵᠠᠷᠯᠢᠭᠳᠠᠨ ᠦᠶᠤᠸᠠᠨ ᠤ ᠪᠤᠭᠤᠮᠳᠠ ᠶᠢᠨ ᠭᠠᠳᠠᠨ᠎ᠠ ᠤᠯᠠᠨ ᠬᠤᠳᠠ ᠪᠠᠶᠢᠭᠤᠯᠪᠠ᠃ ᠬᠤᠶᠠᠷ ᠲᠤ᠂ ᠠᠷᠠᠳ ᠢ ᠨᠡᠬᠦᠯᠭᠡᠨ ᠲᠠᠷᠢᠶ᠎ᠠ ᠲᠠᠷᠢᠵᠤ ᠬᠢᠯᠢ ᠶᠢ ᠪᠠᠳᠤᠳᠬᠠᠪᠠ᠃ ᠡᠷᠳᠡ ᠬᠠᠨ ᠡᠤ ᠳ᠋ᠢ ᠶᠤᠸᠠᠨ ᠱᠸᠤ ᠶᠢᠨ ᠭᠤᠷᠪᠠᠳᠤᠭᠠᠷ ᠤᠨ ︵ᠡᠮᠦᠨ᠎ᠡ120 ᠤᠨ︶᠎ ᠳᠤ ᠱᠠᠨᠳᠦ᠋ᠩ ᠳᠤ ᠤᠰᠤᠨ ᠭᠠᠮᠰᠢᠭ ᠪᠤᠯᠵᠤ᠂ ᠲᠡᠨᠳᠡᠬᠢ ᠲᠠᠯᠠᠭᠠᠳ ᠲᠦᠮᠡᠨ ᠭᠠᠮᠰᠢᠭᠳᠠᠭᠰᠠᠨ ᠠᠷᠠᠳ ᠢ ᠬᠠᠨ ᠭᠦ᠋ ᠭᠤᠸᠠᠨ ᠠᠴᠠ ᠪᠠᠷᠠᠭᠤᠨᠰᠢ᠂ ᠱᠦᠸᠧ ᠹᠠᠩ ᠠᠴᠠ ᠡᠮᠦᠨᠡᠰᠢᠬᠢ ᠰᠢᠨ᠎ᠡ ᠴᠢᠨ ᠤ ᠳᠤᠮᠳᠠᠳᠤ ᠤᠷᠤᠨ ᠳᠤ ᠨᠡᠬᠦᠯᠭᠡᠨ ᠠᠪᠴᠢᠷᠠᠪᠠ᠃ ᠶᠤᠸᠠᠨ ᠳ᠋ᠢᠩ ᠤᠨ ᠵᠢᠷᠭᠤᠳᠤᠭᠠᠷ ᠤᠨ ︵ᠡᠮᠦᠨ᠎ᠡ111 ᠤᠨ︶᠎ ᠳᠤ᠂ ᠱᠠᠩ ᠵᠢᠶᠦ᠋ᠨ᠂ ᠱᠦᠸᠧ ᠹᠠᠩ᠂ ᠰᠢ ᠾᠧ᠂ ᠾᠧ ᠰᠢ ᠳᠤ ᠲᠠᠷᠢᠶᠠᠯᠠᠩ ᠤᠨ ᠨᠤᠶᠠᠨ ᠲᠤᠮᠢᠯᠠᠵᠤ᠂ ᠬᠢᠯᠢ ᠬᠢᠵᠠᠭᠠᠷ ᠤᠨ ᠵᠢᠷᠠᠨ ᠲᠦᠮᠡᠨ ᠴᠡᠷᠢᠭ ᠢ ᠠᠯᠪᠠᠳᠠᠨ ᠲᠠᠷᠢᠶ᠎ᠠ ᠲᠠᠷᠢᠵᠤ ᠬᠢᠯᠢ ᠶᠢ ᠰᠠᠬᠢᠭᠤᠯᠪᠠ᠃ ᠲᠢᠶᠠᠨ ᠬᠠᠨ ᠤ ᠠᠩᠬᠠᠳᠠᠭᠴᠢ ᠤᠨ ︵  ᠡᠮᠦᠨ᠎ᠡ110 ᠤᠨ︶᠎ ᠤ ᠨᠠᠮᠤᠷ᠂ ᠪᠠᠰᠠ ᠳ᠋ᠢ ᠷᠦᠩ ᠢ ᠲᠤᠮᠢᠯᠠᠨ ᠦᠶᠤᠸᠠᠨ ᠳᠤ ᠰᠠᠭᠤᠯᠭᠠᠪᠠ᠃ ᠲᠠᠷᠢᠶ᠎ᠠ ᠲᠠᠷᠢᠬᠤ ᠳᠤ ᠵᠠᠰᠠᠭ ᠎ ᠤᠨ ᠭᠠᠵᠠᠷ ᠠᠴᠠ ᠦᠬᠡᠷ ᠠᠨᠵᠢᠰᠤ ᠦᠷ᠎ᠡ ᠲᠠᠷᠢᠶ᠎ᠠ ᠶᠢ ᠨᠢ ᠬᠠᠩᠭᠠᠵᠤ ᠦᠭᠳᠡᠭ᠃ ᠱᠦᠸᠧ ᠹᠠᠩ ᠵᠡᠷᠭᠡ ᠭᠠᠵᠠᠷ ᠲᠤ ᠤᠰᠤᠨ ᠰᠤᠪᠠᠭ ᠮᠠᠯᠳᠠᠵᠤ᠂ ᠤᠰᠤ ᠲᠠᠳᠠᠨ ᠤᠰᠤᠯᠠᠯᠳᠠ ᠬᠢᠵᠦ᠂ ᠲᠠᠷᠢᠶᠠᠯᠠᠩ ᠢ ᠬᠦᠭᠵᠢᠬᠦᠯᠦᠨ᠂ ᠬᠢᠯᠢ ᠶᠢ ᠴᠢᠩᠭᠠᠳᠬᠠᠪᠠ᠃ ᠭᠤᠷᠪᠠ ᠳᠤ᠂ ᠾᠸᠤᠩᠨᠤ ᠶᠢᠨ ᠵᠡᠬᠦᠨ  ᠪᠠᠷᠠᠭᠤᠨ ᠵᠢᠬᠦᠷ ᠤᠨ ᠤᠯᠤᠰ ᠤᠷᠤᠨ ᠎ ᠲᠠᠢ ᠬᠠᠷᠢᠯᠴᠠᠭ᠎ᠠ ᠪᠠᠨ ᠴᠢᠩᠭᠠᠳᠬᠠᠨ᠂ ᠲᠡᠳᠡᠨ ᠤ ᠲᠦᠰᠢᠭ ᠲᠤᠯᠭᠠᠭᠤᠷᠢ ᠶᠢ ᠠᠷᠢᠯᠭᠠᠪᠠ᠃       ᠾᠸᠤᠩᠨᠤ ᠢᠯᠠᠭᠳᠠᠨ ᠤᠬᠤᠷᠢᠭᠰᠠᠨ ᠤ ᠲᠠᠷᠠᠭ᠎ᠠ᠂ ᠲᠠᠪᠤᠨ ᠴᠠᠨ ᠢᠦᠢ ᠲᠡᠮᠡᠴᠡᠯᠳᠦᠨ ᠵᠡᠷᠭᠡᠪᠡᠷ ᠰᠠᠭᠤᠷᠢᠨ ᠳᠤ ᠰᠠᠭᠤᠭᠰᠠᠨ ᠪᠠᠶᠢᠳᠠᠯ ᠢᠯᠡᠷᠡᠪᠡ᠃ ᠡᠴᠦᠰ ᠎ ᠲᠡᠭᠡᠨ ᠬᠤ᠋ ᠬᠠᠨ ᠶᠧ ᠪᠤᠯᠤᠨ ᡁᠢ ᡁᠢ ︵ᠬᠤ᠋ ᠬᠠᠨ ᠶᠧ ᠶᠢᠨ ᠠᠬ᠎ᠠ︶ ᠠᠬ᠎ᠠ ᠲᠡᠬᠦᠦ ᠬᠤᠶᠠᠷ ᠲᠡᠮᠡᠴᠡᠯᠳᠦᠨ ᠵᠡᠬᠦᠨ ᠪᠠᠷᠠᠭᠤᠨ ᠬᠤᠶᠠᠷ ᠬᠡᠰᠡᠭ ᠬᠤᠪᠢᠶᠠᠵᠤ ᠲᠤᠰ ᠪᠦᠷᠢ ᠴᠠᠨ ᠢᠦᠢ ᠰᠠᠭᠤᠪᠠ᠃ ᠬᠤ᠋ ᠬᠠᠨ ᠶᠧ ᠠᠬ᠎ᠠ ᡁᠢ ᡁᠢ ᠳᠡᠭᠡᠨ ᠢᠯᠠᠭᠳᠠᠭᠰᠠᠨ ᠤ ᠲᠠᠷᠠᠭ᠎ᠠ ᠭᠤᠪᠢ ᠶᠢᠨ ᠡᠮᠦᠨᠡᠳᠦ ᠳᠤ ᠤᠷᠤᠵᠤ ᠰᠠᠭᠤᠪᠠ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 52 ᠤᠨ ᠳᠤ᠂ ᠬᠤ᠋ ᠬᠠᠨ ᠶᠧ ᠴᠠᠨ ᠢᠦᠢ ᠦᠶᠤᠸᠠᠨ ᠳᠤ ᠬᠦᠷᠴᠦ ᠬᠠᠨ ᠤᠯᠤᠰ ᠲᠤ ᠪᠠᠭᠤᠵᠤ ᠦᠭᠪᠡ᠃ ᠲᠠᠷᠠᠭ᠎ᠠ ᠵᠢᠯ ᠤᠨ ᠬᠠᠪᠤᠷ᠂ ᠬᠤ᠋ ᠬᠠᠨ ᠶᠧ ᠴᠠᠨ ᠢᠦᠢ ᠦᠶᠤᠸᠠᠨ᠂ ᠱᠦᠸᠧ ᠹᠠᠩ ᠵᠡᠷᠭᠡ ᠲᠤᠯᠤᠭᠠᠨ ᠵᠢᠶᠦ᠋ᠨ ᠢᠶᠠᠷ ᠦᠩᠭᠡᠷᠡᠨ ᠴᠠᠩ ᠠᠨ ᠳᠤ ᠬᠦᠷᠪᠡ᠃ « ᠬᠠᠨ ᠤᠯᠤᠰ ᠶᠡᠬᠡᠪᠡᠷ ᠰᠤᠶᠤᠷᠬᠠᠨ ᠤᠨᠴᠠᠭᠠᠢ ᠪᠡᠯᠡᠭ ᠱᠠᠩᠨᠠᠵᠤ᠂ ᠵᠡᠷᠭᠡ ᠬᠡᠷᠬᠡᠮ ᠢ ᠨᠢ ᠤᠯᠠᠨ ᠾᠸᠤ ᠸᠠᠩ ᠠᠴᠠ ᠲᠡᠭᠡᠭᠦᠷ ᠡᠷᠬᠦᠮᠵᠢᠯᠡᠵᠦ »᠂ ᠲᠡᠬᠦᠨ ᠢ ᠾᠸᠤᠩᠨᠤ ᠶᠢᠨ ᠬᠠᠮᠤᠭ ᠲᠤᠮᠤ ᠤᠳᠤᠷᠢᠳᠤᠭᠴᠢ ᠭᠡᠳᠡᠭ ᠢ ᠮᠡᠳᠡᠷᠡᠵᠦ᠂ ᠮᠦᠨ ᠲᠡᠬᠦᠨ ᠤ ᠮᠤᠨᠢ ᠠᠭᠤᠯᠠ ᠶᠢ ᠰᠡᠷᠭᠡᠶᠢᠯᠡᠨ ᠰᠠᠬᠢᠬᠤ ᠭᠡᠰᠡᠨ ᠭᠤᠶᠤᠴᠢᠯᠠᠯᠳᠡ ᠶᠢ ᠨᠢ ᠬᠦᠯᠢᠶᠡᠨ ᠵᠦᠪᠰᠢᠶᠡᠷᠡᠵᠦ᠂ ᠳ᠋ᠦᠩ ᠵᠦᠩ᠂ ᠬᠠᠨ ᠴᠠᠩ ᠬᠤᠶᠠᠷ ᠵᠠᠩᠵᠤᠨ ᠢᠶᠠᠷ ᠲᠦᠮᠡ ᠵᠢᠷᠭᠤᠭᠠᠨ ᠮᠢᠩᠭᠠᠨ ᠮᠤᠷᠢᠳᠤ ᠴᠡᠷᠢᠭ ᠳᠠᠶᠢᠴᠢᠯᠠᠭᠤᠯᠤᠨ ᠴᠠᠨ ᠢᠦᠢ ᠶᠢ ᠬᠠᠮᠠᠭᠠᠯᠠᠨ ᠱᠦᠸᠧ ᠹᠠᠩ ᠤᠨ ᠵᠢᠢ ᠯᠤ᠋ ᠪᠤᠭᠤᠮᠳᠠ ︵ᠤᠳᠤ ᠶᠢᠨ ᠲᠠᠨ ᠵᠢᠶᠤᠤ ᠺᠸᠤ ᠶᠢᠨ ᠪᠠᠷᠠᠭᠤᠨ ᠳᠠᠬᠢ ᠬᠠᠯᠢᠭᠤᠨ ᠭᠡᠬᠦᠦ ᠶᠢᠨ ᠭᠤᠤ᠂ ᠭᠤᠤ ᠶᠢᠨ ᠠᠮᠠᠰᠠᠷ ᠲᠤ ᠤᠳᠤ ᠪᠤᠯᠳᠠᠯ᠎ᠠ ᠪᠠᠰᠠ ᠴᠢᠯᠠᠭᠤᠨ ᠪᠠᠬᠢᠯᠡᠯᠳᠡ ᠪᠠᠶᠢᠭᠰᠠᠭᠠᠷ︶᠎ ᠪᠠᠷ ᠭᠠᠷᠭᠠᠵᠤ᠂ ᠳᠡᠨᠳᠡ ᠨᠢᠢᠮᠠᠨ ᠵᠢᠯ ᠮᠠᠯᠵᠢᠨ ᠰᠠᠭᠤᠷᠢᠰᠢᠵᠠᠢ᠃ ᠮᠦᠨ ᠳ᠋ᠦᠩ ᠵᠦᠩ ᠵᠡᠷᠭᠡ ᠲᠤ ᠵᠠᠷᠯᠢᠭ ᠪᠠᠭᠤᠯᠭᠠᠨ« ᠲᠡᠨᠳᠡ ᠦᠯᠡᠳᠡᠨ ᠴᠠᠨ ᠢᠦᠢ ᠶᠢ ᠬᠠᠮᠠᠭᠠᠯᠠᠵᠤ᠂ ᠦᠯᠦ ᠳᠠᠭᠠᠭᠰᠠᠳ ᠢ ᠠᠷᠢᠯᠭᠠᠬᠤ ᠳᠤᠷ ᠳᠡᠮᠵᠢᠳᠦᠭᠡᠢ» ᠭᠡᠪᠡ᠃ « ᠮᠦᠨ ᠤᠷᠢᠳ ᠬᠤᠵᠢᠳ ᠭᠤᠷᠪᠠᠨ ᠲᠦᠮᠡ ᠳᠦᠷᠪᠡᠨ ᠮᠢᠩᠭᠠᠨ ᠬᠦ᠋ ︵ᠨᠢᠭᠡ ᠬᠦ᠋ ᠨᠢ ᠤᠳᠤ ᠶᠢᠨ ᠭᠤᠴᠢᠨ ᠺᠢᠯᠤᠭ᠍ᠷᠠᠮ︶ ᠠᠮᠤ ᠬᠦᠨᠡᠰᠦ ᠬᠦᠷᠭᠡᠵᠦ᠂ ᠢᠳᠡᠰᠢ ᠨᠦᠬᠡᠴᠡ ᠶᠢ ᠬᠠᠩᠭᠠᠪᠠᠢ»᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 48 ᠤᠨ ᠳᠤ᠂ ᠾᠸᠤᠩᠨᠤ ᠶᠢᠨ ᠨᠤᠳᠤᠭ ᠶᠡᠭᠡ ᠭᠠᠮᠰᠢᠭ ᠲᠤ ᠤᠴᠠᠷᠠᠵᠤ᠂ ᠬᠠᠨ ᠤᠯᠤᠰ ᠠᠴᠠ ᠦᠶᠤᠸᠠᠨ᠂ ᠶᠦᠨ ᠵᠦᠩ ᠠᠴᠠ ᠪᠠᠰᠠ ᠬᠤᠶᠠᠷ ᠲᠦᠮᠡᠨ ᠬᠦ᠋ ᠠᠮᠤ ᠪᠤᠳᠠᠭ᠎ᠠ ᠳᠠᠳᠠᠪᠤᠷᠢᠯᠠᠨ ᠲᠡᠳᠡᠨ ᠳᠤ ᠲᠤᠰᠠᠯᠠᠪᠠ᠃ ᠬᠤ᠋ ᠬᠠᠨ ᠶᠧ ᠴᠠᠨ ᠢᠦᠢ ᠬᠠᠨ ᠤᠯᠤᠰ ᠤᠨ ᠲᠡᠮᠵᠢᠯᠭᠡ ᠪᠠᠷ ᠪᠠᠶᠢᠭᠠᠯᠢ ᠶᠢᠨ ᠭᠠᠮᠰᠢᠭ ᠢ ᠢᠯᠠᠨ ᠲᠤᠭᠤᠯᠵᠤ᠂ ᠬᠦᠮᠦᠨ ᠠᠮᠠ ᠪᠠ ᠮᠠᠯ ᠤᠨᠤᠭ᠎ᠠ ᠨᠢ ᠦᠨᠢᠷ ᠦᠰᠴᠦ᠂ ᠲᠡᠬᠦᠨ ᠤ ᠡᠵᠡᠮᠰᠢᠯ ᠨᠤᠳᠤᠭ ᠲᠤ ᠨᠢᠭᠡᠨ ᠦᠶ᠎ᠡ ᠪᠠᠳᠠᠷᠠᠨ ᠬᠦᠭᠵᠢᠭᠰᠡᠨ ᠪᠠᠶᠢᠳᠠᠯ ᠢᠯᠡᠷᠡᠵᠡᠢ᠃             
        ᠢᠷᠡᠯᠲᠡ᠄ ᠬᠤᠯᠪᠤᠭ᠎ᠠ ᠰᠦᠯᠵᠢᠶ᠎ᠡ