| ᠬᠠᠳᠤᠨ ᠭᠤᠤᠯ ᠤᠨ ᠰᠠᠪᠠ ᠭᠠᠵᠠᠷ ᠪᠤᠯ ᠳᠤᠮᠳᠠᠳᠤ ᠶᠢᠨ ᠦᠨᠳᠦᠰᠦᠳᠡᠨ ᠤ ᠦᠯᠦᠭᠡᠢ ᠨᠤᠳᠤᠭ ᠪᠤᠯᠬᠤ ᠶᠤᠮ᠃ ᠪᠤᠷᠤᠲᠤᠬᠤᠢ ᠨᠢ ᠶᠠᠭ ᠬᠠᠳᠤᠨ ᠭᠤᠤᠯ | ᠤᠨ ᠭᠤᠯᠳᠤᠷᠢᠯ ᠤᠨ ᠨᠡᠯᠢᠶᠡᠳ ᠲᠤᠭᠳᠠᠭᠤᠨ ᠪᠠᠶᠢᠳᠠᠭ ᠲᠡᠭᠡᠳᠦ ᠤᠷᠤᠰᠬᠠᠯ ᠤᠨ ᠲᠤᠤᠷ᠎ᠠ ᠬᠡᠰᠡᠭ ᠲᠤ ᠤᠷᠤᠰᠢᠵᠤ ᠪᠠᠶᠢᠳᠠᠭ᠃ ᠬᠠᠳᠤᠨ ᠭᠤᠤᠯ ᠨᠢᠩᠰᠢᠶᠠ ᠶᠢᠨ | ᠬᠢᠯᠢ ᠠᠴᠠ ᠤᠮᠠᠷᠠᠰᠢ ᠤᠷᠤᠰᠤᠨ ᠳ᠋ᠧᠩᠺᠸᠤ ᠰᠢᠶᠠᠨ ᠤ ᠬᠢᠯᠢ ᠳᠤ ᠬᠦᠷᠴᠦ᠂ ᠤᠯᠠᠭᠠᠨ ᠭᠤᠤᠯ ᠢ ᠦᠭᠰᠦᠨ ᠦᠷᠬᠦᠯᠵᠢᠯᠡᠨ ᠤᠮᠠᠷᠠᠰᠢ ᠤᠷᠤᠰᠴᠤ ᠱᠠ ᠬᠠᠢ | ᠰᠢᠶᠠᠩ ᠤᠨ ᠪᠠᠷᠠᠭᠤᠨ ᠬᠡᠰᠡᠭ ᠤᠨ ᠮᠤᠨᠢ ᠠᠭᠤᠯᠠᠨ ᠤ ᠡᠮᠦᠨ᠎ᠡ ᠪᠡᠯ ᠳᠤ ᠤᠶᠢᠷᠠᠳᠤᠨ ᠳᠠᠬᠢᠨ ᠵᠡᠬᠦᠨᠰᠢ ᠮᠤᠷᠤᠶᠢᠵᠤ᠂ ᠦᠵᠦᠬᠦᠷ ᠭᠤᠤᠯ ᠤᠨ ᠬᠠᠭᠤᠴᠢᠨ | ᠭᠤᠯᠳᠤᠷᠢᠯ ᠢ ᠲᠠᠭᠠᠨ ᠵᠡᠬᠦᠨᠰᠢ ᠤᠷᠤᠰᠴᠤ ᠤᠯᠠᠭᠠᠨᠰᠤᠬᠠᠢ ᠶᠢᠨ ᠵᠡᠬᠦᠨ ᠬᠤᠶᠢᠳᠤ ᠳᠤ ᠨᠤᠭᠤᠯᠤᠷᠠᠨ ᠳᠠᠬᠢᠨ ᠡᠮᠦᠨᠡᠰᠢ ᠤᠷᠤᠰᠴᠤ᠂ ᠰᠢ ᠱᠠᠨ ᠽᠦᠢ ᠪᠠᠷ ᠳᠠᠮᠵᠢᠨ᠂ | ᠮᠤᠨᠠ ᠠᠭᠤᠯᠠᠨ ᠤ ᠡᠮᠦᠨ᠎ᠡ ᠡᠩᠭᠡᠷ ᠲᠤ ᠬᠦᠷᠴᠦ ᠮᠤᠷᠤᠶᠢᠨ ᠲᠠᠬᠢᠨᠳᠠ ᠵᠡᠬᠦᠨᠰᠢ ᠤᠷᠤᠰᠴᠤ᠂ ᠪᠤᠭᠤᠳᠤ ᠶᠢᠨ ᠡᠮᠦᠨ᠎ᠡ ᠬᠢᠯᠢ ᠪᠠᠷ ᠳᠠᠮᠵᠢᠨ ᠲᠤᠭᠳᠠᠬᠤ ᠰᠢᠶᠠᠨ | ᠬᠦᠷᠴᠦ᠂ ᠡᠮᠦᠨᠡᠰᠢ ᠤᠷᠤᠰᠤᠨ ᠱᠠᠨᠰᠢ ᠮᠤᠵᠢ ᠪᠤᠯᠤᠨ ᠱᠠᠨ ᠰᠢ ᠮᠤᠵᠢ ᠶᠢᠨ ᠠᠭᠤᠯᠵᠠᠭᠤᠷ ᠲᠤ ᠴᠢᠳᠬᠤᠯᠠᠳᠠᠭ᠃ ᠡᠶᠢᠮᠦᠷᠬᠦ ᠬᠢᠳᠡᠳ ᠤᠨ« 几 » | ᠦᠰᠦᠭ ᠤᠨ ᠬᠡᠯᠪᠡᠷᠢᠲᠦ ᠭᠤᠯᠳᠤᠷᠢᠯ ᠢ ᠡᠭᠦᠰᠭᠡᠵᠦ᠂ ᠪᠠᠷᠠᠭᠤᠨ᠂ ᠤᠮᠠᠷ᠎ᠠ᠂ ᠵᠡᠬᠦᠨ ᠭᠤᠷᠪᠠᠨ ᠲᠠᠯ᠎ᠠ ᠪᠠᠷ ᠢᠶᠠᠨ ᠬᠦᠷᠢᠶᠡᠯᠡᠭᠳᠡᠨ ᠬᠠᠰᠢᠭᠳᠠᠭᠰᠠᠨ ᠭᠠᠵᠠᠷ ᠨᠤᠳᠤᠭ | ᠢ ᠪᠤᠢ ᠪᠤᠯᠭᠠᠵᠤ᠂ ᠡᠬᠦᠨ ᠢ ᠲᠡᠤᠬᠡᠨ ᠲᠡᠭᠡᠷ᠎ᠡ ᠪᠤᠷᠤᠲᠤᠬᠤᠢ ᠭᠡᠳᠡᠭ ᠪᠦᠭᠡᠳ ᠲᠡᠬᠦᠨ ᠤ ᠡᠮᠦᠨ᠎ᠡ ᠬᠢᠯᠢ ᠨᠢ ᠢᠤᠢ ᠯᠢᠨ ᠤ ᠤᠮᠠᠷᠠᠳᠤ ᠬᠢᠯᠢ ᠶᠢ ᠰᠤᠨᠳᠠᠯᠠᠨ ᠵᠡᠬᠦᠨᠰᠢ | ᠪᠠᠷᠠᠭᠤᠨᠰᠢ ᠰᠤᠨᠤᠯᠵᠠᠨ ᠮᠢᠩ ᠤᠯᠤᠰ ᠤᠨ ᠦᠶ᠎ᠡ ᠳᠤ ᠪᠤᠰᠬᠠᠭᠰᠠᠨ ᠤᠷᠳᠤ ᠴᠠᠭᠠᠨ ᠬᠡᠷᠡᠮ ᠬᠦᠷᠴᠦ ᠪᠠᠶᠢᠳᠠᠭ᠃ ᠴᠢᠩ ᠤᠯᠤᠰ ᠤᠨ ᠰᠡᠬᠦᠯᠴᠢ ᠶᠢᠨ ᠦᠶ᠎ᠡ ᠳᠤ᠂ | ᠬᠠᠳᠤᠨ ᠭᠤᠤᠯ ᠤᠨ ᠭᠤᠤᠯ ᠭᠤᠯᠳᠤᠷᠢᠯ ᠨᠢ ᠤᠮᠠᠷᠠᠳᠤ ᠭᠤᠤᠯ ︵ᠦᠵᠦᠬᠦᠷ ᠭᠤᠤᠯ ᠤᠨ ᠬᠠᠭᠤᠴᠢᠨ ᠭᠤᠯᠳᠤᠷᠢᠯ︶ ᠠᠴᠠ ᠤᠬᠤᠷᠢᠨ ᠡᠮᠦᠨᠡᠳᠦ ᠭᠤᠤᠯ ︵ᠲᠠᠷᠤᠢ | ᠳ᠋ᠧᠩᠺᠸᠤ ᠰᠢᠶᠠᠨ ᠠᠴᠠ ᠵᠡᠬᠦᠨᠰᠢ ᠤᠷᠤᠰᠴᠤ ᠲᠤᠰ ᠬᠤᠰᠢᠭᠤ᠂ ᠯᠢᠨᠾᠧ᠂ ᠦᠶᠤᠸᠠᠨ᠂ ᠤᠷᠠᠳ ᠤᠨ ᠡᠮᠦᠨᠡᠳᠤ ᠬᠤᠰᠢᠭᠤᠨ ᠤ ᠡᠮᠦᠨᠡᠬᠦᠷ ᠤᠷᠤᠰᠤᠨ ᠦᠩᠭᠡᠷᠡᠵᠦ | ᠪᠠᠶᠢᠭ᠎ᠠ ᠤᠳᠤ ᠶᠢᠨ ᠬᠠᠳᠤᠨ ᠭᠤᠤᠯ ᠤᠨ ᠤᠰᠤᠨ ᠵᠠᠮ︶ ᠬᠦᠷᠳᠡᠭ᠃ ᠬᠦᠮᠦᠰ ᠡᠨᠡᠬᠦ ᠤᠮᠠᠷᠠᠳᠤ ᠭᠤᠤᠯ ᠠᠴᠠ ᠡᠮᠦᠨᠡᠰᠢᠬᠢ᠂ ᠡᠮᠦᠨᠡᠳᠤ ᠭᠤᠤᠯ ᠠᠴᠠ ᠤᠮᠠᠷᠠᠰᠢᠬᠢ | ᠪᠦᠰᠡ ᠤᠷᠤᠨ ᠢ ᠠᠷᠤ ᠲᠤᠬᠤᠢ ᠭᠡᠳᠡᠭ᠃ ᠬᠠᠩᠬᠢᠨ ᠬᠤᠶᠢᠳᠤ ᠬᠤᠰᠢᠭᠤ ᠨᠢ ᠡᠨᠡᠬᠦ ᠪᠤᠷᠤᠲᠤᠬᠤᠢ ᠶᠢᠨ ᠭᠠᠵᠠᠷ ᠤᠷᠤᠨ ᠤ ᠪᠠᠷᠠᠭᠤᠨ ᠬᠤᠶᠢᠳᠤ ᠦᠨᠴᠦᠭ᠂ | ᠮᠦᠨᠴᠦ ᠠᠷᠤ ᠲᠤᠬᠤᠢ ᠶᠢᠨ ᠪᠠᠷᠠᠭᠤᠨ ᠬᠤᠶᠢᠳᠤ ᠦᠨᠴᠦᠭ ᠲᠤ ᠤᠷᠤᠰᠢᠵᠤ᠂ ᠲᠠᠷᠤᠢ « 几 » ᠦᠰᠦᠭ ᠤᠨ ᠲᠤᠳᠤᠷ᠎ᠠ ᠲᠠᠯ᠎ᠠ ᠶᠢᠨ ᠵᠡᠬᠦᠨ ᠡᠮᠦᠨ᠎ᠡ | ᠦᠨᠴᠦᠭ ᠲᠤ ᠤᠷᠤᠰᠢᠵᠤ ᠪᠠᠶᠢᠳᠠᠭ᠃ | ᠪᠤᠷᠤᠲᠤᠬᠤᠢ ᠶᠢᠨ ᠲᠠᠯ᠎ᠠ ᠨᠢ ᠬᠠᠳᠤᠨ ᠭᠤᠤᠯ ᠢᠶᠠᠷ ᠤᠰᠤᠯᠠᠯᠳᠠ ᠬᠢᠬᠦ ᠳᠤ ᠲᠦᠬᠦᠮ ᠪᠠᠶᠢᠵᠤ᠂ ᠬᠦᠷᠦᠰᠦ ᠰᠢᠷᠤᠢ ᠰᠢᠮᠡᠯᠢᠭ᠂ ᠡᠪᠡᠰᠦ ᠪᠡᠯᠴᠢᠭᠡᠷ | ᠰᠠᠶᠢᠳᠠᠢ ᠪᠠᠶᠢᠵᠤ᠂ ᠡᠷᠳᠡᠨ ᠠᠴᠠ ᠠᠪᠤᠭᠠᠳ ᠮᠠᠯᠵᠢᠨ ᠲᠠᠷᠢᠶᠠᠯᠠᠬᠤ ᠳᠤ ᠲᠤᠬᠢᠷᠠᠮᠵᠢᠳᠠᠢ ᠤᠷᠤᠨ ᠶᠤᠮᠰᠠᠨ᠃ ᠪᠢᠳᠡᠨ ᠤ ᠡᠪᠦᠭᠡ ᠲᠡᠭᠡᠳᠦᠰ ᠠᠯᠢ ᠡᠷᠳᠡᠨ ᠠᠴᠠ | ᠡᠬᠢᠯᠡᠨ ᠠᠳᠡ ᠦᠷᠡᠵᠢᠨ ᠲᠦᠯᠵᠢᠭᠰᠡᠭᠡᠷ ᠢᠷᠡᠭᠰᠡᠨ ᠶᠤᠮ᠃ ᠡᠷᠳᠡᠨ ᠤ ᠬᠠᠭᠤᠴᠢᠨ ᠴᠢᠯᠠᠭᠤᠨ ᠵᠡᠪᠰᠡᠭ ᠤᠨ ᠦᠶ᠎ᠡ ᠶᠢᠨ ᠳᠤᠮᠳᠠᠴᠢ ᠦᠶ᠎ᠡ ︵ᠪᠠᠷᠤᠭ 20 | ᠲᠦᠮᠡᠨ ᠵᠢᠯ ᠤᠨ ᠡᠮᠦᠨ᠎ᠡ︶ ᠳᠤ᠂ «ᠪᠤᠷᠤᠲᠤᠬᠤᠢ ᠶᠢᠨ ᠬᠦᠮᠦᠨ» ᠠᠳᠡ ᠴᠢᠯᠠᠭᠤ ᠮᠤᠳᠤ ᠪᠠᠷ ᠵᠡᠪᠰᠡᠭ ᠪᠡ ᠦᠢᠯᠡᠳᠪᠤᠷᠢᠯᠡᠯ ᠤᠨ ᠪᠠᠭᠠᠵᠢ ᠵᠤᠬᠢᠶᠠᠵᠤ᠂ | ᠠᠷᠢᠶᠠᠳᠠᠨ ᠠᠮᠢᠳᠠᠳ ᠠᠴᠠ ᠰᠡᠷᠭᠡᠶᠢᠯᠡᠨ᠂ ᠠᠩ ᠠᠩᠨᠠᠵᠤ ᠢᠳᠡᠰᠢ ᠡᠷᠢᠵᠦ᠂ ᠪᠠᠯᠠᠷ ᠡᠷᠳᠡᠨ ᠤ ᠠᠮᠢᠳᠤᠷᠠᠯ ᠢ ᠦᠩᠭᠡᠷᠡᠭᠡᠵᠦ ᠪᠠᠶᠢᠭᠰᠠᠨ ᠲᠡᠤᠬᠡ ᠲᠠᠢ᠃ | ᠪᠠᠷᠤᠭᠴᠠᠯᠠᠪᠠᠯ ᠳᠦᠷᠪᠡᠨ ᠮᠢᠩᠭ᠎ᠠ ᠢᠯᠡᠬᠦᠦ ᠵᠢᠯ ᠤᠨ ᠡᠮᠦᠨ᠎ᠡ᠂ ᠬᠠᠳᠤᠨ ᠭᠤᠤᠯ ᠤᠨ ᠰᠠᠪᠠ ᠭᠠᠵᠠᠷ ᠢᠶᠠᠷ ᠮᠠᠰᠢ ᠤᠯᠠᠨ ᠤᠪᠤᠭ ᠠᠶᠢᠮᠠᠭ ᠤᠷᠤᠰᠢᠨ ᠰᠠᠭᠤᠵᠤ᠂ | ᠬᠡᠳᠦᠨ ᠤᠪᠤᠭ ᠠᠶᠢᠮᠠᠭ ᠬᠤᠯᠪᠤᠭᠠᠯᠠᠨ ᠠᠶᠢᠮᠠᠭ ᠤᠨ ᠬᠤᠯᠪᠤᠭ᠎ᠠ ᠪᠠᠶᠢᠭᠤᠯᠪᠠ᠃ ᠬᠤᠸᠠᠩᠳᠢ ᠪᠤᠯ ᠳᠡᠳᠡᠨ ᠤ ᠲᠤᠳᠤᠷᠠᠬᠢ ᠨᠡᠯᠢᠶᠡᠳ ᠨᠡᠷᠡᠳᠡᠢ ᠠᠶᠢᠮᠠᠭ ᠤᠨ | ᠠᠬᠠᠯᠠᠭᠴᠢ ᠪᠠᠶᠢᠵᠠᠢ᠃ ᠲᠤᠬᠠᠢ ᠶᠢᠨ ᠦᠶ᠎ᠡ ᠳᠤ᠂ ᠤᠪᠤᠭ ᠠᠶᠢᠮᠠᠭ ᠤᠨ ᠬᠤᠭᠤᠷᠤᠨᠳᠤ ᠦᠷᠬᠦᠯᠵᠢ ᠳᠠᠶᠢᠨ ᠳᠠᠵᠢᠨ ᠡᠬᠦᠰᠴᠦ᠂ ᠬᠤᠸᠠᠩᠳᠢ ᠶᠢᠨ ᠠᠶᠢᠮᠠᠭ ᠨᠢ | ᠤᠷᠢᠳ ᠬᠤᠵᠢᠳ ᠡᠮᠦᠨ᠎ᠡ ᠬᠡᠰᠡᠭ ᠤᠨ ᡂᠵ ᠶᠢᠦ ᠶᠢᠨ ᠠᠶᠢᠮᠠᠭ᠂ ᠬᠠᠳᠤᠨ ᠭᠤᠤᠯ ᠤᠨ ᠲᠡᠭᠡᠳᠦ ᠤᠷᠤᠰᠬᠠᠯ ᠤᠨ ᠶᠠᠨ ᠳ᠋ᠢ ᠶᠢᠨ ᠠᠶᠢᠮᠠᠭ ᠲᠠᠢ ᠰᠢᠷᠦᠬᠦᠨ ᠲᠠᠶᠢᠨ | ᠡᠬᠦᠰᠭᠡᠵᠦ ᠦᠩᠭᠡᠷᠡᠪᠡ᠃ ᡂᠵ ᠶᠢᠦ ᠪᠠᠷᠢᠪᠴᠢᠯᠠᠭᠳᠠᠵᠤ ᠠᠯᠠᠭᠳᠠᠪᠠ᠃ ᠶᠠᠨ ᠳ᠋ᠢ ᠲᠠᠶᠢᠨ ᠳᠤ ᠢᠯᠠᠭᠳᠠᠭᠠᠳ ᠬᠤᠸᠠᠩᠳᠢ ᠶᠢᠨ ᠤᠳᠤᠷᠢᠳᠤᠯᠭ᠎ᠠ ᠶᠢ ᠳᠠᠭᠠᠪᠠ᠃ | ᠬᠤᠸᠠᠩ ᠶᠠᠨ ᠬᠤᠶᠠᠷ ᠠᠶᠢᠮᠠᠭ ᠬᠤᠯᠪᠤᠭᠠᠯᠠᠭᠰᠠᠨ ᠤ ᠳᠠᠷᠠᠭ᠎ᠠ᠂ ᠬᠠᠳᠤᠨ ᠭᠤᠤᠯ ᠤᠨ ᠰᠠᠪᠠ ᠭᠠᠵᠠᠷ ᠢᠶᠠᠷ ᠤᠷᠳᠤ ᠬᠤᠭᠤᠴᠠᠭ᠎ᠠ ᠠᠵᠤ ᠲᠦᠷᠦᠨ ᠠᠮᠢᠳᠤᠷᠠᠵᠤ᠂ | ᠬᠤᠵᠢᠮ ᠤᠨ ᠬᠤᠸᠠᠰᠢᠶᠠ ᠦᠨᠳᠦᠰᠦᠳᠡᠨ ᠤ ᠭᠤᠤᠯ ᠡᠰᠢ ᠪᠤᠯᠤᠨ ᠪᠦᠷᠢᠯᠳᠦᠵᠦ᠂ ᠠᠳᠡ ᠬᠤᠵᠢᠮ ᠨᠢ ᠬᠦᠭᠵᠢᠭᠰᠡᠨ ᠦᠩᠭᠡ ᠭᠡᠷᠡᠯᠳᠦ ᠬᠤᠸᠠᠰᠢᠶᠠ ᠰᠤᠶᠤᠯ ᠢ | ᠡᠬᠦᠳᠦᠨ ᠪᠦᠳᠦᠭᠡᠭᠰᠡᠨ ᠪᠠᠶᠢᠨ᠎ᠠ᠃ ᠬᠤᠸᠠᠩᠳᠢ ᠮᠦᠨ ᠬᠤᠵᠢᠮ ᠤᠨ ᠬᠦᠮᠦᠰ ᠲᠤ ᠬᠤᠸᠠᠰᠢᠶᠠ ᠦᠨᠳᠦᠰᠦᠳᠡᠨ ᠤ ᠡᠪᠦᠭᠡ ᠳᠡᠭᠡᠳᠦᠰ ᠬᠡᠮᠡᠨ ᠬᠦᠨᠳᠦᠳᠭᠡᠨ | ᠡᠷᠬᠦᠮᠵᠢᠯᠡᠭᠳᠡᠪᠡ᠃ | ᠨᠡᠶᠢᠳᠡ ᠶᠢᠨ ᠤᠨ ᠲᠤᠭᠠᠯᠠᠯ ᠠᠴᠠ ᠡᠮᠦᠨ᠎ᠡ ᠬᠤᠶᠠᠷ ᠮᠢᠩᠭᠠᠨ ᠭᠠᠷᠤᠢ ᠤᠨ ᠳᠤ᠂ ᠮᠠᠨ ᠤ ᠤᠯᠤᠰ ᠤᠨ ᠪᠠᠯᠠᠷ ᠡᠷᠲᠡᠨ ᠤ ᠨᠡᠶᠢᠬᠡᠮ ᠡᠬᠢᠯᠡᠨ ᠵᠠᠳᠠᠷᠠᠵᠤ᠂ | ᠪᠤᠭᠤᠯᠳᠤ ᠨᠡᠶᠢᠭᠡᠮ ᠠᠭᠠᠵᠢᠮ ᠢᠶᠠᠷ ᠪᠦᠷᠢᠯᠳᠦᠵᠡᠢ᠃ ᠮᠠᠨ ᠤ ᠤᠯᠤᠰ ᠤᠨ ᠦᠢ ᠤᠯᠠᠨ ᠤᠪᠤᠭ ᠠᠶᠢᠮᠠᠭ ᠤᠨ ᠳᠤᠮᠳᠠ ᠠᠴᠠ ᠬᠠᠳᠤᠨ ᠭᠤᠤᠯ ᠤᠨ ᠳᠤᠮᠳᠠᠳᠤ | ᠰᠠᠪᠠ ᠭᠠᠵᠠᠷ ᠢᠶᠠᠷ ᠬᠦᠳᠡᠯᠭᠡᠭᠡᠨ ᠬᠢᠵᠦ ᠪᠠᠶᠢᠭᠰᠠᠨ ᠰᠢᠶᠠ ᠤᠪᠤᠭ ᠠᠶᠢᠮᠠᠭ ᠨᠢ ᠬᠠᠮᠤᠭ ᠲᠦᠷᠦᠬᠦᠨ ᠳᠤ ᠠᠩᠬᠢᠳᠦ ᠨᠡᠶᠢᠭᠡᠮ ᠳᠤ ᠰᠢᠯᠵᠢᠨ ᠤᠷᠤᠭᠰᠠᠨ ᠪᠠᠶᠢᠨ᠎ᠠ᠃ | ᠪᠠᠷᠤᠭ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ ᠬᠤᠷᠢᠨ ᠨᠢᠭᠡᠳᠦᠭᠡᠷ ᠵᠠᠭᠤᠨ ᠤ ᠦᠶ᠎ᠡ ᠳᠤ᠂ ᠰᠢᠶᠠ ᠤᠯᠤᠰ ᠪᠠᠶᠢᠭᠤᠯᠤᠭᠳᠠᠭᠰᠠᠨ ᠨᠢ ᠮᠠᠨ ᠤ ᠤᠯᠤᠰ ᠤᠨ | ᠪᠤᠭᠤᠯᠳᠤ ᠨᠡᠶᠢᠭᠡᠮ ᠤᠨ ᠡᠬᠢᠯᠡᠯᠳᠡ ᠪᠤᠯᠤᠨ᠎ᠠ᠃ ᠰᠢᠶᠠ ᠣᠯᠤᠰ ᠨᠢ ᠳᠦᠷᠪᠡᠨ ᠵᠠᠭᠤ ᠢᠯᠡᠬᠦᠦ ᠵᠢᠯ ᠢ ᠦᠩᠭᠡᠷᠡᠭᠡᠭᠡᠳ ᠱᠠᠩ ᠤᠯᠤᠰ ᠪᠠᠷ ᠤᠷᠤᠯᠠᠭᠳᠠᠵᠤ᠂ ᠱᠠᠩ | ᠤᠯᠤᠰ ᠨᠢ ᠵᠢᠷᠭᠤᠭᠠᠨ ᠵᠠᠭᠤ ᠢᠯᠡᠬᠦᠦ ᠵᠢᠯ ᠢ ᠳᠠᠮᠵᠢᠭᠠᠳ ᠵᠸᠤ ᠤᠯᠤᠰ ᠢᠶᠠᠷ ᠤᠷᠤᠯᠠᠭᠳᠠᠪᠠ᠃ ᠱᠠᠩ ᠤᠯᠤᠰ ᠠᠴᠠ ᠵᠸᠤ ᠤᠯᠤᠰ ᠬᠦᠷᠳᠡᠯᠡᠬᠢ ᠦᠶ᠎ᠡ ᠪᠤᠯ ᠮᠠᠨ | ᠤ ᠤᠯᠤᠰ ᠪᠤᠭᠤᠯᠳᠤ ᠨᠡᠶᠢᠭᠡᠮ ᠠᠴᠠ ᠠᠭᠠᠵᠢᠮ ᠢᠶᠠᠷ ᠹᠸᠤᠳᠠᠯ ᠨᠡᠶᠢᠭᠡᠮ ᠳᠤ ᠰᠢᠯᠵᠢᠭᠰᠡᠨ ᠦᠶ᠎ᠡ ᠪᠤᠯᠤᠨ᠎ᠠ᠃ | ᠳᠤᠮᠳᠠᠳᠤ ᠤᠷᠤᠨ ᠪᠤᠭᠤᠯᠳᠤ ᠨᠡᠶᠢᠭᠡᠮ ᠠᠴᠠ ᠹᠸᠤᠳᠠᠯ ᠨᠡᠶᠢᠭᠡᠮ ᠳᠤ ᠡᠬᠢᠯᠡᠨ ᠰᠢᠯᠵᠢᠵᠦ ᠪᠠᠶᠢᠭ᠎ᠠ ᠲᠡᠤᠬᠡᠨ ᠴᠠᠭ ᠦᠶ᠎ᠡ ᠳᠤ᠂ ᠲᠤᠰ ᠬᠤᠰᠢᠭᠤᠨ ᠤ | ᠭᠠᠵᠠᠷ ᠤᠷᠤᠨ ᠨᠢ ᠮᠠᠨ ᠤ ᠤᠯᠤᠰ ᠤᠨ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ ᠤ ᠬᠦᠳᠡᠯᠭᠡᠭᠡᠨ ᠬᠢᠵᠦ ᠪᠠᠶᠢᠭᠰᠠᠨ ᠴᠢᠬᠤᠯᠠ ᠤᠷᠤᠨ ᠪᠠᠶᠢᠵᠠᠢ᠃ ᠮᠤᠨᠢ | ᠠᠭᠤᠯᠠ ᠶᠢᠨ ᠡᠮᠦᠨ᠎ᠡ ᠪᠡᠯ ᠤᠨ ᠲᠠᠯ᠎ᠠ ᠨᠤᠳᠤᠭ ᠨᠢ ᠡᠪᠡᠰᠦ ᠪᠡᠯᠴᠢᠭᠡᠷ ᠰᠠᠶᠢᠳᠠᠢ ᠪᠠᠶᠢᠳᠠᠭ ᠠᠴᠠ ᠲᠤᠬᠠᠢ ᠶᠢᠨ ᠦᠶ᠎ᠡ ᠳᠤ ᠮᠤᠩᠭᠤᠯ ᠤᠨ ᠲᠠᠯ᠎ᠠ ᠨᠤᠳᠤᠭ ᠲᠡᠭᠡᠷᠡᠬᠢ | ᠨᠡᠬᠦᠳᠡᠯᠴᠢᠨ ᠦᠨᠳᠦᠰᠦᠳᠡᠨ ᠢ ᠲᠠᠳᠠᠵᠤ᠂ ᠡᠨᠡ ᠨᠤᠳᠤᠭ ᠨᠢ ᠳᠡᠳᠡᠨ ᠤ ᠬᠦᠰᠡᠨ ᠡᠷᠡᠮᠡᠯᠵᠡᠳᠡᠭ ᠮᠠᠯᠵᠢᠯ ᠤᠨ ᠲᠠᠯᠠᠪᠤᠷ ᠪᠤᠯᠵᠤ ᠪᠠᠶᠢᠵᠠᠢ᠃ | ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 475 ᠤᠨ ᠠᠴᠠ ᠰᠡᠬᠦᠯᠡᠷ ᠮᠠᠨ ᠤ ᠤᠯᠤᠰ ᠪᠠᠶᠢᠯᠳᠤᠭᠠᠨᠳᠤ ᠤᠯᠤᠰ ᠤᠨ ᠴᠠᠭ ᠦᠶ᠎ᠡ ᠳᠤ ᠤᠷᠤᠵᠠᠢ᠃ | ᠪᠠᠶᠢᠯᠳᠤᠭᠠᠨᠳᠤ ᠤᠯᠤᠰ ᠤᠨ ᠦᠶ᠎ᠡ ᠳᠤ᠂ ᠲᠤᠰ ᠬᠤᠰᠢᠭᠤᠨ ᠤ ᠨᠤᠳᠤᠭ ᠢᠶᠠᠷ ᠯᠢᠨ ᠬᠤ᠋ ᠠᠵᠤ ᠲᠦᠷᠦᠵᠦ ᠪᠠᠶᠢᠪᠠ᠃ ᠯᠢᠨ ᠬᠤ᠋ ᠶᠢᠨ ᠵᠡᠬᠦᠨ ᠡᠮᠦᠨ᠎ᠡ ᠨᠢ | ᠦᠭᠡᠷ᠎ᠡ ᠨᠢᠭᠡᠨ ᠨᠡᠬᠦᠳᠡᠯᠴᠢᠨ ᠠᠶᠢᠮᠠᠭ ᠯᠸᠤ ᠹᠠᠨ ᠪᠠᠶᠢᠵᠤ᠂ ᠡᠮᠦᠨ᠎ᠡ ᠲᠠᠯ᠎ᠠ ᠳᠤᠨᠢ « ᠪᠠᠶᠢᠯᠳᠤᠭᠠᠨᠳᠤ ᠤᠯᠤᠰ ᠤᠨ ᠲᠤᠯᠤᠭᠠᠨ ᠬᠦᠴᠦᠷᠬᠡᠭ» ᠤᠨ ᠨᠢᠭᠡ | ᠪᠤᠯᠬᠤ ᠵᠤᠤ ᠤᠯᠤᠰ ᠰᠠᠭᠤᠷᠢᠰᠢᠵᠤ ᠪᠠᠶᠢᠵᠠᠢ᠃ ᠵᠤᠤ ᠤᠯᠤᠰ ᠤᠨ ᠪᠠᠷᠠᠭᠤᠨ ᠬᠡᠰᠡᠭ ᠲᠤ ᠴᠢᠨ ᠤᠯᠤᠰ ᠪᠤᠢ᠃ ᠵᠤᠤ ᠤᠯᠤᠰ ᠤᠨ ᠡᠵᠡᠨ ᠡᠤ ᠯᠢᠩ ᠸᠠᠩ | ᠪᠠᠷᠠᠭᠤᠨ ᠲᠠᠯ᠎ᠠ ᠶᠢᠨ ᠬᠦᠴᠦᠷᠬᠡᠭ ᠬᠦᠷᠰᠢ ᠴᠢᠨ ᠤᠯᠤᠰ ᠢ ᠠᠷᠭᠠᠴᠠᠬᠤ ᠪᠠ ᠡᠷᠬᠢᠨ ᠲᠤᠭᠤᠷᠢᠨ ᠤ ᠡᠯ᠎ᠡ ᠤᠯᠤᠰ ᠪᠠ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ | ᠤ ᠰᠦᠷᠳᠡᠬᠦᠯᠭᠡ ᠶᠢ ᠠᠷᠢᠯᠭᠠᠬᠤ ᠶᠢᠨ ᠲᠦᠯᠦᠭᠡ᠂ ᠤᠯᠤᠰ ᠤᠨ ᠲᠤᠳᠤᠭᠠᠳᠤ ᠶᠢᠨ ᠤᠯᠤᠰ ᠲᠦᠷᠦ᠂ ᠴᠡᠷᠢᠭ ᠤᠨ ᠬᠦᠴᠦᠨ ᠢᠶᠠᠨ ᠴᠢᠩᠭᠠᠳᠬᠠᠬᠤ ᠪᠠᠷ ᠴᠢᠷᠮᠠᠶᠢᠵᠠᠢ | ᠃ ᠲᠡᠷᠡ ᠤᠯᠤᠰ ᠤᠨ ᠲᠤᠳᠤᠭᠠᠳᠤ ᠳᠠᠭᠠᠨ « ᠬᠤ᠋ ᠶᠢᠨ ᠬᠤᠪᠴᠠᠰᠤ ᠡᠮᠦᠰᠴᠦ᠂ ᠬᠠᠷᠪᠤᠵᠤ ᠨᠠᠮᠨᠠᠬᠤ ᠶᠢ ᠰᠤᠷᠬᠤ» ᠶᠢ ᠰᠠᠨᠠᠭᠠᠴᠢᠯᠠᠨ ᠡᠷᠬᠢᠮᠨᠡᠵᠦ᠂ ᠠᠷᠠᠳ | ᠢᠷᠭᠡᠳ ᠲᠡᠭᠡᠨ ᠬᠤ᠋ ᠶᠢᠨ ᠬᠤᠪᠴᠠᠰᠤ ᠵᠠᠰᠠᠯ ᠢ ᠲᠠᠭᠤᠷᠢᠶᠠᠨ ᠡᠮᠦᠰᠬᠦ ᠶᠢ ᠵᠢᠭᠠᠵᠤ᠂ ᠮᠤᠷᠢ ᠤᠨᠤᠨ ᠰᠤᠷ ᠬᠠᠷᠪᠤᠬᠤ ᠵᠡᠷᠭᠡ ᠡᠷᠳᠡᠮ ᠢ ᠰᠤᠷᠤᠯᠴᠠᠭᠤᠯᠪᠠ᠃ | ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 300 ᠤᠨ ᠳᠤ᠂ ᠵᠤᠤ ᠤᠯᠤᠰ ᠨᠢ ᠯᠢᠨ ᠬᠤ᠋ ᠪᠤᠯᠤᠨ ᠯᠸᠤ ᠹᠠᠨ ᠢ ᠳᠠᠶᠢᠯᠠᠨ ᠢᠯᠡᠵᠤ᠂ ᠲᠡᠳᠡᠨ ᠤ ᠭᠠᠵᠠᠷ ᠨᠤᠳᠤᠭ | ᠢ ᠡᠵᠡᠯᠡᠨ᠂ ᠵᠤᠤ ᠤᠯᠤᠰ ᠤᠨ ᠬᠢᠵᠠᠭᠠᠷ ᠨᠤᠳᠤᠭ ᠨᠢ ᠮᠤᠨᠢ ᠠᠭᠤᠯᠠ ᠬᠦᠷᠳᠡᠯ᠎ᠡ ᠦᠷᠭᠡᠵᠢᠭᠰᠡᠨ ᠪᠠᠶᠢᠨ᠎ᠠ᠃ ᠳᠠᠶᠢᠨ ᠳᠠᠭᠤᠰᠤᠭᠰᠠᠨ ᠤ ᠳᠠᠷᠠᠭ᠎ᠠ᠂ ᠵᠤᠤ ᠤᠯᠤᠰ | ᠮᠤᠨᠢ ᠠᠭᠤᠯᠠ ᠠᠴᠠ ᠡᠮᠦᠨᠡᠰᠢ᠂ ᠤᠳᠤ ᠶᠢᠨ ᠪᠠᠶᠠᠨᠨᠠᠭᠤᠷ ᠠᠶᠢᠮᠠᠭ ᠤᠨ ᠭᠠᠵᠠᠷ ᠨᠤᠳᠤᠭ ᠲᠤ ᠵᠢᠦ ᠶᠤᠸᠠᠨ ᠵᠢᠶᠦ᠋ᠨ ︵ᠵᠢᠶᠦ᠋ᠨ ᠤ ᠵᠠᠬᠢᠷᠭ᠎ᠠ ᠨᠢ ᠤᠳᠤ ᠶᠢᠨ | ᠪᠤᠭᠤᠳᠤ ᠬᠤᠳᠠ ᠠᠴᠠ ᠪᠠᠷᠠᠭᠤᠨᠰᠢ ᠶᠡᠷᠡᠭᠡᠳ ᠭᠠᠵᠠᠷ ᠤᠨ ᠵᠠᠢ ᠳᠠᠬᠢ ᠬᠦᠨᠳᠡᠯᠡᠨ ᠭᠤᠤ ᠶᠢᠨ ᠪᠠᠷᠠᠭᠤᠨ ᠡᠷᠬᠢ ᠳᠠᠬᠢ ᠮᠧᠩ ᠵᠢᠶᠠ ᠯᠢᠶᠠᠩ ᠡᠷᠳᠡᠨ ᠤ ᠬᠤᠳᠠ ᠳᠤ | ᠪᠤᠢ︶ ᠢ ᠪᠠᠶᠢᠭᠤᠯᠵᠠᠢ᠃ ᠲᠤᠰ ᠬᠤᠰᠢᠭᠤᠨ ᠤ ᠭᠠᠵᠠᠷ ᠨᠢ ᠲᠠᠷᠤᠢ ᠵᠢᠦ ᠶᠤᠸᠠᠨ ᠵᠢᠶᠦ᠋ᠨ ᠤ ᠪᠠᠷᠠᠭᠤᠨ ᠬᠡᠰᠡᠭ ᠤᠨ ᠬᠠᠷᠢᠶᠠᠳᠤ ᠭᠠᠵᠠᠷ ᠪᠤᠯᠤᠨ᠎ᠠ᠃ ᠵᠤᠤ ᠤᠯᠤᠰ | ᠮᠤᠨᠢ ᠠᠭᠤᠯᠠ ᠠᠴᠠ ᠡᠮᠦᠨᠡᠰᠢᠬᠢ ᠭᠠᠵᠠᠷ ᠢ ᠡᠵᠡᠯᠡᠭᠰᠡᠨ ᠤ ᠲᠠᠷᠠᠭ᠎ᠠ᠂ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ ᠤ ᠡᠮᠦᠨᠡᠰᠢ ᠲᠤᠪᠳᠤᠯᠬᠤ ᠠᠴᠠ ᠰᠡᠷᠭᠡᠶᠢᠯᠡᠬᠦ | ᠶᠢᠨ ᠲᠦᠯᠦᠭᠡ᠂ ᠮᠤᠨᠢ ᠠᠭᠤᠯᠠ ᠶᠢᠨ ᠪᠠᠶᠢᠭᠠᠯᠢ ᠶᠢᠨ ᠪᠡᠷᠬᠡ ᠪᠠᠷᠳᠠᠭ᠎ᠠ ᠶᠢ ᠠᠰᠢᠭᠯᠠᠨ᠂ ᠠᠭᠤᠯᠠᠨ ᠬᠦᠳᠦᠯ ᠢ ᠳᠠᠭᠠᠭᠤᠯᠤᠨ ᠤᠷᠳᠤ ᠴᠠᠭᠠᠨ ᠬᠡᠷᠡᠮ ᠪᠠᠷᠢᠵᠠᠢ᠃ | « ᠰᠤᠳᠤᠷ ᠲᠡᠮᠳᠡᠭᠯᠡᠯ᠂ ᠾᠸᠤᠩᠨᠤ ᠶᠢᠨ ᠱᠠᠰᠳᠢᠷ» ᠲᠤ ᠲᠡᠮᠳᠡᠭᠯᠡᠭᠰᠡᠨ ᠢ ᠦᠨᠳᠦᠰᠦᠯᠡᠪᠡᠯ᠂ ᠵᠤᠤ ᠤᠯᠤᠰ ᠤᠨ ᠤᠷᠳᠤ ᠴᠠᠭᠠᠨ ᠬᠡᠷᠡᠮ ᠨᠢ ᠤᠳᠤ ᠶᠢᠨ | ᠾᠧᠪᠸᠢ ᠮᠤᠵᠢ ᠠᠴᠠ ᠡᠬᠢᠯᠡᠨ ᠪᠠᠷᠠᠭᠤᠨᠰᠢᠯᠠᠵᠤ᠂ ᠱᠠᠨ ᠰᠢ ᠶᠢᠨ ᠤᠮᠠᠷᠠᠳᠤ ᠬᠡᠰᠡᠭ ᠲᠤ ᠬᠦᠷᠴᠦ ᠳᠠᠬᠢᠨ ᠪᠠᠷᠠᠭᠤᠨ ᠬᠤᠶᠢᠰᠢ ᠮᠤᠷᠤᠶᠢᠵᠤ᠂ ᠮᠤᠨᠢ ᠠᠭᠤᠯᠠ ᠶᠢᠨ | ᠨᠢᠷᠤᠭᠤ ᠶᠢ ᠲᠠᠭᠠᠨ ᠤᠳᠤ ᠶᠢᠨ ᠯᠢᠨᠾᠧ ᠬᠤᠳᠠ ᠶᠢᠨ ᠬᠤᠶᠢᠳᠤ ᠬᠢᠯᠢ ᠠᠴᠠ ᠤᠮᠠᠷᠠᠰᠢᠬᠢ ᠯᠢᠶᠠᠩ ᠯᠠᠩ ᠱᠠᠨ ᠠᠭᠤᠯᠠᠨ ︵ᠯᠢᠶᠠᠩ ᠯᠠᠩ ᠱᠠᠨ ᠠᠭᠤᠯᠠ ᠶᠢ | ᠡᠷᠳᠡᠨ ᠳᠤ ᠭᠤᠤ ᠵᠦᠸᠠᠢ ᠭᠡᠵᠦ ᠨᠡᠷᠡᠯᠡᠵᠦ ᠪᠠᠶᠢᠪᠠ︶ ᠤ ᠰᠡᠳᠡᠷᠬᠡᠢ ᠬᠦᠷᠴᠦ ᠪᠠᠶᠢᠳᠠᠭ᠃ ᠭᠡᠪᠡᠴᠦ ᠡᠨᠡ ᠨᠢ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ ᠤ | ᠡᠮᠦᠨᠡᠰᠢ ᠲᠦᠷᠢᠨ ᠳᠤᠪᠳᠤᠯᠬᠤ ᠶᠢ ᠡᠰᠡ ᠬᠤᠷᠢᠭᠯᠠᠨ ᠴᠢᠳᠠᠪᠠ᠃ ᠬᠠᠷᠢᠨ ᠲᠤᠯᠤᠭᠠᠨ ᠬᠦᠴᠦᠷᠬᠡᠭ ᠤᠳ ᠬᠤᠭᠤᠷᠤᠨᠳᠤ ᠪᠠᠨ ᠲᠡᠮᠡᠴᠡᠯᠳᠦᠨ ᠲᠠᠶᠢᠯᠠᠯᠳᠤᠵᠤ ᠪᠠᠶᠢᠭ᠎ᠠ | ᠲᠤᠬᠢᠶᠠᠯ ᠢ ᠵᠠᠪᠰᠢᠨ᠂ ᠤᠮᠠᠷᠠᠳᠤ ᠶᠢᠨ ᠨᠡᠬᠦᠳᠡᠯᠴᠢᠳ ᠲᠠᠬᠢᠨᠳᠠ ᠪᠤᠷᠤᠲᠤᠬᠤᠢ ᠳᠤ ᠪᠤᠴᠠᠨ ᠢᠷᠡᠵᠦ ᠰᠠᠭᠤᠷᠢᠰᠢᠵᠠᠢ᠃ | ᠴᠢᠨ ᠱᠢ ᠬᠤᠸᠠᠩ ᠵᠢᠷᠭᠤᠭᠠᠨ ᠤᠯᠤᠰ ᠢ ᠨᠢᠭᠡᠳᠭᠡᠭᠰᠡᠨ ︵ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 221 ᠤᠨ᠂ ᠲᠤᠤᠷᠠᠬᠢ ᠲᠠᠶᠢᠯᠪᠤᠷᠢ ᠳᠤ | ᠬᠡᠷᠡᠭᠯᠡᠬᠦ ︿ᠤᠨ ᠲᠤᠭᠠᠯᠠᠯ ᠠᠴᠠ ᠡᠮᠦᠨ᠎ᠡ︶᠂ ︿ᠤᠨ ᠲᠤᠭᠠᠯᠠᠯ ᠤᠨ︶ ᠵᠡᠷᠭᠡ ᠶᠢᠨ ︿ᠤᠨ ᠲᠤᠭᠠᠯᠠᠯ︶ ᠭᠡᠬᠦ ᠦᠰᠦᠭ ᠢ ᠪᠦᠷ ᠲᠤᠪᠴᠢᠯᠠᠪᠠ︶ ᠤ ᠳᠠᠷᠠᠭ᠎ᠠ᠂ | ᠲᠤᠰ ᠬᠤᠰᠢᠭᠤᠨ ᠤ ᠭᠠᠵᠠᠷ ᠨᠤᠳᠤᠭ ᠨᠢ ᠴᠤ ᠲᠡᠬᠦᠨ ᠤ ᠨᠤᠶᠠᠷᠬᠠᠯ ᠤᠨ ᠬᠠᠷᠢᠶᠠᠨ ᠳᠤ ᠬᠠᠮᠤᠷᠠᠭᠳᠠᠵᠤ ᠪᠠᠶᠢᠪᠠ᠃ ᠴᠢᠨ ᠤᠯᠤᠰ ᠨᠢ ᠪᠦᠬᠦ ᠤᠯᠤᠰ ᠢᠶᠠᠨ | ᠭᠤᠴᠢᠨ ᠵᠢᠷᠭᠤᠭᠠᠨ ᠵᠢᠶᠦ᠋ᠨ ᠬᠤᠪᠢᠶᠠᠵᠤ᠂ ᠵᠢᠦ ᠶᠤᠸᠠᠨ ᠵᠢᠶᠦ᠋ᠨ ᠨᠢ ᠲᠡᠬᠦᠨ ᠤ ᠲᠤᠲᠤᠷᠠᠬᠢ ᠨᠢᠭᠡ ᠵᠢᠶᠦ᠋ᠨ ᠪᠠᠶᠢᠪᠠ᠃ ᠴᠢᠨ ᠤᠯᠤᠰ ᠵᠢᠷᠭᠤᠭᠠᠨ ᠤᠯᠤᠰ ᠢ | ᠮᠦᠬᠦᠭᠡᠭᠰᠡᠨ ᠤ ᠳᠠᠷᠠᠭ᠎ᠠ᠂ ᠮᠧᠩ ᠺᠦᠸᠧ ᠪᠠᠷ ᠭᠤᠴᠢᠨ ᠲᠦᠮᠡᠨ ᠶᠡᠭᠡ ᠴᠡᠷᠢᠭ ᠲᠠᠶᠢᠴᠢᠯᠠᠭᠤᠯᠤᠨ ᠤᠮᠠᠷᠠᠰᠢ ᠾᠸᠤᠩᠨᠤ ᠶᠢ ᠴᠤᠬᠢᠭᠤᠯᠵᠤ᠂ « ᠾᠧ ᠨᠠᠨ | ᠨᠤᠳᠤᠭ ᠢ ᠪᠦᠷᠢᠮᠦᠰᠦᠨ ᠬᠤᠷᠢᠶᠠᠵᠤ» ︵ᠲᠤᠬᠠᠢ ᠶᠢᠨ ᠦᠶ᠎ᠡ ᠳᠤ ᠪᠤᠷᠤᠳᠤᠬᠤᠢ ᠶᠢᠨ ᠭᠠᠵᠠᠷ ᠨᠤᠳᠤᠭ ᠢ ᠾᠧ ᠨᠠᠨ ᠭᠠᠵᠠᠷ ᠭᠡᠵᠦ ᠳᠠᠭᠤᠳᠠᠳᠠᠭ ᠪᠠᠶᠢᠵᠠᠢ︶᠂ | ᠭᠤᠤᠯ ᠮᠦᠷᠡᠨ ᠢᠶᠠᠷ ᠪᠠᠬᠢᠯᠡᠯᠳᠡ ᠪᠤᠯᠭᠠᠵᠤ᠂ ᠲᠦᠴᠢᠨ ᠳᠦᠷᠪᠡᠨ ᠰᠢᠶᠠᠨ ᠤ ᠬᠤᠳᠠ ᠳᠤ ᠪᠠᠬᠢᠯᠡᠯᠳᠡ ᠶᠢᠨ ᠭᠤᠤᠯ ᠢ ᠪᠠᠶᠢᠭᠤᠯᠵᠠᠢ᠃ ᠪᠠᠰᠠ ᠲᠤᠲᠤᠷ᠎ᠠ ᠤᠷᠤᠨ | ᠠᠴᠠ ᠠᠷᠠᠳ ᠢᠷᠭᠡᠳ ᠢ ᠨᠡᠬᠦᠯᠭᠡᠨ ᠪᠤᠷᠤᠲᠤᠬᠤᠢ ᠳᠤ ᠰᠠᠭᠤᠷᠢᠰᠢᠭᠤᠯᠤᠨ ᠦᠢᠯᠡᠳᠪᠤᠷᠢᠯᠡᠯ ᠡᠷᠬᠢᠯᠡᠵᠦ᠂ ᠬᠢᠯᠢ ᠬᠢᠵᠠᠭᠠᠷ ᠢ ᠴᠢᠩᠭᠠᠳᠬᠠᠵᠠᠢ᠃ ᠡᠬᠦᠨ ᠤ ᠬᠠᠮᠳᠤ | ᠪᠠᠰᠠ ᠤᠷᠳᠤ ᠴᠠᠭᠠᠨ ᠬᠡᠷᠡᠮ ᠢ ᠶᠡᠭᠡ ᠬᠡᠪᠴᠢᠶ᠎ᠡ ᠪᠠᠷ ᠰᠡᠯᠪᠢᠨ ᠰᠢᠨᠡᠳᠬᠡᠵᠦ᠂ ᠤᠤᠯ ᠤᠨ ᠴᠢᠨ᠂ ᠵᠤᠤ᠂ ᠶᠠᠨ ᠭᠤᠷᠪᠠᠨ ᠤᠯᠤᠰ ᠤᠨ ᠤᠷᠳᠤ ᠴᠠᠭᠠᠨ ᠬᠡᠷᠡᠮ ᠢ | ᠬᠤᠯᠪᠤᠨ ᠨᠡᠶᠢᠯᠡᠬᠦᠯᠵᠦ᠂ ᠴᠠᠰᠢᠳᠠ ᠵᠡᠬᠦᠨᠰᠢ ᠪᠠᠷᠠᠭᠤᠨᠰᠢ ᠪᠠᠨ ᠤᠯᠠᠮ ᠤᠷᠳᠤᠳᠬᠠᠨ᠂ ᠪᠠᠷᠠᠭᠤᠨ ᠠᠴᠠ ᠯᠢᠨ ᠲᠤᠤ ᠠᠴᠠ ᠡᠬᠢᠯᠡᠨ᠂ ᠵᠡᠬᠦᠨᠰᠢ ᠯᠢᠶᠤᠤᠳᠦ᠋ᠩ ᠤᠨ | ᠬᠤᠳᠠ ᠶᠢᠨ ᠪᠠᠬᠢᠯᠡᠯᠳᠡ ᠬᠦᠷᠴᠦ᠂ ᠨᠡᠷ᠎ᠡ ᠠᠯᠳᠠᠷᠰᠢᠭᠰᠠᠨ « ᠲᠦᠮᠡᠨ ᠭᠠᠵᠠᠷ ᠤᠨ ᠤᠷᠳᠤ ᠴᠠᠭᠠᠨ ᠬᠡᠷᠡᠮ» ᠢ ᠪᠠᠶᠢᠭᠤᠯᠵᠠᠢ᠃ ᠪᠤᠷᠤᠲᠤᠬᠤᠢ ᠶᠢᠨ ᠤᠮᠠᠷᠠᠳᠤ | ᠬᠡᠰᠡᠭ ᠠᠴᠠ ᠤᠶᠢᠷᠠᠬᠠᠨ ᠪᠠᠶᠢᠭ᠎ᠠ ᠴᠢᠨ ᠤᠯᠤᠰ ᠤᠨ ᠤᠷᠳᠤ ᠴᠠᠭᠠᠨ ᠬᠡᠷᠡᠮ ᠨᠢ ᠦᠨᠳᠦᠰᠦᠨ ᠳᠡᠭᠡᠨ ᠮᠦᠨᠴᠦ ᠵᠤᠤ ᠤᠯᠤᠰ ᠤᠨ ᠪᠠᠷᠢᠭᠰᠠᠨ ᠭᠤᠤ ᠺᠦᠸᠧ ︵ | ᠯᠢᠶᠠᠩ ᠯᠠᠩ ᠱᠠᠨ ᠠᠭᠤᠯᠠ︶ ᠠᠴᠠ ᠵᠡᠬᠦᠨᠰᠢᠬᠢ ᠲᠡᠷᠡ ᠬᠡᠰᠡᠭ ᠪᠤᠯᠤᠨ᠎ᠠ᠃ ᠤᠮᠠᠷᠠᠳᠤ ᠶᠢᠨ ᠨᠡᠬᠦᠳᠡᠯᠴᠢᠨ ᠦᠨᠳᠦᠰᠦᠳᠡᠨ ᠤ ᠳᠠᠬᠢᠨ ᠳᠤᠪᠳᠤᠯᠬᠤ ᠠᠴᠠ | ᠰᠡᠷᠭᠡᠶᠢᠯᠡᠬᠦ ᠶᠢᠨ ᠲᠦᠯᠦᠭᠡ᠂ ᠮᠧᠩ ᠺᠦᠸᠧ ᠳᠤ ᠭᠤᠴᠢᠨ ᠲᠦᠮᠡᠨ ᠴᠡᠷᠢᠭ ᠦᠭᠴᠦ ᠱᠠᠩ ᠵᠢᠶᠦ᠋ᠨ ︵ᠤᠳᠤ ᠶᠢᠨ ᠱᠠᠨᠰᠢ ᠮᠤᠵᠢ ᠶᠢᠨ ᠰᠦᠢ ᠳ᠋ᠧ ᠰᠢᠶᠠᠨ ᠠᠴᠠ | ᠵᠡᠬᠦᠨ ᠡᠮᠦᠨᠡᠰᠢ ᠲᠠᠪᠢᠨ ᠭᠠᠵᠠᠷ ᠤᠨ ᠵᠠᠢ ᠳᠤ ᠪᠤᠢ︶ ᠳᠤ ᠰᠠᠭᠤᠯᠭᠠᠨ ᠪᠠᠳᠤᠯᠠᠬᠤ ᠶᠢᠨ ᠬᠠᠮᠳᠤ᠂ ᠬᠠᠭᠠᠨ ᠤ ᠬᠦᠪᠡᠬᠦᠨ ᠹᠦ᠋ ᠰᠤ᠋ ᠶᠢ ᠴᠡᠷᠢᠭ ᠤᠨ ᠬᠢᠨᠠᠭᠴᠢ ᠪᠠᠷ | ᠲᠤᠮᠢᠯᠠᠵᠠᠢ᠃ ᠴᠢᠨ ᠤᠯᠤᠰ ᠪᠤᠷᠤᠲᠤᠬᠤᠢ ᠶᠢ ᠨᠤᠶᠠᠷᠬᠠᠵᠤ ᠪᠠᠶᠢᠭᠰᠠᠨ ᠬᠤᠭᠤᠴᠠᠭᠠᠨ ᠳᠤ᠂ ᠠᠷᠠᠳ ᠢᠷᠭᠡᠳ ᠢ ᠨᠡᠬᠦᠯᠬᠡᠨ ᠠᠪᠴᠢᠷᠠᠵᠤ ᠬᠢᠯᠢ ᠶᠢ ᠪᠠᠬᠢᠵᠢᠬᠦᠯᠬᠦ᠂ | ᠠᠳᠠᠷ ᠬᠠᠭᠠᠯᠪᠤᠷᠢᠯᠠᠨ ᠲᠠᠷᠢᠶ᠎ᠠ ᠲᠠᠷᠢᠬᠤ ᠪᠠᠷ ᠳᠠᠮᠵᠢᠨ᠂ ᠲᠤᠰ ᠭᠠᠵᠠᠷ ᠨᠢ« ᠰᠢᠨ᠎ᠡ ᠴᠢᠨ ᠤ ᠳᠤᠮᠳᠠᠳᠤ ᠤᠷᠤᠨ» ᠬᠡᠮᠡᠭᠳᠡᠬᠦ ᠪᠤᠯᠵᠠᠢ᠃ « ᠴᠢᠨ ᠤ | ᠳᠤᠮᠳᠠᠳᠤ ᠤᠷᠤᠨ» ᠭᠡᠳᠡᠭ ᠨᠢ ᠴᠢᠨ ᠤᠯᠤᠰ ᠤᠨ ᠦᠶ᠎ᠡ ᠳᠤ ᠤᠷᠳᠤ ᠬᠤᠭᠤᠴᠠᠭ᠎ᠠ ᠪᠠᠷ ᠰᠠᠭᠤᠷᠢᠰᠢᠨ ᠠᠮᠢᠳᠤᠷᠠᠵᠤ ᠪᠠᠶᠢᠭᠰᠠᠨ ᠲᠠᠷᠢᠶᠠᠯᠠᠩ ᠠᠵᠤ ᠠᠬᠤᠢ | ᠶᠡᠬᠡᠪᠡᠷ ᠬᠦᠭᠵᠢᠭᠰᠡᠨ ᠭᠤᠸᠠᠨ ᠵᠦᠩ ︵ᠱᠠᠨᠰᠢ ᠶᠢᠨ ᠲᠦᠪ ᠨᠤᠳᠤᠭ︶ ᠤᠷᠤᠨ ᠢ ᠬᠡᠯᠡᠵᠦ ᠪᠠᠶᠢᠨ᠎ᠠ᠃ ᠰᠢᠨ᠎ᠡ ᠴᠢᠨ ᠤ ᠳᠤᠮᠳᠠᠳᠤ ᠤᠷᠤᠨ ᠭᠡᠵᠦ ᠨᠡᠷᠡᠯᠡᠭᠳᠡᠭᠰᠡᠨ | ᠢᠶᠠᠷ ᠦᠵᠡᠬᠦ ᠳᠤ ᠲᠤᠬᠠᠢ ᠶᠢᠨ ᠦᠶ᠎ᠡ ᠳᠤ ᠠᠳᠡᠬᠢ ᠲᠠᠷᠢᠶᠠᠯᠠᠩ ᠠᠵᠤ ᠠᠬᠤᠢ ᠮᠦᠨᠴᠦ ᠨᠡᠯᠢᠶᠡᠳ ᠬᠦᠭᠵᠢᠭᠰᠡᠨ ᠪᠠᠶᠢᠳᠠᠯ ᠲᠠᠢ ᠪᠠᠶᠢᠭᠰᠠᠨ ᠢ ᠬᠠᠷᠠᠭᠤᠯᠵᠤ ᠪᠠᠶᠢᠨ᠎ᠠ | ᠃ | ᠴᠢᠨ ᠤᠯᠤᠰ ᠤᠨ ᠰᠡᠬᠦᠯᠴᠢ ᠠᠴᠠ ᠬᠠᠨ ᠤᠯᠤᠰ ᠤᠨ ᠦᠶ᠎ᠡ ᠪᠤᠯᠬᠤ ᠳᠤ᠂ ᠾᠸᠤᠩᠨᠤ ᠨᠢ ᠮᠤᠳᠤᠨ ᠴᠠᠨ ᠢᠦᠢ ︵ᠠᠪᠢᠶ᠎ᠠ ᠪᠠᠷ ᠮᠦᠸᠧ ᠳ᠋ᠦ᠋ ᠭᠡᠵᠦ | ᠠᠪᠢᠶᠠᠯᠠᠨ᠎ᠠ︶ ᠶᠢᠨ ᠨᠤᠶᠠᠷᠬᠠᠯ ᠲᠤᠤᠷ᠎ᠠ᠂ ᠴᠡᠷᠢᠭ ᠤᠨ ᠬᠦᠴᠦ ᠨᠢ ᠤᠷᠢᠳ ᠭᠠᠷᠤᠭ᠎ᠠ ᠦᠭᠡᠢ ᠬᠦᠴᠦᠷᠬᠡᠭᠵᠢᠭᠰᠡᠨ ᠪᠠᠶᠢᠨ᠎ᠠ᠃ ᠲᠡᠷᠡ ᠡᠷᠬᠢᠨ ᠲᠤᠭᠤᠷᠢᠨ ᠤ ᠬᠡᠳᠦᠨ | ᠠᠷᠪᠠᠨ ᠴᠦᠬᠡᠨ ᠲᠤᠭᠠᠳᠤ ᠦᠨᠳᠦᠰᠦᠳᠡᠨ ᠤ ᠤᠯᠤᠰ ᠬᠦᠷᠦᠨ ᠢ ᠦᠪᠡᠷ ᠤᠨ ᠬᠠᠷᠢᠶᠠᠨ ᠳᠠᠭᠠᠨ ᠨᠢᠭᠡᠳᠭᠡᠨ ᠤᠷᠤᠭᠤᠯᠵᠤ᠂ « ᠨᠤᠮᠤ ᠰᠠᠭᠠᠳᠠᠭ ᠠᠭᠰᠠᠭᠰᠠᠳ ᠢ | ᠨᠢᠭᠡᠨ ᠭᠡᠷ ᠲᠤ ᠨᠢᠭᠡᠳᠭᠡᠨ»᠂ ᠨᠤᠳᠤᠭ ᠲᠡᠪᠢᠰᠭᠡᠷ ᠢᠶᠠᠨ ᠶᠡᠬᠡᠪᠡᠷ ᠦᠷᠭᠡᠳᠭᠡᠨ ᠲᠡᠯᠡᠵᠡᠢ᠄ ᠵᠠᠬᠦᠨᠰᠢ ᠰᠤᠯᠤᠩᠭᠤᠰ ᠲᠤ ᠲᠤᠯᠵᠤ᠂ ᠪᠠᠷᠠᠭᠤᠨᠰᠢ ᠲᠤᠮᠳᠠ ᠠᠽᠢᠶ᠎ᠠ | ᠬᠦᠷᠴᠦ᠂ ᠤᠮᠠᠷᠠᠰᠢ ᠪᠠᠶᠢᠭᠠᠯ ᠨᠠᠭᠤᠷ ᠲᠤ ᠬᠠᠪᠢᠳᠠᠨ᠂ ᠡᠮᠦᠨᠡᠰᠢ ᠴᠢᠨ ᠤ ᠰᠡᠬᠦᠯᠴᠢ ᠶᠢᠨ ᠦᠶ᠎ᠡ ᠶᠢᠨ ᠠᠷᠠᠳ ᠤᠨ ᠤᠷᠪᠠᠯᠭᠠᠨ᠂ ᠴᠦ᠋ ᠤᠯᠤᠰ ᠪᠤᠯᠤᠨ ᠬᠠᠨ | ᠤᠯᠤᠰ ᠤᠨ ᠲᠡᠮᠡᠴᠡᠭᠡᠨ ᠤ ᠲᠤᠬᠢᠶᠠᠯ ᠢ ᠠᠰᠢᠭᠯᠠᠨ ᠴᠢᠨ ᠤᠯᠤᠰ ᠤᠨ ᠪᠠᠶᠢᠭᠤᠯᠤᠭᠰᠠᠨ ᠾᠧ ᠨᠠᠨ ᠭᠠᠵᠠᠷ ᠢ ᠳᠠᠭᠠᠷᠢᠨ ᠡᠵᠡᠯᠡᠵᠦ᠂ ᠴᠠᠰᠢᠯᠠᠨ ᠪᠠᠰᠠ ᠬᠠᠶᠠ ᠶᠠᠨ᠂ | ᠳ᠋ᠠᠢ ᠶᠢᠨ ᠭᠠᠵᠠᠷ ᠨᠤᠳᠤᠭ ︵ᠤᠳᠤ ᠶᠢᠨ ᠾᠧᠪᠸᠢ᠂ ᠱᠠᠨ ᠰᠢ ᠶᠢᠨ ᠬᠤᠶᠢᠳᠤ ᠬᠡᠰᠡᠭ︶ ᠢ ᠴᠤ ᠲᠤᠪᠳᠤᠯᠤᠨ ᠳᠠᠭᠠᠷᠢᠳᠠᠭ ᠪᠠᠶᠢᠪᠠ᠃ ᠪᠤᠷᠤᠲᠤᠬᠤᠢ ᠶᠢᠨ ᠨᠤᠳᠤᠭ | ᠲᠤ ᠨᠡᠭᠦᠯᠭᠡᠨ ᠠᠪᠴᠢᠷᠠᠵᠤ ᠠᠳᠠᠷ ᠬᠠᠭᠠᠯᠪᠤᠷᠢᠯᠠᠨ ᠲᠠᠷᠢᠶ᠎ᠠ ᠲᠠᠷᠢᠵᠤ ᠪᠠᠶᠢᠭᠰᠠᠨ ᠠᠷᠠᠳ ᠢᠷᠭᠡᠳ ᠢ « ᠪᠦᠬᠦᠨ ᠢ ᠪᠤᠴᠠᠭᠠᠵᠤ »᠂ ᠪᠤᠷᠤᠲᠤᠬᠤᠢ ᠶᠢᠨ ᠨᠤᠳᠤᠭ | ᠨᠢ ᠳᠠᠬᠢᠨᠳᠠ ᠾᠸᠤᠩᠨᠤ ᠶᠢᠨ ᠮᠠᠯᠵᠢᠯ ᠤᠨ ᠲᠠᠯᠠᠪᠤᠷ ᠪᠤᠯᠤᠭᠰᠠᠨ ᠪᠠᠶᠢᠨ᠎ᠠ᠃ | | |