365bet网上娱乐场_365双试投注是什么_365bet正网开户人民政府蒙古文网站 365bet网上娱乐场_365双试投注是什么_365bet正网开户

<legend id="h4sia"></legend><samp id="h4sia"></samp>
<sup id="h4sia"></sup>
<mark id="h4sia"><del id="h4sia"></del></mark>

<p id="h4sia"><td id="h4sia"></td></p><track id="h4sia"></track>

<delect id="h4sia"></delect>
  • <input id="h4sia"><address id="h4sia"></address>

    <menuitem id="h4sia"></menuitem>

    1. <blockquote id="h4sia"><rt id="h4sia"></rt></blockquote>
      <wbr id="h4sia">
    2. <meter id="h4sia"></meter>

      <th id="h4sia"><center id="h4sia"><delect id="h4sia"></delect></center></th>
    3. <dl id="h4sia"></dl>
    4. <rp id="h4sia"><option id="h4sia"></option></rp>

        ᠤᠷᠳᠤᠰ ᠢᠶᠠᠷ ᠵᠢᠭᠤᠯᠴᠢᠯᠡᠨ ᠲᠤᠭᠤᠷᠢᠬᠤ ᠰᠢᠯᠢᠳᠡᠭ ᠵᠠᠮ ᠱᠤᠭᠤᠮ ᠤᠳ
        ᠨᠡᠶᠢᠲᠡᠯᠡᠭᠰᠡᠨ ᠴᠠᠭ᠄
        2022/8/26
                                          ᠤᠷᠳᠤᠰ ᠬᠤᠳᠠ ᠪᠤᠯ ᠳᠤᠮᠳᠠᠳᠤ ᠤᠯᠤᠰ ᠤᠨ ᠰᠢᠯᠢᠳᠡᠭ ᠵᠢᠭᠤᠯᠴᠢᠯᠠᠯ ᠤᠨ ᠬᠤᠳᠠ᠂  ᠳᠤᠮᠳᠠᠳᠤ ᠤᠯᠤᠰ ᠤᠨ ᠥᠨᠳᠤᠰᠤᠳᠡᠨ ᠤ ᠵᠠᠩ ᠥᠢᠯᠡ ᠶᠢᠨ ᠰᠢᠯᠢᠳᠡᠭ ᠵᠢᠭᠤᠯᠴᠢᠯᠠᠯ ᠤᠨ ᠬᠤᠳᠠ᠂  ᠳᠤᠮᠳᠠᠳᠤ ᠤᠯᠤᠰ ᠤᠨ ᠰᠢᠯᠢᠳᠡᠭ ᠠᠮᠢ ᠠᠬᠤᠢ ᠶᠢᠨ ᠵᠢᠭᠤᠯᠴᠢᠯᠠᠯ ᠤᠨ ᠬᠤᠳᠠ ᠪᠤᠯᠤᠨ᠎ᠠ᠃ ᠤᠷᠳᠤᠰ ᠤᠨ ᠵᠢᠭᠤᠯᠴᠢᠯᠠᠯ ᠤᠨ ᠡᠬᠢ ᠰᠤᠷᠪᠤᠯᠵᠢ ᠡᠯᠪᠡᠭ ᠪᠠᠶᠠᠯᠢᠭ᠂ ᠳᠡᠤᠬᠡ ᠰᠤᠶᠤᠯ ᠤᠨ ᠥᠪ ᠬᠥᠷᠥᠩᠭᠡ ᠤᠯᠠᠨ ᠪᠠᠶᠢᠵᠤ᠂ ᠤᠳᠤ ᠨᠢᠭᠡᠨᠳᠡ ᠪᠠᠶᠢᠭᠤᠯᠤᠭᠠᠳ ᠠᠰᠢᠭᠯᠠᠯᠳᠠ ᠳᠤ ᠤᠷᠤᠭᠰᠠᠨ ᠥᠵᠡᠮᠵᠢ ᠶᠢᠨ ᠤᠷᠤᠨ 50 ᠭᠠᠷᠤᠢ ᠪᠠᠶᠢᠵᠤ᠂ ᠡᠭᠦᠨ ᠳᠤ ᠥᠪᠤᠷ ᠮᠤᠩᠭᠤᠯ ᠳᠤ ᠪᠠᠨ ᠬᠤᠶᠠᠷᠬᠠᠨ ᠪᠠᠶᠢᠭ᠎ᠠ ᠤᠯᠤᠰ ᠤᠨ 5 A ᠳᠡᠰ ᠤᠨ ᠵᠢᠭᠤᠯᠴᠢᠯᠠᠯ ᠤᠨ ᠥᠵᠡᠮᠵᠢ ᠶᠢᠨ ᠤᠷᠤᠨ ᠪᠤᠯᠬᠤ ᠴᠢᠩᠬᠢᠰ ᠤᠨ ᠤᠩᠭᠤᠨ ᠪᠤᠯᠤᠨ ᠪᠥᠷᠢᠶ᠎ᠠ ᠮᠠᠩᠬ᠎ᠠ ᠵᠢᠭᠤᠯᠴᠢᠯᠠᠯ ᠤᠨ ᠥᠵᠡᠮᠵᠢ ᠶᠢᠨ ᠤᠷᠤᠨ ᠨᠢ ᠴᠥᠮ ᠤᠷᠳᠤᠰ ᠲᠤ ᠪᠠᠶᠢᠵᠤ᠂ ᠤᠯᠤᠰ ᠤᠨ 4A ᠳᠡᠰ ᠤᠨ ᠵᠢᠭᠤᠯᠴᠢᠯᠠᠯ ᠤᠨ ᠥᠵᠡᠮᠵᠢ ᠶᠢᠨ ᠤᠷᠤᠨ 23᠂ ᠤᠳᠤᠨ ᠳᠡᠰ ᠤᠨ ᠵᠤᠴᠢᠳ ᠤᠨ ᠪᠠᠭᠤᠳᠠᠯ 32᠂ ᠵᠢᠭᠤᠯᠴᠢᠯᠠᠯ ᠤᠨ ᠬᠤᠷᠢᠶ᠎ᠠ ᠪᠤᠯᠤᠨ ᠬᠤᠪᠢᠶᠠᠷᠢ ᠬᠤᠷᠢᠶ᠎ᠠ ᠨᠡᠶᠢᠳᠡ 96 ᠪᠤᠢ︔ ᠪᠥᠬᠦ ᠬᠤᠳᠠ ᠶᠢᠨ ᠬᠡᠪᠴᠢᠶᠡᠵᠢᠯ ᠠᠴᠠ ᠳᠡᠭᠡᠭᠰᠢᠬᠢ ︽ᠮᠠᠯᠴᠢᠨ ᠳᠠᠷᠢᠶᠠᠴᠢᠨ ᠠᠶᠢᠯ ᠤᠨ ᠪᠠᠶᠠᠰᠤᠯ︾ ᠵᠢᠭᠤᠯᠴᠢᠯᠠᠯ ᠤᠨ ᠵᠤᠴᠢᠨ ᠤᠭᠳᠤᠬᠤ ᠡᠷᠤᠬᠡ 500 ᠭᠠᠷᠤᠢ ᠪᠤᠢ᠃ ︽ᠡᠵᠡᠨ ᠪᠤᠭᠳᠠ ᠶᠢᠨ ᠳᠠᠷᠬᠠᠨ ᠤᠷᠤᠨ᠂ ᠡᠯᠡᠰᠤ ᠮᠠᠩᠬ᠎ᠠ ᠶᠢᠨ ᠥᠩᠭᠡ ᠥᠵᠡᠮᠵᠢ᠂ ᠥᠨᠳᠤᠰᠤᠳᠡᠨ ᠤ ᠵᠠᠩ ᠥᠢᠯᠡ ᠪᠠ ᠰᠡᠯᠡᠭᠦᠴᠡᠯ ᠵᠤᠰᠠᠯᠠᠩ ᠰᠤᠶᠤᠯ ᠵᠢᠭᠤᠯᠴᠢᠯᠠᠯ ᠤᠨ ᠨᠡᠷᠡᠳᠤ ᠬᠤᠳᠠ︾  ᠬᠡᠬᠦ ᠲᠥᠷᠪᠡᠨ ᠶᠡᠭᠡ ᠵᠢᠭᠤᠯᠴᠢᠯᠠᠯ ᠤᠨ ᠪᠥᠳᠥᠭᠡᠭᠳᠡᠭᠦᠨ ᠤᠷᠳᠤᠰ ᠲᠤ ᠨᠢᠭᠡᠨᠳᠡ ᠪᠥᠷᠢᠯᠳᠤᠪᠠ᠃ ᠲᠥᠪ ᠰᠥᠷᠯᠢᠭᠦᠨ ᠴᠢᠩᠬᠢᠰ ᠤᠨ ᠤᠩᠭᠤᠨ᠂ ᠨᠠᠯᠠᠭᠠᠷ ᠠᠭᠤᠳᠠᠮ ᠪᠥᠷᠢᠶ᠎ᠠ ᠮᠠᠩᠬ᠎ᠠ᠂ ᠥᠷᠭᠡᠨ ᠬᠠᠨᠠᠭᠠᠷ ᠤᠷᠳᠤᠰ ᠤᠨ ᠳᠠᠯ᠎ᠠ ᠨᠤᠳᠤᠭ᠂ ᠥᠩᠭᠡ ᠥᠵᠡᠮᠵᠢ ᠪᠠᠷ ᠪᠥᠷᠢᠳᠥᠭᠰᠡᠨ ᠬᠢᠶ᠎ᠠ ᠪᠠᠭᠰᠢ ᠰᠢᠨ᠎ᠠ ᠳᠤᠭᠤᠷᠢᠭ ᠨᠢ ᠡᠨᠡ ᠬᠦ ︽ᠠᠮᠠᠷᠠᠯᠳᠠ ᠶᠢᠨ ᠠᠯᠳᠠᠨ ᠭᠠᠷᠠᠭ︾᠎ ᠲᠤ ᠥᠷᠭᠡᠨ ᠤᠯᠠᠨ ᠵᠢᠭᠤᠯᠴᠢᠳ ᠲᠤ ᠰᠡᠯᠡᠭᠦᠴᠡᠨ ᠵᠤᠭᠠᠴᠠᠬᠤ ᠳᠤᠭᠤᠷᠢᠨ ᠨᠠᠭᠠᠳᠬᠤ ᠳᠠᠭᠠᠯᠠᠮᠵᠢᠳᠡᠢ ᠬᠥᠷᠳᠡᠭᠡᠯ ᠬᠠᠩᠭᠠᠬᠤ ᠨᠢ ᠯᠡᠪᠳᠡᠢ᠃           1᠂  ᠰᠡᠯᠡᠭᠦᠴᠡᠨ ᠵᠤᠰᠠᠯᠠᠵᠤ  ᠨᠠᠭᠠᠳᠬᠤ  ᠳᠤᠭᠤᠷᠢᠬᠤ  ᠰᠢᠯᠢᠳᠡᠭ ᠵᠠᠮ  ᠱᠤᠭᠤᠮ                 ᠳ᠋ᠦᠩᠱᠧᠩ — ᠪᠥᠷᠢᠶ᠎ᠠ ᠮᠠᠩᠬ᠎ᠠ — ᠬᠢᠶ᠎ᠠ ᠪᠠᠭᠰᠢ  ᠰᠢᠨ᠎ᠠ ᠳᠤᠭᠤᠷᠢᠭ  — ᠴᠢᠩᠬᠢᠰ ᠤᠨ ᠤᠩᠭᠤᠨ — ᠰᠤᠪᠤᠷᠭ᠎ᠠ ᠶᠢᠨ ᠳᠠᠯ᠎ᠠ ᠨᠤᠳᠤᠭ  — ᠳ᠋ᠦᠩᠱᠧᠩ            ᠰᠤᠨᠢᠷᠬᠠᠬᠤ ᠵᠥᠢᠯ᠄ ᠤᠯᠤᠰ ᠤᠨ 5A ᠳᠡᠰ ᠤᠨ ᠵᠢᠭᠤᠯᠴᠢᠯᠠᠯ ᠤᠨ ᠥᠵᠡᠮᠵᠢ ᠶᠢᠨ ᠤᠷᠤᠨ ᠪᠤᠯᠬᠤ ᠴᠢᠩᠬᠢᠰ ᠤᠨ ᠤᠩᠭᠤᠨ ᠳᠤ ᠬᠥᠷᠴᠤ ᠮᠥᠷᠭᠦᠨ ᠳᠠᠭᠠᠳᠬᠠᠵᠤ᠂ ᠡᠵᠡᠨ ᠪᠤᠭᠳᠠ ᠴᠢᠩᠬᠢᠰ ᠬᠠᠭᠠᠨ ᠤ ᠥᠯᠢᠭᠡᠷ ᠳᠡᠤᠬᠡ ᠶᠢ ᠰᠤᠨᠤᠰᠴᠤ᠂ ᠮᠤᠩᠭᠤᠯ ᠥᠨᠳᠤᠰᠤᠳᠡᠨ ᠤ ᠰᠤᠶᠤᠯ ᠵᠠᠩ ᠥᠢᠯᠡ ᠶᠢ ᠥᠢᠯᠠᠭᠠᠨ ᠡᠳ᠋ᠯᠡᠵᠤ ᠂ ︽ᠨᠢᠭᠡᠨ ᠥᠶ᠎ᠠ ᠶᠢᠨ ᠲᠡᠭᠷᠢᠯᠢᠭ ᠬᠥᠪᠡᠭᠦᠨ︾ ︽ᠤᠷᠳᠤᠰ ᠬᠤᠷᠢᠮ︾ ︽ᠰᠡᠨᠵᠢᠳᠮ᠎ᠡ︾ ᠵᠡᠷᠭᠡ ᠳᠤᠮᠤ ᠬᠡᠯᠪᠡᠷᠢ ᠶᠢᠨ ᠳᠠᠶᠢᠰᠠᠨ ᠤᠷᠠᠯᠢᠭ ᠢ ᠰᠤᠨᠢᠷᠬᠠᠨ᠎ᠠ︔ ᠡᠯᠡᠰᠤ ᠮᠠᠩᠬ᠎ᠠ ᠶᠢᠨ ᠥᠩᠭᠡ ᠥᠵᠡᠮᠵᠢ ᠶᠢ ᠰᠤᠨᠢᠷᠬᠠᠵᠤ᠂ ᠮᠠᠩᠬᠠᠨ ᠳᠡᠭᠡᠷ᠎ᠠ ᠭᠤᠯᠭᠤᠷᠢᠵᠤ ᠨᠠᠭᠠᠳᠬᠤ᠂ ᠳᠡᠮᠡᠭᠡ ᠤᠨᠤᠬᠤ᠂ ᠡᠯᠡᠰᠤᠨ ᠳᠡᠭᠡᠷᠡᠬᠢ ᠮᠠᠰᠢᠨ ᠳᠤ ᠰᠠᠭᠤᠬᠤ᠂ ᠡᠯᠡᠰᠤᠨ ᠰᠡᠶᠢᠯᠤᠮᠠᠯ ᠢ ᠰᠤᠨᠢᠷᠬᠠᠬᠤ᠂ ᠡᠯᠡᠰᠤᠨ ᠳᠤᠮᠳᠠᠬᠢ ᠤᠮᠪᠠᠯᠳᠠ ᠵᠡᠷᠭᠡ ᠡᠯᠡᠰᠤᠨ ᠳᠡᠭᠡᠷᠡᠬᠢ ᠨᠠᠭᠠᠳᠤᠮ ᠳᠤ ᠤᠷᠤᠯᠴᠠᠵᠤ ᠪᠤᠯᠤᠨ᠎ᠠ︔        ᠤᠷᠳᠤᠰ ᠨᠤᠯᠤᠤᠷ ᠤᠨ ᠥᠢᠯᠡᠳᠭᠡᠭᠦᠨ ᠤ ᠳᠡᠯᠭᠡᠨ ᠥᠵᠡᠭᠦᠯᠥᠯᠭᠡ ᠶᠢᠨ ᠤᠷᠳᠤᠨ᠂ ᠤᠷᠳᠤᠰ ᠬᠥᠷᠡᠯ ᠪᠠᠭᠠᠵᠢ ᠶᠢᠨ ᠮᠦᠽᠸᠢ ᠳᠤ ᠳᠤᠭᠤᠷᠢᠨ ᠥᠵᠡᠨ᠎ᠠ︔ ᠥᠩᠭᠡ ᠥᠵᠡᠮᠵᠢ ᠪᠥᠷᠢᠳᠥᠭᠰᠡᠨ ᠬᠢᠶ᠎ᠠ ᠪᠠᠭᠰᠢ ᠰᠢᠨ᠎ᠠ ᠳᠤᠭᠤᠷᠢᠭ ᠢᠶᠠᠷ ᠳᠤᠭᠤᠷᠢᠨ ᠨᠠᠭᠠᠳᠤᠨ᠎ᠠ᠃             2. ᠡᠯᠡᠰᠣ ᠮᠠᠩᠬ᠎ᠠ ᠠᠮᠢ ᠠᠬᠤᠢ ᠶᠢᠨ ᠵᠢᠭᠤᠯᠴᠢᠯᠠᠯ  ᠤᠨ ᠰᠢᠯᠢᠲᠡᠭ ᠵᠠᠮ ᠱᠣᠭᠤᠮ ᠳ᠋ᠥᠡᠭᠱᠧᠩ — ᠪᠥᠷᠢᠶ᠎ᠠ ᠮᠠᠩᠬ᠎ᠠ  — ᠡ᠊ᠡᠭᠭᠡᠪᠡᠢ — ᠲᠠᠭᠤᠲᠣ ᠨᠠᠭᠤᠷ — ᠣᠷᠲᠣᠰ ᠤᠨ ᠲᠡᠯ᠎ᠠ ᠨᠣᠲᠤᠭ —ᠭᠢᠶ᠎ᠠ ᠪᠠᠭᠰᠢ ᠰᠢᠨ᠎ᠠ‌‍ᠲ᠋ᠣᠭᠤᠷᠢᠭ  — ᠵᠢᠣ ᠴᠧᠩ ᠭᠥᠩ — ᠳ᠋ᠥᠡᠭᠱᠧᠩ                 ᠰᠤᠨᠢᠷᠬᠠᠬᠤ ᠵᠥᠢᠯ᠄ ᠤᠷᠳᠤᠰ ᠤᠨ ᠥᠪᠡᠷᠮᠢᠴᠡ ᠤᠨᠴᠠᠯᠢᠭ ᠲᠠᠢ ᠡᠯᠡᠰᠤ ᠮᠠᠩᠬᠠᠨ ᠤ ᠠᠮᠢ ᠠᠬᠤᠢ ᠪᠠ ᠳᠠᠯ᠎ᠠ ᠨᠤᠳᠤᠭ ᠤᠨ ᠠᠮᠢ ᠠᠬᠤᠢ ᠶᠢᠨ ᠥᠩᠭᠡ ᠥᠵᠡᠮᠵᠢ ᠶᠢ ᠰᠤᠨᠢᠷᠬᠠᠨ᠎ᠠ᠃ ᠠᠳᠡ ᠳᠠᠭᠤᠯᠠᠵᠤ ᠴᠢᠳᠠᠳᠠᠭ ᠪᠥᠷᠢᠶ᠎ᠠ ᠮᠠᠩᠬ᠎ᠠ᠂ ᠡᠯᠡᠰᠤᠨ ᠤ ᠨᠤᠭᠤᠭᠠᠨ ᠪᠥᠷᠢᠳᠤ ᠡᠩᠭᠡᠪᠡᠢ᠂ ᠡᠯᠡᠰᠤᠨ ᠳᠤᠮᠳᠠᠬᠢ ᠨᠠᠭᠤᠷ ᠪᠤᠯᠬᠤ ᠳᠠᠭᠤᠳᠤ ᠨᠠᠭᠤᠷ ᠪᠠᠶᠢᠵᠤ᠂ ᠴᠥᠮ ᠥᠵᠡᠮᠵᠢᠳᠤ ᠰᠠᠶᠢᠬᠠᠨ ᠡᠯᠡᠰᠤ ᠮᠠᠩᠬᠠᠨ ᠤ ᠥᠩᠭᠡ ᠥᠵᠡᠮᠵᠢ᠂ ᠪᠤᠯᠤᠷ ᠳᠤᠩᠭᠠᠯᠠᠭ ᠨᠠᠭᠤᠷ᠂ ᠡᠯᠡᠰᠤᠨ ᠳᠤ ᠤᠷᠭᠤᠳᠠᠭ ᠠᠮᠢ ᠠᠬᠤᠢ ᠶᠢᠨ ᠤᠷᠭᠤᠮᠠᠯ ᠲᠠᠢ ᠪᠠᠶᠢᠵᠤ᠂ ᠴᠡᠪᠡᠷ ᠳᠤᠩᠭᠠᠯᠠᠭ ᠠᠭᠠᠷ ᠢ ᠠᠮᠢᠰᠬᠤᠯᠯᠠᠵᠤ᠂ ᠪᠠᠶᠢᠭᠠᠯᠢᠯᠢᠭ ᠪᠤᠬᠢᠷᠳᠤᠯ ᠥᠭᠡᠢ ᠢᠳᠡᠭᠡᠨ ᠢ ᠠᠮᠳᠠᠯᠠᠨ᠂ ᠴᠡᠯᠮᠡᠭ ᠬᠥᠬᠡ ᠳᠡᠭᠷᠢ ᠶᠢᠨ ᠳᠤᠤᠷ᠎ᠠ ᠳᠠᠭᠠᠳᠠᠶᠢᠬᠠᠨ ᠨᠠᠭᠠᠳᠬᠤ ᠵᠢᠷᠭᠠᠯᠳᠠᠶᠢᠬᠠᠨ ᠤᠷᠤᠨ ᠪᠠᠶᠢᠭ᠎ᠠ ᠶᠤᠮ᠃           3. ᠥᠨᠲᠣᠰᠣᠳᠡᠨ ᠤ ᠰᠣᠶᠣᠯ ᠵᠢᠭᠤᠯᠴᠢᠯᠠᠯ  ᠤᠨ ᠰᠢᠯᠢᠲᠡᠭ ᠵᠠᠮ ᠱᠣᠭᠤᠮ           ᠬᠢᠶ᠎ᠠ ᠪᠠᠭᠰᠢ ᠰᠢᠨ᠎ᠠ ᠲᠣᠭᠤᠷᠢᠭ  — ᠴᠢᠩᠭᠢᠰ  ᠤᠨ ᠣᠩᠭᠤᠨ —  ᠥᠥᠰᠢᠨᠵᠣᠣ  — ᠴᠠᠭᠠᠨ ᠰᠥᠯᠳᠠ — ᠰᠢᠷᠬᠤᠰᠣᠨ ᠰᠣᠶᠣᠯ ᠤᠨ ᠪᠠᠭᠤᠷᠢ — ᠳ᠋ᠠ ᠭᠦ ᠸᠠᠨ  — ᠶᠡᠭᠡ ᠲᠣᠯᠣᠨ — ᠪᠢ ᠬᠠᠢ ᠶᠠᠩ ᠭᠤᠸᠠᠩ ᠵᠣᠰᠠᠯᠠᠩ ᠎ ᠤᠨ ᠭᠠᠵᠡᠷ  — ᠣᠲᠤᠭ ᠬᠤᠰᠢᠭᠤᠨ ᠤ ᠮᠦᠽᠸᠢ — ᠠᠷᠵᠠᠢ ᠠᠭᠤᠢ  — ᠣᠷᠲᠣᠰ ᠤᠨ ᠲᠡᠯ᠎ᠠ ᠨᠣᠲᠤᠭ — ᠴᠢᠨ ᠤ ᠣᠷᠲᠣ ᠴᠠᠭᠠᠨ ᠭᠡᠷᠡᠮ — ᠣᠷᠲᠣᠰ ᠤᠨ ᠭᠥᠷᠡᠯ ᠪᠠᠭᠠᠵᠢ ᠶᠢᠨ ᠮᠥᠵᠡᠢ — ᠭᠢᠶ᠎ᠠ ᠪᠠᠭᠰᠢ ᠰᠢᠨ᠎ᠠ ᠲᠣᠭᠤᠷᠢᠭ                ᠰᠤᠨᠢᠷᠬᠠᠬᠤ ᠵᠥᠢᠯ᠄ ᠮᠤᠩᠭᠤᠯ ᠶᠤᠸᠠᠨ ᠤ ᠰᠤᠶᠤᠯ᠂ ᠳᠠᠶᠢᠯᠭ᠎ᠠ ᠳᠠᠬᠢᠯᠭ᠎ᠠ ᠶᠢᠨ ᠰᠤᠶᠤᠯ᠂ ᠤᠷᠳᠤᠰ ᠬᠥᠷᠡᠯ ᠪᠠᠭᠠᠵᠢ ᠶᠢᠨ ᠤᠷᠠᠯᠢᠭ ᠢ ᠥᠢᠯᠠᠭᠠᠵᠤ ᠰᠤᠨᠢᠷᠬᠠᠨ᠎ᠠ︔ ᠳᠠᠯ᠎ᠠ ᠨᠤᠳᠤᠭ ᠤᠨ ᠥᠩᠭᠡ ᠥᠵᠡᠮᠵᠢ ᠶᠢ ᠰᠤᠨᠢᠷᠬᠠᠵᠤ᠂ ᠤᠷᠳᠤᠰ ᠤᠨ ᠳᠡᠤᠬᠡ ᠰᠤᠶᠤᠯ ᠤᠨ ᠤᠯᠠ ᠮᠥᠷ ᠲᠠᠢ ᠤᠶᠠᠯᠳᠤᠭᠤᠯᠤᠨ ᠤᠷᠳᠤᠰ ᠤᠨ ᠪᠠᠶᠠᠯᠢᠭ ᠰᠠᠶᠢᠬᠠᠨ ᠬᠥᠮᠥᠨ ᠰᠤᠶᠤᠯ ᠪᠠᠶᠢᠭᠠᠯᠢ ᠶᠢᠨ ᠥᠩᠭᠡ ᠥᠵᠡᠮᠵᠢ ᠶᠢ ᠰᠤᠨᠢᠷᠬᠠᠨ᠎ᠠ᠃        
        ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ