| ᠵᠢᠤ ᠴᠧᠡᠭ ᠬᠦᠡᠭ ᠤᠨ ᠵᠢᠭᠤᠯᠴᠢᠯᠠᠯ ᠤᠨ ᠤᠷᠤᠨ ᠳᠤ ᠬᠦᠷᠪᠡᠯ ᠬᠦᠭᠡᠮᠳᠦᠭ ᠠᠭᠤᠯᠠᠨ ᠤ ᠬᠤᠭᠤᠷᠤᠨᠳᠤᠭᠤᠷ ᠠᠭᠠᠷ ᠲᠤ ᠲᠡᠭᠦᠵᠢᠯᠡᠭᠳᠡᠭᠰᠡᠨ ᠰᠢᠯ ᠬᠦᠭᠦᠷᠭᠡ | ᠠᠭᠤᠯᠠ ᠤᠰᠤ ᠪᠠ ᠲᠡᠭᠷᠢ ᠶᠢᠨ ᠬᠢᠵᠠᠭᠠᠷ ᠢ ᠬᠤᠯᠪᠤᠭᠰᠠᠨ ᠲᠤᠩᠭᠠᠯᠠᠭ ᠪᠤᠯᠤᠷ ᠭᠤᠤᠯ ᠭᠤᠷᠤᠬ᠎ᠠ ᠮᠡᠳᠦ ᠦᠵᠡᠰᠬᠦᠯᠡᠩ ᠮᠦᠷᠳᠡᠭᠡᠨ ᠰᠦᠷᠯᠢᠭ ᠬᠠᠷᠠᠭᠳᠠᠵᠤ ᠪᠠᠶᠢᠯ᠎ᠠ | ᠃ | | | | | | | ᠤᠷᠳᠤᠰ ᠤᠨ ᠠᠩᠬᠠᠳᠠᠬᠴᠢ ᠠᠭᠠᠷ ᠲᠤ ᠲᠡᠭᠦᠵᠢᠯᠡᠭᠰᠡᠨ ᠰᠢᠯ ᠬᠦᠭᠦᠷᠭᠡ ᠪᠤᠯ ᠵᠢᠤ ᠴᠧᠡᠭ ᠬᠦᠡᠭ ᠤᠨ ᠵᠢᠭᠤᠯᠴᠢᠯᠠᠯ ᠤᠨ ᠤᠷᠤᠨ ᠤ 2019 ᠤᠨ ᠤ | ᠠᠷᠠᠯᠵᠢᠶᠠᠴᠢᠨ ᠤᠷᠢᠵᠤ ᠪᠡᠯᠡ ᠤᠷᠤᠭᠤᠯᠤᠭᠰᠠᠨ ᠭᠤᠤᠯᠳᠠᠯᠭ᠎ᠠ ᠲᠠᠢ ᠲᠦᠷᠦᠯ ᠵᠦᠢᠯ ᠪᠤᠯᠤᠨ᠎ᠠ᠂ ᠵᠢᠤ ᠴᠧᠡᠭ ᠬᠦᠡᠭ ᠤᠨ ᠤᠯᠠᠨ ᠤᠯᠤᠰ ᠤᠨ ᠴᠠᠰᠤᠨ ᠳᠤ | ᠭᠤᠯᠭᠤᠬᠤ ᠲᠠᠯᠠᠪᠤᠷ ᠤᠨ ᠲᠡᠭᠡᠭᠦᠷ ᠬᠦᠨᠳᠡᠯᠢᠰᠴᠤ ᠪᠤᠢ᠃ ᠬᠦᠭᠦᠷᠭᠡᠨ ᠤ ᠪᠦᠬᠦ ᠤᠷᠳᠤ ᠨᠢ 200 ᠭᠠᠷᠤᠢ ᠮᠧᠲᠷ᠂ ᠦᠷᠭᠡᠨ ᠨᠢ 2 ᠮᠧᠲᠷ᠂ ᠬᠦᠭᠦᠷᠭᠡ ᠨᠢ | ᠭᠠᠵᠠᠷ ᠠᠴᠠ 40 ᠮᠧᠲᠷ ᠦᠨᠳᠦᠷ ᠲᠤ ᠡᠯᠭᠦᠭᠳᠡᠵᠤ ᠪᠤᠢ᠃ ᠬᠦᠭᠦᠷᠭᠡ ᠠᠴᠠ ᠲᠤᠷᠤᠭᠰᠢ ᠪᠠᠨ ᠬᠠᠷᠠᠪᠠᠯ ᠦᠪᠡᠷ ᠤᠨ ᠪᠡᠶ᠎ᠡ ᠴᠢᠨᠢ ︽ᠤᠭᠳᠠᠷᠭᠤᠢ ᠳᠤ ᠠᠶᠠᠯᠠᠵᠤ︾ | ᠪᠠᠶᠢᠬᠤ ᠬᠡᠮᠡᠷ ᠰᠡᠳᠡᠯᠳᠡ ᠲᠠᠢ ᠰᠠᠨᠠᠭᠳᠠᠳᠠᠭ᠃ ᠬᠦᠬᠦᠷᠭᠡ ᠠᠴᠠ ᠬᠤᠯᠠ ᠶᠢ ᠪᠠᠷᠠᠯᠠᠪᠠᠯ ᠵᠢᠤ ᠴᠧᠡᠭ ᠬᠦᠡᠭ ᠤᠨ ᠤᠢᠢᠷ᠎ᠠ ᠬᠠᠪᠢ ᠶᠢᠨ ᠪᠦᠬᠦ ᠦᠵᠡᠮᠵᠢ ᠶᠢ | ᠰᠤᠨᠢᠷᠬᠠᠵᠤ ᠲᠡᠶᠢᠯᠦᠨ᠎ᠡ᠃ | | | | | | | ᠬᠦᠭᠦᠷᠭᠡ ᠶᠢᠨ ᠶᠡᠷᠦᠩᠭᠡᠢ ᠪᠡᠯᠡ ᠤᠷᠤᠭᠤᠯᠤᠯᠳᠠ ᠨᠢ 1800 ᠲᠦᠮᠡᠨ ᠲᠦᠭᠦᠷᠢᠭ᠂ ᠲᠡᠭᠰᠢ ᠲᠦᠷᠪᠡᠯᠵᠢᠨ ᠮᠧᠲᠷ ᠪᠦᠷᠢ ᠶᠢᠨ ᠲᠠᠭᠠᠭᠠᠴᠠ ᠨᠢ 800 | ᠺᠢᠯᠦᠭᠷᠠᠮ᠃ ᠲᠤᠰ ᠲᠦᠷᠦᠯ ᠵᠦᠢᠯ ᠤᠨ ᠬᠠᠷᠢᠭᠤᠴᠠᠯᠭᠠᠳᠠᠨ ᠤ ᠲᠠᠨᠢᠯᠴᠠᠭᠤᠯᠬᠤ ᠪᠠᠷ᠂ ᠲᠤᠰᠬᠠᠢ ᠮᠡᠷᠭᠡᠵᠢᠯᠳᠡᠨ ᠠᠴᠠ ᠰᠢᠯ ᠬᠦᠭᠦᠷᠭᠡ ᠳᠤ ᠨᠢᠭᠡᠨᠳᠡ | ᠲᠠᠭᠠᠭᠠᠴᠠ ᠶᠢᠨ ᠲᠤᠷᠰᠢᠯᠳᠠ ᠬᠢᠵᠤ᠂ ᠬᠢᠷᠢ ᠲᠡᠩᠴᠡᠭᠰᠡᠨ ᠬᠡᠵᠤ ᠦᠨᠡᠯᠡᠭᠰᠡᠨ ᠪᠠᠶᠢᠨ᠎ᠠ᠃ ᠤᠶᠢᠯᠠᠭᠠᠭᠰᠠᠨ ᠢᠶᠠᠷ᠂ ᠨᠢᠭᠡ ᠤᠳᠠᠭ᠎ᠠ ᠳᠤ ᠬᠠᠮᠤᠭ ᠤᠯᠠᠨ ᠳᠠᠭᠠᠨ | 360 ᠬᠦᠮᠦᠨ ᠬᠠᠮᠳᠤ ᠬᠦᠬᠦᠷᠭᠡ ᠪᠠᠷ ᠦᠡᠭᠭᠡᠷᠡᠵᠤ ᠪᠤᠯᠤᠨ᠎ᠠ᠃ | | | | | | |