ᠡᠵᠡᠨ ᠬᠤᠷᠤᠭ᠎ᠠ ᠬᠤᠰᠢᠭᠤᠨ ᠤ ᠰᠢᠨ᠎ᠡ ᠲᠢᠲᠢᠮᠯᠢᠭ ᠸᠢᠷᠦ᠋ᠰ ᠤᠨ ᠪᠥᠭᠡᠮ ᠬᠦᠴᠢᠯ ᠤᠨ ᠠᠩᠬ᠎ᠠ ᠠᠯᠬᠤᠮ ᠤᠨ ᠪᠠᠶᠢᠴᠠᠭᠠᠯᠲᠠ ᠳᠤ ᠠᠷᠭ᠎ᠠ ᠴᠢᠨᠠᠷ | ᠢᠯᠡᠷᠡᠭᠰᠡᠨ 1 ᠬᠥᠮᠦᠨ ᠤ ᠲᠤᠬᠠᠢ ᠬᠠᠮᠢᠶ᠎ᠠ ᠪᠦᠬᠦᠢ ᠮᠡᠳᠡᠭᠳᠡᠯ | 10 ᠰᠠᠷ᠎ᠠ ᠶᠢᠨ 5 ᠤ ᠡᠳᠥᠷ ᠤᠨ 4 ᠴᠠᠭ 10 ᠮᠢᠨᠦ᠋ᠲ ᠲᠤ᠂ ᠡᠵᠡᠨ ᠬᠤᠷᠤᠭ᠎ᠠ ᠬᠤᠰᠢᠭᠤ ᠲᠦᠪᠯᠡᠷᠡᠭᠦᠯᠤᠨ ᠲᠤᠰᠠᠭᠠᠷᠯᠠᠬᠤ ᠴᠡᠭ ᠲᠠᠬᠢ ᠨᠢᠭᠲᠠ | ᠣᠶᠢᠷᠠᠲᠤᠭᠰᠠᠳ ᠲᠤ ᠪᠥᠭᠡᠮ ᠬᠦᠴᠢᠯ ᠤᠨ ᠪᠠᠶᠢᠴᠠᠭᠠᠯᠲᠠ ᠬᠢᠵᠦ᠂ ᠠᠩᠬ᠎ᠠ ᠠᠯᠬᠤᠮ ᠤᠨ ᠪᠠᠶᠢᠴᠠᠭᠠᠯᠲᠠ ᠳᠤ 1 ᠬᠥᠮᠦᠨ ᠠᠷᠭ᠎ᠠ ᠴᠢᠨᠠᠷ ᠢᠯᠡᠷᠡᠵᠠᠢ᠃ ᠲᠤᠤᠷ᠎ᠠ | ᠬᠠᠮᠢᠶ᠎ᠠ ᠪᠦᠬᠦᠢ ᠪᠠᠶᠢᠳᠠᠯ ᠢ ᠮᠡᠳᠡᠭᠳᠡᠶ᠎ᠡ᠄ | ᠠᠩᠬ᠎ᠠ ᠠᠯᠬᠤᠮ ᠤᠨ ᠪᠠᠶᠢᠴᠠᠭᠠᠯᠲᠠ ᠳᠤ ᠠᠷᠭ᠎ᠠ ᠴᠢᠨᠠᠷ ᠢᠯᠡᠷᠡᠭᠰᠡᠨ ᠬᠥᠮᠦᠨ᠄ ᠬᠠᠨ ᠣᠪᠣᠭᠲᠤ᠂ ᠡᠷᠡᠭᠲᠡᠢ᠂ 28 ᠨᠠᠰᠤᠲᠠᠢ᠂ ᠲᠦᠩᠯᠢᠶᠣᠣ ᠬᠤᠲᠠ | ᠶᠢᠨ ᠺᠠᠶᠢᠯᠦ ᠰᠢᠶᠠᠨ ᠤ ᠬᠥᠮᠦᠨ᠂ ᠰᠢᠨ᠎ᠡ ᠲᠢᠲᠢᠮᠯᠢᠭ ᠸᠢᠷᠦ᠋ᠰ ᠤᠨ ᠸᠠᠺᠼᠢᠨ ᠢ 3 ᠲᠠᠷᠢᠭᠤᠯᠵᠠᠢ᠃ ᠣᠳᠣ ᠲᠣᠭᠲᠠᠭᠰᠠᠨ ᠡᠮᠨᠡᠯᠭᠡ ᠶᠢᠨ ᠬᠤᠷᠢᠶᠠᠨ ᠳᠤ ᠰᠢᠯᠵᠢᠨ | ᠲᠤᠰᠠᠭᠠᠷᠯᠠᠨ ᠠᠵᠢᠭᠯᠠᠵᠤ ᠪᠣᠢ᠃ | | ᠬᠠᠨ ᠣᠪᠣᠭᠲᠤ ᠶᠢᠨ ᠥᠪᠡᠷ ᠤᠨ ᠬᠢᠨᠢ ᠲᠣᠭᠠᠴᠢᠯᠲᠠ ᠪᠠᠷ᠄ | 10 ᠰᠠᠷ᠎ᠠ ᠶᠢᠨ 2 ᠤᠨ ᠡᠳᠥᠷ᠂ 11 ᠴᠠᠭ 06 ᠮᠢᠨᠦ᠋ᠲ ᠲᠤ ᠪᠤᠭᠤᠲᠤ ᠠᠴᠠ ᠮᠣᠣ ᠮᠢᠩ ᠬᠦᠷᠬᠦ ᠲᠦᠷᠭᠡᠨ ᠤ ᠵᠠᠮ ᠤᠨ ᠠᠯᠲᠠᠨᠰᠢᠷᠡᠭᠡᠳᠦ | ᠪᠠᠯᠭᠠᠰᠤ ᠶᠢ ᠭᠠᠷᠬᠤ ᠠᠮᠠ ᠳᠡᠭᠡᠷ᠎ᠡ ᠬᠦᠷᠴᠦ᠂ 11 ᠴᠠᠭ 12 ᠮᠢᠨᠦ᠋ᠲ ᠲᠤ ᠪᠥᠭᠡᠮ ᠬᠦᠴᠢᠯ ᠤᠨ ᠪᠠᠶᠢᠴᠠᠭᠠᠯᠲᠠ ᠬᠢᠵᠤ ᠪᠠᠷᠠᠭᠠᠳ ᠠᠶᠠᠨᠴᠢᠳ ᠤᠨ ᠮᠠᠰᠢᠨ | ᠳᠡᠭᠡᠷ᠎ᠡ ᠰᠠᠭᠤᠭᠠᠳ ᠤᠯᠠᠭᠠᠨᠮᠥ᠋ᠷᠡᠨ ᠪᠠᠯᠭᠠᠰᠤ ᠶᠢᠨ ᠪᠣᠷᠣ ᠲᠡᠭᠡᠭ ᠤᠨ ᠼᠦᠨ ᠼᠣᠣ ᠲᠠ ᠨᠡᠭᠦᠷᠡᠰᠦᠨ ᠠᠭᠤᠷᠬᠠᠢ ᠶᠢᠨ ᠣᠶᠢᠷᠠᠯᠴᠠᠭ᠎ᠠ ᠲᠡᠷᠭᠡᠨ ᠠᠴᠠ ᠪᠠᠭᠤᠪᠠ᠃ | ᠵᠠᠯᠭᠠᠭᠠᠳ ᠲᠡᠷᠭᠡᠨ ᠳᠤ ᠰᠠᠭᠤᠵᠤ ᠤᠯᠠᠭᠠᠨᠮᠥ᠋ᠷᠡᠨ ᠪᠠᠯᠭᠠᠰᠤ ᠳᠠᠬᠢ ᠰᠠᠭᠤᠭ᠎ᠠ ᠭᠠᠵᠠᠷ ᠲᠠᠭᠠᠨ ᠬᠦᠷᠴᠦ᠂ 14 ᠴᠠᠭ ᠤᠨ ᠣᠷᠴᠢᠮ ᠢᠶᠠᠷ ᠲᠡᠮᠦᠷ ᠵᠠᠮ ᠤᠨ | ᠬᠠᠪᠢ ᠳᠠᠬᠢ ᠨᠡᠶᠢᠲᠡ ᠶᠢᠨ ᠵᠣᠷᠯᠣᠩ ᠳᠤ ᠣᠷᠣᠭᠠᠳ ᠰᠠᠭᠤᠭ᠎ᠠ ᠭᠠᠵᠠᠷ ᠲᠠᠭᠠᠨ ᠪᠤᠴᠠᠵᠠᠢ᠃ 16 ᠴᠠᠭ 50 ᠮᠢᠨᠦ᠋ᠲ ᠲᠤ ᠥᠪᠡᠰᠦᠪᠡᠨ ᠮᠠᠰᠢᠨ ᠲᠡᠷᠭᠡ | ᠵᠢᠯᠤᠭᠤᠳᠴᠤ ᠠᠯᠲᠠᠨᠰᠢᠷᠡᠭᠡᠳᠦ ᠪᠠᠯᠭᠠᠰᠤ ᠶᠢᠨ ᠸᠧᠢ ᠪᠠᠩ ᠵᠢᠶᠠ ᠲᠠᠢ ᠶᠤᠸᠠᠨ ᠰᠠᠭᠤᠭᠠᠯᠢ ᠲᠣᠭᠤᠷᠢᠭ ᠲᠤ ᠬᠦᠷᠴᠦ᠂ 18 ᠴᠠᠭ ᠲᠤ ᠠᠯᠲᠠᠨᠰᠢᠷᠡᠭᠡᠳᠦ ᠪᠠᠯᠭᠠᠰᠤ | ᠶᠢᠨ ᠵᠢᠩ ᠬᠤᠩ ᠲᠢᠶᠠᠨ ᠴᠢᠩ ᠪᠠᠭᠤᠳᠠᠯ ᠳᠤ ᠬᠦᠷᠴᠦ᠂ 18 ᠴᠠᠭ 15 ᠮᠢᠨᠦ᠋ᠲ ᠲᠤ ᠪᠠᠭᠤᠳᠠᠯ ᠤᠨ 2 ᠳ᠋ᠤᠭᠠᠷ ᠳᠠᠪᠬᠤᠷᠯᠢᠭ ᠤᠨ ᠵᠢᠩ ᠢ ᠲᠢᠩᠬᠢᠮ ᠳᠤ | ᠬᠤᠷᠢᠮ ᠨᠠᠶᠢᠷ ᠲᠤ ᠣᠷᠣᠯᠴᠠᠭᠠᠳ 22 ᠴᠠᠭ 03 ᠮᠢᠨᠦ᠋ᠲ ᠲᠤ ᠲᠦᠷᠢᠶᠡᠰᠦᠨ ᠮᠠᠰᠢᠨ ᠢᠶᠠᠷ ᠲᠠᠢ ᠶᠠᠩ ᠴᠧᠩ ᠳᠤ ᠬᠦᠷᠴᠦ᠂ 22 ᠴᠠᠭ 19 | ᠮᠢᠨᠦ᠋ᠲ ᠲᠤ ᠲᠠᠢ ᠶᠠᠩ ᠴᠧᠩ V-Show KTV ᠳᠤ ᠳᠠᠭᠤᠤ ᠳᠠᠭᠤᠯᠠᠵᠤ᠂ 00 ᠴᠠᠭ 48 ᠮᠢᠨᠦ᠋ᠲ ᠲᠤ KTV ᠠᠴᠠ ᠰᠠᠯᠤᠭᠠᠳ ᠲᠦᠷᠢᠶᠡᠰᠦᠨ | ᠮᠠᠰᠢᠨ ᠢᠶᠠᠷ ᠵᠢᠩ ᠬᠤᠩ ᠲᠢᠶᠠᠨ ᠴᠢᠩ ᠪᠠᠭᠤᠳᠠᠯ ᠳᠤ ᠪᠤᠴᠠᠪᠠ᠃ | 10 ᠰᠠᠷ᠎ᠠ ᠶᠢᠨ 3 ᠤ ᠡᠳᠥᠷ᠂ 6 ᠴᠠᠭ ᠤᠨ ᠣᠷᠴᠢᠮ ᠢᠶᠠᠷ ᠵᠢᠩ ᠬᠤᠩ ᠲᠢᠶᠠᠨ ᠴᠢᠩ ᠪᠠᠭᠤᠳᠠᠯ ᠤᠨ 1 ᠳ᠋ᠦ᠋ᠭᠡᠷ ᠳᠠᠪᠬᠤᠷᠯᠢᠭ ᠤᠨ ᠰᠣᠩᠭᠤᠪᠤᠷᠢᠲᠤ | ᠬᠤᠭᠤᠯᠠᠨ ᠲᠢᠩᠬᠢᠮ ᠳᠤ ᠬᠤᠭᠤᠯᠠᠯᠠᠭᠠᠳ 7 ᠴᠠᠭ ᠤᠨ ᠣᠷᠴᠢᠮ ᠢᠶᠠᠷ ᠸᠧᠢ ᠪᠠᠩ ᠵᠢᠶᠠ ᠲᠠᠢ ᠶᠤᠸᠠᠨ ᠰᠠᠭᠤᠭᠠᠯᠢ ᠲᠣᠭᠤᠷᠢᠭ ᠲᠤ ᠬᠦᠷᠴᠦ᠂ 9 ᠴᠠᠭ ᠤᠨ | ᠣᠷᠴᠢᠮ ᠢᠶᠠᠷ ᠰᠢ ᠱᠠᠨ ᠵᠢᠶᠠ ᠶᠤᠸᠠᠨ B ᠲᠣᠭᠤᠷᠢᠭ ᠲᠤ ᠬᠦᠷᠴᠦ᠂ 10 ᠴᠠᠭ 30 ᠮᠢᠨᠦ᠋ᠲ ᠤᠨ ᠣᠷᠴᠢᠮ ᠢᠶᠠᠷ ᠸᠧᠢ ᠪᠠᠩ ᠵᠢᠶᠠ ᠲᠠᠢ ᠶᠤᠸᠠᠨ | ᠲᠣᠭᠤᠷᠢᠭ ᠲᠤ ᠪᠤᠴᠠᠵᠤ᠂ 11 ᠴᠠᠭ 20 ᠮᠢᠨᠦ᠋ᠲ ᠤᠨ ᠣᠷᠴᠢᠮ ᠢᠶᠠᠷ ᠵᠢᠩ ᠬᠤᠩ ᠲᠢᠶᠠᠨ ᠴᠢᠩ ᠪᠠᠭᠤᠳᠠᠯ ᠳᠤ ᠪᠤᠴᠠᠭᠠᠳ᠂ 11 ᠴᠠᠭ 30 ᠮᠢᠨᠦ᠋ᠲ ᠤᠨ | ᠣᠷᠴᠢᠮ ᠢᠶᠠᠷ ᠪᠠᠭᠤᠳᠠᠯ ᠤᠨ ᠵᠤᠴᠢᠨ ᠬᠦᠯᠢᠶᠡᠨ ᠠᠪᠬᠤ ᠭᠠᠵᠠᠷ ᠲᠤ ᠭᠡᠷ ᠪᠤᠴᠠᠭᠠᠬᠤ ᠭᠠᠷ ᠬᠦᠢᠴᠡᠳᠭᠡᠯ ᠬᠢᠵᠤ᠂ 11 ᠴᠠᠭ 40 ᠮᠢᠨᠦ᠋ᠲ ᠤᠨ ᠣᠷᠴᠢᠮ ᠢᠶᠠᠷ | ᠪᠠᠭᠤᠳᠠᠯ ᠳᠤ ᠬᠤᠷᠢᠮ ᠨᠠᠶᠢᠷ ᠲᠤ ᠣᠷᠣᠯᠴᠠᠪᠠ᠃ 14 ᠴᠠᠭ ᠤᠨ ᠣᠷᠴᠢᠮ ᠢᠶᠠᠷ ᠠᠯᠲᠠᠨᠰᠢᠷᠡᠭᠡᠳᠦ ᠠᠴᠠ ᠳ᠋ᠠ ᠯᠢᠦ ᠲᠠ ᠬᠦᠷᠬᠦ ᠵᠠᠮ ᠳᠡᠭᠡᠷᠡᠬᠢ ᠳᠤᠮᠳᠠᠳᠤ | ᠤᠯᠤᠰ ᠤᠨ ᠴᠢᠲ᠋ᠣᠮᠢ 1 ᠳ᠋ᠦ᠋ᠭᠡᠷ ᠨᠣᠮᠧᠷᠲᠤ ᠲᠣᠰᠣ ᠨᠡᠮᠡᠬᠦ ᠥᠷᠲᠡᠭᠡᠨ ᠳᠤ ᠲᠣᠰᠣ ᠨᠡᠮᠡᠭᠡᠳ 14 ᠴᠠᠭ 18 ᠮᠢᠨᠦ᠋ᠲ ᠲᠤ ᠣᠷᠳᠣᠰ ᠬᠤᠲᠠ ᠶᠢᠨ ᠬᠤᠶᠠᠳᠤᠭᠠᠷ | ᠡᠮᠨᠡᠯᠭᠡ ᠶᠢᠨ ᠬᠤᠷᠢᠶᠠᠨ ᠳᠤ ᠪᠥᠭᠡᠮ ᠬᠦᠴᠢᠯ ᠤᠨ ᠪᠠᠶᠢᠴᠠᠭᠠᠯᠲᠠ ᠬᠢᠯᠭᠡᠵᠤ ᠪᠠᠷᠠᠭᠠᠳ ᠥᠪᠡᠰᠦᠪᠡᠨ ᠮᠠᠰᠢᠨ ᠲᠡᠷᠭᠡ ᠵᠢᠯᠤᠭᠤᠳᠴᠤ ᠤᠯᠠᠭᠠᠨᠮᠥ᠋ᠷᠡᠨ | ᠪᠠᠯᠭᠠᠰᠤᠨ ᠳᠠᠭᠠᠨ ᠬᠠᠷᠢᠵᠤ᠂ 17 ᠴᠠᠭ ᠤᠨ ᠣᠷᠴᠢᠮ ᠲᠡᠮᠦᠷ ᠵᠠᠮ ᠤᠨ ᠬᠠᠪᠢ ᠳᠠᠬᠢ ᠨᠡᠶᠢᠲᠡ ᠶᠢᠨ ᠵᠣᠷᠯᠣᠩ ᠳᠤ ᠤᠷᠤᠭᠠᠳ ᠰᠠᠭᠤᠭ᠎ᠠ ᠭᠠᠵᠠᠷ ᠲᠠᠭᠠᠨ | ᠪᠤᠴᠠᠭᠰᠠᠨ ᠤ ᠲᠠᠷᠠᠭ᠎ᠠ ᠳᠠᠬᠢᠵᠤ ᠭᠠᠳᠠᠭᠰᠢ ᠭᠠᠷᠤᠭᠰᠠᠨ ᠦᠭᠡᠢ᠃ | 10 ᠰᠠᠷ᠎ᠠ ᠶᠢᠨ 4 ᠤ ᠡᠳᠥᠷ᠂ ᠭᠠᠳᠠᠭᠰᠢ ᠭᠠᠷᠤᠭᠰᠠᠨ ᠦᠭᠡᠢ᠂ 11 ᠴᠠᠭ 58 ᠮᠢᠨᠦ᠋ᠲ ᠲᠤ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠰᠠᠯᠠᠭ᠎ᠠ | ᠮᠥᠴᠢᠷ ᠤᠨ ᠮᠡᠳᠡᠭᠳᠡᠯ ᠢ ᠲᠣᠰᠣᠭᠠᠳ ᠲᠦᠪᠯᠡᠷᠡᠭᠦᠯᠤᠨ ᠲᠤᠰᠠᠭᠠᠷᠯᠠᠬᠤ ᠴᠡᠭ ᠲᠤ ᠰᠢᠯᠵᠢᠪᠡ᠃ ᠳᠡᠭᠡᠷ᠎ᠡ ᠳᠤᠷᠠᠳᠤᠭᠰᠠᠨ ᠠᠶᠠᠯᠠᠯ ᠤᠨ ᠵᠠᠮ ᠮᠥᠷ ᠲᠠᠢ | ᠳᠠᠪᠬᠤᠴᠠᠭᠰᠠᠨ ᠬᠥᠮᠦᠨ ᠪᠠᠶᠢᠪᠠᠯ ᠰᠠᠭᠤᠭ᠎ᠠ ᠭᠠᠵᠠᠷ ᠤᠨ ᠨᠡᠶᠢᠭᠡᠮ ᠲᠣᠭᠤᠷᠢᠭ ᠲᠠᠭᠠᠨ ᠰᠠᠨᠠᠭᠠᠴᠢᠯᠠᠭ᠎ᠠ ᠠᠴᠠ ᠪᠠᠨ ᠮᠡᠳᠡᠭᠳᠡᠬᠦ ᠶᠢᠨ ᠬᠠᠮᠲᠤ ᠬᠠᠮᠢᠶ᠎ᠠ ᠪᠦᠬᠦᠢ | ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠬᠠᠮᠵᠢᠯᠴᠠᠨ ᠨᠠᠶᠢᠳᠠᠪᠤᠷᠢᠵᠢᠭᠤᠯᠬᠤ ᠬᠡᠷᠡᠭᠲᠡᠢ᠃ | ᠠᠷᠠᠳ ᠣᠯᠠᠨ ᠢᠶᠠᠷ ᠢᠶᠠᠨ ᠠᠶᠤᠨ ᠬᠡᠯᠮᠡᠭᠳᠡᠬᠦ ᠦᠭᠡᠢ᠂ ᠴᠤᠤᠷᠬᠠᠯ ᠢ ᠢᠲᠡᠭᠡᠬᠦ ᠦᠭᠡᠢ᠂ ᠴᠤᠤᠷᠬᠠᠯ ᠢ ᠲᠠᠷᠬᠠᠭᠠᠬᠤ ᠦᠭᠡᠢ ᠪᠠᠶᠢᠵᠠᠭᠠᠵᠤ᠂ ᠬᠤᠪᠢ ᠪᠡᠶ᠎ᠡ | ᠶᠢᠨ ᠰᠡᠷᠭᠡᠶᠢᠯᠡᠯᠲᠡ ᠬᠠᠮᠠᠭᠠᠯᠠᠯᠲᠠ ᠪᠠᠨ ᠰᠠᠶᠢᠲᠤᠷ ᠬᠢᠵᠤ᠂ ᠠᠮᠤᠷ ᠲᠦᠪᠰᠢᠨ ᠨᠡᠶᠢᠭᠡᠮ ᠤᠨ ᠬᠠᠷᠢᠯᠴᠠᠭᠠᠨ ᠤ ᠵᠠᠢ ᠪᠠᠨ ᠪᠠᠲᠤᠯᠠᠭᠠᠷᠠᠢ︕ ᠬᠤᠷᠠᠨ ᠴᠤᠭᠯᠠᠷᠠᠬᠤ | ᠦᠭᠡᠢ᠂ ᠬᠤᠷᠠᠯ ᠴᠤᠭᠯᠠᠭ᠎ᠠ ᠬᠢᠬᠦ ᠦᠭᠡᠢ᠂ ᠡᠷᠡᠭᠦᠯ ᠮᠡᠨᠳᠦ ᠠᠮᠢᠳᠤᠷᠠᠯ ᠤᠨ ᠠᠷᠭ᠎ᠠ ᠬᠡᠯᠪᠡᠷᠢ ᠶᠢ ᠰᠠᠨᠠᠭᠠᠴᠢᠯᠠᠭᠠᠷᠠᠢ︕ ᠰᠢᠨ᠎ᠡ ᠲᠢᠲᠢᠮᠯᠢᠭ ᠸᠢᠷᠦ᠋ᠰ ᠤᠨ | ᠸᠠᠺᠼᠢᠨ ᠢ ᠰᠠᠨᠠᠭᠠᠴᠢᠯᠠᠭ᠎ᠠ ᠠᠴᠠ ᠪᠠᠨ ᠲᠠᠷᠢᠭᠤᠯᠤᠭᠠᠷᠠᠢ︕ ᠬᠡᠷᠪᠡ ᠬᠠᠯᠠᠭᠤᠷᠠᠬᠤ᠂ ᠬᠠᠨᠢᠶᠠᠬᠤ ᠵᠡᠷᠭᠡ ᠡᠪᠡᠳᠴᠢᠨ ᠤ ᠪᠠᠶᠢᠳᠠᠯ ᠢᠯᠡᠷᠡᠪᠡᠯ ᠳᠠᠷᠤᠢ ᠲᠦᠷᠭᠡᠨ | ᠣᠶᠢᠷ᠎ᠠ ᠬᠠᠪᠢ ᠶᠢᠨ ᠬᠠᠯᠠᠭᠤᠷᠠᠯ ᠤᠨ ᠡᠭᠦᠳᠡᠨ ᠡᠮᠨᠡᠯᠭᠡ ᠳᠤ ᠬᠦᠷᠴᠦ ᠡᠮᠴᠢᠯᠡᠭᠦᠯᠬᠦ ᠶᠢᠨ ᠬᠠᠮᠲᠤ ᠣᠶᠢᠷ᠎ᠠ ᠶᠢᠨ 7 ᠡᠳᠥᠷ ᠠᠴᠠ ᠨᠠᠭᠠᠰᠢᠬᠢ ᠠᠶᠠᠯᠠᠯ ᠤᠨ ᠪᠠᠶᠢᠳᠠᠯ | ᠪᠠ ᠣᠶᠢᠷᠠᠲᠤᠭᠰᠠᠨ ᠪᠠᠶᠢᠳᠠᠯ ᠢᠶᠠᠨ ᠮᠡᠳᠡᠭᠳᠡᠬᠦ ᠬᠡᠷᠡᠭᠲᠡᠢ᠃ ᠡᠮᠴᠢᠯᠡᠭᠦᠯᠬᠦ ᠶᠠᠪᠤᠴᠠ ᠳᠤ ᠠᠮᠠᠪᠴᠢ ᠪᠠᠨ ᠰᠠᠶᠢᠲᠤᠷ ᠵᠡᠭᠦᠨ᠂ ᠪᠣᠯᠬᠤ ᠶᠢᠨ ᠳᠣᠲᠣᠷ᠎ᠠ ᠨᠡᠶᠢᠲᠡ ᠶᠢᠨ | ᠲᠡᠷᠭᠡ ᠬᠦᠰᠭᠡ ᠳᠤ ᠰᠠᠭᠤᠬᠤ ᠭᠡᠷᠡᠭ ᠦᠭᠡᠢ᠃ | | |