1᠂ ᠯᠾᠮᠤᠰᠦ᠋ᠷᠦᠩ ᠤᠨ ᠪᠠᠶᠠᠨᠵᠢᠷᠭᠠᠯ ᠬᠡᠮᠡᠬᠦ ᠮᠣᠩᠭᠤᠯᠡᠷᠳᠡᠮᠲᠡᠨ ᠢᠶᠠᠷ ᠠᠬᠠᠯᠠᠭᠤᠯᠤᠭᠰᠠᠨ ᠹᠷᠠᠩᠺᠹᠣᠷᠲ ᠤᠨ ᠶᠡᠭᠡ ᠰᠤᠷᠭᠠᠭᠤᠯᠢ ᠶᠢᠨ ᠡᠷᠳᠡᠮᠲᠡᠳ ᠴᠣᠬᠤᠢ ᠶᠢᠨ | ᠴᠢᠯᠠᠭᠤᠨ ᠠᠴᠠ ᠠᠯᠮᠠᠰ ᠭᠠᠷᠭᠠᠨ ᠠᠪᠤᠭᠰᠠᠨ ᠢᠶᠠᠷ ᠳᠡᠯᠡᠬᠡᠢ ᠳ᠋ᠠᠬᠢᠨ ᠳᠤ 60 ᠵᠢᠯ ᠤᠨ ᠲᠤᠷᠰᠢ ᠣᠷᠤᠯᠳᠤᠭᠠᠳ ᠴᠢᠳᠠᠭ᠎ᠠ ᠦᠭᠡᠢ ᠵᠦᠢᠯ ᠢ ᠬᠢᠵᠦ ᠴᠢᠳᠠᠯ᠎ᠠ᠃ ᠯ᠊ | • ᠪᠠᠶᠠᠨᠵᠢᠷᠭᠠᠯ ᠡᠳᠦᠭᠡ 38 ᠨᠠᠰᠤᠲᠠᠢ ᠪᠥᠭᠡᠳ ᠵᠢᠷᠭᠤᠭᠠᠨ ᠵᠢᠯ ᠤᠨ ᠲᠤᠷᠰᠢᠲᠠ ᠡᠨᠡ ᠰᠤᠳᠤᠯᠭ᠎ᠠ ᠪᠠᠨ ᠬᠢᠭᠰᠡᠨ ᠭᠡᠳᠡᠭ᠃ ᠲᠡᠭᠦᠨ ᠢ ᠨᠣᠪᠧᠯ ᠤᠨ ᠱᠠᠩᠨᠠᠯ | ᠬᠦᠷᠲᠡᠬᠦ ᠨᠢ ᠲᠣᠳᠣᠷᠬᠠᠢ ᠭᠡᠵᠦ ᠭᠧᠷᠮᠠᠨ ᠤ ᠬᠡᠪᠯᠡᠯ ᠮᠡᠳᠡᠭᠡᠯᠡᠯ ᠢᠶᠠᠷ ᠱᠤᠤᠭᠢᠭᠰᠠᠭᠠᠷ ᠪᠠᠶᠢᠨ᠎ᠠ᠃ | 2᠂ ᠮᠣᠩᠭᠤᠯ ᠡᠷᠳᠡᠮᠲᠡᠨ ᠪ᠊ • ᠪᠠᠰᠤᠩᠰᠦᠷᠦᠩ ᠴᠠ ᠪᠤᠭᠤᠨ ᠤ ᠣᠷᠣᠭᠠᠨ ᠤ ᠨᠢᠭᠤᠭᠳᠠᠮᠠᠯ ᠪᠤᠯᠴᠢᠷᠬᠠᠢ ᠶᠢ ᠰᠤᠳᠤᠯᠵᠤ᠂ ᠲᠡᠭᠦᠨ ᠢ ᠪᠠᠨ ᠤᠯᠠᠮᠵᠢᠯᠠᠯᠲᠤ | ᠮᠣᠩᠭᠤᠯ᠂ ᠲᠥᠪᠡᠳ ᠤᠨ ᠠᠨᠠᠭᠠᠬᠤ ᠤᠬᠠᠭᠠᠨ ᠲᠠᠢ ᠬᠤᠣᠰᠯᠠᠭᠤᠯᠤᠨ ᠦᠷᠡᠭᠦ᠋ᠢᠳᠡᠯ ᠢ ᠡᠮᠴᠢᠯᠡᠵᠦ᠂ ᠡᠳᠦᠭᠡ ᠳᠡᠯᠡᠬᠡᠢ ᠶᠢᠨ 177 ᠭᠡᠷ ᠪᠦᠯᠢ ᠳᠤ ᠦᠷ᠎ᠡ ᠶᠢᠨ | ᠵᠠᠶᠠᠭ᠎ᠠ ᠪᠡᠯᠡᠭᠯᠡᠵᠡᠢ᠃ ᠲᠡᠭᠦᠨ ᠤ ᠠᠨᠠᠭᠠᠬᠤ ᠤᠬᠠᠭᠠᠨ ᠳᠤ ᠣᠷᠣᠭᠤᠯᠤᠭᠰᠠᠨ ᠡᠨᠡ ᠶᠡᠭᠡ ᠭᠠᠪᠢᠶ᠎ᠠ ᠶᠢ ᠦᠨᠡᠯᠡᠨ ᠠᠦ᠋ᠰᠳ᠋ᠷᠢᠶ᠎ᠠ ᠶᠢᠨ ᠠᠯᠳᠠᠷᠲᠤ ᠬᠤᠹᠪᠣᠷ ᠤᠨ | ᠣᠷᠳᠣᠨ ᠳᠤ ᠱᠠᠩᠨᠠᠯ ᠭᠠᠷᠳᠠᠭᠤᠯᠤᠭᠰᠠᠨ ᠶᠤᠮ᠃ | 3᠂ ᠠᠮᠧᠷᠢᠺᠠ ᠶᠢᠨ ᠨᠢᠭᠡᠳᠦᠭᠰᠡᠨ ᠤᠯᠤᠰ ᠤᠨ ᠹᠢᠯᠠᠳᠧᠯᠹᠢ ᠮᠤᠵᠢ ᠳᠤ ᠪᠠᠶᠢᠷᠢᠯᠠᠬᠤ ︽Ametros solution︾ ᠺᠣᠮᠫᠠᠨᠢ ᠳᠤ ᠠᠵᠢᠯᠯᠠᠳᠠᠭ ᠨ᠊ • | ᠳᠤᠷᠵᠢᠳᠧᠷᠤᠮ᠂ ᠲ᠊ • ᠲᠤᠯᠭᠠᠷᠠᠲᠠᠷ ᠨᠠᠷ ᠤᠨ ᠮᠣᠩᠭᠤᠯ ᠵᠠᠯᠠᠭᠤᠰ ᠳᠡᠯᠡᠬᠡᠢ ᠳᠤ ᠠᠩᠬ᠎ᠠ ᠤᠳᠠᠭ᠎ᠠ ᠣᠷᠣᠨ ᠵᠠᠢ ᠶᠢᠨ ᠴᠡᠨᠡᠭᠯᠡᠭᠴᠢ ᠶᠢ ᠪᠦᠲᠦᠭᠡᠵᠡᠢ᠃ ᠡᠨᠡ ᠣᠷᠣᠨ | ᠵᠠᠢ ᠶᠢᠨ ᠴᠡᠨᠡᠭᠯᠡᠭᠴᠢ ᠨᠢ ᠭᠠᠷ ᠤᠲᠠᠰᠤ ᠶᠢ ᠶᠠᠮᠠᠷ ᠨᠢᠭᠡᠨ ᠭᠥᠯᠢᠶᠡᠨ ᠠᠪᠤᠭᠴᠢ ᠦᠭᠡᠢ ᠪᠠᠷ ᠴᠡᠨᠡᠭᠯᠡᠵᠦ ᠴᠢᠳᠠᠬᠤ ᠬᠠᠮᠤᠭ ᠤᠨ ᠠᠩᠬᠠᠨ ᠤ ᠤᠶᠠᠨ ᠬᠠᠲᠠᠨ᠂ | ᠵᠥᠭᠡᠯᠡᠨ᠂ ᠤᠲᠠᠰᠤᠨ ᠤ ᠭᠡᠷ ᠶᠤᠮ᠃ | 4᠂ ᠶᠠᠫᠤᠨ ᠤᠯᠤᠰ ᠤᠨ ᠲᠣᠣᠺᠢᠤ᠋ ᠶᠢᠨ ᠶᠡᠭᠡ ᠰᠤᠷᠭᠠᠭᠤᠯᠢ ᠶᠢ ᠡᠮᠨᠡᠯᠭᠡ ᠶᠢᠨ ᠲᠤᠨᠤᠭ ᠲᠥᠬᠦᠭᠡᠷᠦᠮᠵᠢ ᠶᠢᠨ ᠢᠨᠵᠧᠨᠧᠷ ᠮᠡᠷᠭᠡᠵᠢᠯ ᠢᠶᠠᠷ ᠳᠦᠭᠦᠷᠭᠡᠭᠰᠡᠨ ᠲ᠊ • | ᠪᠠᠶᠠᠷ᠎ᠠ ᠭᠡᠬᠦ ᠵᠠᠯᠠᠭᠤ ᠮᠣᠩᠭᠤᠯ ᠤᠨ ᠡᠮᠨᠡᠯᠭᠡ ᠶᠢᠨ ᠲᠤᠨᠤᠭ ᠲᠥᠬᠦᠭᠡᠷᠦᠮᠵᠢ ᠳᠤᠲᠠᠭᠳᠠᠯ ᠲᠠᠢ᠂ ᠥᠨᠳᠥᠷ ᠦᠨ᠎ᠡ ᠪᠠᠷ ᠭᠠᠳᠠᠭᠠᠳᠤ ᠠᠴᠠ ᠬᠤᠳᠠᠯᠳᠤᠨ ᠠᠪᠳᠠᠭ᠂ | ᠬᠦᠷᠲᠡᠭᠡᠮᠵᠢ ᠮᠠᠭᠤ ᠵᠡᠷᠭᠡ ᠶᠢ ᠰᠤᠳᠤᠯᠵᠤ ᠤᠮᠠᠢ ᠶᠢᠨ ᠬᠦᠵᠦᠭᠦᠨ ᠤ ᠳᠤᠷᠠᠨ᠂ ᠠᠩᠭᠢᠣᠷᠠᠹᠢᠺᠢ ᠶᠢᠨ ᠲᠥᠬᠦᠭᠡᠷᠦᠮᠵᠢ ᠭᠡᠬᠦ ᠮᠡᠲᠦ 21 ᠨᠡᠷ᠎ᠡ ᠲᠦᠷᠦᠯ ᠤᠨ | ᠡᠮᠨᠡᠯᠭᠡ ᠶᠢᠨ ᠲᠤᠨᠤᠭ ᠲᠥᠬᠦᠭᠡᠷᠦᠮᠵᠢ ᠶᠢ ᠵᠣᠬᠢᠶᠠᠨ ᠪᠦᠲᠦᠭᠡᠵᠡᠢ᠃ ᠡᠭᠦᠨ ᠳᠤ ᠰᠤᠳᠠᠰᠤᠨ ᠳᠣᠲᠣᠷ᠎ᠠ ᠮᠡᠰᠡ ᠵᠠᠰᠠᠯ ᠬᠢᠵᠦ᠂ ᠡᠯᠢᠭᠡᠨ ᠤ ᠬᠠᠪᠤᠳᠠᠷ ᠪᠣᠯᠣᠨ ᠪᠤᠰᠤᠳ | ᠲᠦᠷᠦᠯ ᠤᠨ ᠬᠠᠪᠤᠳᠠᠷ ᠢ ᠵᠣᠭᠰᠤᠭᠠᠬᠤ ᠣᠯᠠᠨ ᠲᠦᠷᠦᠯ ᠤᠨ ᠲᠥᠬᠦᠭᠡᠷᠦᠮᠵᠢ ᠶᠢ ᠪᠠᠭᠲᠠᠭᠠᠭᠰᠠᠨ ᠪᠠᠶᠢᠨ᠎ᠠ᠃ | 5᠂ ᠮᠣᠩᠭᠤᠯ ᠤᠯᠤᠰ ᠤᠨ ᠵᠦᠪᠯᠡᠬᠦ ᠢᠨᠵᠧᠨᠧᠷ᠂ ︽ᠴᠠᠬᠢᠯᠭᠠᠨ ᠲᠡᠭᠡᠭᠡᠪᠦᠷᠢ︾ ᠺᠣᠮᠫᠠᠨᠢ ᠶᠢᠨ ᠵᠠᠬᠢᠷᠤᠯ ᠲ᠊ • ᠵᠢᠷᠭᠠᠯᠰᠠᠶᠢᠬᠠᠨ ᠤ ᠰᠠᠨᠠᠭᠠᠴᠢᠯᠠᠭ᠎ᠠ ᠪᠠᠷ ᠮᠣᠩᠭᠤᠯ | ᠢᠨᠵᠧᠨᠧᠷ ᠤᠳ ︽ᠵ᠊ ᠊᠊᠊ 800︾ ᠮᠠᠷᠺ ᠤᠨ 28 ᠬᠥᠮᠥᠨ ᠤ ᠰᠠᠭᠤᠳᠠᠯ ᠲᠠᠢ ᠠᠦ᠋ᠲ᠋ᠣᠪᠦ᠋ᠰ ᠢ ᠪᠦᠲᠦᠭᠡᠭᠰᠡᠨ ᠪᠠᠶᠢᠨ᠎ᠠ᠃ ︽ᠴᠠᠬᠢᠯᠭᠠᠨ ᠲᠡᠭᠡᠭᠡᠪᠦᠷᠢ︾ ᠺᠣᠮᠫᠠᠨᠢ ᠶᠢᠨ | ᠮᠣᠩᠭᠤᠯ ᠢᠨᠵᠧᠨᠧᠷ ᠤᠳ ᠡᠯᠧᠺᠳ᠋ᠷᠤᠪᠦ᠋ᠰ᠂ ᠳ᠋ᠣᠪᠪᠦ᠋ᠰ ᠮᠤᠨᠪᠦ᠋ᠰ ᠵᠡᠷᠭᠡ ᠭᠤᠷᠪᠠᠨ ᠲᠷᠤᠯᠸᠢᠪᠦ᠋ᠰ ᠢ ᠮᠣᠩᠭᠤᠯ ᠳᠠᠭᠠᠨ ᠠᠮᠵᠢᠯᠲᠠᠲᠠᠢ ᠦᠢᠯᠡᠳᠪᠦᠷᠢᠯᠡᠵᠦ ᠪᠠᠶᠢᠭ᠎ᠠ | ᠪᠢᠯᠡ᠃ | 6᠂ ᠮᠣᠩᠭᠤᠯ ᠤᠯᠤᠰ ᠤᠨ ᠶᠡᠭᠡ ᠰᠤᠷᠭᠠᠭᠤᠯᠢ ᠶᠢᠨ ᠣᠶᠤᠲᠠᠨ ᠰ᠊ • ᠪᠠᠲᠤᠸ᠋ᠴᠢᠷ ᠬᠠᠷᠠᠭ᠎ᠠ ᠦᠭᠡᠢ ᠬᠥᠮᠥᠰ ᠲᠤ ᠵᠣᠷᠢᠭᠤᠯᠵᠤ ︽ᠮᠡᠳᠡᠷᠡᠭᠴᠢ ᠲᠠᠢ ᠲᠠᠶᠠᠭ︾ | ᠵᠣᠬᠢᠶᠠᠨ ᠪᠦᠲᠦᠭᠡᠵᠡᠢ᠃ ︽ᠮᠡᠳᠡᠷᠡᠭᠴᠢ ᠲᠠᠢ ᠲᠠᠶᠠᠭ︾ ᠨᠢ ᠪᠠᠲ᠋ᠧᠷᠸᠢ ᠶᠢᠨ ᠲᠠᠭ᠂ ᠴᠡᠴᠡᠷᠬᠡᠶᠢᠯᠡᠭᠴᠢ᠂ ᠠᠰᠠᠭᠠᠬᠤ ᠲᠣᠪᠴᠢᠯᠠᠭᠤᠷ᠂ ᠬᠡᠳᠦ ᠠᠪᠢᠶ᠎ᠠ ᠪᠣᠯᠣᠨ ᠤᠰᠤ | ᠮᠡᠳᠡᠷᠡᠭᠴᠢ᠂ ᠴᠢᠩᠭ᠎ᠠ ᠶᠠᠷᠢᠭᠴᠢ ᠵᠡᠷᠭᠡ ᠦᠢᠯᠡᠳᠦᠯ ᠤᠨ ᠰᠢᠰᠲ᠋ᠧᠮ ᠤᠳ ᠲᠠᠢ᠃ ᠭᠠᠳᠠᠨ᠎ᠠ ᠤᠯᠤᠰ ᠣᠷᠣᠨ ᠨᠤᠭᠤᠳ ᠲᠤ ᠮᠡᠳᠡᠷᠡᠭᠴᠢ ᠲᠠᠢ ᠲᠠᠶᠠᠭ ᠪᠠᠶᠢᠳᠠᠭ ᠴᠦ ᠰ᠊ | • ᠪᠠᠲᠤᠸ᠋ᠴᠢᠷ ᠤᠨ ᠪᠦᠲᠦᠭᠡᠯ ᠡᠮᠦᠨᠡᠬᠢ ᠰᠠᠭᠠᠳ ᠢ ᠮᠡᠳᠡᠷᠡᠬᠦ᠂ ᠠᠦ᠋ᠲ᠋ᠣᠪᠦ᠋ᠰ ᠤᠨ ᠬᠠᠭᠠᠯᠭ᠎ᠠ ᠣᠯᠬᠤ᠂ ᠤᠰᠤ ᠱᠠᠯᠪᠠᠭ ᠲᠠᠭᠤᠴᠢᠬᠠᠬᠤ ᠠᠴᠠ ᠰᠡᠷᠭᠡᠶᠢᠯᠡᠳᠡᠭ | ᠭᠡᠳᠡᠭ ᠢᠶᠠᠷ ᠢᠶᠠᠨ ᠳᠡᠯᠡᠬᠡᠢ ᠳᠤ ᠠᠩᠬᠠᠨ ᠤ ᠬᠢ ᠨᠢ ᠭᠡᠨ᠎ᠡ᠃ ᠲᠡᠭᠦᠨ ᠤ ᠡᠨᠡ ᠪᠦᠲᠦᠭᠡᠯ ︽ᠵᠠᠯᠠᠭᠤ ᠵᠣᠬᠢᠶᠠᠨ ᠪᠦᠲᠦᠭᠡᠭᠴᠢ︾ 2012 ᠨᠡᠪᠲᠡᠷᠡᠭᠦᠯᠭᠡ ᠳᠤ ᠲᠡᠷᠢᠭᠦᠨ | ᠪᠠᠶᠢᠷᠢ ᠶᠢᠨ ᠱᠠᠩᠨᠠᠯ ᠭᠥᠷᠳᠡᠭᠰᠡᠨ ᠶᠤᠮ᠃ | 7᠂ ︽ᠵᠠᠯᠠᠭᠤ ᠵᠣᠬᠢᠶᠠᠨ ᠪᠦᠲᠦᠭᠡᠭᠴᠢ︾ ᠨᠡᠪᠲᠡᠷᠡᠭᠦᠯᠭᠡ ᠶᠢᠨ ᠡᠨᠡ ᠵᠢᠯ ᠤᠨ ᠢᠯᠠᠭᠴᠢ ᠪᠠᠷ ︽ᠲᠠᠨᠠᠨ ᠢᠮᠫᠧᠺᠰ︾ ᠺᠣᠮᠫᠠᠨᠢ ᠶᠢᠨ ᠥᠷᠥᠮ᠎ᠡ ᠶᠢᠨ ᠴᠠᠬᠢᠯᠭᠠᠨᠴᠢᠨ | ᠪ᠊ • ᠪᠠᠲᠤᠵᠠᠶᠠᠭ᠎ᠠ ᠶᠢᠨ ᠬᠢᠭᠰᠡᠨ ︽ᠬᠤᠭ ᠠᠴᠢᠬᠤ ᠠᠦ᠋ᠲ᠋ᠣ᠋ ᠮᠠᠰᠢᠨ ᠤ ᠲᠣᠨᠣᠭᠯᠠᠯ︾ ᠪᠦᠲᠦᠭᠡᠯ ᠰᠢᠯᠭᠠᠷᠠᠭᠰᠠᠨ ᠶᠤᠮ᠃ ᠲᠡᠭᠦᠨ ᠤ ᠪᠦᠲᠦᠭᠡᠯ ᠨᠢ 250 | ᠺᠢᠯᠥᠭᠷᠠᠮ ᠬᠦᠨᠳᠦ᠂ ᠭᠤᠷᠪᠠᠨ ᠮᠧᠳ᠋ᠷ ᠥᠨᠳᠥᠷ ᠪᠥᠭᠡᠳ ᠮᠠᠰᠢᠨ ᠤ ᠲᠦᠪᠰᠢᠨ ᠳᠤ ᠪᠠᠶᠢᠷᠢᠯᠠᠬᠤ ᠵᠣᠷᠢᠭᠤᠯᠤᠯᠲᠠ ᠲᠠᠢ᠃ ᠲᠥᠬᠦᠭᠡᠷᠦᠮᠵᠢ ᠶᠢᠨ ᠭᠠᠷ ᠨᠢ 50 ᠊᠊᠊ 80 | ᠰᠡᠨᠲ᠋ᠢᠮᠧᠳ᠋ᠷ ᠤᠨ ᠭᠤᠣᠯᠴᠢᠳᠠᠢ ᠪᠦᠬᠦ ᠵᠦᠢᠯ ᠢ ᠬᠠᠪᠴᠢᠨ ᠬᠤᠭ ᠤᠨ ᠮᠠᠰᠢᠨ ᠳᠤ ᠠᠴᠢᠬᠤ ᠴᠢᠳᠠᠪᠤᠷᠢ ᠲᠠᠢ ᠭᠡᠨ᠎ᠡ᠃ | 8᠂ ᠸ᠊ • ᠳᠠᠰᠢᠨᠢᠮ᠎ᠠ ᠭᠡᠬᠦ ᠵᠠᠯᠠᠭᠤ ᠮᠣᠩᠭᠤᠯ ᠳᠠᠭᠠᠨ ᠠᠩᠬ᠎ᠠ ᠤᠳᠠᠭ᠎ᠠ ᠰᠠᠭᠤᠳᠠᠯ ᠤᠨ ᠠᠦ᠋ᠲ᠋ᠣ᠋ ᠮᠠᠰᠢᠨ ᠪᠦᠲᠦᠭᠡᠭᠰᠡᠨ ᠪᠠᠶᠢᠨ᠎ᠠ᠃ ᠲᠡᠷᠡ ᠪᠠᠷ᠂ ᠥᠩᠭᠡᠷᠡᠭᠰᠡᠨ | ᠨᠢᠭᠡᠳᠦᠭᠡᠷ ᠰᠠᠷ᠎ᠠ ᠠᠴᠠ ᠡᠬᠢᠯᠡᠨ ᠪᠦᠲᠦᠨ ᠲᠣᠯᠣᠭᠠᠨ ᠰᠠᠷ᠎ᠠ ᠶᠢᠨ ᠲᠤᠷᠰᠢ ᠣᠶᠢᠭ᠎ᠠ ᠦᠭᠡᠢ ᠬᠥᠳᠡᠯᠮᠦᠷᠢᠯᠡᠭᠰᠡᠨ ᠤ ᠳ᠋ᠦᠩ ᠳᠤ ᠡᠨᠡᠬᠦ ᠲᠡᠮᠦᠷ ᠬᠦᠯᠦᠭ ᠢᠶᠠᠨ | ᠪᠦᠲᠦᠭᠡᠵᠡᠢ᠃ ᠮᠠᠰᠢᠨ ᠤ ᠵᠠᠭᠪᠤᠷ ᠤᠨ ᠬᠤᠪᠢ ᠳᠤ ᠪᠠᠷᠠᠭᠤᠨ ᠡᠸᠦ᠋ᠷᠦᠫᠡ ᠳᠤ᠂ ᠠᠮᠧᠷᠢᠺᠠ ᠳᠤ 1920 ᠊᠊᠊ 1935 ᠣᠨ ᠳᠤ ᠦᠢᠯᠡᠳᠪᠦᠷᠢᠯᠡᠭᠰᠡᠨ ︽ford – | coupe︾ ᠶᠢ ᠳᠠᠭᠤᠷᠢᠶᠠᠯᠭᠠᠨ ᠬᠢᠭᠰᠡᠨ ᠪᠥᠭᠡᠳ chaser ᠤᠨ ᠮᠣᠲᠣᠷ ᠲᠠᠢ ᠲᠤᠯᠠ ᠪᠧᠨᠽᠧᠨ ᠵᠠᠷᠤᠴᠠᠭᠤᠯᠤᠯᠲᠠ ᠶᠢᠨ ᠬᠤᠪᠢ ᠳᠤ ᠴᠦ ᠠᠳᠠᠯᠢᠬᠠᠨ ᠭᠡᠨ᠎ᠡ᠃ | | 9᠂ ᠮᠣᠩᠭᠤᠯ ᠢᠨᠵᠧᠨᠧᠷ ᠤᠨ ᠣᠶᠣᠨ ᠤᠬᠠᠭᠠᠨ᠂ ᠤᠷ᠎ᠠ ᠴᠢᠳᠠᠪᠤᠷᠢ ᠪᠠᠷ ᠪᠦᠲᠦᠭᠰᠡᠨ 008᠂ 009᠂ 010 ᠳ᠋ᠦ᠋ᠭᠡᠷ ᠲᠠᠢ ︽ᠬᠤᠶᠠᠷ ᠵᠠᠭᠠᠯ︾ ᠢᠯᠴᠢᠲᠦ ᠲᠡᠷᠭᠡ | ᠡᠨᠡ ᠣᠨ ᠤ ᠵᠢᠷᠭᠤᠳᠤᠭᠠᠷ ᠰᠠᠷ᠎ᠠ ᠳᠤ ᠠᠩᠬᠠᠨ ᠤ ᠠᠶᠠᠯᠠᠯ ᠳᠠᠭᠠᠨ ᠭᠠᠷᠤᠭᠰᠠᠨ ᠶᠤᠮ᠃ ᠢᠯᠴᠢᠲᠦ ᠲᠡᠷᠭᠡ ᠨᠦᠭᠦᠳ ᠢ ︽ᠮᠣᠩᠭᠤᠯ ᠮᠤᠳᠧᠷᠨᠢᠵᠠᠽᠢ︾ ᠲᠥᠰᠥᠯ ᠤᠨ | ᠬᠦᠷᠢᠶᠡᠨ ᠳᠤ 2005 ᠊᠊᠊ 2013 ᠣᠨ ᠳᠤ ︽ᠬᠤᠶᠠᠷ ᠵᠠᠭᠠᠯ︾ ᠰᠧᠷ ᠤᠨ 7 ᠵᠢᠳᠬᠦᠭᠦᠷ ᠵᠣᠬᠢᠶᠠᠨ ᠪᠦᠲᠦᠭᠡᠵᠦ᠂ ᠲᠡᠮᠦᠷ ᠵᠠᠮ ᠤᠨ ᠵᠣᠷᠴᠢᠭᠴᠢ᠂ ᠠᠴᠢᠶ᠎ᠠ᠂ | ᠲᠡᠭᠡᠭᠡᠪᠦᠷᠢ ᠶᠢᠨ ᠠᠵᠢᠯ ᠳᠤ ᠠᠰᠢᠭᠯᠠᠵᠤ ᠪᠠᠶᠢᠨ᠎ᠠ᠃ ᠲᠦᠯᠡᠰᠢᠨ ᠤ ᠪᠠᠩᠬᠢ ᠶᠢᠨ ᠪᠠᠭᠲᠠᠭᠠᠮᠵᠢ 75 ᠬᠤᠪᠢ ᠪᠠᠷ ᠨᠡᠮᠡᠭᠳᠡᠭᠰᠡᠨ᠂ ᠲᠠᠲᠠᠬᠤ ᠬᠦᠴᠦ ᠨᠢ ᠰᠠᠶᠢᠵᠢᠷᠠᠭᠰᠠᠨ᠂ | ᠺᠣᠮᠫᠢᠦ᠋ᠲ᠋ᠧᠷ ᠤᠳᠤᠷᠢᠳᠤᠯᠭ᠎ᠠ ᠶᠢᠨ ᠰᠢᠰᠲ᠋ᠧᠮ ᠲᠠᠢ᠂ ᠺᠠᠮᠧᠷ ᠤᠨ ᠰᠢᠰᠲ᠋ᠧᠮ ᠢᠶᠠᠷ ᠲᠣᠨᠣᠭᠯᠠᠭᠳᠠᠭᠰᠠᠨ᠂ 1500 ᠴᠠᠭ ᠨᠠᠶᠢᠳᠠᠪᠤᠷᠢᠲᠠᠢ ᠠᠵᠢᠯᠯᠠᠬᠤ LED | ᠭᠡᠷᠡᠯᠲᠦᠭᠦᠯᠦᠭᠴᠢ ᠲᠠᠢ ᠵᠡᠷᠭᠡ ᠮᠠᠰᠢ ᠣᠯᠠᠨ ᠳᠠᠪᠠᠭᠤ ᠲᠠᠯ᠎ᠠ ᠲᠠᠢ ᠠᠵᠢ᠃ | 10᠂ ᠭᠧᠷᠮᠠᠨ ᠤᠯᠤᠰ ᠤᠨ ᠮᠤᠶᠤᠨᠰᠳᠧᠷ ᠤᠨ ᠶᠡᠭᠡ ᠰᠤᠷᠭᠠᠭᠤᠯᠢ ᠶᠢᠨ ᠬᠥᠮᠥᠨ ᠮᠣᠯᠧᠺᠦ᠋ᠯ ᠊᠊ ᠸᠢᠷᠦ᠋ᠰ ᠰᠤᠳᠤᠯᠤᠯ ᠤᠨ ᠬᠦᠷᠢᠶᠡᠯᠡᠩ ᠳᠤ ᠠᠵᠢᠯᠯᠠᠳᠠᠭ ᠲ᠊ • | ᠠᠩᠬᠠᠯᠠᠨ ᠭᠡᠬᠦ ᠮᠣᠩᠭᠤᠯ ᠳ᠋ᠣᠺᠲ᠋ᠣᠷ ᠲᠣᠮᠣᠭᠤ ᠶᠢᠨ ᠡᠰᠡᠷᠭᠦ ᠰᠢᠨ᠎ᠡ ᠸᠠᠺᠼᠢᠨ ᠭᠠᠷᠭᠠᠵᠠᠢ᠃ ᠡᠨᠡᠬᠦ ᠠᠵᠢᠯ ᠢ ᠭᠧᠷᠮᠠᠨ ᠤ ᠲᠠᠯ᠎ᠠ ᠥᠨᠳᠥᠷ ᠢᠶᠠᠷ ᠦᠨᠡᠯᠡᠵᠦ ᠪᠠᠶᠢᠭ᠎ᠠ | ᠪᠥᠭᠡᠳ ᠴᠢᠨᠠᠭᠰᠢᠳᠠ ᠰᠤᠳᠤᠯᠭᠠᠨ ᠤ ᠠᠵᠢᠯ ᠢ ᠡᠷᠴᠢᠮᠵᠢᠭᠦᠯᠬᠦ ᠪᠠᠷ ᠪᠣᠯᠤᠭᠰᠠᠨ ᠪᠠᠶᠢᠨ᠎ᠠ᠃ | 11᠂ ᠶᠠᠫᠤᠨ ᠤ ᠠᠯᠳᠠᠷᠲᠤ ᠲᠤᠶᠤᠲᠠ ᠺᠣᠷᠫᠣᠷᠠᠼᠢ ︵ᠪᠦᠯᠦᠭᠯᠡᠯ︶ ᠥᠩᠭᠡᠷᠡᠭᠰᠡᠨ ᠣᠨ ᠤ 12 ᠳ᠋ᠤᠭᠠᠷ ᠰᠠᠷ᠎ᠠ ᠳᠤ ︽Crown Athlete︾ ᠬᠡᠮᠡᠬᠦ | Crown ᠤᠨ ᠰᠢᠨ᠎ᠡ ᠵᠠᠭᠪᠤᠷ ᠢᠶᠠᠨ ᠲᠠᠨᠢᠯᠴᠠᠭᠤᠯᠤᠭᠰᠠᠨ ᠶᠤᠮ᠃ ᠡᠨᠡ ᠠᠦ᠋ᠲ᠋ᠣ᠋ ᠮᠠᠰᠢᠨ ᠤ ᠵᠠᠭᠪᠤᠷ ᠢ ᠣ • ᠡᠩᠬᠠᠵᠢᠨ ᠬᠡᠮᠡᠬᠦ ᠵᠠᠯᠠᠭᠤ ᠵᠣᠬᠢᠶᠠᠵᠠᠢ᠃ ᠲᠡᠷᠡ ᠪᠠᠷ | Toyoto Motor East Japan᠂ Inc ᠺᠣᠮᠫᠠᠨᠢ ᠳᠤ ᠭᠡᠷ᠎ᠡ ᠶᠢᠨ ᠢᠨᠵᠧᠨᠧᠷ ᠢᠶᠠᠷ ᠠᠵᠢᠯᠯᠠᠳᠠᠭ ᠪᠥᠭᠡᠳ ᠲᠡᠭᠦᠨ ᠤ ᠭᠠᠷᠭᠠᠭᠰᠠᠨ ᠵᠠᠭᠪᠤᠷ ᠢᠯᠡᠭᠦᠦ | ᠲᠠᠩᠰᠤᠭ᠂ ᠰᠫᠣᠷᠳ᠋ᠯᠢᠭ ᠪᠣᠯᠤᠭᠰᠠᠨ ᠢᠶᠠᠷ ᠢᠶᠠᠨ ᠣᠨᠴᠠᠭᠠᠶᠢᠷᠠᠵᠤ ᠪᠠᠶᠢᠭ᠎ᠠ ᠭᠡᠨ᠎ᠡ᠃ | 12᠂ ᠥᠪᠡᠷ ᠤᠨ ᠣᠶᠣᠨ ᠤ ᠪᠦᠲᠦᠭᠡᠯ ᠢᠶᠠᠷ ᠢᠶᠠᠨ ᠳᠡᠯᠡᠬᠡᠢ ᠳᠤ ᠭᠠᠶᠢᠬᠠᠭᠳᠠᠭᠰᠠᠨ ᠨᠢᠭᠡᠨ ᠡᠷᠬᠢᠮ ᠢ ᠡᠡ᠊ᠨᠳᠡ ᠳᠤᠷᠠᠳᠤᠯ ᠦᠭᠡᠢ ᠥᠩᠭᠡᠷᠡᠭᠡᠵᠦ ᠪᠤᠯᠬᠤ | ᠦᠭᠡᠢ ᠨᠢ᠃ ᠲᠡᠷᠡ ᠪᠣᠯ ᠣᠶᠣᠨ ᠤᠬᠠᠭᠠᠨ ᠤ ᠣᠯᠠᠨ ᠤᠯᠤᠰ ᠤᠨ ᠮᠦᠽᠧᠢ ᠶᠢ ᠡᠭᠦᠰᠬᠡᠨ ᠪᠠᠶᠢᠭᠤᠯᠤᠭᠴᠢ᠂ ᠮᠣᠩᠭᠤᠯ ᠤᠯᠤᠰ ᠤᠨ ᠰᠣᠶᠣᠯ ᠤᠨ ᠭᠠᠪᠢᠶᠠᠲᠤ | ᠵᠢᠳᠬᠦᠯᠲᠡᠨ᠂ ᠰᠢᠯᠢᠳᠡᠭ ᠵᠣᠬᠢᠶᠠᠨ ᠪᠦᠲᠦᠭᠡᠭᠴᠢ ᠵᠠᠨᠳᠠᠷᠠ ᠶᠢᠨ ᠲᠦᠮᠡᠨᠲᠦᠮᠡᠨ᠊ᠦ᠋ᠯᠵᠡᠢ ᠶᠤᠮ᠃ ᠲᠡᠷᠡ ᠪᠠᠷ 3000 ᠰᠢᠬᠠᠮ ᠬᠤᠪᠢᠯᠪᠤᠷᠢ | ᠣᠨᠢᠰᠤᠨ ᠪᠦᠲᠦᠭᠡᠯ ᠪᠦᠲᠦᠭᠡᠵᠦ᠂ 5000 ᠰᠢᠬᠠᠮ ᠬᠠᠭᠤᠳᠠᠰᠤ ᠲᠣᠳᠣᠷᠬᠠᠶᠢᠯᠠᠯᠲᠠ᠂ ᠲᠣᠮᠢᠶᠠᠯᠠᠯ᠂ ᠲᠧᠭᠨᠢᠭ ᠤᠨ ᠱᠤᠭᠤᠮ ᠵᠢᠷᠤᠭ ᠬᠢᠵᠦ᠂ ᠪᠠᠳᠤᠯᠭᠠᠵᠢᠭᠤᠯᠵᠤ᠂ | ᠵᠣᠬᠢᠶᠠᠭᠴᠢ ᠶᠢᠨ ᠡᠷᠬᠡ ᠫᠠᠲ᠋ᠧᠨ ᠳᠤ ᠠᠪᠤᠭᠠᠳ ᠪᠠᠶᠢᠨ᠎ᠠ᠃ | 13᠂ ᠮᠣᠩᠭᠤᠯ ᠬᠥᠮᠥᠨ ᠠᠩᠬ᠎ᠠ ᠤᠳᠠᠭ᠎ᠠ ᠪᠤᠳᠤᠯ ᠢᠶᠠᠷ ᠤᠳᠤᠷᠢᠳᠳᠠᠭ ᠷᠣᠪᠤᠲ ︵ᠮᠠᠰᠢᠨ ᠬᠥᠮᠥᠨ︶ ᠪᠦᠲᠦᠭᠡᠵᠡᠢ᠃ ᠡᠨᠡ ᠪᠦᠲᠦᠭᠡᠯ ᠢ ᠠᠩᠬ᠎ᠠ ᠵᠢᠯ ᠪᠦᠷ | ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠤᠭᠳᠠᠳᠠᠭ ᠵᠠᠯᠠᠭᠤ ᠪᠠᠭᠰᠢ᠂ ᠣᠶᠤᠲᠠᠨ ᠨᠤᠭᠤᠳ ᠤᠨ ︽ᠡᠪᠷᠢᠺᠠ 2013︾ ᠡᠷᠳᠡᠮ ᠰᠢᠨᠵᠢᠯᠡᠭᠡᠨ ᠤ ᠪᠠᠭ᠎ᠠ ᠬᠤᠷᠠᠯ ᠳᠡᠭᠡᠷ᠎ᠡ | ᠲᠠᠨᠢᠯᠴᠠᠭᠤᠯᠤᠭᠰᠠᠨ ᠶᠤᠮ᠃ | 14᠂ ᠮᠣᠩᠭᠤᠯ ᠡᠷᠳᠡᠮᠲᠡᠳ ᠠᠳᠤᠭᠤᠨ ᠤ ᠶᠠᠰᠤᠨ ᠠᠴᠠ ᠨᠠᠨᠣ᠋ ᠺᠠᠯᠼ ᠭᠠᠷᠭᠠᠨ ᠠᠪᠴᠤ ᠲᠡᠭᠦᠪᠡᠷ ᠢᠶᠠᠨ ᠰᠢᠳᠦᠨ ᠤ ︽ᠣ︾ ᠬᠢᠬᠦ ᠲᠧᠭᠨᠧᠯᠣᠭᠢ | ᠪᠣᠯᠪᠠᠰᠤᠷᠠᠭᠤᠯᠤᠭᠠᠳ ᠪᠠᠶᠢᠭ᠎ᠠ ᠠᠵᠢ᠃ ᠮᠠᠯ ᠤᠨ ᠭᠠᠷᠤᠯ ᠲᠠᠢ ᠣᠷᠭᠠᠨᠢᠭ ᠺᠠᠯᠼ ᠢ ᠲᠡᠷᠡ ᠴᠡᠭ ᠢᠶᠠᠷ ᠨᠢ ᠪᠤᠯᠪᠠᠰᠤᠷᠠᠭᠤᠯᠵᠤ᠂ ᠨᠠᠨᠣ᠋ ᠬᠡᠮᠵᠢᠶᠡᠨ ᠳᠤ ᠬᠢᠮᠢ ᠶᠢᠨ | ᠪᠣᠯᠪᠠᠰᠤᠷᠠᠭᠤᠯᠤᠯᠲᠠ ᠶᠢᠨ ᠴᠡᠪᠡᠷ ᠢᠶᠠᠷ ᠨᠢ ᠭᠠᠷᠭᠠᠬᠤ ᠶᠤᠮ ᠪᠠᠶᠢᠨ᠎ᠠ᠃ | 15᠂ ᠰᠤᠳᠤᠯᠤᠭᠠᠴᠢ ᠡᠷᠳᠡᠮᠲᠡᠨ ᠵ᠊ • ᠭᠡᠷᠡᠯ ᠥᠨᠳᠦᠷᠯᠢᠭ ᠤᠨ ᠡᠪᠡᠳᠴᠢᠨ ᠢ ᠣᠨᠣᠰᠢᠯᠠᠬᠤ ᠰᠲᠠᠨᠳᠡᠷᠲ ᠢ ᠪᠣᠯᠪᠠᠰᠤᠷᠠᠭᠤᠯᠤᠨ᠂ ᠳᠡᠯᠡᠬᠡᠢ ᠶᠢᠨ ᠠᠨᠠᠭᠠᠬᠤ | ᠤᠬᠠᠭᠠᠨ ᠳᠤ ︽ᠬᠥᠬᠡᠨᠠᠭᠤᠷ ᠤᠨ ᠰᠲᠠᠨᠳᠠᠷᠲ︾ ᠬᠡᠮᠡᠬᠦ ᠨᠡᠷ᠎ᠡ ᠪᠠᠷ ᠪᠠᠲᠤᠯᠠᠭᠤᠯᠵᠠᠢ᠃ ᠲᠡᠷᠡ ᠪᠠᠷ ᠡᠳᠦᠭᠡ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ | ᠴᠢᠩᠬᠠᠢ ᠮᠤᠵᠢ ᠪᠤᠶᠤ ᠪᠢᠳᠡᠨ ᠤ ᠨᠡᠷᠡᠯᠡᠵᠤ ᠵᠠᠩᠰᠢᠭᠰᠠᠨ ᠢᠶᠠᠷ ᠬᠥᠬᠡᠨᠠᠭᠤᠷ ᠮᠤᠵᠢ ᠶᠢᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠳᠤ ᠪᠠᠭᠰᠢᠯᠠᠨ ᠰᠤᠳᠤᠯᠭᠠᠨ ᠤ | ᠠᠵᠢᠯ ᠢᠶᠠᠨ ᠬᠢᠵᠦ ᠪᠠᠶᠢᠨ᠎ᠠ᠃ ᠥᠨᠳᠦᠷᠯᠢᠭ ᠤᠨ ᠡᠪᠡᠳᠴᠢᠨ ᠭᠡᠳᠡᠭ ᠨᠢ ᠥᠨᠳᠦᠷᠯᠢᠭ ᠭᠠᠵᠠᠷ ᠬᠦᠴᠢᠯᠲᠥ᠋ᠷᠥᠭᠴᠢ ᠳᠤᠲᠠᠭᠳᠠᠭᠰᠠᠨ ᠠᠴᠠ ᠴᠢᠰᠤᠨ ᠤ ᠳᠠᠷᠤᠯᠲᠠ | ᠥᠨᠳᠥᠷᠵᠢᠬᠦ᠂ ᠵᠢᠷᠦᠬᠡᠨ ᠤ ᠠᠴᠢᠶᠠᠯᠠᠯ ᠨᠡᠮᠡᠭᠳᠡᠵᠦ ᠦᠢᠯᠡ ᠠᠵᠢᠯᠯᠠᠭᠠᠨ ᠳᠤᠨᠢ ᠥᠭᠡᠷᠡᠴᠢᠯᠡᠯᠲᠡ ᠣᠷᠣᠬᠤ ᠭᠡᠬᠦ ᠵᠡᠷᠭᠡ ᠪᠠᠷ ᠢᠯᠡᠷᠡᠳᠡᠭ ᠦᠬᠦᠬᠦ ᠠᠶᠤᠯᠲᠠᠢ | ᠡᠪᠡᠳᠴᠢᠨ ᠠᠵᠢ᠃ | 16᠂ ᠪᠦᠷᠢᠳᠬᠡᠯ ᠤᠨ ᠪᠦᠬᠦ ᠮᠡᠳᠡᠭᠡᠯᠡᠯ ᠢ ᠴᠠᠭ ᠠᠯᠳᠠᠯ ᠦᠭᠡᠢ ᠪᠠᠷ IPad ᠲᠥᠬᠦᠭᠡᠷᠦᠮᠵᠢ ᠪᠠᠷ ᠢᠶᠠᠨ ᠳᠠᠮᠵᠢᠭᠤᠯᠤᠨ ᠬᠦᠯᠢᠶᠡᠵᠦ ᠠᠪᠬᠤ ︽EZ stat︾ | ᠫᠷᠣᠭ᠍ᠷᠠᠮ ᠢ ᠡᠨᠡᠳᠬᠡᠭ ᠲᠤ ᠰᠤᠷᠭᠠᠭᠤᠯᠢ ᠲᠡᠭᠦᠰᠦᠭᠰᠡᠨ ᠪ᠊ • ᠡᠷᠳᠡᠮ ᠭᠡᠳᠡᠭ ᠵᠠᠯᠠᠭᠤ ᠵᠣᠬᠢᠶᠠᠨ ᠪᠦᠲᠦᠭᠡᠭᠰᠡᠨ ᠪᠠᠶᠢᠨ᠎ᠠ᠃ ᠲᠡᠷᠡ ᠪᠠᠷ IPad ᠤᠨ ᠮᠣᠩᠭᠤᠯ ᠤᠨ | ᠠᠩᠬᠠᠨ ᠤ ᠫᠷᠣᠭ᠍ᠷᠠᠮ ᠢ ᠪᠦᠲᠦᠭᠡᠭᠰᠡᠨ ᠨᠢ ᠡᠨᠡ ᠶᠤᠮ᠃ ᠤᠭ ᠫᠷᠣᠭ᠍ᠷᠠᠮ ᠢ ᠲᠠᠲᠠᠭᠰᠠᠨ ᠢᠶᠠᠷ ᠰᠠᠩᠬᠦᠦ᠂ ᠡᠳ᠋ ᠤᠨ ᠵᠠᠰᠠᠭ ᠤᠨ ᠪᠦᠬᠦᠶᠢᠯᠡ ᠮᠡᠳᠡᠭᠡᠯᠡᠯ ᠢ | IPAD ᠪᠠᠷ ᠢᠶᠠᠨ ᠭᠥᠯᠢᠶᠡᠨ ᠠᠪᠬᠤ ᠠᠴᠠ ᠭᠠᠳᠠᠨ᠎ᠠ ᠫᠷᠣᠭ᠍ᠷᠠᠮ ᠢ ︽Apple store︾ ᠠᠴᠠ ᠦᠨ᠎ᠡ ᠦᠭᠡᠢ ᠲᠠᠲᠠᠵᠤ ᠠᠪᠬᠤ ᠪᠣᠯᠣᠮᠵᠢ ᠶᠢ ᠣᠯᠭᠤᠭᠠᠳ | ᠪᠠᠶᠢᠨ᠎ᠠ᠃ | 17᠂ Apple ᠺᠣᠮᠫᠠᠨᠢ ᠠᠴᠠ ᠭᠠᠷᠭᠠᠭᠰᠠᠨ ᠬᠠᠮᠤᠭ ᠤᠨ ᠰᠡᠭᠦᠯ ᠤᠨ ᠦᠶ᠎ᠡ ᠶᠢᠨ ᠤᠬᠠᠭᠠᠯᠢᠭ ᠭᠠᠷ ᠤᠲᠠᠰᠤᠨ ᠳᠤ ᠵᠣᠷᠢᠭᠤᠯᠤᠭᠰᠠᠨ ᠳᠣᠬᠢᠶᠠᠯᠠᠯ ᠤᠨ | ᠰᠢᠰᠲ᠋ᠧᠮ ᠢ ᠮᠣᠩᠭᠤᠯ ᠤᠯᠤᠰ ᠤᠨ ᠢᠷᠭᠡᠨ ᠨ᠊ • ᠪᠠᠲᠤᠴᠢᠯᠠᠭᠤᠨ ᠵᠣᠬᠢᠶᠠᠵᠠᠢ᠃ ᠤᠭ ᠫᠷᠣᠭ᠍ᠷᠠᠮ ᠨᠢ ᠭᠡᠷ ᠮᠠᠰᠢᠨ ᠵᠡᠷᠭᠡ ᠪᠡᠶᠡᠲᠦ ᠣᠪᠶᠤᠺᠲ ᠲᠤ ᠭᠠᠳᠠᠨᠠᠬᠢ | ᠬᠠᠯᠳᠠᠯᠭ᠎ᠠ ᠦᠷᠲᠦᠬᠦ ᠳᠤ ᠭᠠᠷ ᠤᠲᠠᠰᠤᠨ ᠳᠤ ᠳᠣᠬᠢᠶᠠᠯᠠᠯ ᠣᠴᠢᠬᠤ ᠠᠴᠠ ᠭᠠᠳᠠᠨ᠎ᠠ ᠲᠤᠬᠠᠢ ᠶᠢᠨ ᠬᠡᠷᠡᠭᠯᠡᠭᠴᠢ ᠶᠢᠨ ᠪᠠᠶᠢᠷᠢᠰᠢᠯ ᠢ ᠨᠢ ᠲᠣᠳᠣᠷᠬᠠᠶᠢᠯᠠᠵᠤ ᠴᠢᠳᠠᠳᠠᠭ | ᠳᠠᠪᠠᠭᠤ ᠲᠠᠯ᠎ᠠ ᠲᠠᠢ ᠠᠵᠢ᠃ ᠢᠨᠲᠧᠷᠨᠲ ᠲᠤ ᠪᠠᠶᠢᠷᠢᠰᠢᠭᠤᠯᠤᠭᠰᠠᠨ ᠤᠭ ᠫᠷᠣᠭ᠍ᠷᠠᠮ ᠢ ᠬᠡᠷᠡᠭᠯᠡᠭᠴᠢᠳ ᠶᠡᠬᠡᠳᠡ ᠰᠣᠨᠢᠷᠬᠠᠵᠤ ᠪᠠᠶᠢᠭ᠎ᠠ ᠲᠡᠳᠦᠢ ᠦᠭᠡᠢ ︽Apple︾ | ᠤᠨ ᠪᠷᠡᠨᠳ᠋ ᠪᠣᠯᠣᠨ᠎ᠠ ᠭᠡᠵᠦ ᠦᠵᠡᠵᠦ ᠪᠠᠶᠢᠨ᠎ᠠ᠃ | 18᠂ ᠰᠢᠨᠵᠢᠯᠡᠬᠦ ᠤᠬᠠᠭᠠᠨ ᠤ ᠠᠺᠠᠳᠧᠮᠢ ᠶᠢᠨ ᠹᠢᠽᠢᠺ᠂ ᠲᠧᠭᠨᠧᠭᠯᠣᠭᠢ ᠶᠢᠨ ᠬᠦᠷᠢᠶᠡᠯᠡᠩ ᠤᠨ ᠵᠠᠬᠢᠷᠤᠯ᠂ ᠠᠺᠠᠳᠧᠮᠢᠴᠢ ᠪ᠊ • ᠴᠠᠳᠠᠷᠠ ᠲᠡᠷᠢᠭᠦᠲᠡᠢ ᠮᠣᠩᠭᠤᠯ | ᠹᠢᠽᠢᠺᠴᠢᠳ ᠠᠯᠤᠰ ᠤᠨ ᠤᠳᠤᠷᠢᠳᠤᠯᠭ᠎ᠠ ᠲᠠᠢ ᠭᠡᠷ ᠬᠠᠯᠠᠭᠠᠭᠴᠢ ᠵᠣᠬᠢᠶᠠᠨ ᠪᠦᠲᠦᠭᠡᠵᠡᠢ᠃ ᠡᠨᠡ ᠬᠠᠯᠠᠭᠠᠭᠴᠢ ᠭᠡᠷ ᠲᠤ ᠬᠤᠶᠠᠷ ᠺᠦᠸᠠᠳ᠋ ᠴᠠᠭ ᠤᠨ ᠬᠦᠴᠦᠨ | ᠴᠢᠳᠠᠯ ᠲᠠᠢ ᠴᠠᠬᠢᠯᠭᠠᠨ ᠵᠠᠷᠤᠴᠠᠭᠤᠯᠬᠤ ᠪᠥᠭᠡᠳ ᠤᠭ ᠲᠥᠬᠦᠭᠡᠷᠦᠮᠵᠢ ᠳᠤ ᠲᠣᠬᠢᠷᠠᠭᠤᠯᠭ᠎ᠠ ᠬᠢᠵᠦ ᠡᠵᠡᠭᠦᠢ ᠦᠶ᠎ᠡ ᠳᠡᠭᠡᠨ ᠤᠨᠲᠠᠷᠠᠭᠠᠴᠢᠬᠠᠭᠠᠳ᠂ ᠭᠡᠷ ᠲᠡᠭᠡᠨ ᠢᠷᠡᠬᠦ | ᠳᠥᠬᠦᠭᠡᠳ ᠢᠷᠡᠬᠦ ᠪᠠᠷ ᠢᠶᠠᠨ ᠠᠰᠠᠭᠠᠴᠢᠬᠠᠵᠤ ᠪᠣᠯᠣᠨ᠎ᠠ᠃ ᠡᠨᠡ ᠨᠢ ᠴᠠᠬᠢᠯᠭᠠᠨ ᠳᠤ ᠮᠠᠰᠢ ᠬᠡᠮᠨᠡᠯᠲᠡ ᠲᠠᠢ ᠠᠷᠭ᠎ᠠ ᠶᠤᠮ᠃ | 19᠂ ᠳᠡᠯᠡᠬᠡᠢ ᠶᠢᠨ ᠰᠢᠨᠵᠢᠯᠡᠬᠦ ᠤᠬᠠᠭᠠᠨ ᠤ ᠠᠺᠠᠳᠧᠮᠢ ᠶᠢᠨ ᠭᠡᠰᠢᠭᠦᠨ᠂ ᠠᠺᠠᠳᠧᠮᠢᠴᠢ ᠬ᠋᠊ • ᠨᠠᠮᠰᠠᠷᠠᠢ ᠲᠡᠷᠢᠭᠦᠲᠡᠢ ᠡᠷᠳᠡᠮᠲᠡᠳ ᠡᠷᠡᠨ ᠵᠠᠭᠤᠨ ᠤ ᠭᠡᠬᠦ ᠪᠠᠷ | ᠨᠡᠭᠡᠭᠡᠯᠲᠡ ᠬᠢᠭᠰᠡᠨ ᠨᠢ ᠳᠤᠷ᠎ᠠ ᠶᠢᠨ ᠲᠣᠭᠠᠨ ᠠᠴᠠ ᠢᠨᠲ᠋ᠧᠭᠷᠠᠯ ᠠᠪᠬᠤ ᠭᠠᠶᠢᠬᠠᠮᠰᠢᠭᠲᠤ ᠲᠣᠮᠢᠶ᠎ᠠ ᠨᠤᠭᠤᠳ ᠢ ᠣᠯᠵᠠᠢ᠃ ᠹᠢᠽᠢᠺ᠂ ᠮᠠᠲ᠋ᠠᠮᠢᠲ᠋ᠢᠺ ᠤᠨ ᠠᠯᠢᠨ ᠳᠤᠨᠢ | ᠴᠦ ᠬᠡᠷᠡᠭᠯᠡᠭᠳᠡᠬᠦ ᠡᠯ᠎ᠡ ᠨᠡᠭᠡᠭᠡᠯᠲᠡ ᠨᠢ ᠳᠡᠯᠡᠬᠡᠢ ᠶᠢᠨ ᠰᠢᠨᠵᠢᠯᠡᠬᠦ ᠤᠬᠠᠭᠠᠨ ᠳᠤ ᠭᠠᠤᠰ ᠤᠨ᠂ ᠡᠶᠢᠯᠤᠷ ᠤᠨ᠂ ᠨᠧᠶᠢᠮᠠᠨ ᠢ ᠢᠨᠲ᠋ᠧᠭᠷᠠᠯ ᠭᠡᠳᠡᠭ ᠰᠢᠭ ᠨᠠᠮᠰᠠᠷᠠᠢ ᠶᠢᠨ | ᠢᠨᠲ᠋ᠧᠭᠷᠠᠯ ᠬᠡᠮᠡᠨ ᠨᠡᠷᠡᠯᠡᠭᠳᠡᠬᠦ ᠠᠵᠢ᠃ | 20᠂ ᠥᠩᠭᠡᠷᠡᠭᠰᠡᠨ ᠣᠨ ᠳᠤ ᠰᠢᠨᠵᠢᠯᠡᠬᠦ ᠤᠬᠠᠭᠠᠨ ᠲᠧᠭᠨᠢᠭ ᠤᠨ ᠶᠡᠭᠡ ᠰᠤᠷᠭᠠᠭᠤᠯᠢ ᠶᠢᠨ ᠲᠧᠭᠨᠧᠯᠣᠭᠢ ᠶᠢᠨ ᠪᠠᠭᠰᠢ ᠡ᠊ • ᠪᠠᠲᠤ ᠊᠊᠊ ᠡᠷᠳᠡᠨᠢ ᠬᠠᠶᠠᠭᠳᠠᠯ | ᠵᠡᠭᠦᠦ᠂ ᠲᠠᠷᠢᠭᠤᠷ ᠠᠴᠠ ᠪᠧᠨ᠋ᠽᠧᠨ ᠭᠠᠷᠭᠠᠵᠤ ᠠᠪᠬᠤ ᠲᠤᠷᠰᠢᠯᠲᠠ ᠶᠢ ᠠᠮᠵᠢᠯᠲᠠᠲᠠᠢ ᠬᠡᠷᠡᠭᠵᠢᠭᠦᠯᠵᠡᠢ᠃ ᠲᠡᠷᠡ ᠪᠠᠷ ᠨᠡᠶᠢᠰᠯᠡᠯ ᠬᠤᠲᠠ ᠶᠢᠨ ᠬᠡᠮᠵᠢᠶᠡᠨ ᠳᠤ ᠡᠳᠦᠷ ᠲᠤ | 2.4 ᠲᠣᠨ ᠲᠠᠷᠢᠭᠤᠷ ᠤᠨ ᠬᠠᠶᠠᠭᠳᠠᠮᠠᠯ ᠭᠠᠷᠳᠠᠭ ᠪᠥᠭᠡᠳ ᠡᠨᠡ ᠬᠠᠶᠠᠭᠳᠠᠮᠠᠯ ᠢᠶᠠᠷ 0. 6 ᠲᠤᠨ ᠪᠧᠨ᠋ᠽᠧᠨ ᠦᠢᠯᠡᠳᠪᠦᠷᠢᠯᠡᠬᠦ ᠪᠣᠯᠣᠮᠵᠢᠲᠠᠢ ᠭᠡᠰᠡᠨ ᠲᠣᠭᠠᠴᠠᠭ᠎ᠠ ᠶᠢ | ᠭᠠᠷᠭᠠᠭᠰᠠᠨ ᠪᠠᠶᠢᠨ᠎ᠠ᠃ | 21᠂ ᠠᠩᠭ᠍ᠯᠢ᠂ ᠶᠠᠫᠤᠨ᠂ ᠲᠠᠶᠢᠸᠠᠨ ᠵᠡᠷᠭᠡ ᠤᠯᠤᠰ ᠣᠷᠣᠨ ᠳᠤ ᠠᠵᠢᠯᠯᠠᠵᠤ ᠪᠠᠶᠢᠭᠠᠳ ᠢᠷᠡᠭᠰᠡᠨ ᠪ᠊ • ᠠᠯᠳᠠᠷ ᠭᠡᠬᠦ ᠮᠣᠩᠭᠤᠯ ᠡᠷᠳᠡᠮᠲᠡᠨ 2000 ᠣᠨ ᠳᠤ | ᠳ᠋ᠣᠬᠣ᠋ ᠶᠢᠨ ᠡᠰᠡᠷᠭᠦ ᠪᠡᠯᠡᠳᠦᠮᠡᠯ ᠭᠠᠷᠭᠠᠨ ᠠᠪᠴᠤ ᠲᠡᠭᠦᠨ ᠢ ᠪᠠᠨ ᠲᠠᠶᠢᠯᠠᠨᠳ ᠳᠤ ᠲᠤᠷᠰᠢᠵᠠᠢ᠃ ᠲᠤᠷᠰᠢᠯᠲᠠ ᠳᠤ ᠬᠠᠮᠤᠷᠤᠭᠳᠠᠭᠰᠠᠨ ᠬᠤᠷᠢᠭᠠᠳ ᠬᠥᠮᠥᠨ ᠡᠳᠡᠭᠡᠵᠦ | ᠡᠨᠡ ᠲᠠᠯ᠎ᠠ ᠪᠠᠷ ᠳᠡᠯᠡᠬᠡᠢ ᠨᠡᠶᠢᠲᠡ ᠳᠤ ᠬᠦᠷᠭᠡᠬᠦ ᠪᠠᠷ ᠣᠯᠠᠨ ᠵᠢᠯ ᠬᠥᠭᠡᠭᠡᠴᠡᠯᠳᠦᠭᠰᠡᠨ ᠢᠶᠠᠨ ᠲᠣᠭᠤᠭ᠎ᠠ ᠦᠭᠡᠢ ᠪᠠᠶᠢᠨ᠎ᠠ᠃ ᠮᠥᠨ ᠲᠡᠷᠡ ᠪᠠᠷ ᠡᠯᠢᠭᠡᠨ ᠤ ᠭᠦ᠋ᠫᠠᠲᠢᠲ | ᠸ᠊ • ᠰ᠊ ᠭᠡᠮᠴᠢᠯᠡᠬᠦ ᠸᠠᠺᠼᠢᠨ ᠭᠠᠷᠭᠠᠨ᠂ ᠲᠡᠭᠦᠨ ᠢ ᠨᠢ ᠳᠡᠯᠡᠬᠡᠢ ᠶᠢᠨ ᠣᠯᠠᠨ ᠣᠷᠣᠨ ᠳᠤ ᠭᠥᠯᠢᠶᠡᠨ ᠵᠥᠪᠰᠢᠶᠡᠷᠡᠭᠦᠯᠦᠭᠡᠳ ᠪᠠᠶᠢᠭ᠎ᠠ ᠠᠵᠢ᠃ | 22᠂ ᠮᠣᠩᠭᠤᠯ ᠵᠠᠯᠠᠭᠤᠰ ︽Nikel Gamba᠂ DG 57 ᠬᠡᠮᠡᠬᠦ ᠴᠠᠬᠢᠯᠭᠠᠨ ᠢᠶᠠᠷ ᠠᠵᠢᠯᠯᠠᠳᠠᠭ ᠣᠨᠣᠳᠠᠭ ᠳᠤᠭᠤᠢ ᠪᠦᠲᠦᠭᠡᠭᠰᠡᠨ ᠪᠠᠶᠢᠨ᠎ᠠ᠃ ᠤᠭ | ᠳᠤᠭᠤᠢ ᠨᠢ ᠰᠢᠳᠠᠬᠤᠨ ᠬᠡᠷᠡᠭᠯᠡᠬᠦ ᠦᠭᠡᠢ᠂ ᠵᠦᠪᠬᠡᠨ ᠴᠠᠬᠢᠯᠭᠠᠨ ᠢᠶᠠᠷ ᠠᠵᠢᠯᠯᠠᠬᠤ ᠶᠤᠮ᠃ ᠳᠤᠭᠤᠢ ᠶᠢᠨ ᠷᠠᠮ᠂ ᠪᠤᠯᠤ ᠵᠡᠷᠭᠡ ᠶᠢ ᠬᠥᠩᠭᠡᠨᠴᠠᠭᠠᠨ ᠢᠶᠠᠷ ᠬᠢᠭᠰᠡᠨ | ᠪᠥᠭᠡᠳ ᠪᠠᠮᠢ ᠶᠢ ᠮᠠᠲᠠᠵᠦ ᠭᠠᠩᠨᠠᠭᠤᠷ ᠢᠶᠠᠷ ᠪᠠᠬᠢᠯᠡᠭᠰᠡᠨ᠃ 220 ᠺᠢᠯᠣᠸᠠᠲ ᠲᠤ ᠵᠠᠯᠭᠠᠵᠤ ᠴᠡᠨᠡᠭᠯᠡᠭᠡᠳ 30 ᠺᠢᠯᠤᠮᠧᠳ᠋ᠷ ᠵᠠᠮ ᠲᠣᠭᠤᠯᠬᠤ ᠬᠦᠴᠦᠨ ᠴᠢᠳᠠᠯ ᠲᠠᠢ | ᠡᠨᠡ ᠳᠤᠭᠤᠢ ᠴᠠᠭ ᠲᠤ 40 ᠺᠢᠯᠤᠮᠧᠳ᠋ᠷ ᠬᠤᠷᠳᠤᠯᠠᠳᠠᠭ ᠠᠵᠢ᠃ | 23᠂ ︽ᠣᠯᠣᠯ᠎ᠠ︾ ᠬᠤᠪᠢᠴᠠᠭᠠᠳᠤ ᠺᠣᠮᠫᠠᠨᠢ ᠶᠢᠨ ᠮᠣᠩᠭᠤᠯ ᠢᠨᠵᠧᠨᠧᠷ᠂ GPS ︵General positioning system︶ ᠵᠣᠬᠢᠶᠠᠨ ᠪᠦᠲᠦᠭᠡᠵᠡᠢ᠃ | ᠡᠨᠡᠬᠦ ᠠᠪᠰᠠᠷᠬᠠᠨ ᠬᠡᠷᠡᠭᠰᠡᠯ ᠢ ᠮᠠᠰᠢᠨ ᠳᠠᠭᠠᠨ ᠪᠣᠯᠣᠨ ᠪᠡᠶ᠎ᠡ ᠳᠡᠭᠡᠨ ᠠᠪᠴᠤ ᠶᠠᠪᠤᠵᠤ ᠮᠣᠩᠭᠤᠯ ᠤᠯᠤᠰ ᠤᠨ ᠠᠯᠢ ᠨᠤᠲᠤᠭ ᠳᠡᠪᠢᠰᠬᠡᠷ ᠲᠤ ᠭᠠᠵᠠᠷ ᠤᠨ ᠵᠢᠷᠤᠭ | ᠦᠭᠡᠢ ᠪᠠᠷ ᠬᠡᠷᠡᠭ ᠲᠠᠢ ᠭᠠᠵᠠᠷ ᠢᠶᠠᠨ ᠬᠠᠮᠤᠭ ᠤᠨ ᠳᠥᠲᠡ᠂ ᠬᠠᠮᠤᠭ ᠤᠨ ᠣᠨᠣᠪᠴᠢᠲᠠᠢ᠂ ᠵᠠᠮ ᠢᠶᠠᠷ ᠰᠠᠭᠠᠳ ᠦᠭᠡᠢ ᠬᠦᠷᠴᠦ ᠣᠴᠢᠬᠤ᠂ ᠲᠡᠭᠦᠨᠴᠢᠯᠡᠨ | ᠤᠯᠠᠭᠠᠨᠪᠠᠭᠠᠲᠤᠷ ᠤᠨ ᠭᠤᠳᠤᠮᠵᠢ ᠳᠠᠯᠠᠪᠠᠢ ᠭᠡᠷ ᠬᠤᠷᠢᠶᠠᠯᠠᠯ ᠤᠳ ᠲᠤ ᠲᠥᠭᠡᠷᠢᠵᠦ ᠪᠤᠳᠤᠯᠢᠬᠤ ᠦᠭᠡᠢ ᠶᠠᠪᠤᠬᠤ ᠨᠥᠬᠦᠴᠡᠯ ᠪᠦᠷᠢᠳᠬᠦ ᠭᠡᠨ᠎ᠡ᠃ 24᠂ ᠬᠠᠮᠤᠭ ᠤᠨ | ᠰᠡᠭᠦᠯ ᠳᠤ ᠪᠢᠳᠡᠨ ᠤ ᠡᠪᠦᠭᠡ ᠳᠡᠭᠡᠳᠦᠰ ᠤᠨ ᠪᠦᠲᠦᠭᠡᠯᠴᠢ ᠰᠡᠳᠬᠢᠯᠭᠡᠨ ᠤ ᠢᠯᠡᠷᠡᠯ ᠪᠣᠯᠤᠭᠰᠠᠨ ᠨᠢᠭᠡᠨ ᠪᠦᠲᠦᠭᠡᠯ ᠢ ᠲᠠᠨᠢᠯᠴᠠᠭᠤᠯᠵᠤ ᠪᠠᠶᠢᠨ᠎ᠠ᠃ ᠡᠨᠡ ᠪᠣᠯ ᠮᠣᠩᠭᠤᠯ | ᠭᠡᠷ᠃ ᠭᠡᠷ ᠨᠢ 3000 ᠣᠷᠴᠢᠮ ᠵᠢᠯ ᠤᠨ ᠲᠡᠷᠲᠡᠭᠡ ᠠᠴᠠ ᠣᠳᠤ ᠶᠢᠨ ᠬᠡᠪ ᠰᠢᠨᠵᠢ ᠣᠯᠣᠭᠰᠠᠨ ᠪᠥᠭᠡᠳ ᠨᠡᠭᠦᠳᠡᠯᠯᠡᠨ ᠠᠵᠤ ᠲᠦᠷᠦᠬᠦ ᠳᠤ ᠬᠠᠮᠤᠭ ᠤᠨ ᠰᠠᠶᠢᠨ | ᠵᠣᠬᠢᠴᠠᠳᠠᠭ᠃ ᠬᠥᠩᠭᠡᠨ᠂ ᠠᠪᠰᠠᠷᠬᠠᠨ᠂ ᠤᠳᠠᠭᠠᠨ ᠡᠳ᠋ᠯᠡᠭᠡ ᠲᠠᠢ᠂ ᠠᠷᠬᠢᠲ᠋ᠧᠺᠲ᠋ᠣᠷ ᠤᠨ ᠣᠨᠴᠠᠭᠠᠢ ᠰᠡᠶᠢᠳᠦᠯ ᠲᠠᠢ ᠵᠡᠷᠭᠡ ᠪᠠᠷ ᠢᠶᠠᠨ ᠭᠠᠳᠠᠨᠠᠬᠢ ᠶᠢᠨ ᠬᠢᠨ ᠤ | ᠰᠣᠨᠢᠷᠬᠠᠯ ᠢ ᠶᠡᠬᠡᠳᠡ ᠲᠠᠲᠠᠭᠰᠠᠭᠠᠷ ᠢᠷᠡᠭᠰᠡᠨ᠃ | | | ᠮᠣᠩᠭᠤᠯ ᠰᠤᠳᠤᠯᠤᠯ ᠤᠨ ᠰᠤᠷᠠᠭ ᠵᠠᠩᠭᠢ ᠶᠢᠨ ᠰᠦᠯᠵᠢᠶ᠎ᠡ | |