ᠡᠪᠰᠡᠬᠦ ᠣᠷᠤᠭ ᠤᠨ ᠡᠭᠦᠰᠦᠯ | | 和亲 ︵ᠡᠪᠰᠡᠬᠦ ᠣᠷᠤᠭ︶ ᠭᠡᠳᠡᠭ ᠦᠭᠡ ᠪᠣᠯ ᠲᠣᠬᠠᠢ ᠶᠢᠨ ᠦᠶ᠎ᠡ ᠶᠢᠨ ᠬᠠᠨ ᠣᠯᠣᠰ ᠤᠨ ᠲᠠᠯ᠎ᠠ ᠶᠢᠨ ᠦᠭᠡ ᠬᠡᠯᠡᠯᠭᠡ ᠪᠠᠷ ᠨᠡᠷᠡᠶᠢᠳᠦᠭᠰᠡᠨ ᠣᠯᠣᠰ | ᠲᠦᠷᠦ ᠶᠢᠨ ᠴᠢᠨᠠᠷᠳᠠᠢ ᠨᠡᠷᠡᠰ ᠦᠭᠡ ᠪᠣᠯᠣᠨ᠎ᠠ᠂ ᠾᠦᠩᠨᠦ ᠶᠢᠨ ᠲᠠᠯ᠎ᠠ ᠠᠴᠠ ᠬᠡᠯᠡᠪᠡᠯ᠂ ᠬᠠᠨ ᠣᠯᠣᠰ ᠵᠢᠯ ᠪᠦᠷᠢ ᠠᠯᠳᠠ ᠮᠦᠩᠭᠦ᠂ ᠲᠣᠷᠭ᠎ᠠ ᠲᠣᠷᠳᠣᠩ᠂ ᠠᠮᠣ | ᠪᠣᠳᠠᠭ᠎ᠠ᠂ ᠬᠦᠪᠦᠩ ᠮᠢᠨᠳᠠᠰᠤ᠂ ᠠᠷᠢᠬᠢ ᠲᠠᠷᠠᠰᠣ ᠵᠡᠷᠭᠡ ᠶᠢ ᠲᠣᠭᠳᠠᠭᠰᠠᠨ ᠲᠤᠭ᠎ᠠ ᠬᠡᠮᠵᠢᠶ᠎ᠡ ᠪᠠᠷ ᠾᠦᠩᠨᠦᠴᠦᠳ ᠲᠤ ᠬᠦᠷᠭᠡᠵᠥ ᠠᠯᠪᠠ ᠪᠠᠷᠢᠬᠤ ᠠᠴᠠ ᠭᠠᠳᠠᠨ᠎ᠠ | ᠪᠠᠰᠠ ᠬᠠᠭᠠᠨ ᠤ ᠪᠠᠨ ᠭᠦᠩᠵᠥ ᠬᠡᠣᠬᠡᠨ ᠢᠶᠠᠨ ᠾᠦᠩᠨᠦ ᠶᠢᠨ ᠴᠠᠨ ᠢᠥᠢ ᠳᠤ ᠬᠦᠷᠭᠡᠵᠥ ᠪᠠᠶᠢᠬᠤ ᠭᠠᠳᠠᠭᠠᠳᠣ ᠬᠠᠷᠢᠴᠠᠭ᠎ᠠ ᠶᠢ ᠲᠣᠪᠴᠢᠯᠠᠨ ︽ᠠᠯᠪᠠ ᠪᠠᠷᠢᠵᠣ | ᠭᠦᠩᠵᠥ ᠬᠦᠷᠭᠡᠬᠦ︾ ᠭᠡᠳᠡᠭ ᠪᠠᠶᠢᠵᠤ᠂ ᠾᠦᠩᠨᠦ ᠪᠣᠯᠣᠨ ᠬᠠᠨ ᠣᠯᠣᠰ ᠤᠨ ᠬᠤᠭᠤᠷᠣᠨᠳᠣᠬᠢ ᠡᠪᠰᠡᠬᠦ ᠣᠷᠤᠭ ᠤᠨ ᠬᠠᠷᠢᠴᠠᠭ᠎ᠠ ᠶᠢ ᠢᠯᠡᠳᠭᠡᠭᠰᠡᠨ | ᠲᠣᠪᠴᠢᠯᠠᠭᠰᠠᠨ ᠨᠡᠷ᠎ᠡ ᠦᠭᠡ ᠪᠣᠯᠣᠨ᠎ᠠ᠃ ᠡᠨᠡᠬᠦ ᠡᠪᠰᠡᠬᠦ ᠣᠷᠤᠭ ᠤᠨ ᠡᠭᠦᠰᠦᠯ ᠪᠣᠯ ᠮᠠᠰᠢ ᠨᠠᠷᠢᠨ ᠪᠣᠳᠣᠯᠢᠶᠠᠨ ᠲᠠᠢ ᠭᠠᠳᠠᠭᠠᠳᠣ ᠬᠠᠷᠢᠯᠴᠠᠭ᠎ᠠ ᠪᠠ ᠴᠡᠷᠢᠭ ᠲᠠᠶᠢᠨ | ᠤ ᠶᠠᠪᠣᠴᠠ ᠶᠢ ᠲᠠᠮᠵᠢᠨ ᠡᠭᠦᠰᠴᠡᠢ᠃ ᠭᠡᠪᠡᠴᠥ ᠬᠡᠳᠦᠶᠢᠪᠡᠷ ᠬᠠᠨ ᠣᠯᠣᠰ ᠤᠨ ᠠᠩᠬᠠᠨ ᠤ ᠬᠠᠭᠠᠨ ᠯᠢᠥ ᠪᠠᠩ ᠤᠨ ᠦᠶ᠎ᠡ ᠳᠤ ᠾᠦᠩᠨᠦ ᠶᠢᠨ ᠪᠣᠭᠳᠠ ︵冒顿 | ︶ ᠴᠠᠨ ᠢᠥᠢ ᠳᠤ ᠴᠡᠷᠢᠭ ᠲᠠᠷᠣᠭᠳᠠᠨ ᠪᠦᠰᠡᠯᠡᠭᠳᠡᠵᠥ ᠠᠷᠭ᠎ᠠ ᠪᠣᠰᠣ ᠪᠠᠶᠢᠳᠠᠯ ᠳᠤ ᠡᠪᠰᠡᠬᠦ ᠣᠷᠤᠭ ᠤᠨ ᠪᠣᠯᠵᠤᠭ᠎ᠠ ᠶᠢ ᠲᠣᠭᠳᠠᠭᠰᠠᠨ ᠪᠣᠯᠪᠠᠴᠤ᠂ ᠵᠢᠭᠠᠬᠠᠨ | ᠬᠤᠵᠢᠮ ᠰᠢᠭ᠋ ᠦᠶ᠎ᠡ ᠪᠣᠯᠣᠭᠠᠳ ᠬᠠᠨ ᠣᠯᠣᠰ ᠪᠣᠯᠵᠤᠭ᠎ᠠ ᠶᠣᠰᠣᠭᠠᠷ ᠢᠶᠠᠨ ᠠᠯᠪᠠ ᠪᠠᠷᠢᠬᠤ ᠪᠠᠨ ᠪᠣᠯᠢᠭᠰᠠᠨ ᠪᠣᠶᠤ ᠣᠳᠠᠭᠠᠰᠢᠷᠠᠭᠤᠯᠬᠤ ᠵᠡᠷᠭᠡ ᠪᠠᠶᠢᠳᠠᠯ ᠨᠡᠶᠢᠳᠡᠮ | ᠣᠷᠣᠰᠢᠵᠤ ᠪᠠᠶᠢᠵᠠᠢ᠃ ᠡᠶᠢᠮᠦ ᠪᠠᠶᠢᠳᠠᠯ ᠲᠣᠣᠷ᠎ᠠ ᠾᠦᠩᠨᠦ ᠶᠢᠨ ᠲᠠᠯ᠎ᠠ ᠠᠴᠠ ᠠᠪᠣᠭᠰᠠᠨ ᠠᠷᠭ᠎ᠠ ᠬᠡᠮᠵᠢᠶ᠎ᠡ ᠭᠡᠪᠡᠯ ᠠᠩᠬᠠᠨ ᠦᠶ᠎ᠡ ᠶᠢᠨ ᠪᠣᠭᠳᠠ ᠴᠠᠨ ᠢᠥᠢ ᠵᠡᠷᠭᠡ | ᠬᠦᠮᠦᠰ ᠪᠣᠯ ᠬᠠᠰᠢᠯᠠ ᠨᠠᠶᠢᠷᠠᠮᠳᠠᠯ ᠢᠶᠠᠷ ᠰᠢᠢᠳᠪᠦᠷᠢᠯᠡᠬᠦ ᠶᠢ ᠵᠣᠷᠢᠵᠤ᠂ ᠵᠠᠬᠢᠳᠠᠯ ᠴᠢᠮᠡᠭᠡ ᠨᠡᠪᠳᠡᠷᠡᠯᠴᠡᠵᠥ ᠠᠰᠠᠭᠤᠳᠠᠯ ᠢᠶᠠᠨ ᠰᠢᠢᠳᠪᠦᠷᠢᠯᠡᠬᠦ ᠶᠢ ᠵᠣᠷᠢᠵᠤ ᠪᠠᠶᠢᠪᠠ᠃ | ᠮᠢᠨᠦ ᠠᠳᠡ ᠨᠡᠶᠢᠳᠡᠯᠡᠬᠦ ᠪᠠᠷ ᠪᠡᠯᠡᠳᠭᠡᠭᠰᠡᠨ ᠠᠭᠤᠯᠭ᠎ᠠ ᠪᠣᠯ ᠲᠠᠷᠣᠢ ᠬᠠᠨ ᠣᠯᠣᠰ ᠪᠣᠯᠣᠨ ᠾᠦᠩᠨᠦ ᠶᠢᠨ ᠬᠠᠭᠠᠳ ᠨᠠᠷ ᠤᠨ ᠬᠤᠭᠤᠷᠣᠨᠳᠣ ᠬᠢ ᠡᠶᠢᠮᠦᠷᠭᠦ ᠵᠠᠬᠢᠳᠠᠯ | ᠴᠢᠮᠡᠭᠡᠨ ᠤ ᠬᠠᠷᠢᠯᠴᠠᠭ᠎ᠠ ᠶᠢ ᠦᠭᠦᠯᠡᠶ᠎ᠡ ᠭᠡᠰᠡᠨ ᠶᠤᠮ᠃ ᠵᠠᠬᠢᠳᠠᠯ ᠴᠢᠮᠡᠭᠡ ᠪᠠᠷ ᠰᠢᠢᠳᠪᠦᠷᠢᠯᠡᠵᠥ ᠴᠢᠳᠠᠬᠤ ᠦᠭᠡᠢ ᠦᠶ᠎ᠡ ᠳᠤ ᠲᠠᠶᠢᠨ ᠪᠠᠶᠢᠯᠳᠣᠭᠠᠨ ᠢᠶᠠᠷ | ᠠᠰᠠᠭᠤᠳᠠᠯ ᠢ ᠰᠢᠢᠳᠬᠦ ᠭᠠᠭᠴᠠ ᠵᠠᠮ ᠦᠯᠡᠳᠡᠬᠦ ᠨᠢ ᠮᠡᠳᠡᠵᠢ ᠶᠢᠨ ᠬᠡᠷᠡᠭ ᠶᠤᠮ᠃ ᠲᠣᠷᠣᠭᠰᠢ ᠡᠭᠦᠨ ᠤ ᠲᠡᠣᠬᠡ ᠶᠢᠨ ᠦᠨᠳᠦᠰᠦ ᠠᠴᠠ ᠲᠣᠪᠴᠢᠯᠠᠨ ᠦᠭᠦᠯᠡᠶ᠎ᠡ᠃ | ᠾᠦᠩᠨᠦ ᠲᠦᠷᠦ ᠶᠢᠨ ᠲᠡᠣᠬᠡᠨ ᠳᠤ ᠲᠡᠮᠳᠡᠭᠯᠡᠯ ᠲᠠᠢ ᠬᠤᠶᠠᠳᠣᠭᠠᠷ ᠦᠶ᠎ᠡ ᠶᠢᠨ ᠡᠵᠡᠨ ᠪᠣᠭᠳᠠ ᠴᠠᠨ ᠢᠥᠢ᠂ ᠰᠠᠭᠤᠷᠢᠨ ᠳᠤ ᠰᠠᠭᠤᠭᠰᠠᠨ ᠤ ᠲᠠᠷᠠᠭ᠎ᠠ | ᠶᠢᠰᠦᠳᠦᠭᠡᠷ ᠣᠨ᠂ ᠬᠠᠨ ᠣᠯᠣᠰ ᠤᠨ ᠠᠩᠬᠠᠨ ᠤ ᠬᠠᠭᠠᠨ ᠯᠢᠥ ᠪᠠᠩ ᠬᠠᠭᠠᠨ ᠰᠠᠭᠤᠷᠢᠨ ᠳᠤ ᠰᠠᠭᠤᠭᠰᠠᠨ ᠤ ᠲᠠᠷᠠᠭ᠎ᠠ ᠭᠤᠷᠪᠠᠳᠣᠭᠠᠷ ᠣᠨ᠂ ᠨᠡᠶᠢᠲᠡ ᠶᠢᠨ | ᠣᠨ ᠲᠣᠭᠠᠯᠠᠯ ᠤᠨ ᠡᠮᠦᠨ᠎ᠡ 200 ᠣᠨ ᠳᠤ ᠾᠦᠩᠨᠦ ᠪᠣᠯᠣᠨ ᠬᠠᠨ ᠣᠯᠣᠰ ᠤᠨ ᠬᠠᠷᠢᠴᠠᠭᠠᠨ ᠤ ᠲᠡᠤᠬᠡᠨ ᠳᠤ ᠠᠷᠢᠯᠣᠰᠢ ᠦᠭᠡᠢ ᠨᠢᠭᠡᠨ ᠶᠡᠭᠡ ᠬᠡᠷᠡᠭ | ᠡᠭᠦᠰᠴᠡᠢ᠃ ᠡᠨᠡ ᠶᠡᠭᠡ ᠬᠡᠷᠡᠭ ᠬᠤᠶᠠᠷ ᠣᠯᠣᠰ ᠤᠨ ᠲᠣᠬᠠᠢ ᠶᠢᠨ ᠦᠶ᠎ᠡ ᠶᠢᠨ ᠴᠠᠭ ᠤᠨ ᠪᠠᠶᠢᠳᠠᠯ ᠲᠠᠢ ᠨᠢᠬᠳᠠ ᠬᠤᠯᠪᠣᠭᠳᠠᠯ ᠲᠠᠢ ᠪᠠᠶᠢᠵᠠᠢ᠃ ᠾᠦᠩᠨᠦ ᠶᠢᠨ | ᠲᠠᠯ᠎ᠠ ᠠᠴᠠ ᠦᠬᠦᠯᠡᠪᠡᠯ᠂ ᠡᠷᠲᠡ ᠦᠶ᠎ᠡ ᠴᠢᠨ ᠣᠯᠣᠰ ᠬᠦᠴᠦᠷᠬᠡᠭᠵᠢᠨ ᠮᠠᠨᠳᠣᠭᠠᠳ ᠾᠦᠩᠨᠦ ᠶᠢᠨ ᠨᠣᠳᠤᠭ ᠲᠡᠪᠢᠰᠭᠡᠷ ᠢ ᠶᠡᠭᠡ ᠬᠡᠮᠵᠢᠶ᠎ᠡ ᠪᠠᠷ ᠲᠦᠷᠢᠮᠡᠬᠡᠶᠢᠯᠡᠨ | ᠡᠵᠡᠯᠡᠵᠥ᠂ ᠾᠦᠩᠨᠦᠴᠦᠳ ᠤᠨ ᠭᠤᠪᠢ ᠶᠢᠨ ᠡᠮᠦᠨ᠎ᠡ ᠠᠮᠢᠳᠣᠷᠠᠬᠤ ᠪᠣᠯᠣᠮᠵᠢ ᠶᠢ ᠬᠦᠷᠳᠡᠯ᠎ᠡ ᠨᠢᠭᠡᠮᠦᠰᠦᠨ ᠪᠣᠰᠨᠢᠭᠤᠯᠵᠠᠢ᠃ ᠡᠶᠢᠮᠦ ᠠᠴᠠ ᠾᠦᠩᠨᠦ ᠶᠢᠨ ᠡᠵᠡᠳ | ᠬᠠᠭᠠᠳ ᠨᠢ ᠪᠦᠷ ᠭᠤᠪᠢ ᠶᠢᠨ ᠠᠷᠣ ᠳᠤ ᠣᠴᠢᠭᠠᠳ ᠠᠮᠢᠳᠣᠷᠠᠵᠣ ᠪᠠᠶᠢᠵᠠᠢ᠃ ᠣᠳᠠᠯ ᠴᠢᠨ ᠣᠯᠣᠰ ᠦᠳᠳᠡᠷ ᠲᠦᠷᠭᠡᠨ ᠨᠣᠷᠠᠨ ᠮᠦᠬᠦᠬᠦ ᠦᠶ᠎ᠡ ᠳᠤ ᠾᠦᠩᠨᠦ | ᠶᠢᠨ ᠪᠣᠭᠳᠠ ᠴᠠᠨ ᠢᠥᠢ ᠶᠢᠨ ᠴᠠᠭ ᠦᠶ᠎ᠡ ᠬᠦᠷᠴᠦ ᠢᠷᠡᠨ᠂ ᠾᠦᠩᠨᠦᠴᠦᠳ ᠡᠬᠢᠯᠡᠨ ᠬᠦᠴᠦᠷᠬᠡᠭᠵᠢᠨ ᠪᠣᠰᠴᠤ᠂ ᠠᠯᠳᠠᠭᠰᠠᠨ ᠨᠣᠳᠤᠭ ᠣᠰᠣ ᠪᠠᠨ ᠡᠭᠡᠭᠦᠯᠦᠨ | ᠠᠪᠴᠣ ᠪᠠᠶᠢᠭᠰᠠᠨ ᠴᠠᠭ ᠦᠶ᠎ᠡ ᠬᠦᠷᠴᠥ ᠢᠷᠡᠪᠡ᠃ ᠡᠭᠦᠨ ᠢ ᠰᠧ ᠮᠠ ᠴᠢᠶᠠᠨ ᠤ ᠰᠣᠳᠣᠷ ᠲᠡᠮᠳᠡᠭᠯᠡᠯ ᠭᠡᠳᠡᠭ ᠲᠡᠣᠬᠡᠨ ᠪᠢᠴᠢᠭ ᠳᠠᠬᠢ ᠦᠭᠡ ᠪᠠᠷ ᠬᠡᠯᠡᠪᠡᠯ ︽ | ᠨᠢᠭᠡᠨᠲᠡ ᠬᠠᠭᠤᠴᠢᠨ ᠬᠢᠯᠢ ᠪᠠᠷ ᠬᠠᠨ ᠣᠯᠣᠰ ᠲᠠᠢ ᠬᠢᠯᠢᠯᠡᠬᠦ ᠪᠣᠯᠪᠠ︾ ᠭᠡᠵᠡᠢ᠃ ᠬᠠᠭᠤᠴᠢᠨ ᠬᠢᠯᠢ ᠭᠡᠳᠡᠭ ᠨᠢ ᠴᠢᠨ ᠣᠯᠣᠰ ᠤᠨ ᠠᠩᠬᠠᠨ ᠦᠶ᠎ᠡ ᠶᠢᠨ ᠾᠦᠩᠨᠦ | ᠪᠣᠯᠣᠨ ᠴᠢᠨ ᠣᠯᠣᠣᠰ ᠤᠨ ᠬᠢᠯᠢ ᠪᠣᠯᠣᠨ᠎ᠠ᠃ ᠬᠠᠨ ᠣᠯᠣᠰ ᠤᠨ ᠲᠠᠯ᠎ᠠ ᠠᠴᠠ ᠦᠵᠡᠪᠡᠯ᠂ ᠣᠯᠣᠰ ᠪᠠᠶᠢᠭᠤᠯᠬᠤ ᠠᠩᠬᠠᠨ ᠬᠤᠭᠤᠴᠠᠭᠠᠨ ᠳᠤ ᠠᠯᠢ ᠣᠯᠠᠨ | ᠭᠠᠪᠢᠶᠠᠳᠣ ᠳᠦᠰᠢᠮᠡᠳ ᠢᠶᠠᠨ ᠨᠢᠭᠡᠨᠳᠡ ᠸᠠᠩ ᠾᠸᠥ ᠡᠷᠭᠦᠮᠵᠢᠯᠡᠬᠦ ᠪᠠᠷ ᠦᠭᠶᠦᠭᠡᠳᠡᠨ ᠲᠠᠳᠠᠵᠣ᠂ ᠣᠯᠣᠰ ᠪᠠᠶᠢᠭᠤᠯᠣᠮᠠᠭᠴᠠ ᠪᠠᠨ ᠡᠬᠢᠯᠡᠨ ᠡᠳᠡᠭᠡᠷ ᠬᠠᠷᠢ | ᠣᠪᠣᠭᠳᠠᠨ ᠤ ᠸᠠᠩ ᠨᠡᠷ ᠢᠶᠠᠨ ᠣᠰᠠᠳᠬᠠᠵᠣ ᠡᠬᠢᠯᠡᠵᠡᠢ᠃ ᠢᠩᠬᠢᠵᠥ ᠶᠡᠭᠡ ᠡᠷᠬᠡ ᠶᠢ ᠪᠦᠷ ᠲᠦᠪ ᠲᠡᠭᠡᠨ ᠲᠦᠪᠯᠡᠷᠡᠬᠦᠯᠬᠦ ᠪᠠᠷ ᠣᠷᠣᠯᠳᠣᠵᠣ ᠡᠬᠢᠯᠡᠵᠡᠢ᠃ ᠦᠭᠡᠷ᠎ᠡ | ᠪᠠᠷ ᠬᠡᠯᠡᠪᠡᠯ ᠬᠠᠭᠠᠨ ᠭᠠᠭᠴᠠᠭᠠᠷ ᠡᠵᠡᠮᠰᠢᠯᠳᠥ ᠡᠷᠬᠡ ᠠᠳᠬᠤᠬᠤ ᠶᠢᠨ ᠲᠦᠯᠦᠭᠡ᠂ ᠣᠯᠠᠨ ᠸᠠᠩ ᠾᠸᠥ ᠶᠢᠨ ᠡᠷᠬᠡ ᠶᠢ ᠶᠡᠬᠡᠪᠡᠷ ᠬᠢᠵᠠᠭᠠᠷᠯᠠᠬᠤ ᠠᠷᠭ᠎ᠠ ᠬᠡᠮᠵᠢᠶ᠎ᠡ | ᠠᠪᠴᠠᠢ᠃ ᠢᠩᠭᠢᠵᠥ ᠵᠠᠷᠢᠮ ᠸᠠᠩ ᠨᠡᠷ ᠨᠢ ᠡᠰᠡᠷᠭᠦᠴᠡᠯ ᠭᠠᠷᠭᠠᠵᠤ ᠠᠯᠠᠭᠳᠠᠨ᠂ ᠵᠠᠷᠢᠮ ᠨᠢ ᠬᠡᠷᠭᠢᠮ ᠵᠡᠷᠭᠡ ᠪᠠᠨ ᠬᠤᠰᠣᠭᠳᠠᠭᠰᠠᠨ ᠳᠤ ᠦᠯᠡᠳᠡᠭᠰᠡᠨ ᠪᠣᠰᠣᠳ ᠨᠢ | ᠠᠶᠣᠬᠤ ᠶᠢᠨ ᠡᠷᠬᠡᠨ ᠳᠤ ᠬᠤᠶᠢᠨ᠎ᠠ ᠬᠤᠶᠢᠨ᠎ᠠ ᠠᠴᠠ ᠪᠠᠨ ᠣᠷᠪᠠᠵᠣ ᠪᠣᠰᠬᠤ ᠬᠡᠷᠡᠭ ᠵᠣᠷᠢᠭ ᠦᠷᠬᠦᠯᠵᠢᠯᠡᠨ ᠭᠠᠷᠴᠣ᠂ ᠲᠣᠲᠣᠭᠠᠳᠣ ᠶᠢᠨ ᠵᠢᠭᠤᠷᠭᠠᠨ ᠰᠠᠮᠠᠭᠤᠨ | ᠲᠠᠰᠣᠷᠠᠰᠢ ᠦᠭᠡᠢ ᠦᠷᠬᠦᠯᠵᠢᠯᠡᠨ᠂ ᠭᠠᠳᠠᠭᠠᠳᠣ ᠳᠠᠭᠠᠨ ᠲᠡᠮᠡᠢ ᠶᠡᠭᠡ ᠰᠠᠨᠠᠭ᠎ᠠ ᠪᠣᠯᠵᠤ ᠠᠮᠵᠢᠬᠤ ᠦᠭᠡᠢ ᠴᠠᠭ ᠦᠶ᠎ᠡ ᠪᠣᠯᠣᠭᠠᠳ ᠪᠠᠶᠢᠵᠠᠢ᠃ | ᠶᠠᠭ ᠡᠶᠢᠮᠦᠷᠬᠦ ᠵᠣᠷᠢᠯᠭ᠎ᠠ ᠪᠠᠷ ᠬᠠᠨ ᠭᠤᠣ ᠽᠣ᠋ ᠬᠠᠭᠠᠨ ᠯᠢᠥ ᠪᠠᠩ᠂ ᠲᠣᠯᠣᠭᠠᠨ ᠬᠠᠷᠢ ᠣᠪᠣᠭᠲᠠᠨ ᠤ ᠸᠠᠩ ᠤᠨ ᠨᠢᠭᠡ ᠮᠦᠷᠳᠡᠭᠡᠨ ᠬᠦᠴᠦᠨ ᠴᠢᠳᠠᠯ ᠢᠶᠠᠷ | ᠬᠠᠮᠤᠭ ᠲᠣᠷᠣᠢ ᠨᠢᠭᠡᠨ ᠪᠣᠯᠬᠤ ᠬᠠᠨ ᠸᠠᠩ ᠬᠠᠨ ᠰᠢᠨ ᠤ ᠡᠷᠭᠦᠮᠵᠢᠯᠡᠯᠲᠥ ᠨᠣᠳᠤᠭ ᠢ ᠨᠢ ᠪᠣᠯᠢᠶᠠᠨ ᠠᠪᠴᠤ᠂ ᠲᠡᠭᠦᠨ ᠢ ᠾᠦᠩᠨᠦ ᠲᠠᠢ ᠬᠢᠯᠢ ᠵᠠᠯᠭᠠᠵᠤ ᠪᠠᠶᠢᠭ᠎ᠠ | ᠬᠢᠵᠠᠭᠠᠷ ᠣᠷᠣᠨ ᠳ᠋ᠠᠢ ᠭᠠᠵᠠᠷ ᠲᠤ ᠲᠠᠬᠢᠨ ᠲᠣᠬᠢᠷᠠᠭᠤᠯᠣᠨ᠂ ᠮᠠ ᠶᠢ ᠭᠡᠳᠡᠭ ᠦᠴᠦᠬᠡᠨ ᠬᠤᠲᠠ ᠳᠤ ᠨᠡᠶᠢᠰᠯᠡᠳᠦᠬᠡᠢ ᠬᠡᠮᠡᠨ ᠶᠠᠪᠣᠭᠤᠯᠣᠭᠰᠠᠨ ᠶᠤᠮ᠃ ᠬᠠᠨ | ᠣᠯᠣᠰ ᠤᠨ ᠲᠦᠷᠦ ᠶᠢᠨ ᠠᠩᠬᠠᠨ ᠦᠶ᠎ᠡ ᠪᠠᠷ ᠬᠠᠨ ᠰᠢᠨ ᠨᠡᠷ᠎ᠡ ᠲᠠᠢ ᠬᠦᠮᠦᠨ ᠬᠤᠶᠠᠷ ᠪᠠᠶᠢᠵᠠᠢ᠃ ᠨᠢᠭᠡ ᠨᠢ ᠮᠠᠨ ᠤ ᠠᠳᠡ ᠦᠭᠦᠯᠡᠨ ᠪᠦᠬᠦᠢ ᠬᠠᠨ ᠸᠠᠩ ᠬᠠᠨ | ᠰᠢᠨ ᠪᠣᠯ ᠡᠷᠲᠡᠨ ᠤ ᠪᠠᠶᠢᠯᠳᠣᠭᠠᠨᠳᠣ ᠣᠯᠣᠰ ᠤᠨ ᠨᠢᠭᠡᠨ ᠪᠣᠯᠬᠤ ᠬᠠᠨ ᠣᠯᠣᠰ ᠤᠨ ᠸᠠᠩ ᠤᠨ ᠬᠤᠶᠢᠴᠢᠰ ᠮᠦᠷᠳᠡᠭᠡᠨ ᠯᠢᠥ ᠪᠠᠩ ᠤᠨ ᠪᠣᠰᠣᠯᠭ᠎ᠠ ᠶᠢ | ᠴᠣᠣᠷᠢᠶᠠᠳᠣᠨ ᠲᠠᠭᠠᠭᠰᠠᠨ ᠭᠠᠪᠢᠶ᠎ᠠ ᠪᠣᠢ ᠶᠢᠨ ᠲᠣᠯᠠ ᠬᠠᠨ ᠸᠠᠩ ᠡᠷᠭᠦᠮᠵᠢᠯᠡᠭᠳᠡᠭᠰᠡᠨ ᠬᠠᠨ ᠰᠢᠨ ᠭᠡᠳᠡᠭ ᠬᠦᠮᠦᠨ ᠶᠤᠮ᠃ ᠨᠦᠭᠦᠭᠡ ᠨᠢ ᠬᠠᠨ ᠣᠯᠣᠰ ᠤᠨ ᠡᠬᠢᠨ | ᠦᠶ᠎ᠡ ᠶᠢᠨ ᠴᠡᠷᠢᠭ ᠲᠠᠶᠢᠨ ᠤ ᠡᠷᠲᠡᠮᠳᠡᠨ ᠬᠡᠮᠡᠨ ᠠᠯᠳᠠᠷᠰᠢᠭᠰᠠᠨ ᠬᠤᠸᠠᠢ ᠶᠢᠨ ᠾᠸᠥ ᠬᠡᠷᠭᠢᠮ ᠲᠠᠢ ᠶᠡᠭᠡ ᠵᠠᠩᠵᠣᠨ ᠬᠠᠨ ᠰᠢᠨ ᠪᠣᠯᠣᠨ᠎ᠠ᠃ ᠡᠮᠦᠨᠡᠬᠢ ᠶᠢ ᠨᠢ | ᠪᠢᠳᠡ ᠬᠠᠨ ᠸᠠᠩ ᠬᠠᠨ ᠰᠢᠨ ᠭᠡᠵᠥ᠂ ᠬᠤᠶᠢᠨᠠᠬᠢ ᠶᠢ ᠨᠢ ᠬᠤᠸᠠᠢ ᠶᠢᠨ ᠾᠸᠥ ᠬᠠᠨ ᠰᠢᠨ ᠭᠡᠵᠥ ᠲᠣᠲᠣᠳᠬᠠᠶᠠ᠃ | ᠳ᠋ᠠᠢ ᠭᠠᠵᠠᠷ ᠪᠣᠯ ᠶᠡᠭᠡ ᠲᠦᠯᠦᠪ ᠣᠳᠣᠬᠢ ᠾᠧᠪᠸᠢ ᠮᠣᠵᠢ ᠶᠢᠨ ᠪᠠᠷᠠᠭᠤᠨ ᠬᠤᠶᠢᠨ᠎ᠠ ᠬᠡᠰᠡᠭ ᠪᠣᠯᠣᠨ ᠱᠠᠨ ᠰᠢ ᠮᠣᠵᠢ ᠶᠢᠨ ᠲᠣᠮᠳᠠᠳᠣ ᠵᠡᠭᠦᠨ ᠬᠤᠶᠢᠳᠤ | ᠬᠡᠰᠡᠭ ᠢ ᠪᠠᠭᠳᠠᠭᠠᠵᠤ ᠪᠠᠶᠢᠭᠰᠠᠨ ᠨᠣᠳᠤᠭ ᠶᠤᠮ᠃ ᠡᠨᠡ ᠨᠣᠳᠤᠭ ᠬᠠᠨ ᠰᠢᠨ ᠤ ᠠᠩᠬ᠎ᠠ ᠡᠷᠭᠦᠮᠵᠢᠯᠡᠭᠳᠡᠭᠰᠡᠨ ᠨᠣᠳᠤᠭ ᠵᠦᠩ ᠶᠣᠸᠠᠨ ᠣᠷᠣᠨ ᠲᠠᠢ | ᠬᠠᠷᠢᠴᠠᠭᠤᠯᠪᠠᠯ ᠬᠦᠮᠦᠨ ᠠᠮᠨ ᠴᠦᠬᠡᠨ᠂ ᠭᠠᠷᠣᠯᠳᠠ ᠪᠠᠭ᠎ᠠ ᠡᠳ᠋ ᠬᠤᠮᠰᠠ ᠶᠠᠳᠠᠭᠤ ᠲᠠᠷᠴᠢᠭ ᠢ ᠬᠡᠯᠡᠬᠦ ᠦᠭᠡᠢ᠂ ᠨᠡᠩ ᠴᠢᠬᠤᠯᠠ ᠨᠢ ᠾᠦᠩᠨᠦ ᠣᠯᠣᠰ ᠲᠠᠢ ᠬᠢᠯᠢ | ᠵᠠᠯᠭᠠᠵᠤ ᠲᠠᠶᠢᠨ ᠲᠠᠵᠢᠨ ᠤ ᠠᠶᠣᠯ ᠴᠠᠭ ᠮᠦᠴᠡ ᠨᠢᠭᠤᠷᠯᠠᠵᠣ ᠪᠠᠶᠢᠳᠠᠭ ᠭᠠᠵᠠᠷ ᠪᠠᠶᠢᠵᠠᠢ᠃ ᠡᠶᠢᠮᠦ ᠠᠴᠠ ᠬᠠᠨ ᠸᠠᠩ ᠬᠠᠨ ᠰᠢᠨ ᠤ ᠲᠣᠣᠷᠠᠬᠢ ᠬᠦᠮᠦᠰ | ᠬᠡᠯᠡᠯᠭᠡᠨ ᠦᠭᠡᠢ ᠯᠢᠥ ᠪᠠᠩ ᠤᠨ ᠬᠠᠭᠠᠨ ᠲᠦᠷᠦ ᠳᠤ ᠲᠣᠩ ᠶᠡᠭᠡ ᠲᠣᠷ᠎ᠠ ᠦᠭᠡᠶᠢᠴᠡᠬᠦ ᠨᠢ ᠮᠡᠳᠡᠭᠡᠵᠢ ᠶᠢᠨ ᠬᠡᠷᠡᠭ ᠶᠤᠮ᠃ ᠶᠠᠭ ᠡᠨᠡ ᠦᠶ᠎ᠡ ᠪᠠᠷ ᠾᠦᠩᠨᠦ ᠶᠢᠨ | ᠴᠡᠷᠢᠭ ᠢᠷᠡᠵᠥ ᠲᠡᠭᠦᠨ ᠤ ᠨᠡᠶᠢᠰᠯᠡᠯ ᠮᠠ ᠶᠢ ᠶᠢ ᠪᠦᠰᠡᠯᠡᠭᠰᠡᠨ᠎ᠡ᠂ ᠬᠠᠨ ᠰᠢᠨ ᠬᠠᠭᠠᠨ ᠲᠦᠷᠦ ᠳᠡᠭᠡᠨ ᠭᠠᠯ ᠮᠡᠳᠦ ᠲᠦᠷᠭᠡᠨ ᠲᠣᠰᠠᠯᠠᠬᠤ ᠴᠡᠷᠢᠭ ᠢᠢᠷᠡᠭᠦᠯᠬᠦ | ᠪᠣᠯᠪᠠᠣ ᠬᠡᠮᠡᠨ ᠬᠤᠶᠢᠨ᠎ᠠ ᠬᠤᠶᠢᠨ᠎ᠠ ᠠᠴᠠ ᠨᠢ ᠡᠯᠴᠢ ᠲᠣᠪᠳᠣᠯᠭᠠᠭᠰᠠᠨ ᠴᠦ ᠬᠠᠭᠠᠨ ᠲᠦᠷᠦ ᠨᠢ ᠡᠯᠳᠡᠪ ᠰᠢᠯᠳᠠᠭ ᠢᠶᠠᠷ ᠴᠡᠷᠢᠭ ᠭᠠᠷᠴᠤ ᠲᠡᠭᠦᠨ ᠢ ᠲᠣᠰᠠᠯᠠᠭᠰᠠᠨ | ᠦᠭᠡᠢ ᠪᠣᠯᠬᠤᠷ᠂ ᠲᠡᠷᠡ ᠠᠷᠭ᠎ᠠ ᠦᠭᠡᠢ ᠾᠦᠩᠨᠦ ᠣᠯᠣᠰ ᠲᠤ ᠪᠠᠭᠤᠵᠤ ᠦᠭᠴᠡᠢ᠃ ᠲᠡᠭᠡᠭᠡᠳ ᠾᠦᠩᠨᠦ ᠶᠢᠨ ᠲᠠᠯ᠎ᠠ ᠠᠴᠠ ᠲᠡᠭᠦᠨ ᠲᠠᠢ ᠠᠯᠢ ᠲᠠᠯ᠎ᠠ ᠨᠢ ᠲᠠᠶᠢᠨ | ᠳᠤ ᠨᠢᠭᠤᠷᠯᠠᠪᠠᠯ ᠨᠦᠭᠦᠭᠡ ᠲᠠᠯ᠎ᠠ ᠨᠢ ᠵᠠᠪᠠᠯ ᠴᠡᠷᠢᠭ ᠭᠠᠷᠴᠣ ᠬᠠᠷᠢᠯᠴᠠᠨ ᠲᠣᠰᠠᠯᠠᠬᠤ ᠪᠠᠷ ᠣᠷᠢᠳᠠᠯ ᠨᠦᠬᠦᠴᠡᠯ ᠪᠣᠯᠭᠠᠨ ᠪᠣᠯᠵᠤᠭ᠎ᠠ ᠲᠣᠭᠳᠠᠨ᠂ ᠲᠡᠭᠦᠨ ᠢ ᠣᠯᠣᠰ | ᠲᠤᠨᠢ ᠲᠠᠯᠪᠢᠨ ᠶᠠᠪᠣᠭᠤᠯᠵᠠᠢ᠃ | ᠡᠶᠢᠮᠦ ᠠᠴᠠ ᠬᠠᠨ ᠰᠢᠨ ᠪᠣᠯᠣᠨ ᠲᠡᠭᠦᠨ ᠤ ᠭᠠᠷ ᠲᠣᠣᠷᠠᠬᠢ ᠵᠠᠩᠵᠣᠨ ᠨᠡᠷ ᠨᠢ ᠶᠠᠪᠣᠬᠤ ᠲᠤᠲᠤᠮ ᠬᠠᠨ ᠣᠯᠣᠰ ᠤᠨ ᠬᠠᠭᠠᠨ ᠲᠦᠷᠦ ᠶᠢ ᠨᠢᠳᠣᠨ ᠳᠡᠭᠡᠨ | ᠬᠠᠪᠴᠢᠬᠤ ᠦᠭᠡᠢ ᠪᠣᠯᠵᠤ᠂ ᠾᠦᠩᠨᠦ ᠶᠢᠨ ᠨᠡᠷ᠎ᠡ ᠶᠢ ᠡᠷᠭᠦᠨ ᠲᠠᠬᠢᠨ ᠲᠠᠪᠳᠠᠨ ᠡᠮᠦᠨᠡᠰᠢ ᠲᠦᠷᠢᠵᠥ ᠪᠣᠯᠢᠶᠠᠨ ᠲᠡᠭᠡᠷᠡᠮᠳᠡᠬᠦ ᠪᠣᠯᠵᠠᠢ᠃ ᠲᠠᠪᠰᠢᠭᠤᠷᠠᠭᠰᠠᠭᠠᠷ ᠪᠠᠶᠢᠵᠤ | ᠲᠣᠬᠠᠢ ᠶᠢᠨ ᠦᠶ᠎ᠡ ᠶᠢᠨ ᠱᠠᠨ ᠰᠢ ᠮᠣᠵᠢ ᠶᠢᠨ ᠬᠠᠮᠤᠭ ᠶᠡᠭᠡ ᠬᠤᠲᠠ ᠲᠠᠢ ᠶᠣᠸᠠᠨ ᠪᠣᠯᠣᠨ ᠶᠢᠨ ᠶᠠᠩ ᠢ ᠬᠦᠷᠲᠡᠯ᠎ᠡ ᠪᠣᠯᠢᠶᠠᠨ ᠲᠡᠭᠡᠷᠡᠮᠳᠡᠬᠦ ᠬᠡᠮᠵᠢᠶᠡᠨ ᠳᠤ ᠬᠦᠷᠪᠡ | ᠃ ᠯᠢᠥ ᠪᠠᠩ ᠦᠪᠡᠷ ᠤᠨ ᠬᠠᠭᠠᠨ ᠰᠠᠭᠤᠷᠢᠨ ᠢᠶᠠᠨ ᠵᠢᠭᠠᠬᠠᠨ ᠲᠦᠪᠬᠢᠨᠡᠭᠦᠯᠦᠮᠡᠭᠴᠡ ᠪᠠᠨ ᠡᠨᠡᠬᠦ ᠵᠢᠷᠦᠬᠡ ᠰᠡᠳᠭᠢᠯ ᠤᠨ ᠶᠡᠭᠡ ᠵᠣᠪᠠᠯᠠᠩ ᠪᠣᠯᠣᠭᠰᠠᠨ ᠬᠠᠨ ᠸᠠᠩ | ᠬᠠᠨ ᠰᠢᠨ ᠢ ᠪᠠᠭᠳᠠᠭᠠᠭᠰᠠᠨ ᠣᠷᠪᠠᠭᠰᠠᠨ ᠸᠠᠩ ᠨᠡᠷ ᠢᠶᠠᠨ ᠵᠠᠪᠠᠯ ᠲᠠᠷᠣᠩᠭᠤᠶᠢᠯᠠᠬᠤ ᠪᠠᠷ ᠪᠦᠬᠦ ᠣᠯᠣᠰ ᠤᠨ ᠭᠤᠴᠢᠨ ᠬᠤᠶᠠᠷ ᠲᠦᠮᠡᠨ ᠮᠣᠷᠢᠳᠣ ᠶᠠᠪᠠᠭᠨ ᠶᠡᠭᠡ | ᠴᠡᠷᠢᠭ ᠢᠶᠠᠨ ᠲᠠᠶᠢᠴᠢᠯᠠᠨ ᠮᠣᠷᠳᠠᠨ ᠭᠠᠷᠪᠠ᠃ ᠬᠠᠨ ᠰᠢᠨ ᠴᠢᠮᠡᠭᠡ ᠣᠯᠣᠮᠠᠭᠴᠠ ᠪᠠᠨ ᠾᠦᠩᠨᠦ ᠶᠢᠨ ᠪᠣᠭᠳᠠ ᠴᠠᠨ ᠢᠥᠢ ᠳᠤ ᠡᠯᠴᠢ ᠢᠯᠡᠭᠡᠨ ᠲᠣᠰᠠᠯᠠᠷᠠ ᠢᠷᠡᠬᠦ | ᠪᠣᠯᠪᠠᠤ ᠬᠡᠮᠡᠨ ᠭᠤᠶᠣᠴᠢᠯᠠᠯ ᠡᠷᠭᠦᠪᠡ᠃ ᠢᠩᠭᠢᠭᠡᠳ ᠪᠣᠭᠳᠠ ᠴᠠᠨ ᠢᠥᠢ ᠴᠦ ᠶᠡᠭᠡ ᠴᠡᠷᠢᠭ ᠢᠶᠠᠨ ᠲᠠᠶᠢᠴᠢᠯᠠᠨ ᠬᠠᠨ ᠣᠯᠣᠰ ᠤᠨ ᠬᠢᠯᠢ ᠳᠤ ᠣᠷᠣᠪᠠ᠃ ᠭᠡᠪᠡᠴᠦ | ᠬᠠᠨ ᠸᠠᠩ ᠬᠠᠨ ᠰᠢᠨ ᠤ ᠴᠡᠷᠢᠭ ᠭᠠᠭᠴᠠᠬᠠᠨ ᠣᠳᠠᠭᠠᠨ ᠤ ᠲᠠᠶᠢᠨ ᠢᠶᠠᠷ ᠯᠢᠥ ᠪᠠᠩ ᠤᠨ ᠴᠡᠷᠢᠭ ᠲᠤ ᠢᠯᠠᠭᠳᠠᠨ ᠰᠠᠷᠨᠢᠨ ᠪᠣᠷᠣᠭᠤᠯᠠᠪᠠ᠃ ᠡᠨᠡ ᠦᠶ᠎ᠡ ᠪᠠᠷ | ᠪᠣᠭᠳᠠ ᠴᠠᠨ ᠢᠥᠢ ᠴᠦᠬᠡᠨ ᠲᠣᠭᠠᠨ ᠤ ᠪᠠᠭᠤᠷᠠᠢ ᠴᠡᠷᠢᠭ ᠢᠶᠠᠨ ᠭᠠᠷᠭᠠᠨ ᠶᠢᠨ ᠶᠠᠩ ᠳᠤ ᠢᠯᠡᠭᠡᠨ ᠬᠠᠨ ᠣᠯᠣᠰ ᠤᠨ ᠶᠡᠭᠡ ᠴᠡᠷᠢᠭ ᠢ ᠦᠳᠦᠭᠡᠨ ᠣᠮᠠᠷᠠᠰᠢ | ᠨᠡᠬᠡᠭᠦᠯᠵᠥ᠂ ᠦᠪᠡᠷ ᠢᠶᠠᠨ ᠵᠢᠩᠬᠢᠨᠢ ᠭᠤᠣᠯ ᠬᠦᠴᠦ ᠪᠠᠨ ᠫᠢᠩ ᠴᠧᠩ ᠬᠤᠳᠠ ︵ᠣᠳᠣᠬᠢ ᠳ᠋ᠠ ᠲᠥᠩ ᠬᠤᠳᠠ︶ ᠶᠢᠨ ᠣᠶᠢᠷᠠᠯᠴᠠᠭ᠎ᠠ ᠪᠠᠢ ᠳ᠋ᠧᠩ ᠱᠠᠨ ᠭᠡᠳᠡᠭ | ᠠᠭᠤᠯᠠᠨ ᠳᠤ ᠪᠦᠭᠬᠦᠨ᠂ ᠬᠠᠨ ᠣᠯᠣᠰ ᠤᠨ ᠴᠡᠷᠢᠭ ᠢ ᠬᠤᠯᠠ ᠵᠠᠮ ᠠᠶᠠᠯᠠᠭᠤᠯᠣᠨ ᠵᠦᠳᠡᠭᠡᠵᠥ ᠪᠠᠶᠢᠭᠠᠳ ᠪᠠᠶᠢᠯᠳᠣᠬᠤ ᠪᠠᠷ ᠪᠡᠯᠡᠳᠭᠡᠨ ᠬᠦᠯᠢᠶᠡᠵᠠᠢ᠃ | ᠬᠠᠨ ᠣᠯᠣᠰ ᠤᠨ ᠣᠯᠠᠨ ᠵᠠᠩᠵᠣᠨ ᠨᠠᠷ ᠤᠨ ᠦᠵᠡᠬᠦ ᠪᠠᠷ ᠾᠦᠩᠨᠦ ᠶᠢᠨ ᠶᠢᠨ ᠶᠠᠩ ᠳᠤ ᠢᠷᠡᠭᠰᠡᠨ ᠴᠡᠷᠢᠭ᠂ ᠦᠩᠭᠡᠷᠡᠭᠰᠡᠨ ᠤ ᠬᠦᠮᠦᠰ ᠤᠨ ᠬᠡᠯᠡᠯᠴᠡᠬᠦ | ᠮᠡᠳᠦ ᠲᠡᠶᠢᠮᠦ ᠠᠶᠢᠬᠤᠪᠳᠣᠷ ᠴᠡᠷᠢᠭ ᠪᠢᠰᠢ ᠪᠠᠶᠢᠨ᠎ᠠ ᠬᠡᠮᠡᠨ ᠣᠮᠠᠷᠠᠰᠢ ᠨᠡᠬᠡᠶ᠎ᠡ ᠭᠡᠵᠥ ᠭᠤᠶᠣᠴᠢᠯᠠᠪᠠ᠃ ᠯᠢᠥ ᠪᠠᠩ ᠤᠨ ᠦᠵᠡᠬᠦ ᠪᠠᠷ ᠬᠡᠷᠰᠡᠥ ᠣᠷᠣᠬᠤ ᠨᠢ ᠬᠠᠮᠤᠭ | ᠮᠡᠷᠭᠡᠨ ᠠᠷᠭ᠎ᠠ ᠬᠡᠮᠡᠨ ᠲᠠᠬᠢᠨ ᠲᠠᠪᠳᠠᠨ ᠾᠦᠩᠨᠦ ᠶᠢᠨ ᠴᠠᠨ ᠢᠥᠢ ᠳᠤ ᠡᠯᠴᠢ ᠢᠯᠡᠭᠡᠨ᠂ ᠠᠮᠠᠨ ᠲᠡᠭᠡᠷ᠎ᠡ ᠪᠠᠨ ᠣᠷᠪᠠᠭᠰᠠᠨ ᠬᠤᠯᠠᠭᠠᠢ ᠬᠠᠨ ᠰᠢᠨ ᠲᠠᠢ | ᠪᠠᠶᠢᠯᠳᠣᠨᠠ᠂ ᠾᠦᠩᠨᠦ ᠲᠠᠢ ᠲᠠᠶᠢᠳᠣᠬᠤ ᠦᠭᠡᠢ ᠬᠡᠮᠡᠨ ᠬᠡᠯᠡᠯᠴᠡᠭᠡ ᠬᠢᠵᠥ ᠣᠬᠠᠭᠠᠯᠠᠵᠣ ᠪᠠᠶᠢᠪᠠᠴᠣ᠂ ᠠᠯᠣᠰ ᠴᠠᠭᠠᠨ᠎ᠠ ᠪᠠᠨ ᠾᠦᠩᠨᠦ ᠶᠢᠨ ᠴᠡᠷᠢᠭ ᠤᠨ ᠦᠨᠡᠨ | ᠪᠠᠶᠢᠳᠠᠯ ᠢ ᠲᠠᠩᠨᠠᠵᠣ ᠮᠡᠳᠡᠬᠦ ᠪᠠᠷ ᠴᠢᠷᠮᠠᠶᠢᠨ ᠣᠷᠣᠯᠳᠣᠵᠣ ᠪᠠᠶᠢᠵᠠᠢ᠃ ᠲᠡᠭᠦᠨ ᠤ ᠪᠣᠳᠣᠬᠤ ᠪᠠᠷ ᠨᠠᠭᠠᠳᠣ ᠵᠠᠬ᠎ᠠ ᠨᠢ ᠾᠦᠩᠨᠦ ᠬᠦᠮᠦᠰ ᠲᠠᠢ ᠲᠠᠶᠢᠯᠠᠯᠳᠣᠬᠤ ᠦᠭᠡᠢ | ᠪᠠᠷ ᠲᠡᠳᠡᠨᠡᠷ ᠢ ᠬᠢᠯᠢ ᠠᠴᠠ ᠬᠦᠭᠡᠭᠡᠨ ᠭᠠᠷᠭᠠᠪᠠᠴᠤ ᠲᠡᠭᠦᠨ ᠳᠤ ᠠᠰᠢᠭ ᠲᠠᠢ ᠬᠡᠷᠡᠭ ᠭᠡᠵᠥ ᠪᠣᠳᠣᠵᠠᠢ᠂ ᠣᠴᠢᠷ ᠨᠢ ᠲᠣᠬᠠᠢ ᠶᠢᠨ ᠦᠶ᠎ᠡ ᠳᠤ ᠴᠧᠨ ᠰᠢ ᠴᠦ | ᠣᠷᠪᠠᠭᠠᠳ ᠪᠠᠶᠢᠭᠰᠠᠨ ᠪᠣᠯᠬᠤᠷ ᠠᠳᠡ ᠠᠴᠠ ᠴᠢᠨᠠᠭᠰᠢ ᠪᠠᠰᠠ ᠴᠧᠨ ᠰᠢ ᠶᠢ ᠲᠠᠷᠣᠩᠭᠤᠶᠢᠯᠠᠬᠤ ᠴᠢᠬᠤᠯᠠ ᠲᠠᠢ ᠪᠠᠶᠢᠵᠠᠢ᠃ ᠾᠦᠩᠨᠦ ᠶᠢᠨ ᠲᠠᠯ᠎ᠠ ᠴᠦ ᠦᠪᠡᠷ ᠤᠨ | ᠠᠯᠢᠪᠠ ᠪᠡᠯᠡᠳᠭᠡᠯ ᠠᠵᠢᠯ ᠢᠶᠠᠨ ᠠᠮᠵᠢᠭᠤᠯᠣᠨ ᠬᠢᠵᠥ᠂ ᠰᠢᠯᠢᠳᠡᠭ ᠴᠢᠬᠢᠷᠠᠭ ᠴᠡᠷᠢᠭ ᠢᠶᠠᠨ ᠨᠢᠭᠡᠴᠥ ᠮᠡᠳᠡᠭᠳᠡᠭᠰᠡᠨ ᠦᠭᠡᠢ ᠨᠢᠭᠤᠵᠤ ᠪᠠᠶᠢᠪᠠ᠃ ᠣᠯᠠᠨ ᠣᠳᠠᠭᠠᠨ ᠤ | ᠡᠯᠴᠢ ᠬᠠᠷᠢᠯᠴᠠᠬᠤ ᠪᠠᠷ ᠲᠠᠮᠵᠢᠨ ᠾᠦᠩᠨᠦ ᠶᠢᠨ ᠴᠡᠷᠢᠭ ᠰᠠᠨᠠᠭᠠᠨ ᠠᠴᠠ ᠭᠠᠳᠠᠭᠤᠷ ᠪᠠᠭᠤᠷᠠᠢ ᠭᠡᠳᠡᠭ ᠪᠣᠷᠣᠭᠤ ᠣᠶᠢᠯᠭᠠᠯᠳᠠ ᠣᠯᠣᠭᠰᠠᠨ ᠬᠠᠨ ᠣᠯᠣᠰ ᠤᠨ | ᠬᠠᠭᠠᠨ ᠵᠠᠩᠵᠣᠨ ᠨᠡᠷ ᠦᠷᠬᠦᠯᠵᠢᠯᠡᠨ ᠣᠮᠠᠷᠠᠰᠢ ᠲᠣᠪᠳᠣᠯᠣᠨ᠂ ᠾᠦᠩᠨᠦᠴᠦᠳ ᠢ ᠬᠢᠯᠢ ᠭᠠᠷᠬᠤ ᠠᠴᠠ ᠡᠮᠦᠨ᠎ᠡ ᠵᠠᠪᠳᠣᠨ ᠣᠰᠠᠳᠬᠠᠬᠤ ᠪᠠᠷ ᠪᠠᠵᠠᠭᠠᠨ ᠶᠡᠭᠡ | ᠴᠡᠷᠢᠭ ᠢᠶᠠᠨ ᠰᠢᠪᠠᠳᠠᠨ ᠣᠮᠠᠷᠠᠰᠢᠢ ᠲᠣᠪᠳᠣᠯᠭᠠᠪᠠ᠃ ᠲᠣᠬᠠᠢ ᠶᠢᠨ ᠦᠶ᠎ᠡ ᠡᠪᠦᠯ ᠪᠣᠯᠣᠭᠠᠳ᠂ ᠴᠠᠰᠣ ᠪᠣᠷᠣᠭᠠᠨ ᠬᠤᠯᠢᠯᠳᠣᠨ ᠣᠷᠣᠵᠤ ᠮᠠᠰᠢ ᠬᠦᠢᠳᠡᠨ ᠪᠠᠶᠢᠭᠰᠠᠨ | ᠴᠦ ᠡᠳᠦᠷ ᠲᠠᠷᠠᠭᠠᠯᠠᠨ ᠴᠡᠷᠢᠭ ᠮᠣᠷᠢᠳ ᠢᠶᠠᠨ ᠲᠦᠷᠭᠡᠨ ᠲᠣᠪᠳᠣᠯᠭᠠᠭᠰᠠᠨ ᠤ ᠣᠯᠠᠮ ᠢᠶᠠᠷ ᠬᠠᠨ ᠣᠯᠣᠰ ᠤᠨ ᠲᠣᠯᠣᠭᠠᠨ ᠲᠦᠮᠡ ᠭᠠᠷᠣᠢ ᠮᠣᠷᠢᠳᠣ ᠴᠡᠷᠢᠭ ᠨᠢ | ᠫᠢᠩ ᠴᠧᠩ ᠣᠶᠢᠷᠠᠳᠴᠣ ᠢᠷᠡᠲᠡᠯ᠎ᠡ᠂ ᠶᠠᠪᠠᠭᠠᠨ ᠴᠡᠷᠢᠭ ᠨᠢ ᠮᠣᠷᠢᠳᠤ ᠴᠡᠷᠢᠭ ᠠᠴᠠ ᠪᠠᠨ ᠬᠤᠯᠠ ᠲᠠᠰᠣᠷᠠᠨ ᠬᠤᠶᠢᠨ᠎ᠠ ᠬᠤᠴᠣᠷᠴᠡᠢ᠃ ᠰᠣᠳᠣᠷ ᠲᠡᠮᠳᠡᠭᠯᠡᠯ ᠳᠤ | ᠲᠡᠮᠳᠡᠭᠯᠡᠭᠰᠡᠨ ᠢᠶᠠᠷ ᠬᠠᠨ ᠣᠯᠣᠰ ᠤᠨ ᠴᠡᠷᠢᠭ ᠡᠷᠡᠰ ᠴᠠᠰᠣ ᠪᠣᠷᠣᠭᠠᠨ ᠰᠦᠷᠦᠨ ᠣᠷᠣᠭᠰᠢᠯᠠᠵᠤ᠂ ᠬᠦᠢᠲᠡᠨ ᠳᠤ ᠢᠯᠳᠦ ᠵᠢᠳᠡ ᠪᠠᠨ ᠠᠳᠬᠤᠵᠤ ᠴᠢᠳᠠᠬᠤ ᠦᠭᠡᠢ | ᠪᠣᠯᠵᠤ᠂ ᠭᠠᠷ ᠤᠨ ᠬᠤᠷᠣᠭᠤ ᠪᠠᠨ ᠬᠦᠯᠳᠡᠭᠡᠨ ᠣᠨᠠᠭᠠᠰᠠᠳ ᠠᠷᠪᠠᠨ ᠤ ᠬᠤᠶᠠᠷ ᠭᠤᠷᠪᠠ ᠪᠠᠶᠢᠯ᠎ᠠ ᠭᠡᠵᠡᠢ᠃ ᠶᠠᠮᠠᠷ ᠪᠠᠶᠢᠭᠰᠠᠨ ᠴᠦ ᠬᠠᠨ ᠣᠯᠣᠰ ᠤᠨ ᠮᠣᠷᠢᠳᠣ | ᠴᠡᠷᠢᠭ ᠪᠠᠢ ᠳ᠋ᠧᠩ ᠱᠠᠨ ᠠᠭᠤᠯᠠ ᠣᠶᠢᠷᠠᠳᠣᠨ ᠬᠦᠷᠬᠦ ᠦᠶ᠎ᠡ ᠳᠤ ᠾᠦᠩᠨᠦ ᠶᠢᠨ ᠴᠡᠷᠢᠭ ᠬᠠᠨ ᠣᠯᠣᠰ ᠤᠨ ᠴᠡᠷᠢᠭ ᠤᠨ ᠡᠮᠦᠨ᠎ᠡ ᠲᠠᠯ᠎ᠠ ᠳᠤ ᠦᠷᠬᠦᠯᠵᠢᠯᠡᠨ | ᠣᠮᠠᠷᠠᠰᠢ ᠪᠣᠷᠣᠭᠤᠯᠠᠵᠤ ᠪᠠᠶᠢᠭ᠎ᠠ ᠨᠢ ᠬᠠᠷᠠᠭᠳᠠᠵᠠᠢ᠃ ᠯᠢᠥ ᠪᠠᠩ ᠵᠠᠷᠯᠢᠭ ᠣᠯᠠᠮᠵᠢᠯᠠᠨ᠂ ᠲᠠᠶᠢᠰᠣᠨ ᠢ ᠬᠢᠯᠢ ᠭᠠᠷᠬᠤ ᠠᠴᠠ ᠡᠮᠦᠨ᠎ᠡ ᠲᠠᠷᠣᠨ ᠣᠰᠠᠳᠬᠠᠭᠴᠢᠳ ᠲᠤ | ᠬᠦᠨᠳᠦᠳᠡ ᠱᠠᠩ ᠬᠦᠷᠲᠡᠭᠡᠮᠦᠢ ᠬᠡᠮᠡᠨ ᠴᠡᠷᠢᠭ ᠵᠠᠩᠵᠣᠨ ᠢᠶᠠᠨ ᠬᠦᠬᠢᠭᠦᠯᠦᠨ ᠲᠣᠪᠳᠣᠯᠭᠠᠨ ᠣᠷᠣᠪᠠ᠃ ᠦᠵᠡᠳᠡᠯ᠎ᠡ ᠲᠠᠶᠢᠰᠣᠨ ᠢᠶᠠᠨ ᠨᠡᠬᠡᠵᠥ ᠠᠮᠵᠢᠲᠠᠯᠠ᠂ | ᠭᠡᠨᠡᠳᠲᠡ ᠪᠠᠷ ᠠᠭᠤᠯᠠᠨ ᠬᠤᠶᠠᠷ ᠬᠠᠵᠠᠭᠤ ᠠᠴᠠ ᠾᠦᠩᠨᠦ ᠶᠢᠨ ᠬᠡᠳᠦᠨ ᠲᠦᠮᠡᠨ ᠮᠣᠷᠢᠳᠣ ᠴᠡᠷᠢᠭ ᠲᠠᠭᠠᠷᠢᠨ ᠭᠠᠷᠴᠣ ᠢᠷᠡᠨ᠂ ᠬᠠᠨ ᠣᠯᠣᠰ ᠤᠨ ᠴᠡᠷᠢᠭ ᠢ | ᠬᠦᠳᠡᠯᠵᠥ ᠪᠠᠷᠢᠵᠣ ᠠᠮᠵᠢᠬᠤ ᠠᠴᠠ ᠡᠮᠦᠨ᠎ᠡ ᠲᠠᠪᠬᠤᠷ ᠲᠠᠪᠬᠤᠷ ᠪᠦᠰᠡᠯᠡᠨ ᠠᠪᠣᠪᠠ᠃ ᠠᠳᠡ ᠬᠦᠷᠦᠭᠡᠳ ᠬᠠᠨ ᠣᠯᠣᠰ ᠤᠨ ᠬᠠᠭᠠᠨ ᠳᠦᠰᠢᠮᠡᠳ ᠠᠴᠠ ᠴᠡᠷᠢᠭ | ᠡᠷᠡᠰ ᠬᠦᠷᠳᠡᠯ᠎ᠡ ᠨᠢᠳᠦ ᠨᠢ ᠪᠦᠷ ᠣᠳᠣ ᠪᠣᠯᠵᠤ ᠣᠷᠣᠢ ᠲᠡᠭᠡᠷ᠎ᠡ ᠪᠠᠨ ᠭᠠᠷᠴᠠᠢ᠃ ᠣᠪᠣᠨ ᠴᠣᠪᠣᠨ ᠡᠮᠦᠨ᠎ᠡ ᠨᠢ ᠲᠣᠳᠠᠭᠠᠵᠤ ᠪᠠᠶᠢᠭᠰᠠᠨ ᠾᠦᠩᠨᠦ ᠴᠡᠷᠢᠭ ᠲᠠᠢ | ᠬᠠᠷᠢᠴᠠᠭᠤᠯᠪᠠᠯ᠂ ᠡᠨᠡ ᠰᠠᠶ᠋ᠢ ᠾᠦᠩᠨᠦ ᠶᠢᠨ ᠰᠢᠯᠢᠳᠡᠭ ᠴᠡᠷᠢᠭ ᠪᠠᠶᠢᠵᠣ᠂ ᠵᠢᠳᠠ ᠢᠯᠳᠦ ᠲᠤᠭ ᠬᠢᠬᠢᠷᠢ ᠨᠠᠷᠠ ᠰᠠᠷᠠᠨ ᠢ ᠬᠠᠯᠬᠠᠯᠠᠨ᠂ ᠬᠤᠶᠠᠭ ᠲᠣᠭᠤᠯᠭ᠎ᠠ ᠠᠴᠠ | ᠭᠡᠷᠡᠯ ᠰᠠᠴᠣᠷᠠᠨ᠂ ᠬᠠᠨ ᠣᠯᠣᠰ ᠤᠨ ᠴᠡᠷᠢᠭ ᠢ ᠬᠡᠳᠦᠨ ᠲᠠᠪᠬᠤᠷ ᠬᠤᠮᠣᠷᠭᠠᠯᠠᠨ ᠠᠪᠣᠪᠠ᠃ ᠬᠠᠨ ᠣᠯᠣᠰ ᠤᠨ ᠮᠣᠷᠢᠳᠣ ᠴᠡᠷᠢᠭ ᠨᠡᠶᠢᠲᠡ ᠲᠣᠯᠣᠭᠠᠨ ᠲᠦᠮᠡ | ᠪᠠᠶᠢᠯᠤᠭ᠎ᠠ ᠭᠡᠵᠥ ᠲᠡᠣᠬᠡ ᠰᠣᠳᠣᠷ ᠲᠤ ᠲᠡᠮᠳᠡᠭᠯᠡᠵᠡᠢ᠃ ᠡᠨᠡ ᠲᠣᠯᠣᠭᠠᠨ ᠲᠦᠮᠡᠨ ᠴᠡᠷᠢᠭ ᠲᠣᠲᠣᠷ᠎ᠠ ᠲᠡᠷᠡ ᠪᠦᠬᠦᠨ ᠢᠶᠠᠷ ᠢᠶᠠᠨ ᠪᠦᠷ ᠮᠣᠷᠢ ᠣᠨᠣᠭᠰᠠᠨ ᠮᠣᠷᠢᠲᠤ | ᠴᠡᠷᠢᠭ ᠪᠢᠰᠢ᠂ ᠬᠠᠷᠢᠨ ᠨᠡᠯᠢᠶᠡᠳ ᠲᠣᠭᠠᠨ ᠤ ᠮᠣᠷᠢᠳᠣ ᠴᠡᠷᠢᠭ ᠨᠢ ᠪᠣᠳᠠᠳᠠᠢ ᠬᠡᠯᠡᠪᠡᠯ ᠮᠣᠷᠢᠨ ᠲᠡᠷᠭᠡᠳᠥ ᠴᠡᠷᠢᠭ ᠪᠠᠶᠢᠵᠠᠢ᠃ ᠮᠣᠷᠢᠨ ᠲᠡᠷᠭᠡᠳᠦ ᠴᠡᠷᠢᠭ ᠪᠣᠯ ᠮᠣᠷᠢ | ᠣᠨᠣᠵᠤ ᠲᠠᠶᠢᠯᠠᠯᠳᠣᠵᠤ ᠴᠢᠳᠠᠬᠤ ᠦᠭᠡᠢ ᠪᠣᠶᠣ ᠮᠣᠷᠢ ᠣᠨᠣᠵᠤ ᠲᠠᠶᠢᠯᠠᠯᠳᠣᠬᠤ ᠲᠣᠨᠤᠭ ᠬᠡᠷᠡᠭᠰᠡᠨ ᠭᠦᠢᠴᠡᠳ ᠦᠭᠡᠢ ᠬᠢᠲᠠᠳ ᠬᠦᠮᠦᠰ ᠤᠨ ᠦᠪᠡᠷ ᠤᠨ ᠪᠠᠶᠢᠳᠠᠯ | ᠳᠠᠭᠠᠨ ᠲᠣᠬᠢᠷᠠᠭᠤᠯᠣᠭᠰᠠᠨ ᠴᠡᠷᠢᠭ ᠠᠩᠬᠢ ᠠᠵᠠᠢ᠃ ᠯᠢᠥ ᠪᠠᠩ ᠲᠡᠷᠡ ᠲᠣᠣᠷ᠎ᠠ ᠪᠠᠨ ᠴᠡᠷᠢᠭ ᠤᠨ ᠲᠡᠷᠭᠡ ᠪᠠᠷ ᠭᠠᠳᠠᠭᠤᠷ ᠢᠶᠠᠨ ᠬᠦᠷᠢᠶ᠎ᠡ ᠲᠠᠳᠠᠨ ᠾᠦᠩᠨᠦ ᠶᠢᠨ | ᠮᠣᠷᠢᠳᠣ ᠴᠡᠷᠢᠭ ᠤᠨ ᠲᠠᠭᠠᠷᠢᠯᠲᠠ ᠶᠢ ᠬᠤᠷᠢᠭᠯᠠᠵᠤ᠂ ᠲᠡᠷᠭᠡᠨ ᠵᠢᠬᠰᠠᠭᠠᠯ ᠤᠨ ᠲᠣᠲᠣᠷ᠎ᠠ ᠪᠠᠨ ᠬᠦᠴᠦᠳᠥ ᠨᠣᠮᠣ ᠪᠠᠷᠢᠭᠰᠠᠨ ᠴᠡᠷᠢᠭ ᠢᠶᠠᠨ ᠬᠡᠳᠦᠨ ᠲᠠᠪᠬᠤᠷ | ᠵᠢᠬᠰᠠᠭᠠᠨ᠂ ᠾᠦᠩᠨᠦ ᠴᠡᠷᠢᠭ ᠣᠶᠢᠷᠠᠳᠣᠨ ᠢᠷᠡᠪᠡᠯ ᠬᠠᠷᠪᠣᠨ ᠬᠤᠷᠢᠭᠯᠠᠵᠤ ᠪᠠᠶᠢᠪᠠ᠃ ᠬᠠᠨ ᠣᠯᠣᠰ ᠤᠨ ᠴᠡᠷᠢᠭ ᠡᠨᠡ ᠮᠡᠳᠦ ᠪᠠᠷ ᠪᠦᠰᠡᠯᠡᠭᠳᠡᠨ᠂ ᠲᠣᠯᠣᠭᠠᠨ | ᠡᠳᠦᠷ ᠲᠣᠯᠣᠭᠠᠨ ᠰᠦᠨᠢ ᠦᠯ ᠬᠤᠭᠤᠯᠠ ᠦᠭᠡᠢ ᠮᠦᠷᠳᠡᠭᠡᠨ ᠬᠤᠶᠢᠨ᠎ᠠ ᠬᠤᠴᠣᠷᠣᠭᠰᠠᠨ ᠶᠠᠪᠠᠭᠠᠨ ᠴᠡᠷᠢᠭ ᠲᠠᠢ ᠪᠠᠨ ᠴᠢᠮᠡᠭᠡ ᠮᠡᠳᠡᠭᠡ ᠲᠠᠰᠣᠷᠠᠨ᠂ ᠬᠠᠷᠢᠯᠴᠠᠨ | ᠶᠠᠮᠠᠷᠴᠣ ᠬᠤᠯᠪᠣᠭ᠎ᠠ ᠠᠪᠴᠣ ᠴᠢᠳᠠᠭᠰᠠᠨ ᠦᠭᠡᠢ ᠠᠵᠠᠢ᠃ ᠾᠦᠩᠨᠦ ᠴᠡᠷᠢᠭ᠂ ᠬᠠᠨ ᠣᠯᠣᠰ ᠤᠨ ᠴᠡᠷᠢᠭ ᠤᠨ ᠪᠦᠰᠡᠯᠡᠯᠲᠡ ᠶᠢᠨ ᠭᠠᠳᠠᠭᠤᠷ ᠲᠦᠷᠪᠡᠨ ᠲᠠᠯ᠎ᠠ ᠪᠠᠷ | ᠠᠭᠳᠠᠨ ᠤ ᠦᠩᠭᠡ ᠪᠠᠷ ᠢᠯᠭᠠᠷᠠᠭᠰᠠᠨ ᠮᠣᠷᠢᠳᠣ ᠴᠡᠷᠢᠭ ᠪᠦᠰᠡᠯᠡᠵᠥ᠂ ᠡᠮᠦᠨ᠎ᠡ ᠲᠠᠯ᠎ᠠ ᠪᠠᠷ ᠰᠢᠷᠭ᠎ᠠ ᠮᠣᠷᠢᠳᠣ ᠴᠡᠷᠢᠭ᠂ ᠠᠷᠣ ᠲᠠᠯ᠎ᠠ ᠪᠠᠷ ᠨᠢ ᠣᠰᠣᠨ ᠬᠠᠷ᠎ᠠ ᠬᠡᠬᠡᠷ | ᠮᠣᠷᠢ ᠣᠨᠣᠭᠰᠠᠨ ᠴᠡᠷᠢᠭ᠂ ᠵᠡᠭᠦᠨ ᠲᠠᠯ᠎ᠠ ᠪᠠᠷ ᠨᠢ ᠪᠦᠷ ᠪᠣᠷᠤ ᠮᠣᠷᠢ ᠣᠨᠣᠭᠰᠠᠨ ᠴᠡᠷᠢᠭ᠂ ᠪᠠᠷᠠᠭᠤᠨ ᠲᠠᠯ᠎ᠠ ᠪᠠᠷ ᠨᠢ ᠪᠦᠷ ᠴᠠᠭᠠᠨ ᠰᠠᠷᠠᠯ ᠮᠣᠷᠢᠳᠠᠨ ᠪᠠᠶᠢᠯᠤᠭ᠎ᠠ | ᠭᠡᠵᠡᠢ᠃ | ᠯᠢᠥ ᠪᠠᠩ ᠶᠠᠮᠠᠷ ᠪᠠᠶᠢᠭᠰᠠᠨ ᠴᠦ ᠨᠢᠭᠡᠨ ᠨᠠᠰᠣᠨ ᠳᠠᠭᠠᠨ ᠯᠣᠶᠢᠪᠠᠷᠴᠢᠨ ᠣᠯᠣᠰ ᠲᠦᠷᠦᠴᠢ ᠶᠠᠪᠣᠭᠰᠠᠨ ᠬᠦᠮᠦᠨ ᠪᠣᠯᠬᠤᠷ᠂ ᠭᠤᠣᠯ ᠨᠢ ᠲᠠᠰᠣᠷᠠᠬᠤ ᠦᠭᠡᠢ | ᠪᠣᠯ ᠭᠤᠷᠢ ᠨᠢ ᠳᠠᠰᠣᠷᠠᠬᠤ ᠦᠭᠡᠢ ᠭᠡᠳᠡᠭᠴᠢᠯᠡᠨ᠂ ᠬᠡᠳᠦᠶᠢᠪᠡᠷ ᠲᠠᠶᠢᠰᠣᠨ ᠳᠠᠭᠠᠨ ᠪᠦᠰᠡᠯᠡᠭᠳᠡᠵᠥ ᠪᠠᠶᠢᠪᠡᠴᠦ᠂ ᠦᠪᠡᠷ ᠤᠨ ᠴᠡᠷᠢᠭ ᠤᠨ ᠵᠢᠬᠰᠠᠭᠠᠯ ᠢᠶᠠᠨ ᠵᠢᠭᠠᠬᠠᠨ | ᠪᠠᠬᠢᠯᠡᠨ ᠠᠪᠣᠮᠠᠭᠴᠠ ᠪᠠᠨ ᠵᠦᠪᠯᠡᠭᠴᠢ ᠨᠡᠷ ᠢᠶᠠᠨ ᠬᠤᠷᠠᠭᠤᠯᠣᠨ ᠲᠦᠷᠭᠡᠨ ᠵᠦᠪᠯᠡᠯᠭᠡ ᠠᠪᠴᠠᠢ᠃ ᠡᠨᠡ ᠦᠶ᠎ᠡ ᠳᠤ ᠡᠯᠳᠡᠪ ᠰᠠᠨᠠᠯ ᠤᠨ ᠲᠣᠮᠳᠠ᠂ ᠲᠡᠭᠦᠨ ᠤ ᠨᠢᠭᠡᠨ | ᠮᠡᠷᠭᠡᠨ ᠵᠦᠪᠯᠡᠭᠴᠢ ᠴᠧᠨ ᠫᠢᠩ ᠭᠡᠳᠡᠭ ᠬᠦᠮᠦᠨ ᠲᠡᠭᠦᠨ ᠳᠤ ᠨᠢᠭᠤᠴᠠ ᠠᠷᠭ᠎ᠠ ᠡᠷᠭᠦᠨ᠂ ᠰᠠᠶᠢᠨ ᠠᠷᠭ᠎ᠠ ᠶᠢ ᠢᠯᠡ ᠬᠡᠯᠡᠵᠥ ᠪᠣᠯᠬᠤ ᠦᠭᠡᠢ ᠬᠡᠮᠡᠨ ᠡᠵᠡᠨ | ᠳᠦᠰᠢᠮᠡᠯ ᠰᠢᠪᠡᠨᠡᠨ ᠨᠢᠭᠡᠨ ᠵᠡᠷᠭᠡ ᠶᠠᠷᠢᠯᠴᠠᠭᠰᠠᠨ ᠤ ᠡᠴᠦᠰ ᠲᠤ ᠯᠢᠥ ᠪᠠᠩ ᠪᠦᠬᠦ ᠴᠡᠷᠢᠭ ᠲᠡᠭᠡᠨ ᠵᠠᠷ ᠲᠠᠷᠬᠠᠭᠠᠨ᠂ ᠠᠯᠢᠪᠠ ᠬᠦᠮᠦᠨ ᠤ ᠪᠡᠶ᠎ᠡ ᠳᠡᠭᠡᠨ ᠠᠪᠴᠣ | ᠶᠠᠪᠣᠵᠤ ᠪᠠᠶᠢᠭ᠎ᠠ ᠠᠯᠳᠠ ᠮᠦᠩᠭᠦ ᠡᠳ᠋ ᠡᠷᠳᠡᠨᠢᠰ ᠢᠶᠠᠨ ᠪᠦᠬᠦᠨ ᠢ ᠠᠪᠴᠢᠷᠠᠨ ᠬᠠᠭᠠᠨ ᠡᠵᠡᠨ ᠳᠤ ᠲᠣᠰᠢᠶᠠᠭᠳᠣᠨ᠂ ᠬᠤᠵᠢᠮ ᠬᠡᠳᠦᠨ ᠲᠡᠭᠢᠨ ᠢᠶᠠᠷ ᠱᠠᠩᠨᠠᠵᠤ᠂ | ᠡᠰᠡ ᠲᠣᠰᠢᠶᠠᠭᠴᠢᠳ ᠢ ᠬᠦᠨᠳᠦ ᠪᠠᠷ ᠰᠢᠳᠭᠡᠮᠣᠢ ᠬᠡᠮᠡᠨ ᠵᠠᠷᠯᠠᠵᠤ᠂ ᠬᠡᠳᠦᠨ ᠲᠠᠭᠠᠷ ᠡᠳ᠋ ᠡᠷᠳᠡᠨᠢᠰ ᠣᠯᠵᠣ᠂ ᠲᠡᠭᠦᠨ ᠢᠶᠠᠨ ᠨᠢᠭᠡᠨ ᠡᠳᠡᠭᠡᠮᠵᠢ ᠲᠠᠢ ᠶᠡᠭᠡ | ᠳᠦᠰᠢᠮᠡᠯ ᠳᠡᠭᠡᠨ ᠲᠣᠰᠢᠶᠠᠨ ᠦᠭᠴᠦ᠂ ᠾᠦᠩᠨᠦ ᠶᠢᠨ ᠴᠡᠷᠢᠭ ᠤᠨ ᠬᠦᠷᠢᠶᠡᠨ ᠳᠤ ᠣᠴᠢᠭᠤᠯᠣᠨ ᠬᠡᠯᠡᠯᠴᠡᠭᠡᠷ ᠬᠢᠬᠦ ᠪᠠᠷ ᠶᠠᠪᠣᠭᠤᠯᠵᠠᠢ᠃ ᠡᠯᠴᠢᠨ ᠳᠦᠰᠢᠮᠡᠯ ᠨᠢ | ᠾᠦᠩᠨᠦ ᠶᠢᠨ ᠴᠡᠷᠢᠭ ᠤᠨ ᠬᠦᠷᠢᠶ᠎ᠡ ᠬᠦᠷᠦᠭᠡᠳ ᠠᠪᠴᠢᠷᠠᠭᠰᠠᠨ ᠡᠳ᠋ ᠡᠷᠳᠡᠨᠢᠰ ᠤᠨ ᠬᠠᠭᠠᠰ ᠲᠤᠭ᠎ᠠ ᠶᠢ ᠬᠠᠭᠠᠨ ᠵᠠᠷᠯᠢᠭ ᠢᠶᠠᠷ ᠴᠠᠨ ᠢᠥᠢ ᠳᠤ ᠨᠢᠭᠤᠷ ᠵᠣᠯᠭᠠᠬᠤ | ᠪᠡᠯᠡᠭ ᠬᠡᠮᠡᠨ ᠡᠷᠭᠦᠵᠥ᠂ ᠨᠦᠭᠦᠭᠡ ᠬᠠᠭᠠᠰ ᠢ ᠦᠵᠢ ᠬᠠᠳᠣᠨ ᠳᠤ ᠡᠷᠭᠦᠬᠦ ᠪᠡᠯᠡᠭ ᠬᠡᠮᠡᠨ᠂ ᠮᠠᠨ ᠤ ᠬᠠᠭᠠᠨ ᠵᠠᠪᠠᠯ ᠡᠯᠴᠢ ᠨᠠᠳᠠ ᠶᠢ ᠦᠵᠢ ᠬᠠᠳᠣᠨ ᠳᠤ | ᠨᠢᠭᠤᠷᠲᠠᠨ ᠵᠣᠯᠭᠠᠵᠤ ᠡᠨᠡᠬᠦ ᠪᠡᠯᠡᠭ ᠢ ᠡᠷᠭᠦᠳᠦᠭᠡᠢ ᠭᠡᠰᠡᠨ ᠵᠠᠷᠯᠢᠭ ᠲᠠᠢ ᠬᠡᠮᠡᠨ ᠦᠵᠢ ᠬᠠᠳᠣᠨ ᠳᠤ ᠪᠠᠷᠠᠭᠠᠳᠠᠪᠠ᠃ ᠲᠡᠭᠡᠭᠡᠳ ᠦᠵᠢ ᠬᠠᠳᠣᠨ ᠳᠤ ᠬᠠᠵᠠᠭᠤ ᠶᠢᠨ | ᠬᠦᠮᠦᠰ ᠢᠶᠠᠨ ᠵᠠᠶᠢᠯᠠᠭᠤᠯᠣᠮᠣ ᠬᠡᠮᠡᠨ ᠭᠤᠶᠣᠴᠢᠯᠠᠨ ᠵᠠᠶᠢᠯᠠᠭᠤᠯᠵᠤ᠂ ᠬᠠᠨᠴᠣᠢ ᠲᠣᠲᠣᠷ᠎ᠠ ᠠᠴᠠ ᠪᠠᠨ ᠨᠢᠭᠡᠨ ᠣᠷᠢᠶᠠᠮᠠᠭ ᠵᠢᠷᠤᠭ ᠭᠠᠷᠭᠠᠨ ᠦᠵᠢ ᠬᠠᠳᠣᠨ ᠳᠤ | ᠡᠷᠭᠦᠨ ᠪᠠᠷᠢᠬᠤ ᠶᠢᠨ ᠬᠠᠮᠳᠣ ᠦᠭᠦᠯᠡᠭᠰᠡᠨ ᠨᠢ᠂ ᠴᠠᠨ ᠢᠥᠢ ᠡᠵᠡᠨ ᠮᠠᠨ ᠤ ᠬᠠᠭᠠᠨ ᠢ ᠪᠦᠰᠡᠯᠡᠨ ᠬᠠᠭᠠᠭᠰᠠᠨ ᠳᠤ ᠵᠦᠪᠯᠡᠭᠴᠢ ᠲᠦᠰᠢᠮᠡᠳ ᠠᠷᠭ᠎ᠠ ᠡᠷᠭᠦᠨ ᠬᠠᠨ | ᠣᠯᠣᠰ ᠤᠨ ᠬᠠᠮᠤᠭ ᠭᠤᠸ᠎ᠠ ᠦᠬᠢᠳ ᠠᠴᠠ ᠠᠷᠪᠠᠨ ᠬᠦᠮᠦᠨ ᠰᠣᠩᠭᠤᠨ ᠴᠠᠨ ᠢᠥᠢ ᠳᠤ ᠬᠦᠷᠭᠡᠰᠦᠭᠡᠢ ᠬᠡᠮᠡᠨ ᠲᠣᠭᠳᠠᠪᠠ᠂ ᠡᠨᠡ ᠵᠢᠷᠤᠭ ᠪᠣᠯ ᠲᠡᠭᠦᠨ ᠤ | ᠲᠣᠲᠣᠷᠠᠬᠢ ᠵᠠᠷᠢᠮ ᠨᠢᠭᠡᠨ ᠤ ᠬᠢᠨᠢ ᠬᠦᠷᠦᠭ ᠵᠢᠷᠤᠭ ᠪᠣᠯᠣᠨ᠎ᠠ᠃ ᠬᠡᠷᠪᠡ ᠡᠬᠡ ᠬᠠᠳᠣᠨ ᠴᠠᠨ ᠢᠥᠢ ᠶᠢ ᠢᠳᠬᠠᠨ ᠪᠦᠰᠡᠯᠡᠯᠲᠡ ᠪᠠᠨ ᠲᠠᠶᠢᠯᠣᠨ ᠮᠠᠨ ᠤ ᠬᠠᠭᠠᠨ ᠢ | ᠲᠠᠯᠪᠢᠨ ᠭᠠᠷᠭᠠᠪᠠᠯ᠂ ᠮᠠᠨ ᠤ ᠬᠠᠭᠠᠨ ᠵᠢᠯ ᠤᠨ ᠡᠷᠭᠦᠴᠡ ᠠᠯᠳᠠ ᠮᠦᠩᠭᠦ᠂ ᠲᠣᠷᠭ᠎ᠠ ᠲᠣᠷᠳᠣᠩ᠂ ᠡᠳ᠋ ᠠᠭᠤᠷᠰᠣ᠂ ᠢᠳᠡᠭᠡᠨ ᠣᠮᠳᠠᠭᠠᠨ ᠢ ᠲᠣᠭᠳᠠᠭᠰᠠᠨ ᠲᠤᠭ᠎ᠠ | ᠶᠣᠰᠣᠭᠠᠷ ᠡᠷᠭᠦᠨ ᠪᠠᠷᠢᠬᠤ ᠪᠣᠯᠣᠨ᠎ᠠ ᠭᠡᠵᠡᠢ᠃ ᠦᠵᠢ ᠬᠠᠳᠣᠨ ᠭᠤᠶᠣ ᠪᠦᠰᠡᠭᠦᠢ ᠶᠢᠨ ᠵᠢᠷᠤᠭ ᠢ ᠨᠠᠷᠢᠪᠴᠢᠯᠠᠨ ᠦᠵᠡᠭᠡᠳ ᠶᠠᠭᠤ ᠴᠦ ᠲᠣᠣᠭᠠᠷᠣᠭᠰᠠᠨ ᠦᠭᠡᠢ | ᠬᠠᠵᠠᠭᠤ ᠳᠠᠭᠠᠨ ᠲᠠᠯᠪᠢᠵᠤ᠂ ᠡᠯᠴᠢ ᠲᠠ ᠬᠡᠵᠢᠶ᠎ᠡ ᠪᠣᠴᠠᠮᠣᠢ ᠬᠡᠮᠡᠨ ᠠᠰᠠᠭᠤᠭᠰᠠᠨ ᠳᠤ᠂ ᠬᠠᠨ ᠣᠯᠣᠰ ᠤᠨ ᠡᠯᠴᠢ ᠪᠠᠷᠢᠨ ᠲᠣᠣᠷ᠎ᠠ ᠪᠠᠨ ᠲᠠᠬᠢᠨ ᠰᠦᠭᠦᠳᠦᠨ | ᠮᠦᠷᠭᠦᠵᠥ᠂ ᠡᠬᠡ ᠬᠠᠳᠣᠨ ᠦᠷᠦᠰᠢᠶᠡᠪᠡᠰᠦ ᠦᠴᠦᠬᠡᠨ ᠳᠦᠰᠢᠮᠡᠯ ᠲᠣᠣᠷ᠎ᠠ ᠪᠠᠨ ᠮᠣᠷᠳᠠᠵᠤ᠂ ᠬᠡᠣᠬᠡᠨ ᠬᠦᠷᠭᠡᠬᠦ ᠬᠡᠷᠡᠭ ᠢ ᠴᠢᠳᠠᠬᠤ ᠶᠢᠨ ᠲᠣᠲᠣᠷ᠎ᠠ ᠬᠤᠷᠢᠭᠯᠠᠵᠣ | ᠪᠠᠶᠢᠶ᠎ᠠ ᠭᠡᠵᠡᠢ᠃ ᠲᠡᠭᠡᠭᠡᠳ ᠦᠵᠢ ᠬᠠᠳᠣᠨ ᠴᠠᠨ ᠢᠥᠢ ᠳᠠᠭᠠᠨ ᠠᠶᠢᠯᠠᠳᠬᠠᠯ ᠡᠷᠭᠦᠨ ᠬᠤᠶᠠᠷ ᠡᠵᠡᠳ ᠬᠠᠷᠢᠯᠴᠠᠨ ᠪᠦᠰᠡᠯᠡᠬᠦ ᠠᠨᠣ ᠵᠣᠬᠢᠰ ᠦᠭᠡᠢ ᠪᠣᠯᠠᠢ᠂ | ᠲᠡᠲᠡᠨᠡᠷ ᠤᠨ ᠰᠠᠬᠢᠭᠤᠯᠰᠣ ᠴᠦ ᠲᠡᠭᠦᠨ ᠢᠶᠠᠨ ᠢᠪᠡᠭᠡᠬᠦ ᠶᠤᠮ ᠭᠡᠪᠡ᠃ ᠢᠩᠭᠢᠭᠡᠳ ᠴᠠᠨ ᠢᠥᠢ ᠵᠠᠷᠯᠢᠭ ᠪᠠᠭᠤᠯᠭᠠᠨ ᠪᠦᠰᠡᠯᠡᠯᠲᠡ ᠶᠢᠨ ᠨᠢᠭᠡᠨ ᠦᠨᠴᠦᠭ ᠢ | ᠲᠠᠶᠢᠯᠠᠵᠣ ᠬᠠᠨ ᠣᠯᠣᠰ ᠤᠨ ᠡᠵᠡᠨ ᠳᠦᠰᠢᠮᠡᠳ ᠬᠤᠶᠢᠨ᠎ᠠ ᠬᠤᠶᠢᠨ᠎ᠠ ᠠᠴᠠ ᠪᠠᠨ ᠬᠡᠯᠬᠢᠶᠡᠷᠡᠯᠳᠦᠨ ᠪᠦᠰᠡᠯᠡᠯᠲᠡ ᠠᠴᠠ ᠭᠠᠷᠴᠣ᠂ ᠭᠠᠳᠠᠨ᠎ᠠ ᠪᠠᠶᠢᠭᠰᠠᠨ ᠶᠠᠪᠠᠭᠠᠨ | ᠴᠡᠷᠢᠭ ᠲᠠᠢ ᠪᠠᠨ ᠨᠡᠶᠢᠯᠡᠵᠥ᠂ ᠣᠯᠣᠰ ᠲᠠᠭᠠᠨ ᠪᠣᠴᠠᠪᠠ᠃ ᠡᠨᠡ ᠪᠣᠯ ᠴᠧᠨ ᠫᠢᠩ ᠤᠨ ᠭᠠᠷᠭᠠᠭᠰᠠᠨ ᠲᠣᠯᠣᠭᠠᠨ ᠣᠳᠠᠭᠠᠨ ᠤ ᠭᠠᠶᠢᠬᠠᠮᠰᠢᠭ ᠲᠤ ᠠᠷᠭ᠎ᠠ ᠬᠢᠨᠢ | ᠨᠢᠭᠡᠨ ᠪᠣᠯᠣᠨ᠎ᠠ ᠭᠡᠵᠥ ᠬᠤᠵᠢᠮ ᠤᠨ ᠬᠦᠮᠦᠰ ᠮᠠᠭᠲᠠᠨ ᠬᠡᠯᠡᠯᠴᠡᠬᠦ ᠪᠣᠯᠵᠠᠢ᠃ | ᠲᠡᠣᠬᠡᠨ ᠦᠨᠡᠨ ᠣᠴᠢᠷ ᠪᠣᠯ ᠡᠨᠡ ᠦᠶ᠎ᠡ ᠶᠢᠨ ᠪᠣᠭᠳᠠ ᠴᠠᠨ ᠢᠥᠢ ᠶᠢᠨ ᠨᠢᠳᠤᠨ ᠡᠮᠦᠨ᠎ᠡ ᠬᠤᠶᠠᠷ ᠲᠣᠮᠣ ᠠᠰᠠᠭᠤᠳᠠᠯ ᠨᠢᠭᠤᠷᠯᠠᠵᠣ ᠪᠠᠶᠢᠵᠠᠢ᠃ ᠬᠡᠳᠦᠶᠢᠪᠡᠷ | ᠬᠢᠲᠠᠳ ᠲᠡᠣᠬᠡᠨ ᠳᠤ ᠾᠦᠩᠨᠦ ᠶᠢᠨ ᠴᠡᠷᠢᠭ ᠢ ᠳᠦᠴᠢᠨ ᠲᠦᠮᠡ ᠪᠠᠶᠢᠯ᠎ᠠ ᠭᠡᠵᠥ ᠲᠡᠮᠳᠡᠭᠯᠡᠵᠥ ᠪᠠᠶᠢᠪᠠᠴᠤ᠂ ᠦᠨᠡᠨ ᠪᠠᠶᠢᠳᠠᠯ ᠠᠷᠠᠢ ᠲᠡᠳᠦᠢ ᠪᠠᠶᠢᠭᠰᠠᠨ ᠦᠭᠡᠢ᠂ | ᠡᠯ᠎ᠡ ᠦᠶ᠎ᠡ ᠶᠢᠨ ᠬᠢᠲᠠᠳ ᠲᠡᠣᠬᠡᠴᠢᠳ ᠦᠪᠡᠷ ᠤᠨ ᠬᠠᠭᠠᠨ ᠡᠵᠡᠨ ᠪᠣᠶᠤ ᠵᠠᠩᠵᠣᠨ ᠪᠠᠭᠠᠳᠣᠷᠴᠦᠳ ᠤᠨ ᠲᠠᠶᠢᠨ ᠤ ᠢᠯᠠᠭᠳᠠᠯ ᠢ ᠬᠠᠯᠬᠠᠯᠠᠬᠤ ᠡᠭᠦᠳᠡᠨ ᠠᠴᠠ | ᠲᠠᠶᠢᠰᠣᠨ ᠡᠳᠡᠭᠡᠳ ᠤᠨ ᠲᠤᠭ᠎ᠠ ᠶᠢ ᠬᠡᠳᠦᠨ ᠲᠠᠬᠢᠨ ᠢᠶᠠᠷ ᠬᠡᠳᠦᠷᠡᠭᠦᠯᠦᠨ ᠬᠡᠯᠡᠬᠦ ᠪᠠᠶᠢᠳᠠᠯ ᠮᠠᠰᠢ ᠡᠩ ᠤᠨ ᠬᠡᠷᠡᠭ ᠪᠠᠶᠢᠵᠠᠢ᠃ ᠲᠣᠬᠠᠢ ᠶᠢᠨ ᠦᠶ᠎ᠡ ᠶᠢᠨ ᠾᠦᠩᠨᠦ | ᠴᠡᠷᠢᠭ ᠬᠡᠳᠦᠷᠡᠬᠦ ᠲᠡᠭᠡᠨ ᠠᠷᠪᠠᠨ ᠲᠦᠮᠡ ᠠᠴᠠ ᠲᠠᠪᠠᠭ᠋ᠣ ᠦᠭᠡᠢ ᠮᠦᠷᠳᠡᠭᠡᠨ ᠬᠤᠶᠠᠷ ᠬᠤᠪᠢᠶᠠᠭᠳᠠᠨ᠂ ᠨᠢᠭᠡ ᠬᠡᠰᠡᠭ ᠨᠢ ᠬᠠᠨ ᠣᠯᠣᠰ ᠤᠨ ᠮᠣᠷᠢᠳᠣ ᠴᠡᠷᠢᠭ ᠢ | ᠪᠦᠰᠡᠯᠡᠨ᠂ ᠨᠦᠭᠦᠭᠡ ᠬᠡᠰᠡᠭ ᠨᠢ ᠶᠠᠪᠠᠭᠠᠨ ᠴᠡᠷᠢᠭ ᠢ ᠨᠢ ᠬᠤᠷᠢᠭᠯᠠᠨ ᠬᠠᠭᠠᠵᠣ ᠪᠠᠶᠢᠵᠠᠢ᠃ ᠬᠠᠨ ᠣᠯᠣᠰ ᠤᠨ ᠴᠡᠷᠢᠭ ᠤᠨ ᠨᠡᠶᠢᠲᠡ ᠲᠤᠭ᠎ᠠ ᠪᠣᠯ ᠲᠡᠣᠬᠡᠨ ᠳᠤ | ᠭᠤᠴᠢᠨ ᠬᠤᠶᠠᠷ ᠲᠦᠮᠡ ᠭᠡᠵᠥ ᠲᠡᠮᠳᠡᠭᠯᠡᠵᠡᠢ᠃ ᠡᠨᠡ ᠪᠣᠯ ᠮᠣᠨᠳᠠᠭ ᠲᠣᠭᠠᠨ ᠤ ᠶᠡᠭᠡ ᠴᠡᠷᠢᠭ ᠶᠤᠮ᠃ ᠪᠣᠭᠳᠠ ᠴᠠᠨ ᠢᠥᠢ ᠶᠢᠨ ᠨᠢᠭᠡ ᠨᠠᠰᠣᠨ ᠳᠤ ᠡᠶᠢᠮᠦ ᠶᠡᠭᠡ | ᠲᠣᠭᠠᠨ ᠤ ᠲᠠᠶᠢᠰᠣᠨ ᠲᠠᠢ ᠪᠠᠨ ᠲᠠᠶᠢᠯᠠᠯᠳᠣᠵᠣ ᠦᠩᠭᠡᠷᠡᠭᠡ ᠦᠭᠡᠢ ᠪᠣᠯᠬᠤᠷ᠂ ᠲᠡᠷᠡ ᠶᠡᠷᠦᠨᠢ ᠦᠪᠡᠷ ᠤᠨ ᠴᠡᠷᠢᠭ ᠤᠨ ᠲᠣᠭᠠᠨ ᠳᠤ ᠰᠡᠳᠭᠢᠯ ᠬᠠᠩᠭᠠᠮᠵᠢ ᠦᠭᠡᠢ | ᠪᠠᠶᠢᠵᠠᠢ᠃ ᠬᠤᠶᠠᠳᠣᠭᠠᠷ ᠶᠡᠭᠡ ᠠᠰᠠᠭᠤᠳᠠᠯ ᠭᠡᠪᠡᠯ ᠬᠠᠨ ᠸᠠᠩ ᠬᠠᠨ ᠰᠢᠨ ᠬᠡᠳᠦᠶᠢᠪᠡᠷ ᠴᠦᠬᠡᠨ ᠬᠦᠮᠦᠰ ᠢᠶᠠᠨ ᠲᠠᠭᠠᠭᠤᠯᠣᠨ ᠪᠣᠭᠳᠠ ᠴᠠᠨ ᠢᠥᠢ ᠶᠢᠨ ᠲᠡᠷᠭᠡᠳᠡ | ᠢᠷᠡᠭᠰᠡᠨ ᠪᠣᠯᠪᠠᠴᠤ᠂ ᠲᠡᠭᠦᠨ ᠤ ᠭᠤᠣᠯ ᠬᠦᠴᠦᠨ ᠪᠣᠯᠣᠭᠰᠠᠨ ᠶᠡᠭᠡ ᠴᠡᠷᠢᠭ ᠢ ᠲᠠᠶᠢᠴᠢᠯᠠᠭᠴᠢ ᠬᠤᠶᠠᠷ ᠵᠠᠩᠵᠣᠨ ᠸᠠᠩ ᠬᠤᠸᠠᠩ᠂ ᠵᠣᠣ ᠯᠢ ᠬᠤᠶᠠᠭᠤᠯᠠ | ᠪᠣᠯᠵᠤᠭ᠎ᠠ ᠶᠢ ᠦᠳᠡᠭᠡᠷᠡᠨ᠂ ᠡᠳᠦᠢ ᠪᠣᠯᠲᠠᠯ᠎ᠠ ᠶᠠᠮᠠᠷᠴᠥ ᠴᠢᠮᠡᠭᠡ ᠢᠮᠡᠭᠡ ᠦᠭᠡᠢ ᠪᠠᠶᠢᠭ᠎ᠠ ᠨᠢ ᠮᠠᠰᠢ ᠰᠡᠵᠢᠭᠯᠡᠯ ᠲᠠᠢ ᠬᠡᠷᠡᠭ ᠮᠡᠳᠦ ᠰᠠᠨᠠᠭᠳᠠᠵᠠᠢ᠃ ᠣᠨᠴᠠᠭᠠᠶᠢᠯᠠᠨ | ᠡᠨᠡ ᠬᠤᠶᠠᠭᠤᠯᠠ ᠦᠪᠡᠷ ᠤᠨ ᠸᠠᠩ ᠬᠠᠨ ᠰᠢᠨ ᠢᠶᠠᠨ ᠣᠷᠣᠯᠠᠬᠤ ᠦᠢᠯᠡ ᠶᠢ ᠬᠡᠳᠦᠨᠲᠡ ᠦᠢᠯᠡᠳᠦᠨ᠂ ᠪᠣᠭᠳᠠ ᠴᠠᠨ ᠢᠥᠢ ᠳᠤ ᠨᠢᠭᠡᠮᠦᠰᠦᠨ ᠢᠳᠡᠭᠡᠯ ᠦᠭᠡᠢ | ᠬᠦᠮᠦᠨ ᠢᠶᠠᠷ ᠦᠵᠡᠭᠳᠡᠭᠡᠳ ᠪᠠᠶᠢᠵᠠᠢ᠃ ᠬᠡᠷᠪᠡ ᠡᠨᠡ ᠬᠤᠶᠠᠭᠤᠯᠠ ᠳᠠᠯᠳᠠᠭᠤᠷ ᠬᠠᠨ ᠣᠯᠣᠰ ᠲᠠᠢ ᠬᠤᠯᠪᠣᠭ᠎ᠠ ᠨᠡᠶᠢᠯᠡᠬᠦ ᠶᠤᠮ ᠪᠣᠯ ᠲᠣᠶᠢᠯ ᠤᠨ ᠠᠶᠣᠮᠰᠢᠭ ᠲᠠᠢ | ᠬᠡᠷᠡᠭ ᠪᠣᠯᠣᠨ᠎ᠠ ᠭᠡᠵᠥ ᠰᠡᠵᠢᠭᠯᠡᠵᠥ ᠪᠠᠶᠢᠭᠰᠠᠨ ᠪᠣᠭᠳᠠ ᠴᠠᠨ ᠢᠥᠢ᠂ ᠦᠵᠢ ᠬᠠᠳᠣᠨ ᠠᠴᠠ ᠪᠠᠨ ᠢᠳᠬᠠᠯ ᠢᠷᠡᠮᠡᠭᠴᠡ ᠵᠠᠷᠯᠢᠭ ᠲᠠᠷᠬᠠᠭᠠᠨ᠂ ᠪᠦᠰᠡᠯᠡᠯᠲᠡ ᠶᠢᠨ | ᠵᠡᠭᠦᠨ ᠡᠮᠦᠨ᠎ᠡ ᠦᠨᠴᠦᠭ ᠢ ᠲᠠᠶᠢᠯᠠᠵᠣ᠂ ᠬᠠᠨ ᠣᠯᠣᠰ ᠤᠨ ᠴᠡᠷᠢᠭ ᠢ ᠲᠠᠯᠪᠢᠨ ᠭᠠᠷᠭᠠᠭᠳᠣᠨ᠂ ᠬᠡᠷᠪᠡ ᠲᠠᠶᠢᠰᠣᠨ ᠡᠳᠡᠭᠡᠳ ᠰᠠᠮᠠᠭᠤᠷᠠᠨ ᠲᠣᠳᠠᠭᠠᠯᠳᠣᠪᠠᠯ | ᠪᠣᠷᠪᠢᠳᠡᠨ ᠲᠠᠷᠣᠵᠣ ᠲᠠᠰᠣ ᠬᠢᠷᠭᠠᠭᠳᠣᠨ᠂ ᠬᠡᠷᠪᠡ ᠲᠠᠶᠢᠰᠣᠨ ᠰᠠᠮᠠᠭᠤᠷᠠᠬᠤ ᠦᠭᠡᠢ ᠪᠣᠯ ᠮᠠᠨ ᠤ ᠬᠢᠨ ᠴᠦ ᠬᠦᠩᠭᠡᠨ ᠢᠶᠠᠷ ᠬᠦᠳᠡᠯᠵᠥ ᠪᠣᠯᠬᠤ ᠦᠭᠡᠢ ᠬᠡᠮᠡᠪᠡ᠃ | ᠬᠠᠨ ᠣᠯᠣᠰ ᠤᠨ ᠨᠣᠮᠣ ᠪᠠᠷᠢᠭᠰᠠᠨ ᠴᠡᠷᠢᠭ ᠬᠤᠶᠠᠷ ᠭᠠᠷᠯᠠᠨ ᠰᠣᠮᠣ ᠪᠠᠨ ᠭᠠᠳᠠᠭᠰᠢ ᠣᠨᠢᠯᠠᠨ ᠵᠢᠬᠰᠠᠭᠠᠵᠤ᠂ ᠲᠣᠮᠳᠠᠭᠤᠷ ᠨᠢ ᠬᠠᠭᠠᠨ ᠳᠦᠰᠢᠮᠡᠯ ᠣᠯᠠᠨ ᠵᠠᠩᠵᠣᠨ | ᠨᠡᠷ ᠨᠢ ᠭᠠᠳᠠᠭᠰᠢ ᠡᠮᠬᠢ ᠲᠠᠷᠠᠭ᠎ᠠ ᠲᠠᠢ ᠴᠣᠪᠣᠷᠢᠯᠳᠣᠨ ᠭᠠᠷᠴᠠᠭᠠᠵᠠᠢ᠃ ᠢᠩᠭᠢᠵᠥ ᠪᠠᠢ ᠳ᠋ᠧᠩ ᠤᠨ ᠲᠠᠶᠢᠨ ᠡᠭᠦᠰᠴᠥ ᠴᠢᠳᠠᠭᠰᠠᠨ ᠦᠭᠡᠢ ᠲᠡᠭᠦᠰᠪᠡ᠂ ᠭᠡᠶ᠎ᠡ | ᠪᠣᠭᠳᠠ ᠴᠠᠨ ᠢᠥᠢ ᠳᠤ ᠠᠪᠴᠣ ᠬᠡᠯᠡᠪᠡᠯ ᠨᠢᠭᠡ ᠴᠡᠷᠢᠭ ᠨᠢᠭᠡ ᠰᠣᠮᠣ ᠶᠢᠨ ᠬᠤᠷᠣᠭᠳᠠᠯ ᠦᠬᠡᠢ ᠪᠠᠷ ᠰᠢᠢᠳᠪᠦᠷᠢᠲᠥ ᠴᠢᠨᠠᠷ ᠲᠠᠢ ᠶᠡᠭᠡ ᠢᠯᠠᠯᠳᠠ ᠣᠯᠣᠭᠰᠠᠨ ᠨᠢ | ᠲᠡᠣᠬᠡᠨ ᠳᠤ ᠬᠠᠳᠠᠭᠳᠠᠭᠰᠠᠨ ᠪᠣᠳᠠᠳᠣ ᠬᠡᠷᠡᠭ ᠪᠣᠯᠵᠠᠢ᠃ | ᠯᠢᠥ ᠪᠠᠩ ᠪᠣᠴᠠᠬᠤ ᠵᠠᠮ ᠲᠠᠭᠠᠨ ᠣᠷᠣᠮᠠᠭᠴᠠ ᠪᠠᠨ ᠭᠢᠨᠳᠠᠨ ᠳᠤ ᠬᠤᠷᠢᠵᠣ ᠪᠠᠶᠢᠭᠰᠠᠨ ᠯᠸᠥ ᠵᠢᠩ ᠭᠡᠳᠡᠭ ᠳᠦᠰᠢᠮᠡᠯ ᠢᠶᠠᠨ ᠲᠠᠯᠪᠢᠨ ᠭᠠᠷᠭᠠᠵᠣ᠂ ᠲᠡᠭᠦᠨ | ᠳᠤ ᠪᠣᠷᠣᠭᠤ ᠮᠡᠳᠡᠨ᠂ ᠵᠡᠷᠭᠡ ᠶᠢ ᠰᠡᠷᠭᠦᠭᠡᠨ ᠭᠡᠷᠬᠢᠮ ᠨᠡᠮᠡᠵᠡᠢ᠃ ᠰᠢᠯᠳᠠᠭᠠᠨ ᠨᠢ ᠯᠢᠥ ᠪᠠᠩ ᠾᠦᠩᠨᠦ ᠴᠡᠷᠢᠭ ᠢ ᠨᠡᠬᠡᠮᠵᠢᠯᠡᠵᠥ ᠪᠠᠶᠢᠭ᠎ᠠ ᠦᠶ᠎ᠡ ᠳᠡᠭᠡᠨ ᠠᠷᠪᠠᠨ | ᠬᠡᠳᠦᠨᠲᠡ ᠡᠯᠴᠢ ᠢᠯᠡᠭᠡᠨ ᠾᠦᠩᠨᠦ ᠶᠢᠨ ᠪᠠᠶᠢᠳᠠᠯ ᠢ ᠲᠠᠩᠨᠠᠵᠣ ᠪᠠᠶᠢᠵᠠᠢ᠃ ᠡᠳᠡᠭᠡᠷ ᠡᠯᠴᠢᠨ ᠤ ᠲᠣᠲᠣᠷᠠᠬᠢ ᠨᠢᠭᠡ ᠨᠢ ᠲᠠᠷᠣᠢ ᠯᠸᠥ ᠵᠢᠩ ᠪᠠᠶᠢᠭᠰᠠᠨ ᠠᠵᠠᠢ᠃ | ᠲᠡᠭᠡᠭᠡᠳ ᠭᠠᠭᠴᠠ ᠯᠸᠥ ᠵᠢᠩ ᠤᠨ ᠬᠠᠷᠢᠭᠤ ᠮᠡᠳᠡᠭᠦᠯᠦᠯᠳᠡ ᠨᠢ ᠪᠣᠰᠣᠳ ᠲᠠᠢ ᠠᠳᠠᠯᠢ ᠦᠭᠡᠢ ᠪᠠᠶᠢᠵᠤ᠂ ᠲᠠᠬᠢᠨ ᠬᠦᠩᠭᠡᠨ ᠢᠶᠠᠷ ᠾᠦᠩᠨᠦ ᠴᠡᠷᠢᠭ ᠢ ᠨᠡᠬᠡᠮᠵᠢᠯᠡᠵᠥ | ᠪᠣᠯᠬᠤ ᠦᠭᠡᠢ᠂ ᠬᠤᠶᠠᠷ ᠣᠯᠣᠰ ᠬᠠᠷᠢᠯᠴᠠᠨ ᠲᠡᠮᠡᠴᠡᠯᠳᠦᠬᠦᠶᠡ ᠬᠡᠨ ᠠᠯᠢᠨ ᠴᠦ ᠦᠪᠡᠷ ᠤᠨ ᠬᠦᠴᠦᠷᠬᠡᠭ ᠢᠶᠠᠨ ᠭᠠᠶᠢᠬᠠᠭᠤᠯᠣᠨ ᠪᠠᠭᠠᠳᠣᠷ ᠢᠶᠠᠨ ᠦᠵᠡᠭᠦᠯᠦᠮᠦᠢ᠃ | ᠡᠳᠦᠬᠡ ᠳᠦᠰᠢᠮᠡᠯ ᠪᠢ ᠾᠦᠩᠨᠦ ᠳᠤ ᠬᠦᠷᠦᠭᠡᠳ ᠣᠯᠵᠤ ᠦᠵᠡᠭᠰᠡᠨ ᠢᠶᠠᠷ ᠪᠦᠷ ᠡᠴᠡᠩᠬᠡᠢ ᠲᠣᠷᠠᠩᠬᠠᠢ ᠡᠪᠦᠭᠡᠳ ᠬᠡᠣᠬᠡᠳ ᠪᠠᠶᠢᠵᠣ ᠵᠣᠷᠢᠭᠤᠳᠠ ᠦᠭᠡᠨᠴᠡ | ᠪᠠᠭᠤᠷᠠᠢ ᠪᠠᠨ ᠬᠠᠷᠠᠭᠤᠯᠵᠤ᠂ ᠰᠢᠯᠢᠳᠡᠭ ᠴᠢᠬᠢᠷᠠᠭ ᠢᠶᠠᠨ ᠨᠢᠭᠤᠵᠤ ᠪᠠᠶᠢᠭ᠎ᠠ ᠮᠠᠶ᠋ᠢᠭᠲᠠᠢ᠃ ᠮᠣᠩᠬᠠᠭ ᠳᠦᠰᠢᠮᠡᠯ ᠤᠨ ᠪᠣᠳᠣᠬᠤ ᠪᠠᠷ ᠲᠠᠬᠢᠨ ᠣᠷᠣᠭᠰᠢ ᠲᠠᠶᠢᠰᠣᠨ ᠢ | ᠨᠡᠬᠡᠮᠵᠢᠯᠡᠪᠡᠰᠤ ᠶᠡᠭᠡ ᠠᠯᠳᠠᠰᠢ ᠭᠠᠷᠬᠤ ᠪᠣᠯᠭᠤᠵᠢ ᠬᠡᠮᠡᠨ ᠡᠵᠡᠨ ᠬᠠᠭᠠᠨ ᠢᠶᠠᠨ ᠬᠦᠴᠦᠯᠡᠨ ᠢᠳᠬᠠᠵᠠᠢ᠃ ᠭᠡᠲᠡᠯ᠎ᠡ ᠯᠢᠥ ᠪᠠᠩ ᠶᠡᠬᠡᠯ᠎ᠡ ᠬᠢᠯᠢᠩᠯᠡᠨ ᠴᠢᠮ᠎ᠠ ᠮᠠᠭᠤ ᠴᠢ | ᠭᠠᠵᠠᠷ ᠤᠨ ᠬᠤᠯᠠᠭᠠᠢ᠂ ᠦᠭᠡ ᠬᠡᠯᠡᠨ ᠤ ᠰᠠᠶᠢᠨ ᠢᠶᠠᠷ ᠦᠴᠦᠬᠡᠨ ᠵᠡᠷᠭᠡ ᠣᠯᠣᠭᠠᠳ᠂ ᠡᠳᠦᠬᠡ ᠮᠢᠨᠦ ᠶᠡᠭᠡ ᠴᠡᠷᠢᠭ ᠤᠨ ᠰᠡᠳᠭᠢᠯ ᠢ ᠰᠠᠮᠠᠷᠠᠭᠤᠯᠬᠤ ᠰᠠᠨᠠᠭ᠎ᠠ ᠲᠠᠢ | ᠦᠦ ᠬᠡᠮᠡᠨ ᠲᠡᠭᠦᠨ ᠢ ᠶᠠᠯᠠᠳᠠᠨ᠂ ᠲᠠᠶᠢᠨ ᠠᠴᠠ ᠪᠣᠴᠠᠵᠣ ᠢᠷᠡᠭᠰᠡᠭᠡᠷ ᠲᠣᠯᠣᠭᠠᠢ ᠶᠢ ᠴᠢᠨᠢ ᠠᠪᠣᠶ᠎ᠠ ᠬᠡᠮᠡᠨ ᠬᠤᠷᠢᠵᠤ ᠪᠠᠶᠢᠭᠰᠠᠨ ᠠᠵᠠᠢ᠃ ᠯᠸᠥ ᠵᠢᠩ ᠣᠣᠯ ᠨᠢ ᠴᠢ | ᠭᠠᠵᠠᠷ ᠲᠠᠷᠣᠢ ᠱᠠᠨᠳᠥᠩ ᠤᠨ ᠬᠦᠮᠦᠨ ᠪᠠᠶᠢᠵᠠᠢ᠃ ᠡᠳᠦᠬᠡ ᠯᠸᠥ ᠵᠢᠩ ᠤᠨ ᠢᠳᠬᠠᠯ ᠪᠦᠷ ᠵᠦᠪ ᠪᠠᠶᠢᠭᠰᠠᠨ ᠪᠣᠯᠬᠤᠷ ᠯᠢᠥ ᠪᠠᠩ ᠲᠡᠭᠦᠨ ᠢ ᠲᠠᠯᠪᠢᠨ ᠭᠠᠷᠭᠠᠵᠣ | ᠪᠣᠷᠣᠭᠤ ᠬᠦᠯᠢᠶᠡᠨ᠂ ᠮᠡᠭᠦᠰ ᠬᠦᠮᠦᠨ ᠭᠦᠩ ᠤᠨ ᠦᠭᠡ ᠶᠢ ᠠᠪᠣᠭᠰᠠᠨ ᠦᠭᠡᠢ ᠪᠣᠯᠬᠤᠷ ᠰᠠᠶ᠋ᠢ ᠫᠢᠩ ᠴᠧᠩ ᠤᠨ ᠵᠣᠪᠠᠯᠠᠩ ᠲᠤᠷ ᠣᠨᠠᠵᠣᠬᠤᠢ ᠬᠡᠮᠡᠨ ᠲᠡᠭᠦᠨ ᠢ | ᠬᠤᠶᠠᠷ ᠮᠢᠩᠭᠠᠨ ᠡᠷᠦᠬᠡ ᠪᠠᠷ ᠱᠠᠩᠨᠠᠨ ᠭᠤᠸᠠᠨ ᠨᠸᠢ ᠾᠸᠥ ᠬᠡᠷᠬᠢᠮ ᠢᠶᠠᠷ ᠡᠷᠭᠦᠮᠵᠢᠯᠡᠵᠡᠢ ᠭᠡᠳᠡᠭ ᠶᠤᠮ᠃ | ︽ᠰᠣᠳᠣᠷ ᠲᠡᠮᠳᠡᠭᠯᠡᠯ · ᠯᠢᠥ ᠵᠢᠩ ᠤᠨ ᠨᠠᠮᠳᠠᠷ︾ ᠲᠤ ᠦᠭᠦᠯᠡᠭᠰᠡᠨ ᠢ ᠦᠨᠳᠦᠰᠦᠯᠡᠪᠡᠯ᠂ ᠬᠠᠨ ᠣᠯᠣᠰ ᠪᠣᠭᠳᠠ ᠴᠠᠨ ᠢᠥᠢ ᠳᠤ ᠲᠡᠷᠡ ᠲᠣᠣᠷ᠎ᠠ ᠪᠠᠨ ᠵᠢᠯ | ᠤᠨ ᠠᠯᠪᠠ ᠪᠠᠨ ᠪᠠᠷᠢᠵᠣ᠂ ᠭᠦᠩᠵᠥ ᠬᠡᠣᠬᠡᠨ ᠢᠶᠠᠨ ᠬᠦᠷᠭᠡᠵᠥ ᠪᠠᠶᠢᠭᠰᠠᠨ ᠦᠭᠡᠢ ᠪᠣᠯᠬᠤᠷ᠂ ᠪᠣᠭᠳᠠ ᠴᠠᠨ ᠢᠥᠢ ᠲᠠᠬᠢᠨ ᠲᠠᠪᠳᠠᠨ ᠴᠡᠷᠢᠭ ᠭᠠᠷᠴᠤ᠂ ᠬᠠᠨ | ᠣᠯᠣᠰ ᠤᠨ ᠬᠢᠯᠢ ᠬᠢᠵᠠᠭᠠᠷ ᠣᠷᠣᠨ ᠢ ᠲᠣᠪᠳᠣᠯᠵᠤ ᠪᠠᠶᠢᠭᠰᠠᠨ ᠮᠦᠷᠳᠡᠭᠡᠨ᠂ ᠬᠠᠨ ᠣᠯᠣᠰ ᠠᠴᠠ ᠣᠷᠪᠠᠭᠰᠠᠨ ᠸᠠᠩ ᠾᠸᠥ ᠨᠡᠷ ᠤᠨ ᠬᠡᠳᠦᠨ ᠬᠦᠮᠦᠨ ᠢ | ᠠᠬᠤᠭᠤᠯᠣᠨ ᠠᠪᠴᠣ᠂ ᠯᠢᠥ ᠪᠠᠩ ᠳᠤ ᠰᠡᠳᠭᠢᠯ ᠤᠨ ᠵᠣᠪᠠᠯᠠᠩ ᠪᠣᠯᠵᠠᠢ᠃ ᠡᠶᠢᠮᠦ ᠪᠠᠶᠢᠳᠠᠯ ᠲᠣᠣᠷ᠎ᠠ ᠯᠢᠥ ᠪᠠᠩ ᠲᠠᠬᠢᠨ ᠯᠸᠥ ᠵᠢᠩ ᠯᠤᠭ᠎ᠠ ᠵᠦᠪᠯᠡᠭᠰᠡᠨ ᠳᠤ ᠯᠸᠥ | ᠵᠢᠩ ᠲᠡᠭᠦᠨ ᠳᠤ᠄ ︽ᠲᠡᠭᠷᠢ ᠶᠢᠨ ᠲᠣᠣᠷᠠᠬᠢᠨ ᠲᠦᠩᠭᠡᠵᠢ ᠲᠣᠭᠳᠠᠨᠢᠵᠤ᠂ ᠴᠡᠷᠢᠭ ᠪᠠᠭᠠᠳᠣᠷᠴᠣᠳ ᠨᠢᠭᠡᠮᠦᠰᠦᠨ ᠲᠠᠶᠢᠨ ᠳᠤ ᠵᠦᠳᠡᠵᠦᠬᠦᠢ᠃ ᠡᠶᠢᠮᠦ ᠠᠴᠠ | ᠾᠦᠩᠨᠦ ᠯᠤᠭ᠎ᠠ ᠴᠡᠷᠢᠭ ᠤᠨ ᠬᠦᠴᠦ ᠪᠠᠷ ᠲᠡᠮᠡᠴᠡᠡᠬᠦ ᠨᠢ ᠰᠠᠶᠢᠨ ᠠᠷᠭ᠎ᠠ ᠪᠢᠰᠢ᠂ ᠵᠦᠪᠬᠡᠨ ᠠᠷᠭ᠎ᠠ ᠬᠡᠷᠡᠭᠯᠡᠨ ᠠᠭᠠᠵᠢᠮ ᠢᠶᠠᠷ ᠲᠡᠭᠦᠨ ᠤ ᠦᠷ᠎ᠡ ᠬᠡᠣᠬᠡᠳ ᠢ ᠨᠢ | ᠳᠦᠰᠢᠮᠡᠯ ᠪᠣᠯᠭᠠᠨ ᠠᠪᠬᠤ ᠨᠢ ᠰᠠᠶ᠋ᠢ ᠬᠠᠮᠤᠭ ᠲᠡᠭᠡᠳᠦ ᠠᠷᠭ᠎ᠠ ᠪᠣᠯᠣᠨ᠎ᠠ᠃ ᠭᠡᠪᠡᠴᠦ ᠠᠶᠣᠬᠤ ᠨᠢ ᠡᠵᠡᠨ ᠬᠠᠭᠠᠨᠲᠠᠨ ᠮᠢᠨᠦ ᠠᠷᠭ᠎ᠠ ᠳᠤ ᠲᠣᠷ᠎ᠠ ᠦᠭᠡᠢ ᠪᠣᠯᠭᠤᠵᠢ | ᠬᠡᠮᠡᠨ ᠰᠠᠨᠠᠮᠣᠢ︾ ᠭᠡᠪᠡ᠃ ᠯᠢᠥ ᠪᠠᠩ᠄ ︽ᠪᠣᠯᠵᠤ ᠪᠦᠳᠦᠬᠦ ᠠᠷᠭ᠎ᠠ ᠪᠣᠯ ᠶᠠᠭᠤᠨ ᠳᠤ ᠲᠣᠷ᠎ᠠ ᠦᠭᠡᠢ ᠬᠡᠷᠡᠭ ᠪᠠᠶᠢᠮᠣᠢ︾ ᠬᠡᠮᠡᠭᠰᠡᠨ ᠳᠤ ᠯᠸᠥ ᠵᠢᠩ ᠦᠭᠦᠯᠡᠷᠦᠨ᠄ | ︽ᠲᠡᠶᠢᠮᠦ ᠪᠣᠯ ᠬᠠᠭᠠᠨᠲᠠᠨ ᠮᠢᠨᠢ ᠦᠨᠡᠬᠡᠷ ᠦᠪᠡᠷ ᠤᠨ ᠠᠬᠠᠮᠠᠳ ᠭᠦᠩᠵᠥ ᠪᠠᠨ ᠴᠠᠨ ᠢᠥᠢ ᠳᠤ ᠪᠣᠭᠳᠣᠯᠣᠨ᠂ ᠬᠦᠨᠳᠦ ᠵᠣᠵᠠᠭᠠᠨ ᠪᠡᠯᠡᠭ ᠲᠠᠢ ᠬᠠᠷᠢᠯᠠᠭᠤᠯᠪᠠᠰᠣ᠂ | ᠲᠡᠳᠡᠨᠡᠷ ᠬᠠᠨ ᠣᠯᠣᠰ ᠤᠨ ᠭᠦᠩᠵᠥ ᠶᠢᠨ ᠬᠦᠨᠳᠦ ᠪᠡᠯᠡᠭ ᠲᠤ ᠰᠡᠳᠭᠢᠯ ᠲᠠᠲᠠᠭᠳᠠᠨ ᠬᠤᠷᠭᠤᠳᠠᠵᠤ᠂ ᠭᠦᠩᠵᠥ ᠪᠠᠷ ᠦᠵᠢ ᠬᠠᠳᠣᠨ ᠪᠣᠯᠭᠠᠬᠤ ᠶᠤᠮ᠃ ᠬᠡᠷᠪᠡ | ᠭᠦᠩᠵᠥ ᠠᠴᠠ ᠬᠦᠪᠡᠭᠦᠨ ᠲᠦᠷᠦᠪᠡᠰᠥ ᠲᠠᠶᠢᠽᠢ ᠪᠣᠯᠭᠠᠬᠤ ᠨᠢ ᠯᠠᠪ ᠪᠣᠯᠠᠢ᠃ ᠢᠩᠭᠢᠪᠡᠯ ᠬᠤᠵᠢᠮ ᠤᠨ ᠴᠠᠨ ᠢᠥᠢ ᠨᠢ ᠬᠠᠭᠠᠨ ᠲᠠᠨ ᠤ ᠵᠢᠭᠡ ᠪᠣᠯᠣᠨ᠎ᠠ᠃ ᠲᠡᠳᠡ | ᠬᠠᠨ ᠣᠯᠣᠰ ᠤᠨ ᠡᠳ᠋ ᠮᠦᠩᠭᠦᠨ ᠳᠤ ᠲᠣᠷᠠᠯᠠᠵᠣ᠂ ᠬᠠᠭᠠᠨᠲᠠᠨ ᠮᠢᠨᠢ ᠵᠢᠯ ᠪᠦᠷᠢ ᠡᠯᠳᠡᠪ ᠪᠠᠶᠠᠷ ᠲᠣᠷᠠᠰᠬᠠᠯ ᠲᠣᠬᠢᠶᠠᠯᠳᠣᠭᠤᠯᠣᠨ᠂ ᠡᠳ᠋ ᠮᠦᠩᠭᠦ ᠪᠠᠷ ᠱᠠᠩᠨᠠᠵᠣ | ᠯᠠ ᠪᠠᠶᠢᠪᠠᠯ ᠣᠳᠠᠯ ᠦᠭᠡᠢ ᠮᠠᠨ ᠳᠤ ᠨᠣᠭᠲᠣᠯᠣᠭᠳᠠᠮᠣᠢ᠃ ᠪᠣᠭᠳᠠ ᠴᠠᠨ ᠢᠥᠢ ᠠᠮᠢᠳᠣ ᠠᠪᠠᠰᠣ᠂ ᠬᠠᠭᠠᠨ ᠲᠠᠨ ᠤ ᠬᠦᠷᠭᠡᠨ ᠪᠣᠯᠠᠢ᠂ ᠦᠬᠦᠪᠡᠴᠥ ᠬᠠᠭᠠᠨᠲᠠᠨ ᠤ | ᠵᠢᠭᠡ ᠨᠠᠷ ᠴᠠᠨ ᠢᠥᠢ ᠪᠣᠯᠣᠮᠣᠢ᠃ ᠬᠡᠵᠢᠶ᠎ᠡ ᠵᠢᠭᠡ ᠨᠡᠷ ᠨᠢ ᠨᠠᠭᠠᠴᠣ ᠡᠪᠦᠭᠡ ᠲᠠᠢ ᠪᠠᠨ ᠶᠣᠰᠣᠨ ᠠᠴᠠ ᠭᠠᠳᠠᠭᠤᠷ ᠲᠡᠮᠡᠴᠡᠯᠳᠦᠵᠥ ᠪᠠᠶᠢᠭᠰᠠᠨ ᠬᠡᠷᠡᠭ ᠪᠠᠶᠢᠮᠣᠢ᠃ | ᠬᠡᠷᠪᠡ ᠡᠵᠡᠨ ᠮᠢᠨᠢ ᠦᠪᠡᠷ ᠤᠨ ᠠᠬᠠᠮᠠᠳ ᠭᠦᠩᠵᠥ ᠪᠠᠨ ᠬᠦᠷᠭᠡᠬᠦ ᠲᠣᠷ᠎ᠠ ᠦᠭᠡᠢ ᠪᠣᠯ ᠲᠦᠷᠦᠯ ᠭᠡᠷ ᠤᠨ ᠬᠡᠣᠬᠡᠨ ᠢ ᠭᠦᠩᠵᠥ ᠡᠷᠭᠦᠬᠦ ᠪᠣᠶᠤ ᠣᠷᠳᠣᠨ ᠤ ᠬᠡᠣᠬᠡᠨ | ᠢ ᠬᠠᠭᠤᠷᠮᠠᠭᠯᠠᠨ ᠭᠦᠩᠵᠥ ᠬᠡᠮᠡᠨ ᠬᠦᠷᠭᠡᠪᠡᠯ᠂ ᠲᠡᠳᠡ ᠬᠤᠵᠢᠮ ᠮᠡᠳᠡᠭᠰᠡᠨ ᠴᠦ ᠨᠢᠭᠡᠨᠲᠡ ᠬᠡᠷᠡᠭ ᠦᠭᠡᠢ ᠪᠣᠯᠣᠮᠣᠢ︾ ᠬᠡᠮᠡᠪᠡ᠃ ᠭᠤᠣ ᠳ᠋ᠢ ᠬᠠᠭᠠᠨ ᠰᠣᠨᠣᠰᠣᠭᠠᠳ | ᠮᠠᠰᠢ ᠰᠠᠶᠢᠨ ᠬᠡᠮᠡᠨ ᠰᠠᠶᠢᠰᠢᠶᠠᠨ ᠦᠪᠡᠷ ᠤᠨ ᠠᠬᠠᠮᠠᠳ ᠭᠦᠩᠵᠥ ᠪᠠᠨ ᠬᠦᠷᠭᠡᠬᠦ ᠪᠠᠷ ᠪᠣᠯᠵᠠᠢ᠃ ᠭᠡᠳᠡᠯ᠎ᠡ ᠯᠢᠥᠢ ᠾᠸᠥ ᠬᠠᠳᠣᠨ ᠦᠪᠡᠷ ᠤᠨ ᠲᠦᠷᠦᠭᠰᠡᠨ ᠬᠡᠣᠬᠡᠨ | ᠢᠶᠠᠨ ᠾᠦᠩᠨᠦ ᠳᠤ ᠬᠦᠷᠭᠡᠬᠦ ᠲᠣᠷ᠎ᠠ ᠦᠭᠡᠢ ᠡᠳᠦᠷᠵᠢᠨ ᠰᠦᠨᠢᠵᠢᠨ ᠣᠬᠢᠯᠠᠵᠣ ᠣᠨᠵᠢᠭᠠᠳ ᠪᠠᠶᠢᠬᠤᠯᠠᠷ ᠯᠢᠥ ᠪᠠᠩ ᠠᠷᠭ᠎ᠠ ᠪᠣᠰᠣ ᠭᠡᠷ ᠤᠨ ᠬᠦᠮᠦᠰ ᠤᠨ ᠬᠡᠣᠬᠡᠨ ᠢ | ᠠᠬᠠᠮᠠᠳ ᠬᠦᠩᠵᠥ ᠬᠡᠮᠡᠨ ᠬᠠᠭᠤᠷᠮᠠᠭᠯᠠᠨ ᠡᠷᠭᠦᠮᠵᠢᠯᠡᠵᠥ ᠴᠠᠨ ᠢᠥᠢ ᠳᠤ ᠬᠠᠳᠣᠨ ᠪᠣᠯᠭᠠᠨ ᠬᠦᠷᠭᠡᠬᠦ ᠪᠠᠷ ᠯᠸᠥ ᠵᠢᠩ ᠢ ᠲᠣᠮᠢᠯᠠᠨ᠂ ᠣᠷᠣᠭᠴᠠᠨ ᠡᠪᠰᠡᠬᠦ | ᠪᠣᠯᠵᠤᠭ᠎ᠠ ᠶᠢ ᠲᠣᠭᠳᠠᠭᠠᠪᠠ ᠭᠡᠵᠡᠢ᠃ | ᠢᠩᠭᠢᠭᠡᠳ ᠬᠠᠨ ᠣᠯᠣᠰ ᠪᠣᠯᠣᠨ ᠾᠦᠩᠨᠦ ᠬᠤᠶᠠᠷ ᠲᠠᠯ᠎ᠠ ᠪᠠᠷ ᠢᠶᠠᠨ ᠡᠶᠡᠯᠳᠦᠨ᠂ ᠯᠸᠥ ᠵᠢᠩ ᠡᠨᠡᠬᠦ ᠭᠠᠪᠢᠶ᠎ᠠ ᠪᠠᠷ ᠢᠶᠠᠨ ᠬᠠᠭᠠᠨ ᠣᠪᠣᠭ ᠢᠶᠠᠷ ᠱᠠᠩᠨᠠᠭᠳᠠᠨ | ᠯᠢᠥ ᠵᠢᠩ ᠨᠡᠷ᠎ᠡ ᠲᠠᠢ ᠪᠣᠯᠣᠭᠰᠠᠨ ᠭᠡᠳᠡᠭ᠃ ᠡᠶᠢᠮᠦᠷᠬᠦ ᠵᠢᠯ ᠪᠦᠷᠢ ᠠᠯᠪᠠ ᠪᠠᠷᠢᠬᠤ᠂ ᠭᠦᠩᠵᠥ ᠬᠡᠣᠬᠡᠨ ᠢᠶᠠᠨ ᠬᠦᠷᠭᠡᠬᠦ ᠭᠠᠳᠠᠭᠠᠳᠣ ᠬᠠᠷᠢᠯᠴᠠᠭ᠎ᠠ ᠶᠢ ᠬᠠᠨ ᠣᠯᠣᠰ | ᠤᠨ ᠲᠡᠣᠬᠡᠴᠢᠳ ᠪᠣᠯ ︽ᠡᠪᠰᠡᠬᠦ ᠣᠷᠤᠭ︾ ᠬᠡᠮᠡᠨ ᠭᠤᠶᠣᠯᠠᠨ ᠨᠡᠷᠡᠶᠢᠳᠦᠬᠦ ᠪᠣᠯᠪᠠ᠃ ᠭᠡᠪᠡᠴᠦ ᠬᠠᠨ ᠣᠯᠣᠰ ᠯᠢᠥ ᠪᠠᠩ ᠠᠴᠠ ᠬᠤᠵᠢᠮ᠂ ᠵᠢᠯ ᠤᠨ ᠠᠯᠪᠠ ᠪᠠᠨ | ᠵᠢᠯ ᠪᠦᠷᠢ ᠬᠦᠷᠭᠡᠵᠥ ᠪᠠᠶᠢᠭᠰᠠᠨ ᠦᠭᠡᠢ ᠪᠣᠯᠣᠯᠳᠠᠢ᠂ ᠵᠦᠪᠬᠡᠨ ᠾᠦᠩᠨᠦ ᠶᠢᠨ ᠴᠠᠨ ᠢᠥᠢ ᠨᠡᠷ ᠨᠢ ᠰᠣᠯᠢᠭᠳᠠᠬᠤ ᠦᠶ᠎ᠡ ᠳᠤ ᠭᠦᠩᠵᠥ ᠬᠦᠷᠭᠡᠵᠥ ᠠᠮᠠ ᠪᠦᠭᠯᠡᠵᠥ | ᠪᠠᠶᠢᠭᠰᠠᠨ ᠲᠦᠯᠦᠪᠳᠡᠢ᠂ ᠡᠰᠡᠬᠦᠯ᠎ᠡ ᠴᠡᠷᠢᠭ ᠲᠠᠶᠢᠨ ᠳᠤ ᠰᠢᠬᠠᠮᠳᠠᠭᠳᠠᠪᠠᠯ ᠰᠠᠶ᠋ᠢ ᠠᠯᠪᠠ ᠪᠠᠷᠢᠳᠠᠭ ᠪᠠᠶᠢᠵᠠᠢ᠃ ᠣᠨᠴᠠᠠᠭᠠᠶᠢᠯᠠᠨ ᠬᠠᠨ ᠡᠣ ᠳ᠋ᠢ ᠬᠠᠭᠠᠨ ᠤ ᠲᠣᠮᠳᠠ | ᠰᠡᠬᠦᠯᠴᠢ ᠶᠢᠨ ᠦᠶ᠎ᠡ ᠳᠤ ᠬᠠᠨ ᠣᠯᠣᠰ ᠴᠡᠷᠢᠭ ᠲᠠᠶᠢᠨ ᠤ ᠲᠠᠪᠠᠭᠤ ᠪᠠᠶᠢᠷᠢᠨ ᠳᠤ ᠣᠷᠣᠮᠣᠭᠴᠠ ᠪᠠᠨ ᠠᠯᠪᠠ ᠪᠠᠷᠢᠬᠤ ᠪᠠᠨ ᠵᠣᠭᠰᠣᠵᠤ᠂ ᠭᠡᠳᠡᠷᠭᠡᠨ | ᠾᠦᠩᠨᠦᠴᠦᠳ ᠢ ᠳᠦᠰᠢᠮᠡᠯ ᠪᠣᠯᠳᠣᠭᠠᠢ ᠬᠡᠮᠡᠨ ᠱᠠᠭᠠᠷᠳᠠᠬᠤ ᠪᠣᠯᠵᠠᠢ᠃ ᠬᠢᠲᠠᠳ ᠲᠦᠷᠦ ᠳᠤ ᠠᠪᠴᠣ ᠬᠡᠯᠡᠪᠡᠯ ᠡᠨᠡ ᠪᠣᠯ ᠨᠢᠭᠡᠨ ᠴᠠᠭ ᠠᠷᠭᠠᠴᠠᠬᠤ ᠠᠷᠭ᠎ᠠ | ᠬᠡᠮᠵᠢᠶ᠎ᠡ ᠪᠠᠶᠢᠵᠤ᠂ ᠵᠦᠪᠬᠡᠨ ᠨᠢᠭᠡᠨ ᠣᠯᠣᠰ ᠲᠦᠷᠦ ᠶᠢᠨ ᠣᠷᠤᠭ ᠢᠶᠠᠷ ᠦᠵᠡᠵᠥ᠂ ᠲᠡᠭᠦᠨ ᠢ ᠠᠰᠢᠭᠯᠠᠨ ᠦᠪᠡᠷ ᠤᠨ ᠠᠰᠢᠭᠳᠠᠢ ᠪᠠᠶᠢᠷᠢ ᠰᠠᠭᠤᠷᠢ ᠪᠠᠨ | ᠰᠡᠷᠭᠦᠭᠡᠨ ᠪᠠᠳᠣᠳᠬᠠᠵᠣ ᠪᠠᠶᠢᠵᠠᠢ᠃ ᠡᠶᠢᠮᠦ ᠠᠴᠠ ᠡᠶᠢᠮᠦᠷᠬᠦ ᠲᠦᠷᠦ ᠶᠢᠨ ᠪᠣᠳᠣᠯᠭ᠎ᠠ ᠬᠤᠵᠢᠮ ᠤᠨ ᠬᠢᠲᠠᠳ ᠲᠦᠷᠦ ᠴᠦ ᠨᠡᠶᠢᠳᠡᠮ ᠬᠡᠷᠡᠭᠯᠡᠬᠦ ᠪᠣᠯᠵᠠᠢ᠃ | ᠠᠳᠡ ᠠᠩᠬᠠᠷᠬᠤ ᠨᠢ᠂ ᠯᠸᠥ ᠵᠢᠩ ᠤᠨ ᠬᠡᠯᠡᠭᠰᠡᠨ ᠮᠡᠳᠦ ᠪᠠᠷ ᠭᠦᠩᠵᠥ ᠨᠢ ᠾᠦᠩᠨᠦ ᠳᠤ ᠢᠷᠡᠪᠡᠯ ᠦᠵᠢ ᠬᠠᠳᠣᠨ ᠪᠣᠯᠬᠤ᠂ ᠭᠦᠩᠵᠥ ᠠᠴᠠ ᠬᠦᠪᠡᠭᠦᠨ | ᠲᠦᠷᠦᠪᠡᠰᠦ ᠲᠠᠶᠢᠽᠢ ᠪᠣᠯᠭᠠᠬᠤ ᠴᠢᠨᠠᠭᠰᠢᠯᠠᠪᠠᠯ ᠬᠤᠵᠢᠮ ᠤᠨ ᠴᠠᠨ ᠢᠥᠢ ᠪᠣᠯᠬᠤ ᠵᠡᠷᠭᠡ ᠬᠡᠯᠡᠯᠭᠡ ᠪᠣᠯ ᠪᠦᠷ ᠨᠢᠭᠡᠨ ᠯᠠ ᠲᠠᠯ᠎ᠠ ᠶᠢᠨ ᠦᠭᠡ ᠲᠡᠳᠦᠢ ᠶᠤᠮ᠃ | ᠲᠣᠬᠠᠢ ᠶᠢᠨ ᠦᠶ᠎ᠡ ᠶᠢ ᠪᠠᠶᠢᠳᠣᠭᠠᠢ ᠡᠳᠦᠬᠡ ᠴᠠᠭ ᠲᠤ ᠢᠷᠡᠭᠡᠳ ᠣᠯᠠᠩᠬᠢ ᠬᠦᠮᠦᠰ ᠾᠦᠩᠨᠦ ᠶᠢᠨ ᠰᠣᠶᠤᠯ ᠪᠠ ᠲᠠᠳᠬᠠᠯ ᠵᠣᠷᠰᠢᠯ ᠢ ᠣᠶᠢᠯᠭᠠᠬᠤ ᠦᠭᠡᠢ | ᠪᠣᠯᠬᠤᠷ ᠦᠪᠡᠷ ᠤᠨ ᠬᠢᠲᠠᠳ ᠰᠣᠶᠣᠯ ᠢᠶᠠᠷ ᠢᠶᠠᠨ ᠬᠡᠮᠵᠢᠶᠡᠯᠡᠨ ᠦᠭᠦᠯᠡᠯᠴᠡᠬᠦ ᠬᠦᠮᠦᠨ ᠲᠣᠩ ᠣᠯᠠᠨ ᠪᠠᠶᠢᠳᠠᠭ᠃ ᠴᠠᠨ ᠢᠥᠢ ᠳᠤ ᠮᠣᠷᠳᠠᠭᠰᠠᠨ ᠬᠢᠲᠠᠳ ᠦᠵᠢ | ᠬᠠᠳᠣᠨ ᠠᠴᠠ ᠲᠦᠷᠦᠭᠰᠡᠨ ᠬᠦᠪᠡᠭᠦᠳ ᠪᠦᠷ ᠲᠡᠶᠢᠮᠦ ᠠᠮᠠᠷᠬᠠᠨ ᠲᠠᠶᠢᠽᠢ ᠪᠣᠯᠵᠤ ᠴᠠᠨ ᠢᠥᠢ ᠰᠠᠭᠤᠬᠤ ᠪᠣᠯᠣᠯᠴᠠᠭ᠎ᠠ ᠪᠠᠶᠢᠬᠤ ᠦᠭᠡᠢ᠂ ᠾᠦᠩᠨᠦ ᠳᠤ ᠮᠦᠨ | ᠨᠡᠶᠢᠭᠡᠮ ᠨᠡᠶᠢᠲᠡ ᠶᠢᠨ ᠬᠠᠳᠠᠭᠤ ᠴᠢᠩᠭ᠎ᠠ ᠲᠢᠭᠯᠢᠮ ᠵᠠᠶ᠋ᠢᠭ ᠲᠠᠢ ᠪᠣᠯᠬᠤᠷ ᠬᠠᠭᠠᠨ ᠡᠵᠡᠳ ᠴᠦ ᠡᠪᠳᠡᠵᠥ ᠪᠣᠯᠬᠤ ᠦᠭᠡᠢ ᠶᠤᠰᠣ ᠵᠢᠷᠣᠮ ᠲᠠᠢ ᠪᠠᠶᠢᠵᠠᠢ᠃ | ᠵᠢᠱᠢᠶᠡᠯᠡᠪᠡᠯ ᠸᠠᠩ ᠵᠣᠣ ᠵᠢᠶᠦ᠋ᠨ ᠮᠡᠳᠦ ᠨᠡᠷ᠎ᠡ ᠬᠦᠨᠳᠦᠳᠡᠢ ᠨᠢᠩ ᠬᠣ᠋ ᠦᠵᠢ ᠬᠡᠮᠡᠨ ᠠᠯᠳᠠᠷᠰᠢᠭᠰᠠᠨ ᠬᠠᠳᠣᠨ ᠠᠴᠠ ᠲᠦᠷᠦᠭᠰᠡᠨ ᠡᠶ᠎ᠡ ᠲᠣᠲᠣᠳᠬᠠᠭᠴᠢ ᠨᠡᠷ᠎ᠡ ᠲᠠᠢ | ᠬᠠᠨ ᠬᠦᠪᠡᠭᠦᠨ ᠴᠦ ᠴᠠᠨ ᠢᠥᠢ ᠪᠣᠯᠵᠤ ᠴᠢᠳᠠᠭᠰᠠᠨ ᠦᠭᠡᠢ ᠶᠤᠮ᠃ ᠬᠢᠲᠠᠳ ᠲᠡᠣᠬᠡᠴᠢᠳ ᠬᠢᠲᠠᠳ ᠰᠣᠶᠣᠯ ᠢᠶᠠᠷ ᠢᠶᠠᠨ ᠬᠡᠮᠵᠢᠨ ᠬᠡᠯᠡᠯᠴᠡᠬᠦ ᠨᠢ ᠲᠡᠳᠡᠨᠡᠷ ᠤᠨ | ᠰᠣᠶᠣᠯ ᠤᠨ ᠬᠢᠵᠠᠭᠠᠷᠳᠠᠮᠠᠯ ᠲᠠᠯ᠎ᠠ ᠶᠢ ᠯᠠ ᠬᠠᠷᠠᠭᠤᠯᠵᠤ ᠪᠠᠶᠢᠭ᠎ᠠ ᠬᠡᠷᠡᠭ ᠲᠡᠳᠦᠢ ᠶᠤᠮ᠃ |