ᠡᠪᠡᠰᠦ ᠮᠣᠳᠣᠨ ᠤ ᠦᠨᠡᠰᠦ ᠪᠠᠷ ᠬᠤᠷᠣᠬᠠᠢ ᠠᠯᠠᠬᠤ ᠡᠪᠡᠰᠦ ᠮᠣᠳᠣᠨ ᠤ ᠦᠨᠡᠰᠦ ᠪᠠᠷ ᠰᠣᠩᠭᠢᠨ᠎ᠠ ᠶᠢᠨ ᠢᠯᠠᠭ᠎ᠠ᠂ ᠦᠨᠳᠦᠰᠦᠨ ᠤ ᠥᠳᠥ᠂ ᠪᠠᠭᠠᠷᠠᠩ | ᠬᠤᠷᠣᠬᠠᠢ᠂ ᠴᠣᠬᠤ ᠵᠡᠷᠭᠡ ᠬᠤᠷᠣᠬᠠᠢ ᠶᠢ ᠰᠡᠷᠭᠡᠶᠢᠯᠡᠬᠦ ᠳᠤ ᠬᠡᠷᠡᠭᠯᠡᠨ᠎ᠡ᠃ ᠡᠭᠦᠨ ᠳᠤ ᠭᠤᠷᠪᠠᠨ ᠵᠦᠢᠯ ᠤᠨ ᠠᠷᠭ᠎ᠠ ᠪᠣᠢ᠄ ᠨᠢᠭᠡ ᠳᠤ᠂ ᠬᠥᠷᠥᠰᠥᠨ ᠳᠤ | ᠣᠷᠣᠭᠤᠯᠤᠨ᠎ᠠ᠂ ᠮᠦ ᠪᠦᠷᠢ ᠳᠤ 60 - 80 ᠵᠢᠩ ᠡᠪᠡᠰᠦ ᠮᠣᠳᠣᠨ ᠤ ᠦᠨᠡᠰᠦ ᠶᠢ ᠲᠠᠷᠢᠬᠤ ᠰᠤᠪᠠᠭ ᠲᠤ ᠣᠷᠣᠭᠤᠯᠪᠠᠯ ᠦᠨᠳᠦᠰᠦᠨ ᠤ ᠬᠥᠨᠥᠭᠡᠯᠳᠦ | ᠬᠤᠷᠣᠬᠠᠢ ᠠᠴᠠ ᠰᠡᠷᠭᠡᠶᠢᠯᠡᠵᠦ ᠲᠡᠶᠢᠯᠥᠨ᠎ᠡ ︔ ᠬᠤᠶᠠᠷ ᠲᠤ᠂ ᠰᠢᠭᠤᠳ ᠰᠠᠴᠤᠨ᠎ᠠ᠂ ᠡᠪᠡᠰᠦ ᠮᠣᠳᠣᠨ ᠤ ᠦᠨᠡᠰᠦ ᠶᠢ ᠨᠤᠨᠳᠠᠭᠯᠠᠵᠤ ᠥᠷᠯᠥᠭᠡ ᠰᠢᠭᠦᠳᠡᠷᠢ | ᠬᠠᠳᠠᠬᠤ ᠠᠴᠠ ᠡᠮᠦᠨ᠎ᠡ ᠬᠤᠷᠣᠬᠠᠶᠢᠲᠤᠭᠰᠠᠨ ᠬᠡᠰᠡᠭ ᠲᠤ ᠰᠦᠷᠴᠢᠨ᠎ᠡ᠂ ᠮᠦ ᠪᠦᠷᠢ ᠳᠤ 2 - 4 ᠵᠢᠩ ᠡᠪᠡᠰᠦ ᠮᠣᠳᠣᠨ ᠤ ᠦᠨᠡᠰᠦ ᠶᠢ ᠬᠡᠷᠡᠭᠯᠡᠨ᠎ᠡ᠃ | ᠨᠠᠪᠴᠢᠨ ᠲᠠᠮᠠᠬᠢ ᠪᠠᠷ ᠬᠤᠷᠣᠬᠠᠢ ᠠᠯᠠᠬᠤ ᠨᠠᠪᠴᠢᠨ ᠲᠠᠮᠠᠬᠢ ᠪᠠᠷ ᠬᠤᠷᠣᠬᠠᠢ ᠠᠯᠠᠬᠤ ᠳᠤ ᠡᠡ᠊ᠡᠭ ᠲᠡᠷᠢᠭᠦᠨ ᠳᠤ ᠪᠠᠭᠠᠷᠠᠩ ᠬᠤᠷᠣᠬᠠᠢ᠂ ᠦᠮᠡᠬᠡᠢ ᠪᠢᠰ᠂ | ᠢᠯᠠᠭᠠᠨ ᠤ ᠥᠳᠥ ᠵᠡᠷᠭᠡ ᠶᠢ ᠰᠡᠷᠭᠡᠶᠢᠯᠡᠬᠦ ᠪᠠ ᠵᠠᠰᠠᠬᠤ ᠳᠤ ᠬᠡᠷᠡᠭᠯᠡᠨ᠎ᠡ᠃ ᠨᠠᠶᠢᠷᠠᠭᠤᠯᠬᠤ ᠠᠴᠠ ᠡᠮᠦᠨ᠎ᠡ ᠬᠠᠶᠠᠭᠳᠠᠮᠠᠯ ᠨᠠᠪᠴᠢᠨ ᠲᠠᠮᠠᠬᠢ ᠪᠣᠯᠣᠨ ᠤᠰᠤ ᠶᠢ 1 ᠄ | 40 ᠶᠢᠨ ᠬᠠᠷᠢᠴᠠᠯ ᠢᠶᠠᠷ ᠬᠡᠮᠵᠢᠵᠦ ᠪᠡᠯᠡᠳᠬᠡᠨ᠂ ᠤᠷᠢᠳ ᠢᠶᠠᠷ ᠲᠠᠮᠠᠬᠢᠨ ᠤ ᠨᠠᠪᠴᠢ ᠶᠢ ᠤᠷᠠᠵᠤ ᠬᠡᠮᠬᠡᠯᠦᠭᠡᠳ ᠳᠡᠭᠡᠷ᠎ᠡ ᠨᠢ 10 ᠬᠤᠪᠢ ᠶᠢᠨ ᠪᠤᠴᠠᠯᠤᠭᠰᠠᠨ | ᠤᠰᠤ ᠬᠢᠵᠦ ᠳᠡᠪᠲᠦᠭᠡᠨ᠂ ᠤᠰᠤ ᠨᠢ ᠨᠡᠯᠢᠶᠡᠳ ᠰᠢᠩᠭᠡᠵᠦ ᠥᠳᠬᠡᠨ ᠰᠢᠭᠦᠰᠦ ᠦᠭᠡᠢ ᠪᠣᠯᠬᠤ ᠦᠶᠡᠰ ᠲᠠᠬᠢᠨ ᠲᠠᠮᠠᠬᠢᠨ ᠤ ᠨᠠᠪᠴᠢ ᠶᠢ ᠰᠢᠭᠦᠵᠦ ᠭᠠᠷᠭᠠᠨ᠂ 4 | ᠤᠳᠠᠭ᠎ᠠ ᠤᠰᠤ ᠬᠤᠯᠢᠵᠤ ᠱᠦᠷᠭᠦᠭᠡᠵᠦ ᠤᠬᠢᠶᠠᠭᠰᠠᠨ ᠤ ᠲᠠᠷᠠᠭ᠎ᠠ ᠰᠢᠭᠠᠷᠤ ᠪᠠ ᠲᠠᠮᠠᠬᠢ ᠶᠢ ᠨᠢ ᠱᠦᠭᠦᠵᠦ ᠭᠠᠷᠭᠠᠨ᠂ ᠲᠠᠬᠢᠨ ᠲᠤᠭ᠎ᠠ ᠶᠣᠰᠣᠭᠠᠷ ᠬᠤᠯᠢᠵᠤ | ᠲᠠᠷᠢᠶᠠᠨ ᠭᠠᠵᠠᠷ ᠲᠤ ᠰᠦᠷᠴᠢᠵᠦ ᠬᠤᠷᠣᠬᠠᠢ ᠶᠢ ᠰᠡᠷᠭᠡᠶᠢᠯᠡᠬᠦ ᠳᠤ ᠬᠡᠷᠡᠭᠯᠡᠨ᠎ᠡ᠃ | ᠯᠠᠵᠤᠤ ᠪᠠᠷ ᠬᠤᠷᠣᠬᠠᠢ ᠠᠯᠠᠬᠤ 1 ᠵᠢᠩ ᠰᠢᠨ᠎ᠡ ᠰᠣᠷᠭᠤᠭ ᠯᠠᠵᠤᠤ ︵ᠬᠡᠳᠦᠢ ᠭᠤᠱᠤᠭᠤᠨ ᠪᠣᠯ ᠲᠡᠳᠦᠢ ᠰᠠᠶᠢᠨ︶ ᠳᠡᠭᠡᠷ᠎ᠡ 30 - 40 ᠵᠢᠩ ᠤᠰᠤ | ᠨᠡᠮᠡᠵᠦ 10 - 15 ᠮᠢᠨᠦ᠋ᠲ ᠴᠢᠨᠠᠭᠠᠳ ᠰᠢᠭᠠᠷᠤ ᠶᠢ ᠨᠢ ᠰᠢᠭᠦᠵᠦ ᠭᠠᠷᠭᠠᠨ ᠰᠢᠭᠦᠰᠦ ᠶᠢ ᠨᠢ ᠦᠯᠡᠳᠡᠭᠡᠵᠦ᠂ ᠬᠠᠯᠠᠭᠤᠨ ᠳᠡᠭᠡᠷ᠎ᠡ ᠨᠢ 0.2 ᠵᠢᠩ ᠬᠤᠪᠴᠠᠰᠤ | ᠤᠬᠢᠶᠠᠬᠤ ᠨᠤᠨᠳᠠᠭ ᠨᠡᠮᠡᠵᠦ᠂ ᠬᠥᠷᠥᠭᠰᠡᠡ ᠤ ᠰᠡᠭᠦᠯᠡᠷ ᠲᠠᠬᠢᠨ 2 ᠤᠭᠤᠲᠠ ᠵᠢᠶᠠ ᠮᠸᠢ ᠶᠢᠨ ᠳ᠋ᠢᠶᠠᠨ ︵嘉美金点︶ ᠲᠣᠬᠢᠷᠠᠭᠤᠯᠤᠭᠴᠢ ᠪᠠ 100 | ᠵᠢᠩ ᠤᠰᠤ ᠨᠡᠮᠡᠵᠦ ᠵᠢᠭᠳᠡ ᠬᠤᠯᠢᠭᠠᠳ ᠰᠦᠷᠴᠢᠨ᠎ᠡ᠃ ᠡᠨᠡ ᠬᠦ ᠠᠷᠭ᠎ᠠ ᠨᠢ ᠰᠢᠰᠢ ᠶᠢᠨ ᠮᠢᠩ ᠬᠤᠷᠣᠬᠠᠢ᠂ ᠲᠡᠯᠡᠭᠴᠢ ᠬᠤᠷᠣᠬᠠᠢ᠂ ᠭᠤᠷᠪᠠᠨ ᠭᠤᠣᠯᠵᠢᠳᠠᠳᠣ | ᠮᠢᠩ ᠡᠷᠪᠡᠬᠡᠢ᠂ ᠨᠠᠪᠴᠢᠨ ᠬᠤᠮᠢᠭᠤᠷ ᠬᠤᠷᠣᠬᠠᠢ᠂ ᠪᠠᠭᠠᠷᠠᠩ ᠬᠤᠷᠣᠬᠠᠢ᠂ ᠤᠯᠠᠭᠠᠨ ᠠᠭᠠᠯᠵᠢ᠂ ᠰᠢᠷᠣᠢ ᠶᠢᠨ ᠬᠦᠷᠢ ᠵᠡᠷᠭᠡ ᠡᠯ᠎ᠡ ᠵᠦᠢᠯ ᠤᠨ ᠬᠥᠨᠥᠭᠡᠯᠳᠦ | ᠬᠤᠷᠣᠬᠠᠢ ᠶᠢ ᠬᠦᠴᠦᠨ ᠲᠠᠢ ᠰᠡᠷᠭᠡᠶᠢᠯᠡᠬᠦ ᠪᠠ ᠠᠯᠠᠵᠤ ᠲᠡᠶᠢᠯᠥᠨ᠎ᠡ᠃ | ᠰᠣᠩᠭᠢᠨ᠎ᠠ ᠰᠠᠷᠢᠮᠰᠠᠭ ᠢᠶᠠᠷ ᠬᠤᠷᠣᠬᠠᠢ ᠠᠯᠠᠬᠤ ᠰᠠᠷᠢᠮᠰᠠᠭ ᠪᠠ ᠪᠥᠭᠡᠷᠡᠩᠬᠡᠢ ᠰᠣᠩᠭᠢᠨ᠎ᠠ ᠶᠢ ᠲᠣᠰ ᠲᠣᠰ 20 ᠭᠷᠡᠮ ᠬᠤᠯᠢᠵᠤ ᠨᠢᠴᠠᠯᠤᠨ᠂ ᠰᠡᠶᠢᠮᠡᠬᠡᠢ | ᠪᠥᠰ ᠢᠶᠠᠷ ᠪᠠᠭᠯᠠᠵᠤ᠂ 20 ᠵᠢᠩ ᠣᠰᠣᠠ ᠳᠤ 24 ᠴᠠᠭ ᠳᠡᠪᠲᠦᠭᠡᠭᠰᠡᠨ ᠤ ᠰᠡᠭᠦᠯᠡᠷ ᠲᠠᠬᠢᠨ ᠰᠡᠶᠢᠮᠡᠬᠡᠢ ᠪᠥᠰ ᠢ ᠠᠪᠴᠤ ᠭᠠᠷᠭᠠᠨ᠎ᠠ᠂ ᠲᠣᠰ ᠡᠮ ᠤᠨ | ᠰᠢᠩᠭᠡᠨ ᠢᠶᠠᠷ ᠴᠣᠬᠤ᠂ ᠪᠠᠭᠠᠷᠠᠩ ᠬᠤᠷᠣᠬᠠᠢ᠂ ᠤᠯᠠᠭᠠᠨ ᠠᠭᠠᠯᠵᠢ ᠵᠡᠷᠭᠡ ᠬᠥᠨᠥᠭᠡᠯᠳᠦ ᠬᠤᠷᠣᠬᠠᠢ ᠶᠢ ᠰᠡᠷᠭᠡᠶᠢᠯᠡᠬᠦ ᠪᠠ ᠠᠯᠠᠬᠤ ᠳᠤ ᠬᠡᠷᠡᠭᠯᠡᠵᠦ ᠪᠣᠯᠣᠨ᠎ᠠ᠃ | | ᠭᠤᠯᠢᠷ ᠢᠶᠠᠷ ᠬᠤᠷᠣᠬᠠᠢ ᠠᠯᠠᠬᠤ 250 ᠭᠷᠡᠮ ᠪᠤᠭᠤᠳᠠᠢ ᠶᠢᠨ ᠭᠤᠯᠢᠷ ᠲᠤ 15 - 16 ᠵᠢᠩ ᠤᠰᠤ ᠨᠡᠮᠡᠵᠦ ᠵᠢᠭᠤᠷᠠᠭᠠᠳ ᠭᠤᠣᠯ ᠦᠳᠡ ᠶᠢᠨ 12 | ᠴᠠᠭ ᠤᠨ ᠦᠶ᠎ᠡ ᠪᠠᠷ ᠤᠯᠠᠭᠠᠨ ᠠᠭᠠᠯᠵᠢ ᠶᠢᠨ ᠬᠥᠨᠥᠭᠡᠯ ᠲᠠᠢ ᠨᠠᠪᠴᠢᠨ ᠤ ᠠᠷᠤ ᠳᠤ ᠵᠢᠭᠳᠡ ᠰᠦᠷᠴᠢᠨ᠎ᠡ᠃ 10 ᠮᠢᠨᠦ᠋ᠲ ᠤᠨ ᠲᠠᠷᠠᠭ᠎ᠠ ᠤᠯᠠᠭᠠᠨ ᠠᠭᠠᠯᠵᠢ ᠶᠢᠨ | ᠬᠥᠯ ᠨᠢ ᠭᠤᠯᠢᠷ ᠲᠠᠢ ᠨᠠᠭᠠᠯᠳᠤᠵᠤ ᠨᠠᠪᠴᠢᠨ ᠤ ᠠᠷᠤ ᠳᠤ ᠬᠠᠳᠠᠵᠣ ᠦᠬᠦᠬᠦ ᠪᠣᠯᠣᠨ᠎ᠠ᠃ ᠲᠣᠰ ᠠᠷᠭ᠎ᠠ ᠶᠢ ᠢᠳᠡᠰᠢᠨ ᠨᠣᠭᠤᠭ᠎ᠠ᠂ ᠵᠢᠮᠢᠰ ᠤᠨ ᠮᠣᠳᠣ᠂ | ᠬᠥᠪᠥᠩ ᠵᠡᠷᠭᠡ ᠲᠠᠷᠢᠮᠠᠯ ᠳᠤ ᠠᠳᠠᠯᠢᠬᠠᠨ ᠬᠡᠷᠡᠭᠯᠡᠵᠦ ᠲᠣᠬᠢᠷᠠᠨ᠎ᠠ᠃ | ᠪᠠᠭ᠎ᠠ ᠰᠤᠳᠠ ᠪᠠᠷ ᠭᠡᠮ ᠬᠤᠷᠣᠬᠠᠢ ᠶᠢ ᠰᠡᠷᠭᠡᠶᠢᠯᠡᠬᠦ 0.2% ᠥᠳᠬᠡᠴᠡ ᠲᠠᠢ ᠪᠠᠭ᠎ᠠ ᠰᠤᠳᠠ ᠶᠢᠨ ᠠᠭᠤᠰᠤᠮᠠᠯ᠂ ᠳᠠᠷᠤᠢ 0.2 ᠵᠢᠩ ᠪᠠᠭ᠎ᠠ ᠰᠤᠳᠠ | ᠳᠡᠭᠡᠷ᠎ᠡ 100 ᠵᠢᠩ ᠤᠰᠤ ᠬᠤᠯᠢᠵᠤ ᠵᠢᠭᠤᠷᠠᠭᠠᠳ ᠰᠦᠷᠴᠢᠨ᠎ᠡ᠂ ᠲᠣᠰ ᠨᠠᠶᠢᠷᠠᠯᠭ᠎ᠠ ᠨᠢ ᠥᠷᠭᠡᠰᠥᠳᠥ ᠬᠡᠮᠬᠡ᠂ ᠴᠠᠭᠠᠨ ᠨᠣᠭᠤᠭ᠎ᠠ ᠶᠢᠨ ᠴᠠᠭᠠᠨ ᠲᠣᠭᠤᠰᠣᠲᠤ | ᠭᠡᠮ᠂ ᠪᠣᠳᠣ ᠭᠡᠮ᠂ ᠴᠠᠭᠠᠨ ᠬᠥᠭᠡᠴᠦ ᠭᠡᠮ ᠵᠡᠷᠭᠡ ᠳᠤ ᠪᠦᠷ ᠨᠡᠯᠢᠶᠡᠳ ᠰᠠᠶᠢᠨ ᠦᠢᠯᠡᠳᠦᠯ ᠲᠠᠢ ᠪᠠᠶᠢᠵᠤ᠂ ᠰᠡᠷᠭᠡᠶᠢᠯᠡᠬᠦ ᠦᠷ᠎ᠡ ᠳ᠋ᠦᠩ ᠨᠢ 93.1% ᠳᠤ | ᠬᠥᠷᠥᠨ᠎ᠡ᠃ ᠪᠠᠰᠠ ᠲᠤᠲᠤᠷᠭᠠᠨ ᠤ ᠬᠠᠯᠠᠭᠤᠨ ᠭᠡᠮ ᠢ ᠭᠤᠣᠯᠯᠠᠨ ᠵᠠᠰᠠᠵᠤ ᠲᠡᠶᠢᠯᠥᠨ᠎ᠡ᠂ ᠲᠤᠲᠤᠷᠭ᠎ᠠ ᠶᠢᠨ ᠬᠢᠵᠢᠭᠰᠢᠷᠡᠭᠦ ᠲᠠᠯᠬ᠎ᠠ ︵稲瘟 灵︶᠂ ᠭᠤᠷᠪᠠᠨ | ᠴᠠᠭᠠᠷᠢᠭᠲᠤ ᠢᠮᠢᠳᠡᠽᠥᠯ ᠵᠡᠷᠭᠡ ᠲᠠᠢ ᠬᠤᠯᠢᠵᠤ ᠬᠡᠷᠡᠭᠯᠡᠪᠡᠯ ᠦᠢᠯᠡᠳᠦᠯ ᠨᠢ ᠨᠡᠮᠡᠭᠳᠡᠬᠦ ᠪᠣᠯᠣᠨ᠎ᠠ᠃ ᠭᠡᠪᠡᠴᠦ ᠬᠦᠴᠢᠯᠯᠢᠭ ᠲᠠᠷᠢᠶᠠᠨ ᠡᠮ ᠲᠠᠢ ᠬᠤᠯᠢᠵᠤ ᠬᠡᠷᠡᠭᠯᠡᠵᠦ | ᠪᠣᠯᠬᠤ ᠦᠭᠡᠢ᠃ | | | |