ᠵᠣᠬᠢᠶᠠᠭᠴᠢ᠄ ᠰᠢᠶᠠᠩ ᠲᠤᠤ | | ᠲᠤᠮᠲᠠᠲᠦ ᠶᠢᠨ ᠪᠠᠯᠠᠷ ᠡᠷᠲᠡᠨ ᠤ ᠨᠢᠭᠡᠳᠦᠭᠡᠷ ᠲᠤᠰᠬᠤᠨ | ᠤᠲᠤ ᠠᠴᠠ 8000 ᠵᠢᠯ ᠤᠨ ᠡᠮᠦᠨᠡᠬᠢ ᠰᠢᠩ ᠯᠦᠩ ᠸᠠ ᠶᠢᠨ ᠪᠠᠭᠤᠷᠢ ᠶᠢ ᠤᠯᠠᠭᠠᠨᠬᠠᠳᠠ ᠬᠤᠲᠠ ᠶᠢᠨ ᠠᠤᠬᠠᠨ ᠬᠤᠰᠢᠭᠤᠨ ᠤ ᠪᠤᠭᠤᠲᠤ ᠰᠢᠶᠠᠩ ᠤᠨ ᠰᠢᠩ | ᠯᠦᠩ ᠸᠠ ᠲᠤᠰᠬᠤᠨ ᠠᠴᠠ ᠢᠯᠡᠷᠡᠭᠦᠯᠦᠭᠰᠡᠨ ᠪᠠᠶᠢᠨ᠎ᠠ᠃ ᠲᠤᠰ ᠪᠠᠭᠤᠷᠢ ᠪᠣᠯ ᠮᠠᠨ ᠤ ᠣᠷᠣᠨ ᠪᠠ ᠵᠡᠭᠦᠨ ᠬᠤᠶᠢᠲᠤ ᠶᠢᠨ ᠭᠠᠵᠠᠷ ᠣᠷᠣᠨ ᠤ ᠬᠠᠳᠠᠭᠠᠯᠠᠯᠲᠠ ᠪᠠᠷ | ᠬᠠᠮᠤᠭ ᠤᠨ ᠪᠦᠷᠢᠨ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠲᠤᠰᠬᠤᠨ ᠤ ᠪᠠᠭᠤᠷᠢ ᠪᠠᠶᠢᠵᠤ᠂ ᠬᠠᠭᠤᠴᠢ ᠰᠤᠳᠤᠯᠤᠯ ᠤᠨ ᠬᠢᠨ ᠳᠤ ︽ᠲᠤᠮᠲᠠᠲᠦ ᠶᠢᠨ ᠪᠠᠯᠠᠷ | ᠡᠷᠲᠡᠨ ᠤ ᠨᠢᠭᠡᠳᠦᠭᠡᠷ ᠲᠤᠰᠬᠤᠨ︾ ᠬᠡᠮᠡᠭᠳᠡᠭᠰᠡᠨ ᠪᠢᠯᠡ᠃ | | | | ᠰᠢᠩ ᠯᠦᠩ ᠸᠠ ᠶᠢᠨ ᠪᠠᠭᠤᠷᠢ ᠶᠢᠨ ᠲᠠᠯᠠᠪᠠᠢ ᠨᠢ 3.5 ᠲᠦᠮᠡᠨ ᠲᠡᠭᠰᠢ ᠳᠥᠷᠪᠡᠯᠵᠢᠨ ᠮᠧᠲᠷ᠂ ᠪᠠᠭᠤᠷᠢ ᠶᠢ ᠬᠦᠷᠢᠶᠡᠯᠡᠭᠡᠳ ᠭᠤᠤ ᠰᠤᠪᠠᠭ ᠮᠠᠯᠲᠠᠵᠤ᠂ ᠭᠤᠤ | ᠰᠤᠪᠠᠭ ᠠᠴᠠ ᠳᠣᠲᠣᠭᠰᠢ ᠪᠠᠯᠠᠷ ᠡᠷᠲᠡᠨ ᠤ ᠭᠡᠷ ᠪᠠᠶᠢᠰᠢᠩ ᠤᠳ ᠡᠩᠨᠡᠷᠡᠨ ᠵᠢᠭᠳᠡᠷᠡᠵᠡᠢ᠃ ᠡᠳᠡᠭᠡᠷ ᠪᠠᠶᠢᠰᠢᠩ ᠤᠳ ᠪᠦᠷ ᠯᠡ ᠪᠠᠷᠠᠭᠤᠨ ᠬᠤᠶᠢᠨ᠎ᠠ ᠠᠴᠠ ᠵᠡᠭᠦᠨ | ᠡᠮᠦᠨᠡᠰᠢ ᠴᠢᠭᠯᠡᠯ ᠲᠠᠢ ᠪᠠᠶᠢᠷᠢᠰᠢᠵᠤ᠂ ᠪᠠᠷᠤᠭ ᠪᠦᠷ 50 ᠠᠴᠠ 80 ᠲᠡᠭᠰᠢ ᠳᠥᠷᠪᠡᠯᠵᠢᠨ ᠮᠧᠲᠷ ᠲᠠᠯᠠᠪᠠᠢ ᠲᠠᠢ ᠪᠠᠶᠢᠳᠠᠭ᠂ ᠡᠭᠦᠨ ᠳᠤ ᠬᠠᠮᠤᠭ ᠤᠨ ᠶᠡᠭᠡ ᠨᠢ | 140 ᠲᠡᠭᠰᠢ ᠳᠥᠷᠪᠡᠯᠵᠢᠨ ᠮᠧᠲᠷ ᠲᠠᠯᠠᠪᠠᠢ ᠲᠠᠢ ᠪᠠᠶᠢᠵᠤ᠂ ᠬᠠᠲᠤᠨ ᠭᠤᠣᠯ ᠤᠨ ᠰᠠᠪᠠ ᠭᠠᠵᠠᠷ ᠤᠨ ᠠᠳᠠᠯᠢ ᠬᠤᠭᠤᠴᠠᠭᠠᠨ ᠤ ᠣᠪᠣᠭ ᠤᠭᠰᠠᠭᠠᠨ ᠤ ᠰᠠᠭᠤᠷᠢᠰᠢᠯ | ᠳᠣᠲᠣᠷ᠎ᠠ ᠬᠠᠮᠤᠭ ᠠᠴᠠ ᠠᠭᠤᠵᠢᠮ ᠰᠠᠭᠤᠷᠢᠰᠢᠯ ᠳᠤ ᠲᠣᠭᠠᠴᠠᠭᠳᠠᠵᠠᠢ᠃ | | | ᠭᠡᠷ ᠪᠠᠶᠢᠰᠢᠩ ᠠᠴᠠ ᠭᠠᠳᠠᠨ᠎ᠠ ᠲᠤᠰ ᠪᠠᠭᠤᠷᠢ ᠠᠴᠠ ᠪᠠᠰᠠ ᠪᠠᠭ᠎ᠠ ᠪᠤᠰᠤ ᠦᠨᠡᠰᠦᠨ ᠨᠦᠬᠡ ᠢᠯᠡᠷᠡᠭᠦᠯᠵᠡᠢ᠃ ᠡᠭᠦᠨ ᠳᠤ 35 ᠳ᠋ᠤᠭᠠᠷ ᠦᠨᠡᠰᠦᠨ ᠨᠦᠬᠡ ᠪᠣᠯ | ᠬᠠᠮᠤᠭ ᠤᠨ ᠶᠡᠭᠡ ᠨᠢ ᠪᠠᠶᠢᠵᠤ᠂ ᠲᠣᠭᠤᠷᠢᠭ ᠭᠡᠯᠪᠡᠷᠢ ᠲᠠᠢ᠂ ᠳ᠋ᠢᠶᠠᠮᠧᠲᠷ ᠨᠢ ᠬᠠᠮᠤᠭ ᠤᠨ ᠶᠡᠭᠡ ᠳᠡᠭᠡᠨ 4.22 ᠮᠧᠲᠷ ᠪᠠᠶᠢᠯ᠎ᠠ᠃ ᠡᠨᠡ ᠬᠦ ᠦᠨᠡᠰᠦᠨ ᠨᠦᠬᠡ ᠶᠢᠨ | ᠣᠶᠢᠷ᠎ᠠ ᠬᠠᠪᠢ ᠪᠠᠷ 6 ᠵᠢᠵᠢᠭᠬᠡᠨ ᠲᠣᠭᠤᠷᠢᠭ ᠬᠡᠯᠪᠡᠷᠢᠲᠡᠢ ᠦᠨᠡᠰᠦᠨ ᠨᠦᠬᠡ ᠬᠦᠷᠢᠶᠡᠯᠡᠵᠦ᠂ ᠨᠦᠭᠡᠨ ᠤ ᠳᠤᠮᠳᠠ ᠬᠡᠰᠡᠭ ᠲᠤᠨᠢ ᠭᠠᠭ᠋ᠠᠢ ᠶᠢᠨ ᠶᠠᠰᠤ ᠶᠢ ᠪᠠᠷᠠᠭᠤᠨ | ᠡᠮᠦᠨᠡᠰᠢ ᠬᠠᠨᠳᠤᠭᠤᠯᠤᠨ ᠰᠡᠭᠦᠯ ᠤᠨ ᠬᠡᠰᠡᠭ ᠢ ᠨᠢ ᠪᠠᠷᠠᠭᠤᠨ ᠬᠤᠶᠢᠰᠢ ᠬᠠᠨᠳᠤᠭᠤᠯᠤᠨ ᠣᠷᠣᠰᠢᠭᠤᠯᠤᠭᠰᠠᠨ ᠪᠠᠶᠢᠨ᠎ᠠ᠃ ᠡᠶᠢᠮᠦᠷᠬᠦᠦ ᠣᠷᠣᠰᠢᠭᠤᠯᠭ᠎ᠠ ᠶᠢᠨ ᠵᠠᠩ | ᠦᠢᠯᠡ ᠨᠢ ᠨᠡᠩ ᠴᠦ ᠲᠤᠮᠲᠠᠲᠦ ᠤᠯᠤᠰ ᠤᠨ ᠪᠠᠯᠠᠷ ᠡᠷᠲᠡᠨ ᠤ ᠤᠨᠴᠠᠭᠠᠢ ᠵᠠᠩ ᠦᠢᠯᠡ ᠶᠢ ᠲᠤᠰᠬᠠᠵᠠᠢ᠃ ᠰᠢᠩ ᠯᠦᠩ ᠸᠠ ᠶᠢᠨ ᠪᠠᠭᠤᠷᠢ ᠶᠢᠨ 118 ᠳ᠋ᠤᠭᠠᠷ | ᠤᠩᠭᠤᠨ ᠳᠠᠬᠢ ᠤᠩᠭᠤᠨ ᠤ ᠡᠵᠡᠨ ᠤ ᠪᠠᠷᠠᠭᠤᠨ ᠲᠠᠯ᠎ᠠ ᠳᠤ ᠡᠷ᠎ᠡ ᠭᠠᠭ᠋ᠠᠢ ᠪᠣᠯᠣᠨ ᠮᠡᠭᠡᠵᠢ ᠶᠢ ᠪᠦᠬᠦᠯᠢ ᠪᠠᠷ ᠨᠢ ᠣᠷᠣᠰᠢᠭᠤᠯᠤᠭᠰᠠᠨ ᠪᠠᠶᠢᠨ᠎ᠠ᠃ ᠬᠥᠮᠥᠨ ᠪᠠ | ᠭᠠᠭ᠋ᠠᠢ ᠶᠢ ᠬᠠᠮᠲᠤ ᠣᠷᠣᠰᠢᠭᠤᠯᠤᠭᠰᠠᠨ ᠡᠶᠢᠮᠦᠷᠬᠦᠦ ᠦᠵᠡᠭᠳᠡᠯ ᠨᠢ ᠲᠤᠮᠲᠠᠲᠦ ᠤᠯᠤᠰ ᠤᠨ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠪᠠᠭᠤᠷᠢ ᠳᠣᠲᠣᠷᠠᠬᠢ | ᠠᠩᠬᠠᠳᠠᠭᠴᠢ ᠵᠢᠱᠢᠶ᠎ᠡ ᠪᠣᠯᠤᠭᠰᠠᠨ ᠶᠤᠮ᠃ | | | | ᠲᠤᠮᠲᠠᠲᠦ ᠤᠯᠤᠰ ᠤᠨ ᠬᠠᠳᠠᠭᠠᠯᠠᠯᠲᠠ ᠪᠠᠷ ᠬᠠᠮᠤᠭ ᠠᠴᠠ ᠪᠦᠷᠢᠨ᠂ ᠣᠨ ᠵᠢᠯ ᠢᠶᠠᠷ ᠬᠠᠮᠤᠭ ᠤᠨ ᠡᠷᠲᠡᠨ ᠤ ᠪᠠᠯᠠᠷ ᠡᠷᠲᠡᠨ ᠤ ᠲᠤᠰᠬᠤᠨ ᠪᠣᠯᠬᠤᠷ ᠲᠤᠰ | ᠪᠠᠭᠤᠷᠢ ᠶᠢ ᠢᠯᠡᠷᠡᠭᠦᠯᠦᠮᠡᠭᠴᠡ ᠳᠡᠯᠡᠬᠡᠢ ᠶᠢᠨ ᠠᠩᠬᠠᠷᠤᠯ ᠳᠤ ᠬᠦᠷᠴᠦ᠂ ᠶᠠᠫᠤᠨ ᠤ ᠬᠠᠭᠤᠴᠢ ᠰᠤᠳᠤᠯᠤᠭᠠᠴᠢᠳ ᠴᠦ ᠲᠤᠰ ᠪᠠᠭᠤᠷᠢ ᠶᠢ ᠢᠯᠡᠷᠡᠭᠦᠯᠭᠦ ᠳᠤ ᠢᠳᠡᠪᠬᠢᠲᠡᠢ | ᠤᠷᠤᠯᠴᠠᠬᠰᠠᠨ ᠪᠠᠶᠢᠨ᠎ᠠ᠃ ᠲᠤᠮᠲᠠᠲᠦ ᠤᠯᠤᠰ ᠤᠨ ᠬᠠᠭᠤᠴᠢ ᠰᠤᠳᠤᠯᠤᠯ ᠤᠨ ᠰᠤᠳᠤᠯᠭᠠᠨ ᠤ ᠨᠡᠶᠢᠭᠡᠮᠯᠢᠭ ᠤᠨ ᠤᠤᠯ ᠤᠨ ᠬᠡᠷᠡᠭ ᠡᠷᠭᠢᠯᠡᠭᠴᠢᠳ ᠤᠨ ᠳᠠᠷᠤᠭ᠎ᠠ ᠰᠦ | ᠪᠢᠩ ᠴᠢ ︽ᠲᠤᠮᠲᠠᠲᠦ ᠤᠯᠤᠰ ᠤᠨ ᠪᠣᠯᠪᠠᠰᠤᠨ ᠤ ᠡᠭᠦᠰᠦᠯ ᠤᠨ ᠰᠢᠨ᠎ᠡ ᠬᠠᠶᠢᠯᠲᠠ︾ ᠭᠡᠮᠡᠭᠦ ᠨᠣᠮ ᠳᠠᠭᠠᠨ ᠰᠢᠩ ᠯᠦᠩ ᠸᠠ ᠶᠢᠨ ᠪᠠᠭᠤᠷᠢ ᠶᠢᠨ ᠲᠤᠬᠠᠢ | ︽ᠤᠯᠠᠭᠠᠨᠬᠠᠳᠠ ᠬᠤᠲᠠ ᠶᠢᠨ ᠰᠢᠩ ᠯᠦᠩ ᠸᠠ ᠶᠢᠨ ᠪᠠᠭᠤᠷᠢ ᠨᠢ ᠣᠪᠣᠭ ᠤᠭᠰᠠᠭᠠᠨ ᠤ ᠨᠡᠶᠢᠭᠡᠮ ᠠᠴᠠ ᠤᠯᠤᠰ ᠲᠡᠶᠢᠰᠢ ᠬᠥᠭᠵᠢᠭᠰᠡᠨ ᠡᠷᠭᠢᠯᠲᠡ ᠶᠢᠨ ᠴᠡᠭ | ᠪᠣᠯᠵᠠᠢ᠂ ᠲᠡᠭᠦᠨ ᠤ ᠪᠣᠯᠪᠠᠰᠤᠨ ᠤ ᠡᠭᠦᠰᠦᠯ ᠨᠢ ᠲᠦᠮᠡᠨ ᠵᠢᠯ ᠠᠴᠠ ᠬᠡᠲᠦᠷᠡᠵᠦ᠂ ᠨᠡᠶᠢᠭᠡᠮ ᠤᠨ ᠬᠤᠪᠢᠶᠠᠷᠢᠯᠠᠯᠲᠠ ᠨᠢ ᠲᠤᠮᠲᠠᠲᠦ ᠣᠷᠣᠨ ᠠᠴᠠ ᠡᠷᠲᠡ ᠪᠠᠶᠢᠭᠰᠠᠨ | ᠶᠤᠮ︾ ᠭᠡᠵᠦ ᠪᠢᠴᠢᠭᠰᠡᠨ ᠪᠠᠶᠢᠳᠠᠭ᠃ | | | | | | ᠬᠠᠰ ᠤᠨ ᠰᠣᠶᠣᠯ ᠤᠨ ᠡᠭᠦᠰᠦᠯ ᠤᠨ ᠪᠠᠲᠤᠲᠠᠢ ᠭᠡᠷᠡᠴᠢ | 1992 ᠣᠨ ᠤ ᠨᠠᠮᠤᠷ᠂ ᠰᠢᠩ ᠯᠦᠩ ᠸᠠ ᠶᠢᠨ ᠪᠠᠭᠤᠷᠢ ᠶᠢᠨ 117 ᠳ᠋ᠤᠭᠠᠷ ᠤᠩᠭᠤᠨ ᠳᠠᠬᠢ ᠤᠩᠭᠤᠨ ᠤ ᠡᠵᠡᠨ ᠤ ᠬᠤᠶᠠᠷ ᠲᠠᠯ᠎ᠠ ᠠᠴᠠ ᠬᠤᠣᠰ ᠬᠠᠰ | ᠡᠭᠡᠮᠦᠭ ᠢ ᠢᠯᠡᠷᠡᠭᠦᠯᠦᠭᠰᠡᠨ ᠪᠠᠶᠢᠨ᠎ᠠ᠃ 1994 ᠣᠨ ᠤ 10 ᠰᠠᠷ᠎ᠠ ᠳᠤ᠂ 135 ᠳ᠋ᠤᠭᠠᠷ ᠤᠩᠭᠤᠨ ᠠᠴᠠ ᠮᠥᠨ ᠨᠠᠷᠢᠯᠢᠭ ᠤᠷᠠᠯᠠᠨ ᠪᠦᠲᠦᠭᠡᠭᠰᠡᠨ ᠳ᠋ᠢᠶᠠᠮᠧᠳ᠋ᠷ ᠨᠢ | 6 ᠰᠠᠨᠲ᠋ᠢᠮᠧᠲᠷ ᠤᠨ ᠬᠤᠣᠰ ᠡᠭᠡᠮᠦᠭ ᠢ ᠢᠯᠡᠷᠡᠭᠦᠯᠦᠭᠰᠡᠨ ᠪᠠᠶᠢᠨ᠎ᠠ᠃ ᠮᠥᠨ ᠪᠠᠰᠠ ᠲᠤᠰ ᠪᠠᠭᠤᠷᠢ ᠶᠢᠨ 7 ᠳ᠋ᠤᠭᠠᠷ ᠤᠩᠭᠤᠨ ᠳᠠᠬᠢ ᠤᠩᠭᠤᠨ ᠤ ᠡᠵᠡᠨ ᠤ ᠵᠡᠭᠦᠨ | ᠮᠥᠷᠥ ᠪᠠ ᠪᠠᠷᠠᠭᠤᠨ ᠴᠠᠷᠪᠠᠭᠤ ᠶᠢᠨ ᠶᠠᠰᠤᠨ ᠠᠴᠠ ᠲᠤᠰ ᠲᠤᠰ ᠨᠢᠭᠡ ᠬᠠᠰ ᠵᠠᠰᠠᠯ ᠢ ᠣᠯᠣᠭᠰᠠᠨ ᠪᠠᠶᠢᠨ᠎ᠠ ᠁ ᠲᠤᠰ ᠪᠠᠭᠤᠷᠢ ᠠᠴᠠ ᠢᠯᠡᠷᠡᠭᠦᠯᠦᠭᠰᠡᠨ ᠬᠠᠰ | ᠰᠦᠬᠡ᠂ ᠬᠠᠰ ᠡᠭᠡᠮᠦᠭ ᠵᠡᠷᠭᠡ 100 ᠭᠠᠷᠤᠢ ᠬᠠᠰ ᠤᠨ ᠡᠳ᠋ᠯᠡᠯ ᠬᠡᠷᠡᠭᠰᠡᠯ ᠪᠣᠯ ᠪᠦᠷ ᠤᠲᠤ ᠠᠴᠠ 8200 ᠵᠢᠯ ᠠᠴᠠ 7400 ᠵᠢᠯ ᠤᠨ ᠡᠮᠦᠨᠡᠬᠢ ᠪᠣᠳᠠᠰ ᠪᠠᠶᠢᠵᠤ᠂ | ᠣᠳᠣᠬᠠᠨ ᠪᠤᠯᠲᠠᠯ᠎ᠠ ᠮᠡᠳᠡᠭᠡᠳ ᠪᠠᠶᠢᠭ᠎ᠠ ᠲᠤᠮᠲᠠᠲᠦ ᠤᠯᠤᠰ ᠤᠨ ᠣᠨ ᠵᠢᠯ ᠢᠶᠠᠷ ᠬᠠᠮᠤᠭ ᠤᠨ ᠡᠷᠲᠡᠨ ᠤ ᠬᠠᠰ ᠡᠳ᠋ᠯᠡᠯ ᠪᠣᠯᠤᠭᠰᠠᠨ ᠪᠠᠶᠢᠨ᠎ᠠ᠃ | | | | ᠬᠠᠰ ᠡᠳ᠋ᠯᠡᠯ ᠠᠴᠠ ᠭᠠᠳᠠᠨ᠎ᠠ ᠰᠢᠩ ᠯᠦᠩ ᠸᠠ ᠶᠢᠨ ᠪᠠᠭᠤᠷᠢ ᠠᠴᠠ ᠪᠠᠰᠠ ᠸᠠᠭᠠᠷ ᠰᠠᠪᠠ᠂ ᠪᠤᠲᠤᠩ᠂ ᠪᠠᠭᠪᠤᠷ ᠵᠢᠴᠢ ᠴᠢᠯᠠᠭᠤᠨ ᠵᠡᠪᠰᠡᠭ ᠢ ᠢᠯᠡᠷᠡᠭᠦᠯᠵᠡᠢ᠃ | ᠰᠢᠩ ᠯᠦᠩ ᠸᠠ ᠶᠢᠨ ᠪᠠᠯᠠᠷ ᠡᠷᠲᠡᠨ ᠤ ᠬᠥᠮᠥᠰ ᠭᠤᠣᠯᠳᠠᠭᠤ ᠴᠢᠯᠠᠭᠤᠨ ᠪᠠᠭᠠᠵᠢ ᠶᠢ ᠬᠡᠷᠡᠭᠯᠡᠵᠦ ᠪᠠᠶᠢᠭᠰᠠᠨ ᠶᠤᠮ᠂ ᠲᠤᠰ ᠪᠠᠭᠤᠷᠢ ᠠᠴᠠ ᠭᠤᠣᠯᠳᠠᠭᠤ ᠭᠠᠵᠠᠷ | ᠮᠠᠯᠲᠠᠬᠤ ᠳᠤ ᠬᠡᠷᠡᠭᠯᠡᠵᠦ ᠪᠠᠶᠢᠭᠰᠠᠨ ᠴᠢᠯᠠᠭᠤᠨ ᠠᠷᠴᠢᠭᠤᠷ᠂ ᠴᠢᠯᠠᠭᠤᠨ ᠬᠦᠷᠵᠡ᠂ ᠴᠢᠯᠠᠭᠤᠨ ᠰᠦᠬᠡ᠂ ᠴᠢᠯᠠᠭᠤᠨ ᠤᠭᠤᠯᠢ᠂ ᠴᠢᠯᠠᠭᠤᠨ ᠲᠡᠭᠡᠷᠮ᠎ᠡ᠂ ᠴᠢᠯᠠᠭᠤᠨ ᠰᠢᠳᠠᠮ | ᠵᠡᠷᠭᠡ ᠶᠢ ᠢᠯᠡᠷᠡᠭᠦᠯᠦᠭᠰᠡᠨ ᠪᠠᠶᠢᠨ᠎ᠠ᠃ ᠡᠭᠦᠨ ᠳᠤ ᠶᠠᠰᠤᠨ ᠡᠰᠢᠨ ᠳᠣᠲᠣᠷ᠎ᠠ ᠴᠢᠯᠠᠭᠤ ᠰᠢᠭᠢᠳᠬᠡᠵᠦ ᠪᠦᠲᠦᠭᠡᠭᠰᠡᠨ ᠭᠢᠲᠤᠭ᠎ᠠ ᠨᠢ ᠤᠮᠠᠷᠠᠲᠤ ᠶᠢᠨ ᠨᠠᠷᠢᠯᠢᠭ ᠴᠢᠯᠠᠭᠤᠨ | ᠵᠡᠪᠰᠡᠭ ᠤᠨ ᠤᠯᠠᠮᠵᠢᠯᠠᠯᠲᠤ ᠪᠦᠲᠦᠭᠡᠭᠳᠡᠬᠦᠨ ᠪᠠᠶᠢᠵᠤ ᠬᠠᠭᠤᠴᠢ ᠰᠤᠳᠤᠯᠤᠭᠠᠴᠢᠳ ᠤᠨ ᠠᠩᠬᠠᠷᠤᠯ ᠢ ᠲᠠᠲᠠᠭᠰᠠᠨ ᠪᠠᠶᠢᠳᠠᠭ᠃ ᠡᠳᠡᠭᠡᠷ ᠠᠴᠠ ᠭᠠᠳᠠᠨ᠎ᠠ᠂ ᠲᠤᠰ | ᠪᠠᠭᠤᠷᠢ ᠳᠤ ᠠᠷᠢᠶᠠᠲᠠᠨ ᠤ ᠠᠷᠠᠰᠤ ᠶᠢ ᠪᠤᠯᠪᠠᠰᠤᠷᠠᠭᠤᠯᠵᠦ ᠡᠳ᠋ᠰᠢᠭᠦᠯᠭᠦ ᠳᠤ ᠬᠡᠷᠡᠭᠯᠡᠳᠡᠭ ᠴᠢᠯᠠᠭᠤᠨ ᠭᠢᠲᠤᠭ᠎ᠠ ᠪᠠ ᠵᠢᠭᠠᠰᠤ ᠠᠩᠨᠠᠬᠤ ᠪᠠᠭᠠᠵᠢ ᠬᠡᠷᠡᠭᠰᠡᠯ ᠵᠢᠴᠢ | ᠶᠠᠰᠤᠨ ᠰᠢᠪᠦᠭᠡ᠂ ᠶᠠᠰᠤᠨ ᠵᠡᠭᠦᠦ ᠵᠡᠷᠭᠡ ᠦᠷᠦᠵᠦ ᠦᠢᠯᠡᠳᠦᠭᠰᠡᠨ ᠨᠠᠷᠢᠯᠢᠭ ᠶᠠᠰᠤᠨ ᠡᠳ᠋ᠯᠡᠯ ᠤᠯᠠᠨ ᠪᠠᠶᠢᠪᠠ᠃ ᠠᠮᠤ ᠪᠤᠳᠠᠭ᠎ᠠ ᠶᠢ ᠪᠤᠯᠪᠠᠰᠤᠷᠠᠭᠤᠯᠬᠤ᠂ ᠲᠠᠷᠢᠮᠠᠯ ᠤᠨ | ᠬᠠᠯᠢᠰᠤ ᠶᠢ ᠬᠠᠭᠤᠯᠬᠤ᠂ ᠲᠡᠭᠦᠭᠰᠡᠨ ᠤᠷᠭᠤᠮᠠᠯ ᠤᠨ ᠦᠷ᠎ᠡ ᠶᠢ ᠪᠤᠯᠪᠠᠰᠤᠷᠠᠭᠤᠯᠬᠤ ᠳᠤ ᠬᠡᠷᠡᠭᠯᠡᠵᠦ ᠪᠠᠶᠢᠭᠰᠠᠨ ᠴᠢᠯᠠᠭᠤᠨ ᠲᠡᠭᠡᠷᠮ᠎ᠡ ᠪᠠ ᠴᠢᠯᠠᠭᠤᠨ ᠰᠢᠳᠠᠮ ᠵᠡᠷᠭᠡ ᠨᠢ | ᠪᠠᠯᠠᠷ ᠡᠷᠲᠡᠨ ᠤ ᠦᠢᠯᠡᠳᠪᠦᠷᠢᠯᠡᠯ ᠤᠨ ᠪᠠᠶᠢᠳᠠᠯ ᠢ ᠲᠤᠰᠬᠠᠵᠤ᠂ ᠪᠠᠯᠠᠷ ᠡᠷᠲᠡᠨ ᠤ ᠨᠡᠶᠢᠭᠡᠮ ᠤᠨ ᠦᠢᠯᠡᠳᠪᠦᠷᠢᠯᠡᠯ ᠤᠨ ᠬᠦᠴᠦᠨ᠂ ᠦᠢᠯᠡᠳᠪᠦᠷᠢᠯᠡᠯ ᠤᠨ ᠬᠠᠷᠢᠴᠠᠭ᠎ᠠ | ᠵᠡᠷᠭᠡ ᠶᠢ ᠰᠤᠳᠤᠯᠬᠤ ᠳᠤ ᠪᠠᠰᠠ ᠴᠦ ᠬᠤᠪᠣᠷ ᠮᠠᠲ᠋ᠧᠷᠢᠶᠠᠯ ᠪᠣᠯᠤᠭᠰᠠᠨ ᠶᠤᠮ᠃ | | | | | | ᠰᠢᠩ ᠯᠦᠩ ᠸᠠ ᠶᠢᠨ ᠪᠠᠭᠤᠷᠢ ᠨᠢ ᠤᠮᠠᠷᠠᠲᠤ ᠶᠢᠨ ᠭᠠᠵᠠᠷ ᠣᠷᠣᠨ ᠤ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠰᠠᠭᠤᠷᠢᠰᠢᠯ ᠤᠨ ᠭᠡᠯᠪᠡᠷᠢ ᠶᠢ | ᠰᠤᠳᠤᠯᠬᠤ ᠳᠤ ᠪᠣᠳᠠᠲᠤ ᠮᠠᠲ᠋ᠧᠷᠢᠶᠠᠯ ᠬᠠᠩᠭᠠᠵᠤ᠂ ᠢᠯᠡᠷᠡᠭᠦᠯᠦᠭᠰᠡᠨ ᠬᠠᠰ ᠤᠨ ᠡᠳ᠋ᠯᠡᠯ ᠨᠢ ᠲᠤᠮᠲᠠᠲᠦ ᠤᠯᠤᠰ ᠤᠨ ᠬᠠᠰ ᠤᠨ ᠰᠣᠶᠣᠯ ᠤᠨ ᠡᠭᠦᠰᠦᠯ ᠢ ᠬᠠᠶᠢᠬᠤ ᠳᠤ | ᠪᠣᠳᠠᠲᠤ ᠭᠡᠷᠡᠴᠢ ᠪᠣᠯᠵᠤ᠂ ᠶᠡᠭᠡ ᠬᠡᠮᠵᠢᠶᠡᠨ ᠤ ᠠᠮᠢᠲᠠᠨ ᠤ ᠠᠷᠠᠭ ᠶᠠᠰᠤ ᠨᠢ ᠰᠢᠩ ᠯᠦᠩ ᠸᠠ ᠶᠢᠨ ᠡᠷᠲᠡᠨ ᠤ ᠬᠥᠮᠥᠰ ᠠᠩ ᠠᠩᠨᠠᠵᠤ ᠠᠮᠢᠳᠤᠷᠠᠵᠤ ᠪᠠᠶᠢᠭᠰᠠᠨ ᠤ | ᠪᠡᠯᠭᠡ ᠲᠡᠮᠳᠡᠭ ᠪᠣᠯᠤᠭᠰᠠᠨ ᠪᠠᠶᠢᠨ᠎ᠠ᠃ ᠨᠡᠩ ᠴᠦ ᠪᠠᠭᠤᠷᠢ ᠠᠴᠠ ᠣᠯᠳᠠᠭᠰᠠᠨ ᠬᠢᠰᠤᠭ᠎ᠠ ᠶᠢᠨ ᠬᠤᠶᠠᠭ ᠨᠢ ᠰᠢᠩ ᠯᠦᠩ ᠸᠠ ᠶᠢᠨ ᠪᠠᠯᠠᠷ ᠡᠷᠲᠡᠨ ᠤ ᠬᠥᠮᠥᠰ ᠤᠨ | ᠳᠣᠲᠣᠭᠠᠳᠤ ᠣᠷᠣᠨ᠂ ᠴᠠᠭᠠᠰᠢᠯᠠᠪᠠᠯ ᠲᠠᠯᠠᠢ ᠳᠠᠭᠠᠤ ᠣᠷᠣᠨ ᠲᠠᠢ ᠰᠣᠯᠢᠯᠴᠠᠭ᠎ᠠ ᠶᠠᠪᠤᠯᠴᠠᠭ᠎ᠠ ᠥᠷᠨᠢᠭᠦᠯᠵᠦ ᠪᠠᠶᠢᠭᠰᠠᠨ ᠤ ᠪᠠᠲᠤᠲᠠᠢ ᠭᠡᠷᠡᠴᠢ ᠪᠣᠯᠤᠭᠰᠠᠨ ᠪᠢᠯᠡ᠃ | | | ᠤᠮᠠᠷᠠᠲᠤ ᠶᠢᠨ ᠭᠤᠷᠪᠠᠨ ᠶᠡᠭᠡ ᠰᠣᠶᠣᠯ ᠤᠨ ᠰᠢᠰᠲ᠋ᠧᠮ ᠤᠨ ᠨᠢᠭᠡ | ᠰᠢᠩ ᠯᠦᠩ ᠸᠠ ᠶᠢᠨ ᠰᠣᠶᠣᠯ ᠪᠣᠯ ᠤᠮᠠᠷᠠᠲᠤ ᠶᠢᠨ ᠭᠤᠷᠪᠠᠨ ᠶᠡᠭᠡ ᠰᠣᠶᠣᠯ ᠤᠨ ᠰᠢᠰᠲ᠋ᠧᠮ ᠤᠨ ᠨᠢᠭᠡ ᠮᠥᠨ᠂ ᠰᠢᠩ ᠯᠦᠩ ᠸᠠ ᠶᠢᠨ ᠪᠠᠭᠤᠷᠢ ᠶᠢ | ᠢᠯᠡᠷᠡᠭᠦᠯᠦᠭᠰᠡᠨ ᠨᠢ ᠥᠪᠥᠷ ᠮᠣᠩᠭᠤᠯ ᠭᠠᠵᠠᠷ ᠣᠷᠣᠨ ᠤ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠰᠣᠶᠣᠯ ᠤᠨ ᠢᠷᠡᠯ ᠡᠭᠦᠰᠦᠯ ᠢ ᠬᠠᠷᠠᠭᠤᠯᠵᠤ᠂ ᠬᠤᠩᠱᠠᠨ | ᠰᠣᠶᠣᠯ ᠤᠨ ᠡᠭᠦᠰᠦᠯ ᠤᠨ ᠠᠰᠠᠭᠤᠳᠠᠯ ᠢ ᠰᠢᠢᠳᠪᠦᠷᠢᠯᠡᠵᠦ᠂ ᠴᠠᠭᠠᠨ ᠬᠡᠷᠡᠮ ᠤᠨ ᠪᠦᠰᠡ ᠶᠢᠨ ᠵᠡᠭᠦᠨ ᠬᠡᠰᠡᠭ ᠤᠨ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ | ᠰᠣᠶᠣᠯ ᠤᠨ ᠣᠨᠴᠠᠯᠢᠭ ᠢ ᠲᠣᠳᠣᠷᠬᠠᠶᠢᠯᠠᠵᠤ᠂ ᠲᠤᠰ ᠭᠠᠵᠠᠷ ᠣᠷᠣᠨ ᠤ ᠰᠣᠶᠣᠯ ᠤᠨ ᠬᠠᠲᠤᠨ ᠭᠤᠣᠯ ᠤᠨ ᠰᠠᠪᠠ ᠭᠠᠵᠠᠷ ᠤᠨ ᠰᠢᠨ᠎ᠡ ᠴᠢᠯᠠᠭᠤᠨ ᠵᠡᠪᠰᠡᠭ ᠤᠨ | ᠦᠶ᠎ᠡ ᠶᠢᠨ ᠰᠣᠶᠣᠯ ᠯᠤᠭ᠎ᠠ ᠵᠡᠷᠭᠡᠴᠡᠨ ᠣᠷᠣᠰᠢᠵᠤ ᠬᠠᠷᠢᠯᠴᠠᠨ ᠨᠥᠯᠥᠭᠡᠯᠡᠭᠰᠡᠨ ᠲᠡᠦᠬᠡ ᠶᠢᠨ ᠪᠠᠶᠢᠷᠢ ᠰᠠᠭᠤᠷᠢ ᠶᠢ ᠲᠣᠳᠣᠷᠬᠠᠶᠢᠯᠠᠭᠰᠠᠨ ᠤ ᠬᠠᠮᠲᠤ ᠪᠦᠬᠦᠶᠢᠯᠡ | ᠵᠡᠭᠦᠨ ᠬᠤᠶᠢᠲᠤ ᠶᠢᠨ ᠭᠠᠵᠠᠷ ᠣᠷᠣᠨ ᠤ ᠰᠣᠶᠣᠯ ᠤᠨ ᠬᠥᠭᠵᠢᠯᠲᠡ ᠳᠤ ᠬᠦᠴᠦᠲᠡᠢ ᠲᠦᠯᠭᠢᠭᠦ ᠦᠢᠯᠡᠳᠦᠯ ᠦᠵᠡᠭᠦᠯᠦᠭᠰᠡᠨ ᠪᠠᠶᠢᠨ᠎ᠠ᠃ | ᠰᠢᠩ ᠯᠦᠩ ᠸᠠ ᠶᠢᠨ ᠪᠠᠭᠤᠷᠢ ᠠᠴᠠ ᠪᠠᠷᠠᠭᠤᠨ ᠬᠤᠶᠢᠰᠢ ᠪᠠᠷᠤᠭ 13 ᠺᠢᠯᠤᠮᠧᠳ᠋ᠷ ᠤᠨ ᠵᠠᠢ ᠳᠤ᠂ ᠬᠠᠭᠤᠴᠢ ᠰᠤᠳᠤᠯᠤᠭᠠᠴᠢᠳ ᠪᠠᠰᠠ ᠰᠢᠩ ᠯᠦᠩ ᠸᠠ ᠶᠢᠨ | ᠰᠣᠶᠣᠯ ᠤᠨ ᠬᠤᠶᠠᠳᠤᠭᠠᠷ ᠬᠤᠭᠤᠴᠠᠭᠠᠨ ᠤ ᠲᠤᠰᠬᠤᠨ ᠤ ᠪᠠᠭᠤᠷᠢ ᠶᠢ ᠢᠯᠡᠷᠡᠭᠦᠯᠦᠭᠰᠡᠨ ᠪᠠᠶᠢᠨ᠎ᠠ᠃ ᠲᠤᠮᠲᠠᠲᠦ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠬᠠᠭᠤᠴᠢ ᠰᠤᠳᠤᠯᠤᠯ ᠤᠨ ᠰᠤᠳᠤᠯᠭᠠᠨ ᠤ ᠭᠠᠵᠠᠷ ᠨᠢ ᠲᠤᠰ ᠪᠠᠭᠤᠷᠢ ᠳᠤ 2 ᠤᠳᠠᠭᠠᠨ ᠤ ᠬᠠᠭᠤᠴᠢ ᠰᠤᠳᠤᠯᠤᠯ ᠤᠨ ᠠᠭᠤᠳᠠᠯᠤᠯᠲᠠ ᠬᠢᠵᠦ᠂ | ᠪᠠᠯᠠᠷ ᠡᠷᠲᠡᠨ ᠤ ᠨᠡᠶᠢᠭᠡᠮ ᠤᠨ ᠲᠡᠰ ᠳᠠᠪᠬᠤᠷᠭ᠎ᠠ ᠪᠠ ᠱᠠᠰᠢᠨ ᠰᠢᠲᠦᠯᠭᠡ ᠶᠢᠨ ᠲᠤᠬᠠᠢ ᠰᠢᠨ᠎ᠡ ᠮᠠᠲ᠋ᠧᠷᠢᠶᠠᠯ ᠤᠳ ᠢ ᠢᠯᠡᠷᠡᠭᠦᠯᠦᠭᠰᠡᠨ ᠪᠠᠶᠢᠨ᠎ᠠ᠃ ᠲᠤᠬᠠᠶᠢᠯᠠᠪᠠᠯ᠂ | ᠠᠳᠡ ᠠᠮᠢᠳᠤᠷᠠᠵᠤ ᠪᠠᠶᠢᠭᠰᠠᠨ ᠡᠷᠲᠡᠨ ᠤ ᠬᠥᠮᠥᠰ ᠲᠤ ᠵᠡᠷᠭᠡ ᠲᠡᠰ ᠤᠨ ᠢᠯᠭᠠᠭ᠎ᠠ ᠲᠠᠢ ᠪᠠᠶᠢᠵᠤ᠂ ᠵᠠᠷᠢᠮ ᠭᠡᠷ ᠪᠠᠶᠢᠰᠢᠩ ᠨᠢ ᠬᠠᠮᠤᠭ ᠤᠨ ᠪᠦᠷᠢᠨ | ᠪᠦᠲᠦᠨ ᠢᠶᠠᠷ ᠢᠶᠠᠨ ᠦᠯᠡᠳᠡᠭᠰᠡᠨ ᠪᠥᠭᠡᠳ ᠢᠯᠡᠷᠡᠭᠦᠯᠦᠭᠰᠡᠨ ᠪᠣᠳᠠᠰ ᠨᠢ ᠤᠯᠠᠨ᠂ ᠬᠠᠭᠤᠴᠢ ᠰᠤᠳᠤᠯᠤᠯ ᠤᠨ ᠦᠨ᠎ᠡ ᠦᠷᠳᠡᠭ ᠢᠶᠠᠷ ᠥᠨᠳᠥᠷ ᠪᠠᠶᠢᠳᠠᠭ᠃ ᠬᠠᠭᠤᠴᠢ | ᠰᠤᠳᠤᠯᠤᠯ ᠤᠨ ᠠᠭᠤᠳᠠᠯᠤᠯᠲᠠ ᠳᠤᠮᠳᠠ ᠰᠤᠳᠤᠯᠤᠭᠠᠴᠢᠳ ᠪᠠᠰᠠ ᠮᠠᠩᠨᠠᠢ ᠳᠤᠮᠳᠠ ᠪᠠᠨ ᠨᠦᠬᠡ ᠲᠠᠢ ᠠᠮᠢᠲᠠᠨ ᠤ ᠲᠣᠯᠣᠭᠠᠢ ᠶᠢᠨ ᠶᠠᠰᠤ᠂ ᠬᠢᠰᠤᠭ᠎ᠠ ᠶᠢᠨ ᠬᠤᠶᠠᠭ ᠢ | ᠰᠢᠭᠢᠳᠬᠡᠭᠰᠡᠨ ᠨᠢᠭᠤᠷ ᠤᠨ ᠵᠠᠰᠠᠯ ᠵᠡᠷᠭᠡ ᠶᠢ ᠢᠯᠡᠷᠡᠭᠦᠯᠵᠡᠢ᠂ ᠡᠳᠡᠭᠡᠷ ᠪᠣᠳᠠᠰ ᠨᠢ 8000 ᠵᠢᠯ ᠤᠨ ᠡᠮᠦᠨᠡᠬᠢ ᠪᠠᠯᠠᠷ ᠡᠷᠲᠡᠨ ᠤ ᠱᠠᠰᠢᠨ ᠰᠢᠲᠦᠯᠭᠡ ᠶᠢ | ᠰᠤᠳᠤᠯᠬᠤ ᠳᠤ ᠴᠢᠬᠤᠯᠠ ᠮᠠᠲ᠋ᠧᠷᠢᠶᠠᠯ ᠪᠠ ᠪᠣᠳᠠᠲᠤ ᠭᠡᠷᠡᠴᠢ ᠪᠣᠯᠤᠭᠰᠠᠨ ᠪᠠᠶᠢᠨ᠎ᠠ᠃ | ᠰᠢᠩ ᠯᠦᠩ ᠸᠠ ᠶᠢᠨ ᠰᠣᠶᠣᠯ ᠨᠢ ᠬᠠᠭᠤᠴᠢ ᠰᠤᠳᠤᠯᠤᠯ ᠤᠨ ᠴᠢᠬᠤᠯᠠ ᠢᠯᠡᠷᠡᠭᠦᠯᠦᠯᠲᠡ ᠶᠢᠨ ᠬᠤᠪᠢ ᠪᠠᠷ ᠠᠤᠬᠠᠨ ᠬᠤᠰᠢᠭᠤ ᠶᠢ ᠳᠡᠯᠡᠬᠡᠢ ᠳᠤ | ᠲᠠᠨᠢᠭᠤᠯᠤᠭᠰᠠᠨ ᠪᠥᠭᠡᠳ ᠲᠤᠰ ᠬᠤᠰᠢᠭᠤ ᠳᠤ ᠬᠥᠭᠵᠢᠯᠲᠡ ᠶᠢᠨ ᠰᠢᠨ᠎ᠡ ᠪᠣᠯᠣᠮᠵᠢ ᠶᠢ ᠠᠪᠴᠢᠷᠠᠭᠰᠠᠨ ᠶᠤᠮ᠃ ᠣᠶᠢᠷ᠎ᠠ ᠶᠢᠨ ᠵᠢᠯ ᠠᠩᠭ᠍ᠯᠢ᠂ ᠠᠮᠧᠷᠢᠺᠠ᠂ ᠤᠷᠤᠰ᠂ | ᠹᠷᠠᠨᠼᠢ᠂ ᠠᠦ᠋ᠰᠳ᠋ᠷᠠᠯᠢᠶ᠎ᠠ᠂ ᠺᠤᠷᠢᠶᠠ ᠵᠡᠷᠭᠡ ᠤᠯᠤᠰ ᠤᠨ ᠲᠤᠰᠬᠠᠢ ᠮᠡᠷᠭᠡᠵᠢᠯᠲᠡᠳ ᠰᠢᠩ ᠯᠦᠩ ᠸᠠ ᠶᠢᠨ ᠰᠣᠶᠣᠯ ᠢ ᠲᠤᠶᠢᠯ ᠢᠶᠠᠷ ᠴᠢᠬᠤᠯᠠᠴᠢᠯᠠᠨ ᠦᠵᠡᠵᠦ᠂ ᠠᠤᠬᠠᠨ | ᠬᠤᠰᠢᠭᠤᠨ ᠳᠤ ᠣᠯᠠᠨᠲᠠ ᠢᠷᠡᠵᠦ ᠪᠠᠶᠢᠴᠠᠭᠠᠨ ᠰᠤᠳᠤᠯᠤᠯᠲᠠ ᠬᠢᠬᠦ ᠪᠣᠯᠤᠭᠰᠠᠨ ᠶᠤᠮ᠃ ᠲᠤᠰ ᠪᠠᠭᠤᠷᠢ ᠨᠢ ᠮᠥᠨ 1992 ᠣᠨ ᠳᠤ ᠲᠤᠮᠲᠠᠲᠦ ᠤᠯᠤᠰ ᠤᠨ | ᠠᠷᠪᠠᠨ ᠶᠡᠭᠡ ᠬᠠᠭᠤᠴᠢ ᠰᠤᠳᠤᠯᠤᠯ ᠤᠨ ᠰᠢᠨ᠎ᠡ ᠢᠯᠡᠷᠡᠭᠦᠯᠦᠯᠲᠡ ᠶᠢᠨ ᠨᠢᠭᠡ ᠪᠣᠯᠵᠤ᠂ 1996 ᠣᠨ ᠳᠤ ᠲᠦᠷᠦ ᠶᠢᠨ ᠶᠠᠪᠤᠳᠠᠯ ᠤᠨ ᠬᠤᠷᠢᠶᠠᠨ ᠠᠴᠠ ᠨᠡᠶᠢᠲᠡᠯᠡᠭᠰᠡᠨ | ᠪᠦᠭᠦ ᠤᠯᠤᠰ ᠤᠨ ᠴᠢᠬᠤᠯᠠ ᠲᠡᠦᠬᠡᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠨᠢᠭᠡᠴᠢ᠂ ︽ᠨᠠᠢᠮᠠᠳᠤᠭᠠᠷ ᠲᠠᠪᠤᠨ ᠵᠢᠯ︾ ᠤᠨ ᠲᠥᠯᠦᠪᠵᠢᠭᠦᠯᠭᠡ ᠶᠢᠨ | ᠬᠤᠭᠤᠴᠠᠭᠠᠨ ᠤ ᠪᠦᠭᠦ ᠤᠯᠤᠰ ᠤᠨ ᠠᠷᠪᠠᠨ ᠬᠠᠭᠤᠴᠢ ᠰᠤᠳᠤᠯᠤᠯ ᠤᠨ ᠰᠢᠨ᠎ᠡ ᠢᠯᠡᠷᠡᠭᠦᠯᠦᠯᠲᠡ᠂ ᠬᠤᠷᠢᠳᠤᠭᠠᠷ ᠵᠠᠭᠤᠨ ᠤ ᠲᠤᠮᠲᠠᠲᠦ ᠤᠯᠤᠰ ᠤᠨ ᠬᠠᠭᠤᠴᠢ | ᠰᠤᠳᠤᠯᠤᠯ ᠤᠨ ᠵᠠᠭᠤᠨ ᠲᠣᠮᠣ ᠢᠯᠡᠷᠡᠭᠦᠯᠦᠯᠲᠡ ᠵᠡᠷᠭᠡ ᠪᠠᠷ ᠦᠨᠡᠯᠡᠭᠳᠡᠭᠰᠡᠨ ᠪᠠᠶᠢᠨ᠎ᠠ᠃ | |