ᠵᠤᠬᠢᠶᠠᠭᠴᠢ᠄ ᠠ᠊ ᠰᠡᠩᠭᠡ | | | ᠣᠨ ᠴᠠᠭ ᠤᠨ ᠬᠠᠭᠤᠳᠠᠰᠤ ᠶᠢ ᠪᠤᠴᠠᠭᠠᠨ ᠡᠷᠭᠢᠭᠦᠯᠬᠦ ᠳᠤ ᠬᠠᠭᠠᠰ ᠵᠠᠭᠤᠨ ᠤ ᠲᠡᠷᠲᠡᠭᠡᠬᠢ ᠨᠢᠭᠡᠨ ᠵᠢᠷᠤᠭ ᠠᠶᠠᠨᠳᠠᠭᠠᠨ ᠳᠡᠯᠭᠡᠭᠳᠡᠯ᠎ᠡ᠃ ᠬᠠᠪᠤᠷ ᠤᠨ ᠰᠡᠭᠦᠯ | ᠵᠤᠨ ᠤ ᠡᠬᠢᠨ ᠤ ᠬᠥᠬᠦᠭᠡ ᠳᠣᠩᠭᠤᠳᠴᠤ᠂ ᠭᠦᠯᠥᠭ ᠦᠦᠷᠰᠡᠭᠰᠡᠨ ᠨᠣᠯᠣ ᠨᠣᠭᠤᠭᠠᠨ ᠲᠠᠯ᠎ᠠ ᠶᠢᠨ ᠳᠤᠮᠳᠠ ᠬᠠᠷᠠᠭᠴᠢ ᠭᠡᠭᠦᠦ ᠠᠴᠠ ᠵᠢᠰᠦ ᠪᠤᠯᠢᠶᠠᠯᠳᠤᠨ | ᠲᠥᠷᠥᠭᠰᠡᠨ ᠰᠠᠷᠠᠲᠤ ᠬᠡᠭᠡᠷ ᠤᠨᠠᠭ᠎ᠠ ᠡᠬᠡ ᠶᠢᠨ ᠢᠶᠠᠨ ᠡᠷᠡᠦ ᠡᠪᠴᠢᠭᠦᠨ ᠳᠣᠣᠷ᠎ᠠ ᠠᠩᠬᠠᠨ ᠤ ᠰᠢᠩᠭᠡᠨ ᠲᠠᠭᠤᠨ ᠢᠶᠠᠷ ᠵᠢᠮᠪᠦᠷᠳᠡᠨ ᠬᠠ ᠪᠠᠷ ᠢᠶᠠᠨ ᠭᠠᠵᠠᠷ ᠲᠠᠮᠠᠭᠠᠯᠠᠨ | ᠮᠣᠷᠢᠴᠢᠯᠠᠨ ᠪᠤᠰᠬᠤ ᠪᠠᠷ ᠲᠡᠮᠡᠦᠯᠦᠨ᠎ᠡ᠃ | ᠠᠷᠪᠠ ᠭᠦᠷᠥᠭᠡ ᠦᠭᠡᠢ ᠣᠩᠭᠤᠷᠬᠠᠢ ᠬᠦᠦ ᠨᠢᠰᠤ ᠪᠠᠨ ᠪᠠᠶᠢᠨ ᠪᠠᠶᠢᠨ ᠲᠠᠳᠠᠨ᠂ ᠭᠦᠯᠳᠡᠭᠡᠨᠡᠭᠰᠡᠨ ᠬᠠᠨᠴᠤᠢ ᠪᠠᠷ ᠢᠶᠠᠨ ᠬᠠᠴᠠᠷ ᠢᠶᠠᠨ ᠴᠠᠪᠠᠤᠳᠠᠨ ᠱᠤᠳᠤᠷᠴᠤ᠂ | ᠡᠨᠡ ᠬᠦ ᠪᠠᠶᠢᠭᠠᠯᠢ ᠠᠬᠤᠢ ᠶᠢ ᠨᠢᠳᠦ ᠰᠠᠯᠭᠠᠯ ᠦᠭᠡᠢ ᠰᠢᠷᠳᠡᠭᠦ ᠨᠢ ᠪᠢ ᠪᠠᠶᠢᠭᠰᠠᠨ ᠪᠥᠭᠡᠳ ᠴᠠᠭᠠᠨ᠎ᠠ ᠨᠠᠭᠤᠷ ᠤᠨ ᠬᠥᠪᠡᠭᠡᠨ ᠤ ᠰᠠᠭᠰᠠᠭᠠᠷ ᠤᠳᠠᠨ ᠤ ᠳᠣᠣᠷ᠎ᠠ | ᠣᠰᠣᠨ ᠳᠤ ᠣᠷᠣᠬᠤ ᠮᠠᠯ ᠢᠶᠠᠨ ᠪᠦᠷᠢᠳᠬᠡᠵᠦ ᠲᠠᠮᠠᠬᠢᠯᠠᠨ ᠵᠣᠬᠰᠣᠬᠤ ᠨᠢ ᠪᠠᠷᠢᠭᠠᠳᠠ ᠨᠢᠭᠡᠳᠦᠯ ᠠᠴᠠ ᠱᠠᠩᠨᠠᠯ ᠬᠦᠷᠲᠡᠵᠦ ᠶᠠᠪᠤᠭᠰᠠᠨ ︽ᠵᠢᠱᠢᠶᠡᠴᠢ︾ ᠮᠠᠯᠴᠢᠨ | ᠮᠢᠨᠤ ᠠᠪᠤ ᠪᠢᠯᠡ᠃ | ᠪᠢ ᠤᠨᠠᠭᠠᠯᠠᠭᠰᠠᠨ ᠭᠡᠭᠦᠦ ᠶᠢ ᠲᠣᠩ ᠤᠳᠠᠭᠠᠨ ᠰᠢᠷᠳᠡᠨ ᠵᠣᠭᠰᠣᠪᠠ᠃ ᠰᠠᠷᠠᠲᠤ ᠬᠡᠭᠡᠷ ᠤᠨᠠᠭ᠎ᠠ ᠠᠷᠠᠢ ᠤᠳᠠᠯ ᠦᠭᠡᠢ ᠲᠥᠷᠪᠡᠨ ᠬᠥᠯ ᠳᠡᠭᠡᠷ᠎ᠡ ᠪᠠᠨ | ᠰᠠᠯᠳᠠᠷᠭᠢᠯᠠᠨ ᠲᠣᠭᠲᠠᠵᠤ᠂ ᠡᠬᠡ ᠶᠢᠨ ᠢᠶᠠᠨ ᠵᠦᠭ ᠬᠥᠬᠦ ᠪᠠᠨ ᠡᠷᠢᠨ ᠨᠣᠳᠣᠴᠢᠬᠤ ᠳᠤ ᠬᠠᠷᠠᠭᠴᠢ ᠭᠡᠭᠦᠦ ᠨᠢᠰᠤᠬᠠᠢ ᠨᠠᠳᠠ ᠠᠴᠠ ᠦᠷ᠎ᠡ ᠪᠠᠨ ᠬᠠᠷᠠᠮᠨᠠᠨ᠂ | ᠡᠷᠡᠦ ᠪᠠᠷ ᠢᠶᠠᠨ ᠬᠠᠰᠢᠨ ᠢᠳᠡᠭ ᠢᠳᠡᠭ ᠵᠠᠶᠢᠯᠠᠨ ᠵᠠᠶᠢᠳᠠᠬᠤ ᠠᠵᠢ᠃ ᠨᠠᠭᠤᠷ ᠤᠨ ᠴᠡᠭᠡᠯ ᠳᠤ ᠴᠡᠩᠬᠡᠷ ᠲᠡᠭᠷᠢ᠂ ᠴᠠᠭᠠᠨ ᠡᠭᠦᠯᠡ᠂ ᠴᠠᠭᠴᠠᠬᠠᠢ ᠰᠢᠪᠠᠭᠤ᠂ ᠬᠥᠪᠡᠭᠡᠨ ᠤ | ᠬᠢᠨᠢ ᠵᠡᠭᠡᠰᠦ ᠬᠤᠯᠤᠰᠤ ᠴᠢᠨᠠᠭᠰᠢᠯᠠᠨ ᠠᠪᠤ ᠪᠠ ᠰᠠᠭᠰᠠᠭᠠᠷ ᠮᠣᠳᠣ ᠶᠢᠨ ᠲᠣᠩᠭᠤᠷᠤᠤ ᠳᠦᠷᠰᠦ ᠠᠷᠯᠠᠨ ᠳᠣᠯᠭᠢᠶᠠᠯᠠᠵᠤ ᠠᠳᠠᠪᠠᠰᠢ ᠥᠵᠡᠰᠭᠦᠯᠡᠩ ᠲᠠᠢ ᠠᠵᠢ᠃ | ᠪᠢ ᠪᠠᠭ᠋ᠠᠨ ᠤᠰᠤ ᠰᠠᠴᠤᠯᠠᠵᠤ ᠨᠠᠭᠠᠳᠤᠭᠠᠳ ᠠᠪᠤ ᠶᠢᠨ ᠢᠶᠠᠨ ᠵᠠᠬ᠎ᠠ ᠳᠤ ᠬᠦᠷᠬᠦ ᠳᠤ ᠠᠪᠤ ᠤᠨᠠᠭ᠎ᠠ ᠲᠠᠢ ᠭᠡᠭᠦᠦ ᠶᠢ ᠵᠢᠭᠠᠵᠤ᠄ | - ᠪᠠᠰᠠ ᠨᠢᠭᠡ ᠣᠷᠣᠯᠳᠣᠭᠠᠨ ᠤ ᠮᠣᠷᠢ ᠭᠠᠷᠬᠤ ᠰᠢᠨᠵᠢ ᠢᠯᠡᠭᠡᠨ ᠳ᠋ᠠ︕ ᠭᠡᠬᠦ ᠳᠤ ᠪᠢ ᠭᠠᠶᠢᠬᠠᠨ᠄ | - ᠡᠶᠢᠮᠦ ᠵᠢᠭᠠᠬᠠᠨ ᠪᠣᠷᠪᠢ ᠡᠪᠦᠳᠦᠭ ᠨᠢ ᠰᠠᠷᠪᠢᠰᠣ ᠠᠴᠠ ᠪᠠᠨ ᠰᠠᠯᠤᠭ᠎ᠠ ᠦᠭᠡᠢ ᠮᠥᠷᠲᠡᠭᠡᠨ ᠬᠥᠯ ᠳᠡᠭᠡᠷ᠎ᠡ ᠪᠠᠨ ᠲᠣᠭᠲᠠᠵᠤ ᠴᠢᠳᠠᠬᠤ ᠦᠭᠡᠢ ᠶᠠᠭᠤᠮ᠎ᠠ | ᠬᠡᠵᠢᠶ᠎ᠡ ᠣᠷᠣᠯᠳᠣᠭᠠᠨ ᠤ ᠲᠣᠭᠤᠰᠣ ᠦᠨᠦᠷᠲᠦᠶᠡ ᠳ᠋ᠠ︕ᠭᠡᠵᠦ ᠪᠤᠳᠣᠬᠰᠠᠨ ᠴᠦ ᠳᠤᠤᠭᠠᠷᠤᠭᠰᠠᠨ ᠦᠭᠡᠢ ᠬᠠᠷᠢᠨ ᠢᠨᠢᠶᠡᠳᠦ ᠭᠦᠷᠪᠠ᠃ ᠠᠪᠤ ᠶᠢ ᠬᠠᠷᠠᠬᠤ ᠳᠤ | ᠳᠦᠷᠯᠡᠭᠡᠷ ᠨᠢᠳᠦ ᠨᠢ ᠮᠥᠨ ᠰᠠᠶ᠋ᠢᠬᠠᠨ ᠬᠥᠬᠦᠵᠦ ᠡᠬᠢᠯᠡᠭᠰᠡᠨ ᠰᠠᠷᠠᠲᠤ ᠬᠡᠭᠡᠷ ᠤᠨᠠᠭ᠎ᠠ ᠶᠢᠨ ᠳᠡᠭᠡᠷ᠎ᠡ ᠡᠷᠭᠢᠴᠡᠵᠦ ᠪᠠᠶᠢᠯ᠎ᠠ᠃ ᠡᠨᠡ ᠦᠶ᠎ᠡ ᠳᠤ ᠴᠠᠭᠠᠲᠤ ᠰᠥᠷᠥᠭ ᠤᠨ | ᠵᠠᠬ᠎ᠠ ᠠᠴᠠ ᠲᠡᠯ ᠰᠡᠭᠦᠯ ᠢᠶᠠᠨ ᠪᠠᠭᠠᠳᠠᠭᠠᠯᠠᠭᠰᠠᠨ ᠰᠡᠷᠡᠯ ᠠᠵᠢᠷᠭ᠎ᠠ ᠬᠠᠩᠭᠢᠨᠠᠲᠠᠯ᠎ᠠ ᠦᠦᠷᠰᠡᠵᠦ᠂ ᠵᠢᠭᠢᠲᠡᠯᠡ ᠳᠠᠪᠬᠢᠵᠤ ᠢᠷᠡᠭᠡᠳ ᠤᠨᠠᠭᠠᠯᠠᠭᠰᠠᠨ ᠭᠡᠭᠦᠦ ᠶᠢ ᠰᠥᠷᠥᠭ | ᠵᠦᠭ ᠢᠶᠠᠨ ᠬᠤᠷᠢᠶᠠᠬᠤ ᠨᠢ ᠠᠳᠤᠭᠤᠰᠤ ᠠᠮᠢᠳᠠᠨ ᠪᠤᠯᠪᠠᠴᠣ ᠭᠠᠶᠢᠬᠠᠯᠲᠠᠢ ᠤᠬᠠᠭᠠᠯᠢᠭ ᠰᠠᠨᠠᠭᠳᠠᠬᠤ ᠪᠢᠯᠡ᠃ | ᠣᠨ ᠴᠠᠭ ᠤᠨ ᠬᠠᠭᠤᠳᠠᠰᠤ ᠶᠢ ᠠᠬᠢᠭᠠᠳ ᠨᠠᠭᠠᠰᠢ ᠡᠷᠭᠢᠭᠦᠯᠬᠦ ᠳᠤ ᠪᠠᠰᠠ ᠨᠢᠭᠡᠨ ᠵᠢᠷᠤᠭ ᠢᠯᠡᠷᠡᠪᠡ᠃ ᠪᠠᠷᠢᠭᠠᠳᠠ ᠶᠢᠨ ᠠᠳᠤᠭᠤᠨ ᠬᠡᠷᠡᠮ ᠤᠨ ᠳᠣᠲᠣᠷ᠎ᠠ ᠠᠴᠠ | ᠲᠤᠭᠤᠷᠠᠢ ᠶᠢᠨ ᠣᠷᠣᠮ ᠲᠠᠢ ᠲᠣᠭᠤᠰᠣ ᠣᠭᠲᠠᠷᠭᠤᠢ ᠳᠤ ᠳᠡᠭᠳᠡᠨ ᠬᠥᠮᠥᠨ ᠬᠠᠷ᠎ᠠ ᠶᠢᠨ ᠦᠢᠮᠡᠯᠳᠦᠬᠦ ᠨᠢ ᠬᠡᠳᠦᠨ ᠭᠠᠵᠠᠷ ᠤᠨ ᠠᠯᠤᠰ ᠰᠣᠨᠣᠰᠳᠠᠨ᠂ ᠣᠶᠢᠷᠠᠳᠴᠦ | ᠣᠴᠢᠪᠠᠯ ᠬᠡᠷᠡᠮ ᠤᠨ ᠣᠷᠣᠢ ᠪᠠᠷ ᠬᠡᠦᠬᠡᠳ ᠰᠠᠭᠤᠯᠴᠠᠵᠤ ᠬᠠᠰᠢᠶᠠᠨ ᠡᠭᠦᠳᠡ ᠪᠠᠷ ᠨᠣᠭᠲᠣ ᠳᠡᠭᠦᠵᠢᠯᠡᠭᠰᠡᠨ ᠥᠯᠥ ᠲᠠᠨᠢᠬᠤ ᠬᠥᠮᠥᠰ ᠠᠪᠠᠭᠠᠷᠠᠯᠳᠤᠨ ᠤᠨᠠᠭ᠎ᠠ | ᠲᠠᠭ᠎ᠠ᠂ ᠦᠷᠢᠶ᠎ᠡ ᠪᠠᠶᠢᠳᠠᠰᠤ ᠰᠣᠩᠭᠤᠨ ᠦᠨ᠎ᠡ ᠲᠣᠬᠢᠷᠠᠨ ᠪᠠᠷᠢᠯᠠᠨᠠ᠃ | ᠮᠠᠨ ᠤ ᠠᠶᠢᠯ ᠤᠨ ᠬᠢᠨᠢ ᠮᠠᠯ ᠢᠶᠠᠨ ᠪᠦᠭᠦᠨ ᠢ ᠡᠷᠥᠭᠡ ᠳᠤ ᠬᠤᠪᠢᠶᠠᠨ ᠣᠳᠣ ᠭᠠᠭᠴᠠ ᠠᠳᠤᠭᠤ ᠦᠯᠡᠳᠡᠵᠦ ᠪᠠᠶᠢᠭ᠎ᠠ ᠶᠢ ᠪᠢ ᠮᠡᠳᠡᠨ᠎ᠡ᠃ ᠶᠠᠮᠠᠷ ᠨᠢᠭᠡᠨ ᠬᠠᠮᠲᠤ ᠶᠢᠨ | ᠪᠦᠲᠦᠭᠡᠨ ᠪᠠᠶᠢᠭᠤᠯᠤᠯᠲᠠ ᠶᠢᠨ ᠵᠠᠷᠤᠯᠭ᠎ᠠ ᠪᠠᠨ ᠰᠢᠢᠳᠪᠦᠷᠢᠯᠡᠬᠦ ᠭᠡᠵᠦ ᠨᠡᠯᠢᠶᠡᠳ ᠠᠳᠤᠭᠤ ᠪᠠᠨ ᠭᠠᠳᠠᠭᠰᠢ ᠬᠤᠳᠠᠯᠳᠤᠵᠤ ᠦᠯᠡᠳᠡᠭᠰᠡᠨ ᠢ ᠨᠢ ᠡᠷᠥᠭᠡ ᠳᠤ | ᠬᠤᠪᠢᠶᠠᠬᠤ ᠪᠠᠷ ᠶᠡᠬᠡᠴᠦᠦᠯ ᠬᠤᠷᠠᠯᠳᠤᠨ ᠲᠣᠭᠲᠠᠭᠰᠠᠨ ᠵᠢᠷᠤᠮ ᠳᠦᠷᠢᠮ ᠢᠶᠠᠷ ᠥᠨᠥᠳᠥᠷ ᠠᠳᠡ ᠠᠷᠠᠯᠵᠢᠶ᠎ᠠ ᠨᠡᠭᠡᠭᠡᠵᠦ ᠪᠠᠶᠢᠭ᠎ᠠ ᠠᠵᠢ᠃ ᠬᠡᠷᠡᠮ ᠤᠨ ᠣᠷᠣᠢ | ᠵᠠᠶᠢᠳᠠᠯᠠᠭᠰᠠᠨ ᠨᠠᠳᠠ ᠠᠪᠤ ᠶᠢᠨ ᠰᠤᠷᠭᠠᠭᠰᠠᠨ ᠰᠠᠷᠠᠲᠤ ᠬᠡᠭᠡᠷ ᠦᠷᠢᠶ᠎ᠡ ᠨᠢᠳᠦᠨ ᠳᠤ ᠳᠤᠯᠠᠭᠠᠬᠠᠨ ᠢᠯᠡᠲᠡᠢ ᠬᠠᠷᠠᠭᠳᠠᠵᠤ᠂ ᠬᠠᠰᠢᠶᠠᠨ ᠳᠣᠲᠣᠭᠤᠷ ᠬᠤᠯᠬᠢᠨ | ᠬᠡᠷᠡᠮ ᠲᠠᠭᠠᠨ ᠭᠦᠶᠦᠨ᠎ᠡ᠃ ᠠᠳᠤᠭᠤᠴᠢᠨ ᠤ ᠨᠠᠬᠢᠯᠵᠠᠭᠰᠠᠨ ᠤᠷᠭ᠎ᠠ ᠠᠳᠤᠭᠤᠳ ᠤᠨ ᠲᠣᠯᠣᠭᠠᠢ ᠳᠡᠭᠡᠭᠦᠷ ᠭᠤᠰᠢᠯᠵᠠᠨ ᠡᠷᠭᠢᠴᠡᠵᠦ᠂ ᠤᠳᠠᠯ ᠦᠭᠡᠢ ᠬᠠᠷᠠᠯᠲᠠ ᠪᠠᠨ | ᠲᠣᠭᠲᠠᠭᠠᠨ ᠬᠤᠶᠢᠪᠢᠳᠠᠨᠠ᠃ ᠰᠠᠷᠠᠲᠤ ᠬᠡᠭᠡᠷ - ᠨᠠᠭᠤᠷ ᠤᠨ ᠬᠥᠪᠡᠭᠡᠨ ᠳᠤ ᠭᠡᠯᠳᠥᠷᠡᠭᠢᠯᠡᠵᠥ ᠪᠠᠶᠢᠭᠰᠠᠨ ᠤᠨᠠᠭ᠎ᠠ ᠣᠳᠣ ᠦᠷᠢᠶ᠎ᠡ ᠪᠣᠯᠵᠠᠢ᠃ ᠨᠡᠶᠢᠳᠡ ᠶᠢᠨ ᠮᠠᠯ | ᠬᠠᠷᠢᠭᠤᠯᠳᠠᠭ ᠠᠪᠤ ᠡᠨᠡ ᠬᠠᠪᠤᠷ ᠪᠠᠷᠢᠭᠠᠳᠠ ᠶᠢᠨ ᠳᠠᠷᠤᠭ᠎ᠠ ᠶᠢᠨ ᠵᠥᠪᠰᠢᠶᠡᠷᠡᠯ ᠢᠶᠠᠷ ᠡᠮᠨᠢᠭ ᠦᠷᠢᠶ᠎ᠡ ᠶᠢ ᠪᠠᠷᠢᠵᠤ᠂ ᠣᠨᠣᠵᠣ ᠵᠦᠭᠰᠢᠷᠡᠭᠦᠯᠵᠦ ᠰᠤᠷᠭᠠᠭᠰᠠᠨ ᠶᠤᠮ᠃ | ᠠᠪᠤ᠄ | - ᠡᠨᠡ ᠰᠠᠷᠠᠲᠤ ᠬᠡᠭᠡᠷ ᠴᠦ ᠨᠢᠭᠡ ᠶᠠᠭᠤᠮ᠎ᠠ ᠪᠤᠯᠬᠤ ᠨᠢ ᠳ᠋ᠠ︕ ᠪᠡᠶ᠎ᠡ ᠪᠠᠷ ᠪᠠᠭ᠎ᠠ ᠴᠦ ᠬᠤᠷᠳᠤ᠂ ᠲᠡᠰᠪᠦᠷᠢ ᠮᠡᠳᠡᠷᠡᠭᠳᠡᠵᠦ ᠪᠠᠶᠢᠨ᠎ᠠ᠂ ᠰᠠᠶᠢᠬᠠᠨ ᠤᠶᠠᠪᠠᠯ | ᠣᠷᠣᠯᠳᠣᠭᠠᠨ ᠮᠣᠷᠢ ᠪᠤᠯᠬᠤ ᠨᠢ ᠢᠯᠡᠭᠡᠨ ᠭᠡᠵᠦ ᠥᠷᠭᠦᠯᠵᠢ ᠬᠡᠯᠡᠳᠡᠭ ᠪᠥᠭᠡᠳ ᠤᠶᠠᠭᠠᠴᠢ ᠡᠪᠦᠭᠡ ᠶᠢᠨ ᠳᠤ ᠪᠠᠶᠢᠨ ᠪᠠᠶᠢᠨ ᠬᠥᠲᠥᠯᠥᠨ ᠬᠦᠷᠴᠦ ᠰᠢᠨᠵᠢᠭᠦᠯᠵᠦ᠂ | ᠲᠡᠮᠲᠡᠷᠢᠭᠦᠯᠵᠦ ᠶᠠᠭᠤ ᠶᠠᠷᠢᠳᠠᠭ ᠢ ᠨᠢ ᠰᠣᠨᠣᠰᠳᠠᠭ ᠪᠣᠯᠵᠠᠢ᠃ ᠪᠢ ᠴᠦ ᠵᠠᠷᠢᠮ ᠳᠠᠭᠠᠨ ᠠᠪᠤ ᠶᠢᠨ ᠪᠠᠷ᠎ᠠ ᠪᠠᠷ ᠤᠶᠠᠭᠠᠴᠢ ᠡᠪᠦᠭᠡ ᠶᠢᠨ ᠭᠠᠳᠠᠨ᠎ᠠ ᠲᠡᠯᠳᠡᠭᠴᠢᠨ ᠬᠦᠷᠴᠦ᠂ | ᠶᠡᠬᠡᠴᠦᠦᠯ ᠤᠨ ᠶᠠᠷᠢᠬᠤ ᠶᠢ ᠡᠰᠡ ᠣᠶᠢᠯᠠᠭᠠᠪᠠᠴᠤ ᠲᠡᠳᠡᠨᠥᠰ ᠢ ᠲᠠᠭᠠᠨ ᠤᠶᠠᠭ᠎ᠠ ᠲᠣᠭᠤᠷᠢᠨ ᠶᠡᠭᠡ ᠶᠠᠭᠤᠮ᠎ᠠ ᠮᠡᠳᠡᠭᠰᠡᠨ ᠰᠢᠭ ᠠᠪᠤᠷᠢᠯᠠᠳᠠᠭ ᠮᠢᠨᠢ ᠢᠨᠢᠶᠡᠳᠦ | ᠭᠦᠷᠥᠮᠡᠷ ᠪᠠᠭ᠎ᠠ ᠨᠠᠰᠤ ᠠ᠋︕ | ᠭᠡᠨᠡᠳᠲᠡ ᠣᠯᠠᠨ ᠤ ᠱᠤᠤᠭᠢᠶᠠᠨ ᠪᠤᠳᠣᠯ ᠢ ᠲᠠᠰᠤᠯᠵᠤ᠄ | - ᠬᠠᠶᠢᠷᠠᠨ ᠮᠣᠷᠢ ᠠ᠋︕ | - ᠰᠠᠷᠠᠲᠤ ᠦᠷᠢᠶ᠎ᠡ ᠶᠢ ᠬᠤᠳᠠᠯᠳᠤᠭᠠᠳ ᠶᠠᠭᠠᠬᠢᠬᠤ ᠭᠡᠰᠡᠨ ᠪᠤᠢ︖ ᠪᠠᠶᠢᠯᠭᠠᠬᠤ ᠳᠤ ᠶᠠᠭᠠᠬᠢᠳᠠᠭ ᠶᠤᠮ︖ | - ᠥᠪᠡᠷ ᠵᠠᠭᠤᠷ᠎ᠠ ᠪᠠᠨ ᠮᠥᠩᠭᠦ ᠲᠠᠢ ᠪᠣᠯ ᠠᠪᠴᠤ ᠪᠣᠯᠣᠨ᠎ᠠ ᠰᠢᠥ᠂ ᠵᠠᠪᠠᠯ ᠭᠠᠳᠠᠭᠰᠢ ᠬᠤᠳᠠᠯᠳᠤᠬᠤ ᠠᠯᠪᠠ ᠲᠠᠢ ᠤᠤ︖ ᠭᠡᠵᠦ ᠣᠯᠠᠨ ᠬᠥᠮᠥᠰ ᠠᠮᠠ | ᠪᠤᠯᠢᠶᠠᠯᠳᠤᠨ ᠪᠤᠳᠣᠯ ᠪᠤᠳᠣᠯ ᠢᠶᠠᠨ ᠬᠡᠯᠡᠵᠡᠭᠡᠬᠦ ᠳᠤ ᠤᠷᠭ᠎ᠠ ᠶᠢᠨ ᠬᠤᠶᠢᠪᠢ ᠰᠠᠷᠠᠲᠤ ᠬᠡᠭᠡᠷ ᠤᠨ ᠬᠦᠵᠦᠭᠦᠨ ᠳᠤ ᠰᠣᠨᠣᠰᠭᠢᠨ ᠡᠯᠭᠦᠭᠳᠡᠪᠡ᠃ ᠠᠪᠤᠭᠰᠠᠨ ᠡᠵᠡᠨ ᠨᠢ | ᠭᠤᠣᠯ ᠤᠨ ᠲᠣᠬᠤᠢ ᠠᠶᠢᠯ ᠤᠨ ᠨᠢᠭᠡᠨ ᠲᠠᠷᠢᠶᠠᠴᠢᠨ ᠪᠠᠶᠢᠪᠠ᠃ | - ᠬᠡᠳᠦᠨ ᠠᠮᠠ ᠶᠢᠨ ᠲᠠᠷᠢᠶ᠎ᠠ ᠪᠠᠨ ᠲᠠᠷᠢᠬᠤ ᠳᠤ ᠬᠥᠯᠦᠰᠢ ᠦᠭᠡᠢ ᠭᠠᠴᠢᠭᠳᠠᠬᠤ ᠬᠡᠴᠡᠭᠦᠦ᠂ ᠣᠨᠣᠬᠤ ᠳᠤ ᠨᠣᠮᠣᠬᠠᠨ ᠰᠣᠷᠣᠬᠰᠠᠨ ᠮᠣᠷᠢ ᠠᠨᠵᠢᠰᠤ ᠴᠢᠷᠬᠦ ᠳᠤ | ᠬᠤᠷᠳᠤᠨ ᠳᠠᠳᠬᠤ ᠶᠤᠮ᠂ ᠳᠠᠷᠤᠭ᠎ᠠ ᠳᠤ ᠲᠠᠯᠠᠷᠬᠠᠯ᠎ᠠ︕ ᠭᠡᠵᠦ ᠮᠣᠩᠭᠤᠯ ᠬᠢᠲᠠᠳ ᠬᠤᠯᠢᠯᠴᠠᠭᠤᠯᠤᠨ ᠬᠡᠯᠡᠭᠡᠳ ᠭᠠᠵᠠᠷ ᠤᠨ ᠥᠨᠳᠥᠷ ᠢ ᠠᠰᠢᠭᠯᠠᠨ ᠠᠯᠠᠪᠬᠢᠨ | ᠵᠠᠶᠢᠳᠠᠯᠠᠵᠤ᠂ ᠢᠰᠬᠡᠷᠦᠨ ᠬᠤᠯᠠᠳᠠᠬᠤ ᠳᠤ ᠮᠢᠨᠤ ᠳᠣᠲᠣᠷ᠎ᠠ ᠰᠠᠷᠠᠲᠤ ᠬᠡᠭᠡᠷ ᠢ ᠬᠠᠶᠢᠷᠠᠯᠠᠬᠤ ᠰᠡᠳᠬᠢᠯ ᠢᠪᠢᠯᠦᠨ ᠲᠦᠯᠬᠢᠯᠡᠵᠦ ᠬᠤᠶᠠᠷ ᠨᠢᠳᠦᠨ ᠳᠤ ᠥᠪᠡᠷ ᠤᠨ ᠡᠷᠬᠡ | ᠦᠭᠡᠢ ᠨᠢᠯᠪᠤᠰᠤ ᠵᠠᠶᠢᠷᠯᠠᠪᠠ᠃ ᠲᠠ᠊ - ᠷᠠ ᠴᠠᠭᠠᠨ᠎ᠠ ᠬᠡᠷᠡᠮ ᠤᠨ ᠲᠠᠯᠳᠠ ᠠᠴᠠ ᠠᠪᠤ ᠨᠢᠳᠦ ᠪᠠᠨ ᠵᠦᠯᠭᠦᠨ ᠭᠡᠷ ᠵᠦᠭ ᠢᠶᠠᠨ ᠶᠠᠪᠤᠬᠤ ᠨᠢ ᠬᠠᠷᠠᠭᠳᠠᠬᠤ ᠳᠤ ᠨᠠᠳᠠ | ᠠᠳᠡ ᠶᠠᠮᠠᠷ ᠴᠦ ᠬᠥᠭᠵᠢᠶᠡᠨ ᠦᠭᠡᠢ ᠰᠠᠨᠠᠭᠳᠠᠨ ᠠᠪᠤ ᠶᠢᠨ ᠢᠶᠠᠨ ᠠᠷᠤ ᠠᠴᠠ ᠭᠡᠷ ᠵᠦᠭ ᠢᠶᠠᠨ ᠭᠦᠶᠦᠪᠡ᠃ | ᠣᠨ ᠴᠠᠭ ᠤᠨ ᠬᠦᠷᠳᠦ ᠠᠬᠢᠨ ᠨᠠᠭᠠᠰᠢᠯᠠᠬᠤ ᠳᠤ ᠥᠭᠡᠷᠡᠴᠢᠯᠡᠯᠲᠡ ᠶᠢᠨ ᠰᠠᠯᠬᠢ ᠮᠢᠨᠤ ᠨᠤᠲᠤᠭ ᠤᠨ ᠶᠠᠭᠤ ᠪᠦᠭᠦᠨ ᠢ ᠡᠰᠡᠨᠢᠯ ᠤᠨ ᠠᠶᠠᠰ ᠢᠶᠠᠷ ᠢᠯᠪᠢᠭᠦ ᠳᠤ | ᠬᠥᠮᠥᠨ ᠠᠷᠠᠳ ᠤᠨ ᠴᠢᠷᠠᠢ ᠳᠤ ᠢᠨᠢᠶᠡᠳᠦ ᠪᠠᠶᠠᠰᠤᠯ ᠬᠠᠯᠭᠢᠨᠠ᠃ | ᠵᠣᠨ ᠤ ᠡᠬᠢᠨ ᠤ ᠲᠤᠩᠭᠠᠯᠠᠭ ᠡᠳᠦᠷ ᠮᠠᠨᠠᠶᠢᠬᠢᠨ ᠠᠴᠠ ᠵᠡᠭᠡᠷᠳᠡ ᠮᠣᠷᠢ ᠬᠥᠯᠥᠭᠰᠡᠨ ᠲᠡᠷᠭᠡ ᠳᠦᠭᠦᠷᠡᠩ ᠬᠤᠨᠢᠨ ᠨᠣᠣᠰᠣ ᠠᠴᠢᠵᠤ ᠭᠤᠣᠯ ᠤᠨ ᠲᠣᠬᠤᠢ | ᠲᠣᠰᠬᠤᠨ ᠢ ᠴᠢᠭᠯᠡᠨ ᠬᠥᠳᠡᠯᠦᠭᠰᠡᠨ ᠨᠢ ᠠᠪᠤ ᠪᠢᠳᠡ ᠬᠤᠶᠠᠷ ᠪᠠᠶᠢᠭᠰᠠᠨ ᠶᠤᠮ᠃ ᠮᠠᠯᠵᠢᠬᠤ ᠲᠠᠷᠢᠶᠠᠯᠠᠬᠤ ᠣᠷᠣᠨ ᠤ ᠵᠠᠭᠠᠭ ᠲᠤᠯᠵᠤ ᠮᠠᠯ ᠤᠨ ᠪᠠᠷ᠎ᠠ ᠰᠢᠩᠭᠡᠷᠡᠨ | ᠵᠢᠷᠤᠬ᠎ᠠ ᠲᠠᠢ ᠲᠠᠷᠢᠶ᠎ᠠ ᠵᠢᠭᠳᠡᠷᠡᠨ ᠬᠠᠷᠠᠭᠳᠠᠵᠤ ᠵᠠᠮ ᠢᠶᠠᠷ ᠠᠷᠴᠢᠭᠤᠷ ᠮᠥᠷᠥᠯᠡᠭᠰᠡᠨ ᠬᠥᠮᠥᠰ ᠬᠠᠶᠠ ᠶᠠᠪᠤᠬᠤ ᠨᠢ ᠭᠤᠣᠯ ᠤᠨ ᠲᠣᠬᠤᠢ ᠲᠣᠰᠬᠤᠨ ᠤ ᠬᠠᠷᠢᠶᠠᠨ ᠳᠤ | ᠣᠷᠣᠭᠰᠠᠨ ᠨᠢ ᠢᠯᠡᠭᠡᠨ᠃ ᠳᠡᠮᠡᠢ ᠬᠡᠳᠦᠨ ᠭᠠᠵᠠᠷ ᠶᠠᠪᠤᠭᠰᠠᠨ ᠦᠭᠡᠢ ᠬᠠᠰᠢᠶ᠎ᠠ ᠬᠠᠰᠢᠶ᠎ᠠ ᠪᠠᠨ ᠵᠠᠯᠭᠠᠭᠰᠠᠨ ᠲᠣᠰᠬᠤᠨ ᠤ ᠵᠠᠬ᠎ᠠ ᠰᠢᠷᠭᠤᠵᠤ᠂ ᠵᠠᠮ ᠤᠨ ᠬᠠᠵᠠᠭᠤ ᠪᠠᠷ | ᠭᠠᠭ᠋ᠠᠢ ᠲᠠᠬᠢᠶᠠᠨ ᠠᠴᠠ ᠬᠥᠯᠦᠰᠢᠨ ᠵᠡᠭᠡᠷᠳᠡ ᠪᠠᠶᠢᠨ ᠲᠠᠭᠢᠨ ᠦᠷᠭᠦᠨ ᠬᠠᠯᠢᠰᠬᠠᠵᠤ᠂ ᠠᠪᠤ ᠮᠣᠷᠢᠨ ᠤ ᠡᠷᠡᠦᠪᠴᠢ ᠠᠴᠠ ᠴᠢᠩᠭᠠᠬᠠᠨ ᠪᠠᠷᠢᠵᠤ᠂ ᠬᠠᠩᠭᠠᠨ | ᠪᠣᠷᠣᠯᠠᠭᠤᠯᠬᠤ ᠬᠤᠷᠰᠢᠶᠠᠨ ᠤ ᠡᠭᠦᠳᠡᠨ ᠳᠤ ᠬᠦᠷᠴᠦ ᠣᠴᠢᠪᠠ᠃ ᠠᠪᠤ ᠶᠢᠨ ᠲᠠᠨᠢᠯ ᠨᠣᠣᠰᠣ ᠬᠤᠷᠢᠶᠠᠭᠴᠢ ᠫᠠᠨᠽᠠᠴᠢᠨ ᠮᠠᠨᠤᠰ ᠢ ᠤᠭᠲᠤᠨ ᠭᠠᠷᠴᠤ ᠢᠷᠡᠭᠡᠳ᠂ | ᠠᠪᠤ ᠶᠢᠨ ᠮᠥᠷᠥ ᠳᠠᠯᠤ ᠶᠢ ᠲᠠᠪᠰᠢᠬᠤ ᠪᠥᠭᠡᠳ ᠨᠠᠳᠠ ᠶᠢ ᠥᠬᠦᠭᠡᠷᠳᠡᠨ ᠬᠠᠴᠠᠷ ᠢ ᠢᠯᠪᠢᠨ ᠢᠨᠢᠶᠡᠮᠰᠦᠭᠯᠡᠨ ᠵᠣᠭᠤᠭᠳᠠᠨ᠎ᠠ᠃ | ᠫᠠᠨᠽᠠᠴᠢᠨ ᠭᠤᠸᠠᠢ ᠡᠨᠡ ᠵᠢᠯ ᠤᠨ ᠤᠩᠭᠠᠰᠤ ᠨᠣᠣᠰᠣ ᠬᠤᠷᠢᠶᠠᠬᠤ ᠴᠡᠪᠡᠷᠴᠡ ᠶᠢᠨ ᠱᠠᠭᠠᠷᠳᠠᠯᠭ᠎ᠠ ᠥᠨᠳᠥᠷ ᠴᠦ ᠠᠪᠤ ᠶᠢᠨ ᠲᠠᠨᠢᠯ ᠲᠤᠯᠠ ᠤᠭᠤᠲᠠᠨ ᠠᠮᠠᠰᠠᠷ ᠢ | ᠠᠯᠳᠠᠷᠠᠭᠠᠨ ᠲᠡᠮᠲᠡᠷᠢᠵᠦ ᠰᠡᠭᠰᠦᠷᠦᠨ᠂ ᠰᠤᠪᠤᠵᠤ ᠢᠮᠡᠷᠮᠡᠭᠴᠡ ᠠᠰᠠᠭᠤᠳᠠᠯ ᠦᠭᠡᠢ ᠬᠢᠷᠢ ᠲᠡᠩᠴᠡᠵᠦ᠂ ᠬᠠᠮᠤᠭ ᠥᠨᠳᠥᠷ ᠦᠨ᠎ᠡ ᠪᠠᠷ ᠪᠤᠳᠣᠵᠣ ᠠᠷᠠᠯᠵᠢᠶ᠎ᠠ ᠮᠠᠰᠢ | ᠢᠯᠭᠤᠮ ᠪᠦᠲᠦᠪᠡ᠃ ᠬᠡᠷᠪᠡ ᠲᠠᠨᠢᠯ ᠪᠤᠰᠤ ᠬᠥᠮᠥᠨ ᠪᠤᠶᠤ ᠪᠠᠭ᠋ᠠᠨ ᠡᠪ ᠢᠶᠠᠨ ᠣᠯᠣᠯᠴᠠᠬᠤ ᠦᠭᠡᠢ ᠪᠣᠯ ᠬᠤᠨᠢᠨ ᠤᠩᠭᠠᠰᠤᠨ ᠳᠠᠭᠠᠨ ᠤᠰᠤ ᠰᠠᠴᠤᠯ᠎ᠠ ᠭᠡᠵᠦ ᠨᠢᠭᠡ | ᠡᠳᠦᠷ ᠨᠠᠷᠠᠨ ᠳᠤ ᠲᠡᠯᠭᠡᠭᠦᠯᠭᠦ ᠪᠤᠶᠤ ᠡᠯᠡᠰᠦ ᠬᠤᠯᠢᠯᠠ ᠭᠡᠵᠦ ᠪᠤᠳᠠᠷᠠᠳᠠᠯ᠎ᠠ ᠭᠦᠪᠢᠵᠦ ᠰᠡᠭᠰᠦᠷᠦᠨ ᠥᠢᠯᠡ ᠶᠢ ᠨᠢ ᠦᠵᠡᠵᠦ ᠦᠨ᠎ᠡ ᠶᠢ ᠨᠢ ᠳᠠᠷᠤᠳᠠᠭ ᠪᠠᠶᠢᠭᠰᠠᠨ | ᠶᠤᠮ᠃ ᠠᠪᠤ ᠨᠣᠣᠰᠣ ᠬᠤᠷᠢᠶᠠᠭᠴᠢ ᠲᠠᠢ ᠲᠠᠮᠠᠬᠢ ᠰᠣᠯᠢᠯᠴᠠᠨ᠂ ᠮᠠᠯ ᠲᠠᠷᠢᠶ᠎ᠠ ᠵᠣᠭᠤᠭᠳᠠᠨ ᠪᠢ ᠨᠥᠭᠦᠭᠡ ᠲᠠᠰᠤᠯᠭ᠎ᠠ ᠶᠢᠨ ᠬᠤᠯᠢᠰᠢᠨ ᠢᠳᠡᠭᠡᠨ ᠤ ᠳᠡᠯᠭᠡᠭᠦᠷ ᠤᠨ | ᠰᠢᠬᠢᠷ ᠪᠣᠣᠪᠤ ᠶᠢᠨ ᠡᠲᠡᠭᠡᠳ ᠰᠣᠳᠣᠨ ᠦᠨᠦᠷ ᠲᠤ ᠲᠠᠲᠠᠭᠳᠠᠨ ᠬᠠᠲᠠᠪᠴᠢᠨ ᠭᠠᠳᠠᠨ᠎ᠠ ᠠᠴᠠ ᠨᠢ ᠳᠣᠲᠣᠭᠰᠢ ᠱᠠᠭᠠᠶᠢᠨ ᠵᠣᠭᠰᠣᠵᠤ ᠪᠠᠶᠢᠲᠠᠯ᠎ᠠ ᠬᠥᠮᠥᠨ ᠬᠠᠷ᠎ᠠ | ᠦᠢᠮᠡᠯᠳᠦᠨ᠂ ᠭᠠᠭ᠋ᠠᠢ ᠲᠠᠭᠢᠶ᠎ᠠ ᠳᠦᠷᠪᠡᠵᠦ ᠬᠥᠮᠥᠰ ᠬᠡᠦᠬᠡᠳ ᠰᠢᠤᠬᠠᠳ ᠢᠶᠠᠨ ᠲᠡᠪᠡᠷᠢᠨ ᠵᠠᠮ ᠵᠠᠶᠢᠯᠠᠬᠤ ᠪᠥᠭᠡᠳ ᠬᠡᠳᠦᠨ ᠬᠥᠮᠥᠨ ᠳᠡᠯᠭᠡᠭᠦᠷ ᠲᠤ ᠭᠦᠶᠦᠨ | ᠣᠷᠣᠵᠤ ᠢᠷᠡᠭᠡᠳ᠄ | - ᠬᠥᠭᠯᠡᠭᠰᠡᠨ ᠮᠣᠷᠢ ᠢᠷᠡᠯ᠎ᠡ︕ | - ᠠᠨᠵᠢᠰᠤ ᠴᠢᠷᠦᠭᠰᠡᠨ ᠮᠣᠷᠢ ᠁ ᠭᠡᠵᠦ ᠠᠮᠢᠰᠬᠤᠭᠠᠳᠠᠨ ᠶᠠᠷᠢᠬᠤ ᠪᠠᠷ ᠮᠠᠨᠤᠰ ᠵᠢᠭᠠᠭᠰᠠᠨ ᠵᠦᠭ ᠲᠤᠨᠢ ᠬᠠᠷᠠᠬᠤ ᠳᠤ ᠨᠢᠭᠡᠨ ᠮᠣᠷᠢ ᠬᠦᠯᠢᠶᠡ | ᠬᠥᠯᠦᠰᠢ ᠲᠠᠢ ᠪᠠᠨ ᠳᠥᠷᠪᠡᠯᠵᠢ ᠮᠣᠳᠣ ᠪᠠᠨ ᠲᠣᠭᠤᠰᠣ ᠪᠤᠳᠠᠷᠠᠳᠠᠯ᠎ᠠ ᠴᠢᠷᠦᠨ ᠢᠰᠭᠦᠴᠡᠨ ᠳᠠᠪᠬᠢᠨ ᠠᠶᠢᠯ ᠤᠨ ᠵᠠᠬ᠎ᠠ ᠠᠴᠠ ᠨᠠᠭᠠᠰᠢ ᠠᠶᠢᠰᠤᠢ᠃ | ᠠᠪᠤ ᠨᠠᠳᠠ ᠶᠢ ︽ᠭᠡᠷ ᠲᠤ ᠣᠷᠣ︕︾ ᠭᠡᠵᠦ ᠵᠠᠬᠢᠨ ᠬᠥᠭᠯᠡᠭᠰᠡᠨ ᠮᠣᠷᠢᠨ ᠤ ᠵᠠᠮ ᠢ ᠭᠡᠷᠥᠨ ᠣᠴᠢᠬᠤ ᠳᠤ ᠤᠶᠠᠭᠠᠨ ᠳᠡᠭᠡᠷᠡᠬᠢ ᠮᠠᠨ ᠤ ᠬᠥᠯᠦᠰᠢᠨ ᠵᠡᠭᠡᠷᠳᠡ ᠴᠦ | ᠴᠢᠬᠢ ᠰᠣᠷᠲᠣᠯᠵᠠᠭᠤᠯᠤᠨ᠂ ᠬᠠᠮᠠᠷ ᠳᠤᠤᠭᠠᠷᠭᠠᠨ᠂ ᠣᠷᠣᠨ ᠳᠠᠭᠠᠨ ᠳᠡᠪᠬᠡᠴᠡᠨ ᠴᠤᠯᠪᠤᠭᠤᠷ ᠢᠶᠠᠨ ᠲᠠᠰᠤᠯᠤᠮᠠ ᠠᠭᠠᠰᠢᠯᠠᠬᠤ ᠳᠤ ᠠᠪᠤ ᠲᠡᠷᠭᠡᠨ ᠵᠦᠭ ᠮᠣᠷᠢ ᠪᠠᠨ | ᠵᠠᠩᠳᠣᠬᠤ ᠳᠤ ᠬᠥᠯᠦᠰᠢᠨ ᠵᠡᠭᠡᠷᠳᠡ ᠬᠠᠩᠭᠢᠨᠠᠲᠠᠯ᠎ᠠ ᠦᠦᠷᠰᠡᠪᠡ᠃ ᠡᠨᠡ ᠦᠶ᠎ᠡ ᠳᠤ ᠨᠠᠳᠬᠤᠨ ᠪᠣᠯᠭᠢᠨ ᠳᠠᠪᠬᠢᠵᠤ ᠪᠠᠶᠢᠭᠰᠠᠨ ᠮᠣᠷᠢᠨ ᠤ ᠬᠤᠷᠳᠤ ᠳᠣᠣᠷ᠎ᠠ ᠪᠠᠨ | ᠬᠠᠰᠤᠭᠳᠠᠵᠤ᠂ ᠤᠶᠠᠭᠠᠨ ᠤ ᠳᠡᠷᠭᠡᠳᠡ ᠱᠣᠭᠰᠢᠨ ᠢᠷᠡᠵᠥ ᠬᠥᠯᠦᠰᠢᠨ ᠵᠡᠭᠡᠷᠳᠡ ᠲᠠᠢ ᠬᠤᠰᠢᠭᠤ ᠨᠡᠶᠢᠯᠡᠭᠦᠯᠦᠨ ᠵᠣᠭᠰᠣᠯ᠎ᠠ᠃ | ᠰᠠᠷᠠᠲᠤ ᠬᠡᠭᠡᠷ - ᠨᠢᠳᠤᠨᠤᠨ ᠬᠤᠳᠠᠯᠳᠤᠭᠳᠠᠵᠤ ᠶᠠᠪᠤᠭᠰᠠᠨ᠂ ᠠᠪᠤ ᠶᠢᠨ ᠰᠤᠷᠭᠠᠭᠰᠠᠨ᠂ ᠮᠢᠨᠤ ᠬᠠᠶᠢᠷᠠᠲᠠᠢ ᠰᠠᠷᠠᠲᠤ ᠬᠡᠭᠡᠷ ᠶᠠᠭ ᠮᠥᠨ᠃ ᠪᠢ ᠬᠠᠳᠠᠪᠴᠢ ᠥᠰᠥᠷᠥᠨ | ᠭᠠᠷᠴᠤ ᠠᠪᠤ ᠶᠢᠨ ᠵᠠᠬ᠎ᠠ ᠳᠤ ᠬᠦᠷᠬᠦ ᠳᠤ ᠠᠪᠤ ᠨᠠᠳᠠ ᠠᠴᠠ ᠤᠷᠢᠳᠤ ᠲᠠᠨᠢᠭᠰᠠᠨ ᠨᠢ ᠯᠠᠪᠲᠠᠢ᠂ ᠣᠷᠣᠨ ᠳᠠᠭᠠᠨ ᠬᠥᠳᠡᠯᠦᠯ ᠦᠭᠡᠢ ᠵᠣᠭᠰᠣᠨ ᠡᠨᠡ ᠬᠦ | ᠭᠠᠶᠢᠬᠠᠮᠰᠢᠭᠲᠤ ᠭᠡᠨᠡᠨ ᠦᠵᠡᠭᠳᠡᠯ ᠢ ᠮᠡᠯᠡᠷᠡᠨ ᠰᠢᠷᠳᠡᠭᠦ ᠠᠵᠢ᠃ ᠮᠢᠨᠤ ᠲᠠᠭᠤᠨ ᠳᠤ ᠠᠪᠤ ᠰᠡᠭᠡᠰᠬᠢᠭᠰᠡᠨ ᠪᠤᠯᠣᠯᠳᠠᠢ᠂ ᠬᠤᠶᠠᠷ ᠮᠣᠷᠢᠨ ᠳᠤ ᠱᠠᠯᠠᠪᠬᠠᠨ ᠣᠶᠢᠷᠠᠲᠤᠨ | ᠰᠠᠷᠠᠲᠤ ᠬᠡᠭᠡᠷ ᠤᠨ ᠬᠦᠵᠦᠭᠦᠨ ᠳᠤ ᠴᠢᠷᠦᠭᠳᠡᠵᠦ ᠢᠷᠡᠭᠰᠡᠨ ᠬᠦᠯᠢᠶᠡ ᠬᠥᠯᠦᠰᠢ ᠶᠢ ᠮᠤᠯᠲᠤᠯᠤᠨ ᠬᠡᠳᠦᠨ ᠠᠯᠳᠠ ᠶᠢᠨ ᠴᠠᠭᠠᠨ᠎ᠠ ᠲᠣᠭᠤᠰᠣ ᠪᠤᠳᠠᠷᠠᠳᠠᠯ᠎ᠠ ᠰᠢᠳᠡᠪᠡ᠃ | ᠠᠨᠵᠢᠰᠤ ᠨᠢ ᠬᠠᠮᠢᠭ᠎ᠠ ᠬᠠᠳᠬᠤᠨ ᠲᠠᠰᠣᠷᠠᠵᠣ ᠬᠤᠴᠣᠷᠤᠭᠰᠠᠨ ᠢ ᠪᠤᠣ ᠮᠡᠳᠡ︕ | ᠰᠠᠷᠠᠲᠤ ᠬᠡᠭᠡᠷ ᠤᠨ ᠡᠭᠡᠮ ᠳᠠᠯᠤ ᠭᠤᠶ᠎ᠠ ᠬᠠᠰᠠ ᠨᠢ ᠬᠤᠯᠭᠤᠬᠳᠠᠨ ᠬᠠᠯᠴᠠᠭᠠᠶᠢᠷᠠᠵᠤ ᠥᠰᠥᠨ ᠤ ᠥᠩᠭᠡ ᠨᠢ ᠪᠤᠷᠣᠬᠰᠢᠵᠥ ᠬᠥᠯᠦᠰᠢᠨ ᠵᠡᠭᠡᠷᠳᠡ ᠲᠠᠢ ᠮᠠᠰᠢ ᠢᠨᠠᠭ | ᠳᠣᠲᠣᠨᠣ ᠭᠦᠳᠡᠭᠡᠨᠡᠨᠡ᠃ ᠰᠠᠷᠠᠲᠤ ᠬᠡᠭᠡᠷ ᠢ ᠠᠩᠬ᠎ᠠ ᠰᠤᠷᠭᠠᠬᠤ ᠳᠤ ᠬᠥᠯᠦᠰᠢᠨ ᠵᠡᠭᠡᠷᠳᠡ ᠳᠠᠩᠳᠠ ᠬᠠᠨᠢ ᠪᠣᠯᠵᠤ ᠰᠡᠷᠢᠭᠦᠨ ᠰᠥᠨᠢ ᠶᠢᠨ ᠰᠠᠷᠠᠨ ᠤ ᠳᠣᠣᠷ᠎ᠠ | ᠰᠢᠭᠦᠳᠡᠷᠢᠲᠦ ᠦᠦᠷ ᠢ ᠬᠤᠶᠠᠭᠤᠯᠠ ᠤᠭᠲᠤᠵᠤ ᠪᠠᠶᠢᠭᠰᠠᠨ ᠢᠵᠢᠯᠢ ᠪᠤᠯᠬᠤ ᠶᠢ ᠠᠳᠡ ᠠᠪᠤ ᠪᠢᠳᠠ ᠬᠤᠶᠠᠷ ᠠᠴᠠ ᠥᠭᠡᠷ᠎ᠡ ᠬᠡᠨ ᠴᠦ ᠮᠡᠳᠡᠭᠦ ᠦᠭᠡᠢ᠃ | ᠡᠨᠡ ᠦᠶ᠎ᠡ ᠳᠤ ᠠᠨᠵᠢᠰᠤ ᠲᠠᠢ ᠮᠣᠷᠢ ᠪᠠᠨ ᠠᠯᠳᠠᠵᠤ ᠶᠠᠪᠤᠭᠤᠯᠤᠭᠰᠠᠨ ᠢᠷᠭᠡᠨ ᠭᠤᠸᠠᠢ ᠠᠮᠢᠰᠬᠤᠭ᠎ᠠ ᠳᠡᠭᠡᠷᠡᠳᠡᠨ ᠮᠣᠷᠢᠨ ᠤ ᠪᠠᠨ ᠬᠤᠶᠢᠨ᠎ᠠ ᠠᠴᠠ ᠡᠩᠭᠡᠷ | ᠬᠤᠷᠮᠣᠢ ᠪᠠᠨ ᠳᠡᠷᠪᠡᠯᠵᠡᠭᠦᠯᠦᠨ ᠲᠣᠭᠤᠰᠣ ᠰᠢᠷᠣᠢ ᠳᠠᠭᠠᠨ ᠳᠠᠷᠤᠭᠳᠠᠨ ᠲᠣᠰᠬᠤᠨ ᠤ ᠳᠤᠮᠳᠠᠭᠤᠷ ᠭᠦᠶᠦᠨ ᠢᠷᠡᠬᠦ ᠬᠠᠷᠠᠭᠳᠠᠨ᠎ᠠ᠃ ᠲᠡᠷᠡ ᠬᠥᠮᠥᠨ ᠠᠪᠤ ᠶᠢᠨ ᠡᠮᠦᠨ᠎ᠡ | ᠭᠦᠶᠦᠨ ᠢᠷᠡᠵᠥ ᠤᠨᠠᠨ ᠰᠥᠭᠦᠳᠦᠮᠡ ᠪᠥᠬᠦᠯᠵᠡᠨ ᠲᠠᠯᠠᠷᠬᠠᠯ ᠤᠨ ᠦᠭᠡ ᠶᠢ ᠬᠤᠶᠢᠨ᠎ᠠ ᠬᠤᠶᠢᠨ᠎ᠠ ᠠᠴᠠ ᠨᠢ ᠤᠷᠤᠰᠬᠠᠨ᠄ | - ᠬᠠᠰᠢᠯᠠ ᠰᠠᠶᠢᠨ ᠬᠥᠮᠥᠨ᠂ ᠴᠢᠳᠠᠯ ᠲᠠᠢ ᠬᠥᠮᠥᠨ ᠪᠠᠶᠢᠨ᠎ᠠ ᠭᠡᠨ᠎ᠡ᠃ | ᠬᠥᠮᠥᠨ ᠬᠠᠷ᠎ᠠ ᠶᠢ ᠲᠠᠭᠠᠷᠢᠭᠠᠳ ᠠᠳᠡᠯ ᠣᠰᠣᠯ ᠭᠠᠷᠭᠠᠭᠰᠠᠨ ᠪᠣᠯ ᠲᠡᠭᠷᠢ ᠶᠢᠨ ᠬᠡᠷᠡᠭ ᠭᠠᠷᠴᠤ ᠮᠡᠳᠡᠭᠦ ᠭᠡᠨᠡᠨ ᠠᠴᠠ ᠵᠠᠶᠢᠯᠠᠭᠰᠠᠨ ᠳᠠᠭᠠᠨ ᠪᠠᠶᠠᠷᠯᠠᠵᠤ | ᠤᠭᠤᠲᠠ ᠲᠠᠢ ᠨᠠᠪᠴᠢᠨ ᠲᠠᠮᠠᠬᠢ ᠪᠠᠨ ᠭᠠᠷᠭᠠᠨ ᠠᠪᠤ ᠳᠤ ᠪᠠᠷᠢᠬᠤ ᠭᠡᠰᠡᠨ ᠢᠶᠠᠨ ᠪᠣᠯᠢᠵᠤ᠂ ᠳᠡᠯᠭᠡᠭᠦᠷ ᠲᠤ ᠭᠦᠶᠦᠨ ᠣᠷᠣᠵᠤ ᠰᠢᠷ᠎ᠠ ᠬᠠᠶᠢᠷᠴᠠᠭᠲᠤ ︽ᠭᠦᠭᠡᠬᠤᠳᠡ︾ | ᠲᠡᠮᠳᠡᠭᠲᠦ ᠲᠠᠮᠠᠬᠢ ᠶᠢ ᠠᠪᠤ ᠳᠤ ᠠᠪᠴᠢᠷᠠᠨ ᠥᠭᠴᠦ ᠲᠠᠯᠠᠷᠬᠠᠬᠤ ᠰᠡᠳᠬᠢᠯ ᠢᠶᠠᠨ ᠢᠯᠡᠳᠬᠡᠵᠦ ᠪᠠᠶᠢᠯ᠎ᠠ᠃ ᠠᠪᠤ ᠲᠡᠷᠡ ᠢᠷᠭᠡᠨ ᠠᠴᠠ᠄ | - ᠡᠨᠡ ᠮᠣᠷᠢ ᠴᠢᠨᠢ ᠮᠠᠨ ᠤ ᠠᠶᠢᠯ ᠤᠨ ᠠᠳᠤᠭᠤᠨ ᠤ ᠬᠢ ᠪᠢᠰᠢᠦ︖ ᠭᠡᠬᠦ ᠳᠤ᠄ | - ᠲᠡᠶᠢᠮᠥ᠂ ᠲᠡᠶᠢᠮᠥ︕ ᠪᠢ ᠠᠪᠴᠢᠷᠠᠮᠠᠭᠴᠠ ᠲᠡᠷᠭᠡᠨ ᠳᠤ ᠬᠥᠯᠵᠦ᠂ ᠡᠪᠦᠯ ᠬᠠᠪᠤᠷ ᠢᠶᠠᠷ ᠢᠩ ᠲᠡᠭᠡᠷᠮ᠎ᠡ ᠴᠦ ᠵᠢᠳᠬᠦᠭᠦᠯᠵᠦ ᠮᠠᠯ ᠤᠨ ᠬᠤᠭᠤᠯᠠ ᠳᠠᠷᠤᠵᠤ | ᠦᠵᠡᠯ᠎ᠡ᠃ ᠲᠣᠩ ᠨᠣᠮᠣᠬᠠᠨ ᠰᠣᠷᠣᠬᠰᠠᠨ ᠰᠢᠥ︕ ᠡᠨᠡ ᠬᠠᠪᠤᠷ ᠠᠨᠵᠢᠰᠤᠨ ᠳᠤ ᠭᠦᠯᠥᠵᠣ ᠰᠤᠷᠭᠠᠯ᠎ᠠ᠂ ᠭᠡᠪᠡᠴᠦ ᠠᠨᠵᠢᠰᠤᠨ ᠳᠤ ᠬᠥᠯᠥᠭᠰᠡᠨ ᠠᠴᠠ ᠨᠠᠭᠠᠰᠢ ᠭᠡᠳᠥ | ᠤᠳᠠᠭ᠎ᠠ ᠨᠠᠳᠬᠤᠵᠤ᠂ ᠬᠤᠶᠠᠷ ᠤᠳᠠᠭ᠎ᠠ ᠠᠯᠳᠠᠭᠤᠯᠴᠢᠬᠠᠯᠠ᠃ ᠪᠤᠷᠤᠭᠤ ᠲᠠᠯ᠎ᠠ ᠠᠴᠠ ᠪᠠᠨ ᠥᠷᠭᠦᠭᠦ ᠨᠢ ᠬᠡᠴᠡᠭᠦᠦ ᠭᠡᠵᠦ ᠢᠷᠭᠡᠨ ᠭᠤᠸᠠᠢ ᠶᠠᠷᠢᠬᠤ ᠳᠤ ᠠᠮᠠ | ᠬᠠᠮᠠᠷ ᠢᠶᠠᠷ ᠨᠢ ᠵᠡᠷᠭᠡ ᠲᠠᠮᠠᠬᠢᠨ ᠣᠳᠤᠭ᠎ᠠ ᠪᠤᠷᠭᠢᠨᠠ᠃ ᠠᠪᠤ᠄ | - ᠮᠣᠷᠢ ᠭᠡᠳᠡᠭ ᠠᠮᠢᠳᠠᠨ ᠢ ᠰᠤᠷᠭᠠᠬᠤ ᠳᠤ ᠪᠠᠶᠢᠳᠠᠭ ᠰᠢᠥ᠂ ᠬᠠᠷ᠎ᠠ ᠠᠯᠪᠠ ᠪᠠᠷ ᠭᠤᠶᠠᠳᠠᠵᠤ ᠴᠣᠬᠢᠨ ᠳᠠᠷᠤᠯᠠᠬᠤ ᠶᠤᠮ ᠪᠣᠯ ᠤᠯᠠᠮ ᠵᠥᠷᠢᠭᠦᠳᠯᠡᠬᠦ ᠪᠤᠶᠤ | ᠦᠷᠭᠦᠵᠦ ᠰᠣᠴᠢᠬᠤ ᠨᠢ ᠢᠯᠡᠭᠦᠦ ᠪᠤᠯᠳᠠᠭ᠃ ᠬᠠᠷᠢᠨ ᠠᠶ᠎ᠠ ᠶᠢ ᠨᠢ ᠳᠠᠭᠠᠭᠤᠯᠵᠤ ᠢᠯᠪᠢᠵᠦ ᠮᠠᠭᠠᠵᠢᠨ ᠪᠡᠶ᠎ᠡ ᠳᠡᠭᠡᠨ ᠡᠭᠡᠨᠡᠭᠰᠢᠭᠦᠯᠦᠨ ᠳᠠᠰᠬᠠᠬᠤ ᠨᠢ ᠴᠢᠬᠤᠯᠠ | ᠪᠠᠶᠢᠳᠠᠭ᠂ ᠮᠣᠩᠭᠤᠯ ᠮᠣᠷᠢ ᠭᠡᠵᠦ ᠬᠥᠮᠥᠨ ᠤ ᠤᠬᠠᠭᠠᠨ ᠲᠠᠢ ᠠᠮᠢᠳᠠᠨ ᠰᠢᠥ ᠭᠡᠬᠦ ᠳᠤ ᠢᠷᠭᠡᠨ ᠭᠤᠸᠠᠢ᠄ | - ᠲᠡᠶᠢᠮᠥ ᠪᠠᠶᠢᠬ᠎ᠠ︕ ᠮᠢᠨᠤ ᠠᠭᠤᠷ ᠠᠭᠠᠰᠢ ᠴᠦ ᠬᠡᠴᠡᠭᠦᠦ ᠪᠠᠶᠢᠳᠠᠭ᠂ ᠭᠡᠳᠥ ᠤᠳᠠᠭ᠎ᠠ ᠤᠶᠠᠵᠤ ᠪᠠᠶᠢᠭᠠᠳ ᠰᠢᠳᠠᠮ ᠢᠶᠠᠷ ᠵᠣᠳᠣᠭᠰᠠᠨ ᠶᠤᠮ᠂ ᠳᠡᠭᠡᠭᠰᠡᠨ ᠠᠴᠠ | ᠬᠠᠷᠠᠴᠠ ᠨᠢ ᠰᠢᠷᠦᠭᠦᠨ ᠡᠷᠭᠢᠯᠳᠦᠵᠦ᠂ ᠠᠯᠳᠠᠭᠤᠯᠬᠤ ᠯᠠ ᠰᠠᠨᠠᠭ᠎ᠠ ᠲᠠᠢ ᠥ ᠵᠠᠢ ᠡᠷᠢᠬᠦ ᠪᠣᠯᠤᠭᠰᠠᠨ ᠶᠤᠮ ᠪᠠᠶᠢᠨ᠎ᠠ᠃ | ᠠᠪᠤ ᠪᠠᠷ ᠢᠯᠪᠢᠭᠦᠯᠦᠨ ᠬᠤᠰᠢᠭᠤ ᠪᠠᠷ ᠢᠶᠠᠨ ᠬᠤᠷᠮᠣᠢ ᠬᠤᠳᠠ ᠶᠢ ᠨᠢ ᠤᠳᠠᠲᠠᠯ᠎ᠠ ᠦᠨᠦᠷᠯᠡᠨ ᠪᠠᠶᠢᠭᠰᠠᠨ ᠰᠠᠷᠠᠲᠤ ᠬᠡᠭᠡᠷ ᠢᠷᠭᠡᠨ ᠭᠤᠸᠠᠢ ᠶᠢ ᠵᠠᠬ᠎ᠠ ᠳᠠᠭᠠᠨ | ᠣᠶᠢᠷᠠᠲᠤᠭᠤᠯᠤᠯ ᠦᠭᠡᠢ ᠴᠢᠬᠢ ᠬᠤᠯᠮᠠᠶᠢᠨ ᠬᠠᠮᠠᠷ ᠳᠤᠤᠭᠠᠷᠭᠠᠨ ᠬᠤᠶᠢᠲᠤ ᠪᠡᠶ᠎ᠡ ᠪᠠᠨ ᠥᠭᠭᠦ ᠶᠤᠮ ᠪᠠᠶᠢᠨ᠎ᠠ᠃ ᠡᠨᠡ ᠦᠶ᠎ᠡ ᠳᠤ ᠡᠷᠭᠢᠨ ᠲᠣᠭᠤᠷᠢᠨ ᠳᠤ | ᠴᠤᠭᠯᠠᠷᠠᠭᠰᠠᠨ ᠬᠥᠮᠥᠰ ᠴᠦ ᠭᠠᠶᠢᠬᠠᠰᠢ ᠠᠯᠳᠠᠨ ᠮᠣᠷᠢᠨ ᠤ ᠲᠤᠬᠠᠢ ᠶᠠᠷᠢᠯᠴᠠᠨ᠎ᠠ᠃ ᠢᠷᠭᠡᠨ ᠭᠤᠸᠠᠢ ᠣᠯᠠᠨ ᠤ ᠶᠠᠷᠢᠶ᠎ᠠ ᠶᠤᠮ ᠤᠤ︖ ᠡᠰᠡᠬᠦᠯ᠎ᠡ ᠤᠤᠯ ᠤᠨ | ᠪᠤᠳᠣᠯ ᠲᠠᠢ ᠪᠠᠶᠢᠭᠰᠠᠨ ᠶᠤᠮ ᠤᠤ︖ ᠪᠤᠣ ᠮᠡᠳᠡ᠃ ᠠᠪᠤ ᠳᠤ᠄ | - ᠡᠰᠡᠬᠦᠯ᠎ᠡ ᠲᠠ ᠬᠤᠳᠠᠯᠳᠤᠭᠠᠳ ᠠᠪᠴᠢᠬ᠎ᠠ᠂ ᠨᠢᠳᠤᠨᠤᠨ ᠤ ᠬᠠᠩᠰᠢ ᠪᠠᠷ ᠥᠭᠴᠢᠬᠡᠶ᠎ᠡ︕ᠪᠢ ᠡᠭᠦᠨ ᠢ ᠵᠠᠷᠤᠵᠤ ᠲᠠᠶᠢᠯᠭᠦ ᠶᠠᠭᠤᠮ᠎ᠠ ᠪᠢᠰᠢ ᠭᠡᠵᠦ ᠰᠠᠨᠠᠭᠠᠨ ᠳᠤ | ᠦᠭᠡᠢ ᠬᠡᠯᠡᠭᠰᠡᠨ ᠪᠥᠭᠡᠳ᠄ | - ᠪᠠᠰᠠ ᠴᠦ ᠰᠠᠶᠢᠨ ᠮᠣᠷᠢ ᠰᠢᠥ᠂ ᠠᠪᠴᠢᠷᠠᠭᠰᠠᠨ ᠴᠠᠭ ᠠᠴᠠ ᠪᠠᠨ ᠨᠠᠳᠠ ᠶᠢ ᠣᠨᠣᠭᠤᠯᠵᠣ᠂ ᠢᠩ ᠲᠡᠭᠡᠷᠮ᠎ᠡ ᠵᠢᠳᠬᠦᠵᠦ᠂ ᠠᠨᠵᠢᠰᠤ ᠴᠢᠷᠴᠦ ᠠᠯᠢᠨ ᠳᠤᠨᠢ ᠴᠦ | ᠬᠤᠶᠢᠰᠢ ᠦᠭᠡᠢ ᠪᠠᠶᠢᠪᠠ᠂ ᠪᠢ ᠴᠦ ᠬᠠᠶᠢᠷᠠᠯᠠᠨ᠎ᠠ ᠰᠢᠥ᠂ ᠭᠡᠪᠡᠴᠦ ᠠᠷᠭ᠎ᠠ ᠦᠭᠡᠢ᠂ ᠮᠢᠨᠤ ᠨᠠᠰᠤ ᠶᠠᠪᠤᠵᠤ ᠪᠠᠶᠢᠨ᠎ᠠ᠂ ᠠᠨᠵᠢᠰᠤ ᠲᠡᠷᠭᠡ ᠲᠠᠢ ᠨᠠᠳᠬᠤᠭᠠᠳ ᠠᠳᠡᠯ | ᠣᠰᠣᠯ ᠭᠠᠷᠭᠠᠪᠠᠯ ᠬᠡᠷᠡᠭ ᠪᠣᠯᠣᠨ᠎ᠠ᠂ ᠲᠠ ᠳᠤᠷ᠎ᠠ ᠲᠠᠢ ᠤᠤ︖ ᠭᠡᠵᠦ ᠠᠪᠤ ᠶᠢᠨ ᠡᠷᠡᠦ ᠳᠣᠣᠷ᠎ᠠ ᠠᠴᠠ ᠴᠢᠷᠠᠶᠢᠳᠠᠨ ᠠᠰᠠᠭᠤᠯ᠎ᠠ᠃ | ᠭᠤᠣᠯ ᠤᠨ ᠲᠣᠬᠤᠢ ᠶᠢᠨ ᠠᠶᠢᠯ ᠤᠨ ᠢᠷᠭᠡᠳ ᠮᠠᠨᠠᠶᠢᠬᠢᠨ ᠲᠠᠢ ᠶᠠᠪᠤᠯᠴᠠᠭ᠎ᠠ ᠶᠡᠭᠡ ᠪᠠᠶᠢᠳᠠᠭ ᠪᠣᠯᠬᠤᠷ ᠣᠯᠠᠩᠬᠢ ᠨᠢ ᠮᠣᠩᠭᠤᠯ ᠦᠭᠡ ᠶᠠᠷᠢᠵᠤ ᠴᠢᠳᠠᠳᠠᠭ ᠠᠴᠠ | ᠪᠢ ᠲᠡᠭᠦᠨ ᠤ ᠦᠭᠡ ᠶᠢ ᠪᠦᠷᠢᠨ ᠤᠬᠠᠭᠠᠷᠠᠵᠤ ᠠᠪᠤ ᠶᠢᠨ ᠳᠡᠷᠭᠡᠳᠡ ᠱᠠᠯᠠᠪᠬᠠᠨ ᠬᠦᠷᠴᠦ ᠬᠠᠨᠴᠤᠢ ᠠᠴᠠ ᠨᠢ ᠰᠡᠭᠰᠦᠷᠦᠨ᠄ | - ᠰᠠᠷᠠᠲᠤ ᠬᠡᠭᠡᠷ ᠢ ᠪᠢᠳᠡ ᠠᠪᠤᠶ᠎ᠠ︕ᠠᠪᠤᠭᠠᠳ ᠶᠠᠪᠤᠶ᠎ᠠ︕ ᠭᠡᠬᠦ ᠳᠤ ᠠᠪᠤ ᠶᠢᠨ ᠰᠠᠨᠠᠭ᠎ᠠ ᠳᠤ ᠨᠡᠶᠢᠴᠡᠭᠰᠡᠨ ᠪᠣᠯᠵᠤ ᠢᠷᠭᠡᠨ ᠤ ᠵᠦᠭ᠄ | - ᠲᠡᠷᠡ ᠪᠣᠯᠤᠯᠭᠦᠢ ᠳ᠋ᠠ︕ ᠭᠡᠪᠡᠴᠦ ᠪᠢ ᠶᠠᠮᠠᠷ ᠴᠦ ᠪᠡᠯᠡᠳᠬᠡᠯ ᠦᠭᠡᠢ ᠲᠤᠯᠠ ᠣᠳᠣᠬᠠᠨ ᠮᠥᠩᠭᠦ ᠶᠢ ᠴᠢᠨᠢ ᠲᠣᠭᠠᠯᠠᠵᠤ ᠲᠡᠶᠢᠯᠭᠦ ᠦᠭᠡᠢ ᠰᠢᠥ ᠭᠡᠵᠦ ᠬᠡᠯᠡᠵᠦ | ᠪᠠᠶᠢᠭᠰᠠᠨ ᠴᠦ ᠰᠠᠷᠠᠲᠤ ᠬᠡᠭᠡᠷ ᠲᠤ ᠠᠷᠭ᠎ᠠ ᠦᠭᠡᠢ ᠳᠤᠷᠠᠯᠠᠭᠰᠠᠨ ᠨᠢ ᠢᠯᠡᠭᠡᠨ ᠴᠤᠯᠪᠤᠭᠤᠷ ᠢ ᠨᠢ ᠠᠯᠳᠠᠬᠤ ᠠᠴᠠ ᠪᠣᠯᠭᠤᠮᠵᠢᠯᠠᠭᠰᠠᠨ ᠰᠢᠭ᠋ ᠤᠯᠠᠮ ᠴᠢᠩᠭ᠎ᠠ | ᠠᠳᠬᠤᠨ᠎ᠠ᠃ | - ᠬᠠᠮᠢᠶ᠎ᠠ ᠦᠭᠡᠢ︕ ᠪᠦᠷ ᠲᠠᠨᠢᠬᠤ ᠬᠥᠮᠥᠰ᠂ ᠮᠥᠩᠭᠦ ᠶᠢ ᠨᠢ ᠲᠠᠷᠠᠭᠠᠴᠢ ᠪᠠᠷ ᠥᠭᠭᠦ ᠳᠤ ᠪᠣᠯᠣᠨ᠎ᠠ᠃ ᠡᠨᠡ ᠮᠣᠷᠢ ᠴᠦ ᠰᠠᠶᠢᠨ ᠮᠣᠷᠢ ᠰᠢᠣ᠃ ᠠᠢ︕ ᠭᠡᠵᠦ | ᠢᠷᠭᠡᠨ ᠭᠤᠸᠠᠢ ᠤᠷᠲᠤᠬᠠᠨ ᠰᠡᠭᠦᠷᠡᠰᠦᠯᠡᠭᠡᠳ ᠬᠠᠷᠠᠴᠠ ᠪᠠᠨ ᠪᠤᠷᠤᠭᠤᠯᠠᠨ ᠨᠢᠳᠦ ᠪᠠᠨ ᠵᠥᠯᠭᠦᠭᠦ ᠰᠢᠭ ᠪᠣᠯᠪᠠ᠃ ᠠᠪᠤ ᠳᠡᠯᠭᠡᠭᠦᠷ ᠠᠴᠠ ᠰᠣᠷ ᠠᠪᠴᠢᠷᠠᠨ ᠨᠣᠭᠲᠣ | ᠵᠠᠩᠭᠢᠳᠴᠤ᠂ ᠴᠤᠯᠪᠤᠭᠤᠷ ᠵᠠᠯᠭᠠᠨ ᠮᠣᠷᠢᠨ ᠨᠣᠭᠲᠣ ᠶᠢ ᠰᠣᠯᠢᠨ ᠥᠭᠴᠦ ᠬᠥᠯᠦᠰᠢᠨ ᠵᠡᠭᠡᠷᠳᠡ ᠶᠢᠨ ᠬᠦᠵᠦᠭᠦᠨ ᠠᠴᠠ ᠬᠤᠯᠪᠣᠨ ᠪᠤᠴᠠᠬᠤ ᠵᠠᠮ ᠢᠶᠠᠨ ᠡᠯᠭᠦᠭᠦ ᠳᠤ | ᠢᠷᠭᠡᠨ ᠮᠣᠷᠢᠨ ᠳᠤ ᠴᠢᠷᠦᠭᠳᠡᠵᠦ ᠢᠷᠡᠭᠰᠡᠨ ᠬᠦᠯᠢᠶᠡ ᠳᠡᠭᠡᠰᠦ ᠪᠠᠨ ᠪᠦᠭᠡᠮᠯᠡᠨ ᠲᠡᠪᠡᠷᠢᠵᠦ ᠠᠶᠢᠯ ᠳᠤᠮᠳᠠᠭᠤᠷ ᠭᠤᠶᠢᠭᠤᠷᠤᠨ ᠴᠠᠭᠠᠰᠢᠯᠠᠪᠠ᠃ | ᠬᠥᠯᠦᠰᠢᠨ ᠵᠡᠭᠡᠷᠳᠡ᠂ ᠰᠠᠷᠠᠲᠤ ᠬᠡᠭᠡᠷ ᠪᠠᠶᠢᠨ ᠪᠠᠶᠢᠨ ᠴᠢᠮᠬᠢᠯᠴᠡᠨ ᠨᠠᠭᠠᠳᠬᠤ ᠪᠥᠭᠡᠳ ᠪᠤᠴᠠᠬᠤ ᠵᠠᠮ ᠢᠶᠠᠨ ᠡᠯᠭᠦᠨ ᠬᠤᠷᠳᠤᠯᠠᠪᠠ᠃ | ᠠᠪᠤ ᠰᠠᠷᠠᠲᠤ ᠬᠡᠭᠡᠷ ᠢ ᠠᠪᠴᠢᠷᠠᠭᠰᠠᠨ ᠠᠴᠠ ᠰᠡᠭᠦᠯᠡᠷ ᠡᠳᠦᠷᠵᠢᠨ ᠢᠯᠪᠢᠵᠦ ᠮᠠᠭᠠᠵᠢᠨ᠂ ᠬᠠᠶᠠ ᠮᠠᠯ ᠳᠠᠭᠠᠨ ᠣᠨᠣᠵᠣ᠂ ᠪᠠᠶᠢᠨ ᠪᠠᠶᠢᠨ ᠬᠠᠲᠠᠷᠢᠭᠤᠯᠵᠤ᠂ | ᠱᠣᠭᠰᠢᠭᠤᠯᠵᠤ᠂ ᠳᠠᠪᠬᠢᠭᠤᠯᠤᠨ᠎ᠠ᠃ ᠴᠢᠯᠦᠭᠡ ᠴᠢᠯᠦᠭᠡᠨ ᠳᠡᠭᠡᠨ ᠤᠶᠠᠭᠠᠴᠢ ᠡᠪᠦᠭᠡ ᠶᠢᠨ ᠭᠠᠳᠠᠨ᠎ᠠ ᠠᠪᠠᠴᠢᠵᠤ ᠤᠤᠯ ᠤᠨ ᠰᠢᠭ᠋ ᠢᠯᠪᠢᠭᠦᠯᠦᠨ ᠲᠡᠮᠲᠡᠷᠢᠭᠦᠯᠵᠦ | ᠰᠢᠨᠵᠢᠨ ᠵᠣᠬᠰᠣᠬᠤ ᠨᠢ ᠣᠯᠠᠰᠢᠷᠠᠪᠠ᠃ ᠰᠠᠷᠠᠲᠤ ᠬᠡᠭᠡᠷ ᠤᠨ ᠰᠣᠶᠢᠯᠭ᠎ᠠ ᠤᠶᠠᠭ᠎ᠠ ᠴᠦ ᠲᠡᠩᠴᠡᠵᠦ ᠪᠠᠶᠢᠭ᠎ᠠ ᠪᠤᠯᠣᠯᠳᠠᠢ᠂ ᠬᠡᠪᠡᠯᠢ ᠭᠡᠳᠡᠰᠦ ᠨᠢ ᠠᠪᠴᠢᠨ᠂ ᠬᠠᠪᠢᠷᠭ᠎ᠠ | ᠨᠢ ᠵᠤᠷᠠᠶᠢᠨ᠂ ᠬᠠᠶᠠ ᠬᠡᠳᠦᠨ ᠬᠤᠮᠣᠯ ᠤᠨᠠᠭᠠᠨ᠂ ᠤᠶᠠᠭ᠎ᠠ ᠲᠣᠭᠤᠷᠢᠨ ᠲᠣᠭᠲᠠᠭᠤᠷᠢ ᠠᠯᠳᠠᠨ᠎ᠠ᠃ | ᠬᠤᠷ᠎ᠠ ᠪᠣᠷᠣᠭᠠᠨ ᠤ ᠰᠢᠮ᠎ᠡ ᠪᠠᠷ ᠡᠪᠡᠰᠦ ᠪᠡᠯᠴᠢᠭᠡᠷ ᠪᠠᠭᠰᠢᠷᠠᠨ ᠤᠷᠭᠤᠵᠦ ᠠᠳᠤᠭᠤ ᠮᠠᠯ ᠨᠣᠭᠤᠭᠠᠨ ᠳᠤ ᠴᠠᠳᠤᠭᠰᠠᠨ ᠵᠣᠨ ᠤ ᠡᠳᠦᠷ ᠤᠳ ᠢᠶᠠᠷ ᠣᠶᠢᠷᠠᠯᠴᠠᠭᠠᠬᠢ | ᠭᠠᠴᠠᠭ᠎ᠠ ᠰᠤᠮᠤᠨ ᠤ ᠨᠠᠶᠢᠷ ᠪᠠ ᠬᠤᠶᠢᠨ᠎ᠠ ᠡᠮᠦᠨ᠎ᠡ ᠰᠡᠷᠭᠦᠭᠡᠭᠳᠡᠬᠦ ᠣᠪᠣᠭᠠᠨ ᠨᠠᠶᠢᠷ ᠲᠤ ᠠᠪᠤ ᠬᠤᠯᠠ ᠰᠢᠭ᠋ ᠲᠤᠨᠢ ᠬᠤᠨᠤᠭ ᠢᠶᠠᠷ ᠬᠦᠷᠴᠦ ᠰᠠᠷᠠᠲᠤ ᠬᠡᠭᠡᠷ ᠢᠶᠠᠨ | ᠣᠷᠣᠯᠳᠣᠭᠠᠨ ᠳᠤ ᠲᠠᠯᠪᠢᠬᠤ ᠪᠣᠯᠪᠠ᠃ | ᠠᠩᠬ᠎ᠠ ᠡᠬᠢᠨ ᠳᠡᠭᠡᠨ ᠱᠠᠩ ᠤᠨ ᠠᠮᠠᠰᠠᠷ ᠵᠦᠳᠡᠭᠦᠦ ᠵᠠᠭᠤᠵᠤ ᠪᠠᠶᠢᠭᠰᠠᠨ ᠪᠣᠯ ᠢᠳᠡᠭ ᠢᠳᠡᠭ ᠢᠶᠠᠷ ᠭᠦᠶᠦᠯᠲᠡ ᠴᠢᠩᠭᠠᠷᠠᠵᠤ ᠦᠵᠦᠭᠦᠷ ᠲᠥᠷᠥᠭᠦᠥ | ᠪᠤᠯᠢᠶᠠᠯᠴᠠᠬᠤ ᠪᠣᠯᠪᠠ᠃ ᠡᠨᠡ ᠦᠶ᠎ᠡ ᠠᠴᠠ ᠰᠠᠷᠠᠲᠤ ᠬᠡᠭᠡᠷ ᠤᠨ ᠰᠠᠶᠢᠬᠠᠨ ᠠᠯᠳᠠᠷ ᠠᠪᠤ ᠶᠢᠨ ᠨᠡᠷ᠎ᠡ ᠲᠠᠢ ᠬᠤᠯᠠ ᠣᠶᠢᠷ᠎ᠠ ᠳᠤ ᠶᠠᠷᠢᠭᠳᠠᠬᠤ ᠪᠣᠯᠪᠠ᠃ ᠪᠢ ᠴᠦ ᠬᠠᠮᠲᠤ | ᠰᠣᠷᠣᠬᠴᠢ ᠶᠢᠨ ᠢᠶᠠᠨ ᠳᠤᠮᠳᠠ ᠰᠠᠷᠠᠲᠤ ᠬᠡᠭᠡᠷ ᠢᠶᠠᠷ ᠢᠶᠠᠨ ᠣᠮᠣᠭᠰᠢᠵᠤ ᠬᠢᠴᠢᠶᠡᠯ ᠤᠨ ᠵᠠᠪᠰᠠᠷ ᠵᠣᠭᠤᠭ ᠤᠨ ᠳᠤᠮᠳᠠ ᠰᠠᠨᠠᠭᠠᠴᠢᠯᠠᠭ᠎ᠠ ᠲᠠᠢ ᠪᠠᠷ ᠣᠷᠣᠯᠳᠣᠭᠠᠨ | ᠮᠣᠷᠢᠨ ᠤ ᠵᠣᠭᠤᠭ ᠡᠬᠢᠯᠡᠨ ᠰᠡᠳᠦᠵᠦ ᠪᠠᠶᠢᠳᠠᠭ᠃ ᠠᠶᠢᠯ ᠤᠨ ᠬᠥᠮᠥᠰ ᠴᠦ ᠪᠡᠶ᠎ᠡ ᠪᠠᠭ᠎ᠠ ᠲᠠᠢ ᠰᠠᠷᠠᠲᠤ ᠬᠡᠭᠡᠷ ᠢ ᠢᠩ ᠲᠡᠭᠡᠷᠮ᠎ᠡ ᠵᠢᠳᠬᠦᠵᠦ᠂ ᠠᠨᠵᠢᠰᠤ ᠴᠢᠩᠭᠠᠭᠠᠵᠤ | ᠪᠠᠶᠢᠭᠰᠠᠨ ᠠᠴᠠ ᠪᠠᠨ ᠣᠷᠣᠯᠳᠣᠭᠠᠨ ᠤ ᠲᠡᠷᠢᠭᠦᠨ ᠳᠤ ᠳᠠᠪᠬᠢᠬᠤ ᠶᠢ ᠬᠠᠷᠠᠭᠠᠳ ᠠᠳᠤᠭᠤᠰᠤ ᠶᠢ ᠪᠠᠰᠤᠵᠤ ᠪᠤᠯᠬᠤ ᠦᠭᠡᠢ ᠶᠤᠮ ᠪᠠᠶᠢᠨ᠎ᠠ᠂ ᠠᠶᠠᠲᠠᠶᠢᠬᠠᠨ | ᠳᠣᠳᠣᠮᠳᠠᠪᠠᠯ ᠰᠠᠨᠠᠭᠠᠨ ᠳᠠᠭᠠᠨ ᠭᠦᠷᠳᠡᠭ ᠭᠡᠬᠦ ᠪᠣᠯᠤᠭᠰᠠᠨ ᠪᠥᠭᠡᠳ ᠬᠠᠷᠢ ᠬᠥᠨᠳᠡᠯᠡᠨ ᠤ ᠮᠣᠷᠢᠨ ᠪᠠᠭ᠋ᠠᠲᠠᠳ ᠤᠨ ᠨᠢᠳᠦᠨ ᠳᠤ ᠮᠠᠨ ᠤ ᠠᠶᠢᠯ ᠤᠨ ᠠᠳᠤᠭᠤ ᠡᠷᠳᠡᠨᠢ | ᠪᠣᠯᠣᠨ ᠬᠠᠷᠠᠭᠳᠠᠵᠤ᠂ ᠵᠠᠷᠢᠮ ᠵᠠᠯᠠᠭᠤᠴᠤᠳ ᠴᠦ ᠮᠣᠷᠢ ᠤᠶᠠᠵᠤ᠂ ᠰᠣᠶᠢᠵᠤ ᠰᠣᠷᠢᠬᠤ ᠬᠠᠯᠠᠭᠤᠨ ᠲᠠᠢ ᠪᠣᠯᠪᠠ᠃ | ᠴᠠᠭ ᠦᠶ᠎ᠡ ᠠᠬᠢᠨ ᠨᠠᠭᠠᠰᠢᠯᠠᠵᠤ ᠪᠢ ᠰᠤᠷᠭᠠᠭᠤᠯᠢ ᠳᠤ ᠪᠠᠶᠢᠷᠢᠯᠠᠬᠤ ᠪᠣᠯᠵᠤ ᠰᠠᠷᠠᠲᠤ ᠬᠡᠭᠡᠷ ᠲᠠᠢ ᠬᠠᠮᠲᠤ ᠪᠠᠶᠢᠬᠤ ᠴᠠᠭ ᠴᠥᠭᠡᠷᠡᠭᠰᠡᠨ ᠴᠦ ᠴᠢᠯᠦᠭᠡ | ᠲᠠᠷᠬᠠᠭᠠᠯᠲᠠ ᠪᠠᠷ ᠬᠠᠷᠢᠬᠤ ᠪᠣᠯᠭᠠᠨ ᠰᠠᠷᠠᠲᠤ ᠬᠡᠭᠡᠷ ᠮᠢᠨᠢ ᠣᠷᠣᠯᠳᠣᠭᠠᠨ ᠤ ᠲᠡᠷᠢᠭᠦᠨ ᠭᠡᠵᠦ ᠡᠶᠢᠮᠦ ᠪᠠᠶᠢᠳᠠᠭ ᠭᠡᠰᠡᠨ ᠰᠢᠭ ᠤᠶᠠᠭᠠᠨ ᠳᠡᠭᠡᠷ᠎ᠡ ᠵᠢᠷᠤᠭ ᠤᠨ ᠶᠤᠮ | ᠰᠢᠭ᠋ ᠵᠢᠪᠬᠤᠭᠠᠯᠢᠭ ᠰᠣᠷᠲᠣᠯᠵᠠᠨ ᠤᠨᠠᠭᠠᠨ ᠲᠠᠭᠤᠨ ᠢᠶᠠᠷ ᠦᠦᠷᠰᠡᠨ ᠤᠭᠲᠤᠳᠠᠭ᠃ | ᠨᠢᠭᠡᠨ ᠡᠳᠦᠷ ᠰᠤᠷᠭᠠᠭᠤᠯᠢ ᠶᠢᠨ ᠬᠦᠷᠢᠶᠡᠨ ᠳᠤ ᠮᠠᠨ ᠤ ᠰᠠᠷᠠᠲᠤ ᠬᠡᠭᠡᠷ ᠶᠠᠮᠠᠷ ᠨᠢᠭᠡᠨ ᠨᠠᠶᠢᠷ ᠲᠤ ᠲᠡᠷᠢᠭᠦᠯᠡᠭᠰᠡᠨ ᠴᠦ ᠠᠵᠠ ᠦᠭᠡᠶᠢᠳᠡᠵᠦ ᠤᠴᠢᠷ ᠭᠠᠷᠤᠭᠰᠠᠨ | ᠭᠡᠬᠦ ᠮᠡᠲᠦ ᠪᠠᠷ ᠢᠪᠢᠷ ᠰᠢᠪᠡᠷ ᠬᠡᠯᠡᠯᠴᠡᠬᠦ ᠶᠢ ᠵᠠᠬ᠎ᠠ ᠵᠤᠬ᠎ᠠ ᠠᠴᠠ ᠨᠢ ᠰᠣᠨᠣᠰᠤᠭᠰᠠᠨ ᠴᠦ ᠨᠠᠷᠢᠨ ᠤᠴᠢᠷ ᠢ ᠮᠡᠳᠡᠭᠰᠡᠨ ᠦᠭᠡᠢ᠂ ᠮᠡᠳᠡᠭᠦ ᠶᠢ ᠴᠦ ᠳᠤᠷᠠᠯᠠᠭᠰᠠᠨ | ᠦᠭᠡᠢ᠃ | ᠵᠣᠨ ᠤ ᠠᠮᠠᠷᠠᠯᠲᠠ ᠪᠠᠷ ᠭᠡᠷ ᠲᠡᠭᠡᠨ ᠬᠠᠷᠢᠬᠤ ᠳᠤ ᠤᠶᠠᠭᠠᠨ ᠳᠡᠭᠡᠷ᠎ᠡ ᠠᠴᠠ ᠤᠭᠲᠤᠨ ᠦᠦᠷᠰᠡᠳᠡᠭ ᠰᠠᠷᠠᠲᠤ ᠬᠡᠭᠡᠷ ᠬᠠᠷᠠᠭᠳᠠᠭᠰᠠᠨ ᠦᠭᠡᠢ᠂ ᠪᠢ ᠬᠠᠳᠠᠪᠴᠢ | ᠠᠯᠬᠤᠨ ᠣᠷᠣᠩᠭᠤᠲᠠ ᠲᠤᠯᠭᠠᠨ ᠵᠠᠬ᠎ᠠ ᠳᠤ ᠪᠠᠶᠢᠭᠰᠠᠨ ᠡᠵᠢ ᠠᠴᠠ᠄ | - ᠰᠠᠷᠠᠲᠤ ᠬᠡᠭᠡᠷ ᠬᠠᠮᠢᠭ᠎ᠠ ᠪᠠᠶᠢᠬᠤ ᠪᠤᠢ︖ ᠭᠡᠵᠦ ᠰᠣᠴᠢᠮᠠᠭ ᠠᠰᠠᠭᠤᠬᠤ ᠳᠤ ᠡᠵᠢ ᠶᠠᠭᠤ ᠴᠦ ᠳᠤᠤᠭᠠᠷᠤᠭᠰᠠᠨ ᠦᠭᠡᠢ᠂ ᠨᠠᠳᠠ ᠠᠴᠠ ᠬᠠᠷᠠᠴᠠ ᠪᠠᠨ | ᠰᠢᠯᠵᠢᠭᠦᠯᠦᠨ ᠲᠤᠯᠭᠠᠨ ᠳᠤ ᠠᠷᠭᠠᠯ ᠨᠡᠮᠡᠨ᠎ᠡ᠃ ᠳᠣᠲᠣᠷ᠎ᠠ ᠲᠠᠰᠤᠯᠭᠠᠨ ᠳᠤ ᠲᠠᠮᠠᠬᠢᠯᠠᠵᠤ ᠪᠠᠶᠢᠭᠰᠠᠨ ᠠᠪᠤ ᠥᠯᠥ ᠮᠡᠳᠡᠭ ᠲᠣᠭᠤᠯᠳᠠᠨ ᠠᠯᠬᠤᠵᠤ ᠬᠠᠨᠵᠤᠨ | ᠬᠥᠪᠡᠭᠡᠨ ᠳᠤ ᠢᠷᠮᠡᠭᠳᠡᠨ ᠰᠠᠭᠤᠵᠤ᠄ | - ᠮᠢᠨᠤ ᠠᠯᠪᠠ ᠬᠠᠭᠠᠵᠤ ᠪᠠᠶᠢᠭᠰᠠᠨ ᠴᠡᠷᠢᠭ ᠠᠩᠭᠢ ᠶᠢᠨ ᠬᠢᠨᠢ ᠠᠭᠲᠠ ᠠᠪᠬᠤ ᠶᠤᠮ ᠭᠡᠨ᠎ᠡ᠃ ᠲᠡᠭᠡᠭᠡᠳ ᠬᠤᠳᠠᠯᠳᠤᠭᠰᠠᠨ ᠶᠤᠮ ᠭᠡᠵᠦ ᠬᠠᠶᠢᠩᠭᠤ ᠬᠡᠯᠡᠵᠦ | ᠴᠣᠩᠬᠤ ᠪᠠᠷ ᠠᠯᠤᠰ ᠤᠨ ᠠᠭᠤᠯᠠ ᠶᠢᠨ ᠬᠢᠷ᠎ᠠ ᠳᠡᠭᠡᠷ᠎ᠡ ᠠᠴᠠ ᠰᠠᠷᠠᠲᠤ ᠬᠡᠭᠡᠷ ᠢᠶᠠᠨ ᠣᠯᠣᠭᠠᠳ ᠬᠠᠷᠠᠭᠰᠠᠨ ᠰᠢᠭ᠋ ᠮᠡᠯᠡᠷᠡᠨ ᠰᠢᠷᠳᠡᠨ᠎ᠡ᠃ | ᠦᠳᠡᠰᠢ ᠨᠢ ᠪᠢ ᠨᠢᠭᠡᠨ ᠵᠡᠭᠦᠳᠦ ᠵᠡᠭᠦᠳᠦᠯᠡᠪᠡ᠃ | ᠪᠢ ᠲᠣᠮᠣ ᠪᠣᠯᠣᠭᠠᠳ ᠠᠷᠠᠳ ᠤᠨ ᠴᠡᠷᠢᠭ ᠲᠤ ᠣᠷᠣᠵᠤ ᠬᠢᠯᠢ ᠶᠢᠨ ᠪᠠᠭᠠᠨ᠎ᠠ ᠶᠢᠨ ᠳᠡᠷᠭᠡᠳᠡ ᠰᠠᠷᠠᠲᠤ ᠬᠡᠭᠡᠷ ᠤᠨ ᠢᠶᠠᠨ ᠮᠤᠨᠳᠠᠭ᠎ᠠ ᠲᠥᠰᠢᠨ ᠡᠬᠡ ᠨᠤᠲᠤᠭ | ᠵᠦᠭ ᠢᠶᠠᠨ ᠳᠤᠷᠠᠨᠳᠠᠬᠤ ᠳᠤ ᠰᠠᠷᠠᠲᠤ ᠬᠡᠭᠡᠷ ᠬᠠᠩᠭᠢᠨᠠᠲᠠᠯ᠎ᠠ ᠦᠦᠷᠰᠡᠯᠡ᠃ | | |