ᠵᠤᠬᠢᠶᠠᠭᠴᠢ᠄ ᠳᠠᠯᠠᠨᠪᠠᠶᠠᠷ | | ᠨᠠᠷᠠᠲᠤ ᠶᠢᠨ ᠵᠠᠢ ᠳᠤ ᠨᠠᠶᠠᠨ ᠨᠠᠮᠤᠷ ᠢ ᠡᠯᠡᠭᠡᠵᠦ᠂ ᠨᠠᠮ ᠠᠷᠠᠳ ᠤᠨ ᠢᠶᠠᠨ ᠦᠢᠯᠡᠰ ᠲᠤ ᠵᠢᠳᠬᠦᠯ ᠶᠡᠬᠡᠲᠡᠢ ᠶᠠᠪᠤᠵᠤ ᠢᠷᠡᠭᠰᠡᠨ ᠠᠴᠢᠲᠤ ᠪᠤᠭᠤᠷᠤᠯ | ᠨᠠᠭᠠᠴᠤ ᠮᠢᠨᠢ ᠠᠮᠢᠳᠤᠷᠠᠯ ᠤᠨ ᠢᠶᠠᠨ ᠠᠯᠲᠠᠨ ᠵᠢᠯᠣᠭᠤ ᠶᠢ ᠡᠪᠬᠡᠴᠢᠬᠡᠯᠡ᠃ | ︽ᠠᠢ᠂ ᠬᠥᠭᠡᠷᠦᠬᠦᠢ︕ ᠨᠠᠶᠢᠷ ᠤᠨ ᠲᠣᠯᠣᠭᠠᠢ ᠶᠢᠨ ᠮᠦ᠋᠊ ᠱᠦᠵᠢ ᠭᠡᠵᠦ ᠰᠠᠶᠢᠨ ᠬᠥᠮᠥᠨ ᠪᠠᠶᠢᠭᠰᠠᠨ ᠠ᠋︕ ᠠᠶᠢᠬᠤᠪᠲᠤᠷ ᠴᠤ ᠬᠥᠮᠥᠨ ᠤ ᠨᠢᠭᠡ | ᠪᠠᠶᠢᠭᠰᠠᠨ︾ ᠭᠡᠵᠦ ᠪᠦᠭᠦ ᠬᠥᠮᠥᠨ ᠳᠤᠷᠠᠰᠳᠠᠭ ᠭᠡᠪᠡᠯ ᠠᠷᠠᠢ ᠴᠤ ᠠᠬᠠᠳᠠᠭᠤᠯᠴᠢᠬᠠᠭᠰᠠᠨ ᠮᠠᠭᠠᠳ᠃ ᠭᠡᠬᠦ ᠳᠤ ᠪᠦᠭᠡ ᠶᠢᠨ ᠣᠪᠣᠭ᠎ᠠ᠂ ᠭᠦᠪ ᠤᠨ ᠬᠤᠭᠤᠯᠠᠢ᠂ | ᠠᠭᠤᠯᠠ ᠶᠢᠨ ᠤᠰᠤ ᠭᠡᠬᠦ ᠮᠡᠲᠦᠴᠢᠯᠡᠨ ᠠᠭᠤᠯᠠ ᠬᠠᠶᠢᠷᠬᠠᠨ᠂ ᠬᠤᠲᠠ ᠰᠠᠭᠤᠷᠢᠰᠢᠯ ᠲᠠᠢ ᠪᠠᠶᠢᠳᠠᠭ ᠨᠠᠶᠢᠷ ᠤᠨ ᠲᠣᠯᠣᠭᠠᠢ ᠭᠠᠴᠠᠭᠠᠨ ᠤ ᠪᠠᠨ ᠬᠥᠮᠥᠨ ᠠᠷᠠᠳ ᠤᠨ | ᠰᠡᠳᠬᠢᠯ ᠳᠤ ᠡᠨᠡ ᠬᠥᠮᠥᠨ ᠮᠥᠩᠬᠡᠵᠢᠬᠦ ᠨᠢ ᠨᠢᠭᠡ ᠶᠣᠰᠣᠨ ᠵᠦᠢ ᠪᠠᠶᠢᠵᠤ ᠲᠠᠭᠠᠷᠠᠨ᠎ᠠ᠃ | ᠨᠠᠭᠠᠴᠤ ᠶᠢᠨ ᠨᠡᠷ᠎ᠡ ᠶᠢ ᠮᠥᠩᠬᠡᠸ᠋ᠴᠢᠷ ᠭᠡᠲᠡᠭ᠃ ᠨᠤᠲᠤᠭ ᠤᠨ ᠬᠢᠨ ᠪᠠᠷᠤᠭ ᠪᠦᠷ ︽ᠮᠦᠩᠭᠡᠵᠡᠢ︾ ᠭᠡᠵᠦ ᠳᠥᠭᠦᠮᠴᠢᠯᠡᠨ ᠳᠠᠭᠤᠳᠠᠬᠤ ᠪᠤᠶᠤ ᠠᠵᠢᠯ ᠠᠯᠪᠠᠨ ᠤ | ᠵᠡᠷᠭᠡ ᠲᠤᠰᠢᠶᠠᠯ ᠢᠶᠠᠷ ᠨᠢ ︽ᠮᠦ᠋᠊ ᠱᠦᠵᠢ︾ ᠴᠤ ᠭᠡᠵᠦ ᠳᠠᠭᠤᠳᠠᠳᠠᠭ᠃ ᠬᠠᠷᠢᠨ ᠵᠠᠯᠠᠭᠤ ᠪᠠᠭᠠᠴᠤᠤᠯ ᠨᠢ ᠪᠣᠯ ︽ᠭᠦᠭᠧ︾ ᠭᠡᠬᠦ ᠪᠤᠶᠤ ︽ᠠᠶᠢᠯ ᠤᠨ ᠠᠵᠠᠢ︾ ᠭᠡᠵᠦ | ᠳᠠᠭᠤᠳᠠᠳᠠᠭ ᠪᠠᠶᠢᠭᠰᠠᠨ᠃ ︽ᠲᠣᠭᠠᠯᠠᠵᠤ ᠲᠠᠯᠪᠢᠭᠰᠠᠨ ᠨᠠᠰᠤ ᠲᠥᠭᠡᠯᠡᠵᠦ ᠲᠠᠯᠪᠢᠭᠰᠠᠨ ᠪᠡᠶ᠎ᠡ︾ ᠭᠡᠵᠦ ᠬᠡᠯᠡᠳᠡᠭ ᠤᠨ ᠤᠴᠢᠷ᠂ ᠨᠠᠭᠠᠲᠤ ᠣᠷᠴᠢᠯᠠᠩ ᠠᠴᠠ | ᠠᠶᠠᠷᠯᠠᠭᠰᠠᠨ ᠨᠠᠭᠠᠴᠤ ᠶᠢᠨ ᠢᠶᠠᠨ ᠬᠤᠶᠢᠨ᠎ᠠ ᠠᠴᠠ ᠤᠲᠤ ᠥᠩᠭᠡᠷᠡᠦ ᠶᠡᠭᠡ ᠬᠠᠷᠠᠰᠠᠯ ᠡᠪᠦᠷᠯᠡᠨ ᠭᠡᠮᠰᠢᠭᠡᠳ ᠴᠤ ᠶᠠᠭᠠᠬᠢᠨ᠎ᠠ ᠳ᠋ᠠ︕ ᠵᠢᠷᠦᠬᠡ ᠪᠠᠷ ᠢᠶᠠᠨ ᠵᠡᠭᠦᠳᠦ | ᠪᠠᠷ ᠢᠶᠠᠨ ᠳᠤᠷᠠᠰᠤᠭᠰᠠᠨ ᠴᠤ ᠪᠤᠷᠬᠠᠨ ᠤ ᠣᠷᠣᠨ ᠳᠠᠭᠠᠨ ᠶᠠᠪᠤᠴᠢᠬᠠᠭᠰᠠᠨ ᠪᠣᠯᠬᠤᠷ ᠪᠤᠴᠠᠭᠠᠳ ᠢᠷᠡᠬᠦ ᠦᠭᠡᠢ ᠨᠢ ᠶᠠᠭᠠᠬᠢᠬᠤ ᠶᠢᠨ ᠠᠷᠭ᠎ᠠ ᠦᠭᠡᠢ ᠦᠨᠡᠨ ᠶᠤᠮ᠃ | ᠶᠠᠭᠠᠬᠢᠶ᠎ᠠ ᠭᠡᠬᠦ ᠤᠤ ᠳ᠋ᠠ︕ ᠠᠮᠢᠳᠤᠷᠠᠯ ᠶᠡᠷᠦ ᠨᠢ ᠡᠶᠢᠮᠦ ᠯᠡ ᠪᠠᠶᠢᠳᠠᠭ ᠶᠤᠮ ᠴᠢᠨᠢ ᠁ | ᠨᠠᠭᠠᠴᠤ ᠮᠢᠨᠢ ᠠᠯᠳᠠᠷ ᠠᠰᠢᠭ ᠤᠨ ᠬᠤᠶᠢᠨ᠎ᠠ ᠠᠴᠠ ᠬᠥᠭᠡᠭᠡᠴᠡᠯᠳᠦᠬᠦ ᠶᠢ ᠲᠠᠰᠤ ᠴᠡᠭᠡᠷᠯᠡᠵᠦ᠂ ︽ᠰᠢᠳᠤᠷᠭᠤ ᠦᠨᠡᠨ︾ ᠤ ᠭᠡᠭᠡᠨ ᠰᠤᠷᠲᠠᠬᠤᠨ ᠢ ᠦᠵᠡᠯ | ᠪᠤᠲᠤᠯ ᠤᠨ ᠢᠶᠠᠨ ᠣᠷᠣᠢ ᠶᠢᠨ ᠴᠢᠮᠡᠭ ᠪᠤᠯᠭᠠᠵᠤ᠂ ᠬᠥᠮᠥᠨ ᠮᠥᠰᠥ ᠶᠢᠨ ᠠᠭᠤᠤ ᠴᠢᠨᠠᠷ ᠢᠶᠠᠨ ᠲᠡᠭᠰᠢ ᠪᠦᠷᠢᠨ ᠬᠠᠷᠠᠭᠤᠯᠵᠤ ᠴᠢᠳᠠᠭᠰᠠᠨ ᠡᠷᠬᠢᠮ ᠰᠤᠷᠲᠠᠯ ᠲᠠᠢ | ᠡᠭᠡᠯ ᠨᠢᠭᠡᠨ ᠥᠷᠥ ᠵᠥᠭᠡᠯᠡᠨ ᠬᠥᠮᠥᠨ ᠪᠠᠶᠢᠭᠰᠠᠨ ᠶᠤᠮ᠃ ᠡᠭᠦᠨ ᠢ ᠦᠬᠡᠷ ᠤᠨ ᠴᠤᠪᠤᠭ᠎ᠠ ᠲᠠᠭᠠᠵᠤ ᠦᠨᠡᠨ ᠤ ᠮᠥᠷ ᠬᠥᠭᠡᠭᠡᠵᠦ ᠶᠠᠪᠤᠭᠰᠠᠨ ᠨᠠᠭᠠᠴᠤ ᠶᠢᠨ ᠮᠢᠨᠢ | ᠨᠢᠭᠡ ᠨᠠᠰᠤᠨ ᠤ ᠨᠢᠮᠭᠡᠨ ᠴᠤ ᠪᠣᠯᠤᠭ ᠤᠯᠪᠠᠭ᠎ᠠ ᠲᠡᠦᠬᠡ ᠨᠢ ᠬᠥᠮᠥᠨ ᠵᠠᠶᠠᠭᠠᠨ ᠤ ᠬᠢᠨᠢ ᠮᠥᠨ ᠴᠢᠨᠠᠷ ᠢᠶᠠᠷ ᠨᠤᠲᠤᠭ ᠤᠨ ᠠᠯᠳᠠᠷ ᠢᠶᠠᠨ ᠡᠷᠭᠦᠵᠦ ᠪᠠᠶᠢᠬᠤ ᠰᠢᠭ᠋ | ᠮᠥᠩᠬᠡ ᠳᠤᠷᠠᠰᠬᠠᠵᠤ ᠪᠠᠶᠢᠳᠠᠭ ᠪᠢᠯᠡ᠃ | ᠨᠠᠭᠠᠴᠤ ᠮᠢᠨᠢ ᠳᠡᠭᠡᠷ᠎ᠡ ᠵᠠᠭᠤᠨ ᠤ ᠲᠠᠯᠠᠭᠠᠳ ᠣᠨ ᠤ ᠳᠤᠮᠳᠠᠴᠢ ᠦᠶ᠎ᠡ ᠠᠴᠠ ᠡᠬᠢᠯᠡᠨ ᠶᠡᠷᠡᠭᠡᠳ ᠣᠨ ᠤ ᠰᠡᠭᠦᠯᠴᠢ ᠪᠤᠯᠲᠠᠯ᠎ᠠ ᠭᠠᠴᠠᠭᠠᠨ ᠤ ᠠᠵᠢᠯ ᠢ ᠬᠤᠷᠢ | ᠭᠠᠷᠤᠢ ᠵᠢᠯ ᠬᠢᠵᠦ ᠢᠷᠡᠭᠰᠡᠨ ᠪᠢᠯᠡ᠃ ᠮᠥᠨ ᠲᠡᠭᠡᠭᠡᠳ ᠬᠤᠰᠢᠭᠤ ᠰᠤᠮᠤᠨ ᠤ ᠪᠠᠨ ᠨᠠᠮ ᠠᠷᠠᠳ ᠤᠨ ᠲᠥᠯᠥᠭᠡᠯᠡᠭᠴᠢ ᠴᠤ ᠪᠣᠯᠵᠤ ︽ᠰᠢᠯᠢᠳᠡᠭ ᠨᠠᠮ ᠤᠨ ᠭᠡᠰᠢᠭᠦᠨ︾ | ᠂ ︽ᠭᠠᠮᠰᠢᠭ ᠲᠠᠢ ᠲᠡᠮᠡᠴᠡᠨ ᠮᠠᠯ ᠢᠶᠠᠨ ᠬᠠᠮᠠᠭᠠᠯᠠᠭᠰᠠᠨ ᠲᠡᠷᠢᠭᠦᠨ ᠤ ᠬᠤᠪᠢ ᠬᠥᠮᠥᠨ︾᠂ ︽ᠭᠦᠲᠡᠯᠮᠤᠷᠢ ᠶᠢᠨ ᠵᠢᠱᠢᠶᠡᠴᠢ︾᠂ ︽ᠦᠨᠳᠦᠰᠦᠨ ᠱᠠᠲᠤᠨ ᠤ | ᠰᠢᠯᠢᠳᠡᠭ ᠺᠠᠳ᠋ᠷ︾ ᠵᠡᠷᠭᠡ ᠶᠢᠨ ᠢᠷᠠᠭᠤ ᠠᠯᠳᠠᠷ ᠬᠦᠷᠲᠡᠵᠦ᠂ ᠦᠨᠳᠦᠰᠦᠨ ᠱᠠᠲᠤᠨ ᠤ ᠠᠵᠢᠯ ᠶᠠᠪᠤᠳᠠᠯ ᠳᠠᠭᠠᠨ ᠪᠣᠯ ᠥᠪᠡᠷ ᠤᠨ ᠭᠡᠬᠦ ᠦᠵᠡᠯᠲᠡ ᠲᠤᠷᠰᠢᠯᠭ᠎ᠠ ᠪᠠᠷ | ᠬᠠᠰᠢᠷ ᠲᠤᠭᠢ ᠬᠠᠭᠤᠴᠢᠨ ᠭᠠᠷ ᠤᠨ ᠨᠢᠭᠡ ᠪᠤᠯᠬᠤ ᠶᠤᠮ᠃ | ᠢᠯᠠᠩᠭᠤᠶ᠎ᠠ ᠲᠤᠰᠢᠶᠠᠯ ᠬᠠᠷᠢᠭᠤᠴᠠᠵᠤ ᠪᠠᠶᠢᠭᠰᠠᠨ ᠬᠤᠭᠤᠴᠠᠭᠠᠨ ᠳᠠᠭᠠᠨ ᠨᠠᠭᠠᠴᠤ ᠮᠢᠨᠢ ︽ᠮᠠᠯ ᠪᠡᠯᠴᠢᠭᠡᠷ︾ ᠢ ᠡᠷᠤᠭᠡ ᠳᠤ ᠬᠤᠪᠢᠶᠠᠨ ᠳᠠᠭᠠᠭᠠᠴᠢᠯᠠᠭᠤᠯᠬᠤ | ᠮᠠᠯᠵᠢᠬᠤ ᠦᠢᠯᠡᠳᠪᠦᠷᠢᠯᠡᠯ ᠤᠨ ᠬᠤᠶᠠᠷ ᠲᠣᠮᠣ ᠴᠢᠬᠤᠯᠠ ᠠᠵᠢᠯ ᠡᠭᠦᠷᠭᠡ ᠶᠢ ᠳᠡᠭᠡᠳᠦ ᠱᠠᠲᠤᠨ ᠤ ᠵᠣᠷᠢᠭ ᠰᠠᠨᠠᠭ᠎ᠠ ᠵᠢᠭᠠᠪᠤᠷᠢ ᠱᠠᠭᠠᠷᠳᠠᠯᠭ᠎ᠠ ᠬᠢᠭᠡᠳ ᠭᠠᠴᠠᠭ᠎ᠠ | ᠨᠤᠲᠤᠭ ᠤᠨ ᠢᠶᠠᠨ ᠠᠷᠠᠳ ᠮᠠᠯᠴᠢᠳ ᠤᠨ ᠰᠠᠨᠠᠭ᠎ᠠ ᠵᠣᠷᠢᠯᠲᠠ ᠶᠣᠰᠣᠭᠠᠷ ᠰᠠᠶᠢᠬᠠᠨ ᠪᠡᠶᠡᠯᠡᠭᠦᠯᠵᠦ ᠭᠦᠢᠴᠡᠳᠬᠡᠭᠰᠡᠨ ᠶᠤᠮ᠃ ᠮᠠᠯ ᠢ ᠴᠤ ᠪᠣᠯ ᠶᠠᠭᠠᠭᠢᠮᠠᠢ︕ ᠡᠷᠤᠭᠡ | ᠪᠤᠶᠤ ᠬᠥᠮᠥᠨ ᠠᠮᠠ ᠶᠢᠨ ᠲᠤᠭ᠎ᠠ ᠬᠠᠷᠢᠴᠠᠯ ᠢᠶᠠᠷ ᠪᠠᠷᠢᠮᠵᠢᠶᠠᠯᠠᠨ ᠪᠤᠲᠠ ᠪᠤᠭ ᠮᠠᠯ ᠢᠶᠠᠷ ᠨᠢ ᠲᠦᠷᠤᠯ ᠠᠩᠭᠢᠯᠠᠵᠤ᠂ ᠶᠡᠭᠡ ᠪᠠᠭ᠎ᠠ᠂ ᠡᠷ᠎ᠡ ᠡᠮ᠎ᠡ᠂ ᠨᠠᠰᠤ ᠰᠢᠲᠤ᠂ | ᠲᠠᠷᠭᠤ ᠬᠦᠴᠦ᠂ ᠭᠠᠷ ᠤᠨ ᠮᠠᠯ ᠢᠶᠠᠷ ᠨᠢ ᠶᠡᠭᠡ ᠲᠥᠯᠥᠪ ᠲᠠᠭᠠᠷᠠᠭᠤᠯᠵᠤ ᠵᠣᠬᠢᠴᠠᠭᠤᠯᠤᠨ ᠡᠪᠯᠡᠭᠦᠯᠵᠦ ᠠᠷᠭᠠᠴᠠᠭᠠᠨ ᠬᠤᠪᠢᠶᠠᠵᠤ ᠥᠭᠪᠡᠯ ᠪᠣᠯᠴᠢᠬᠠᠬᠤ ᠪᠠᠶᠢᠯᠭᠦᠢ᠃ | ᠬᠠᠷᠢᠨ ᠭᠠᠵᠠᠷ ᠨᠤᠲᠤᠭ ᠢ ᠬᠤᠪᠢᠶᠠᠨ᠎ᠠ ᠭᠡᠪᠡᠯ ᠶᠣᠰᠣᠲᠠᠢ ︽ᠦᠰᠦ ᠪᠠᠨ ᠲᠣᠭᠠᠯᠠᠬᠤ︾ ᠠᠴᠠ ᠴᠠᠭᠠᠰᠢ ᠬᠡᠯᠡᠭᠳᠡᠬᠦ ︽ᠮᠢᠬ᠎ᠠ ᠪᠠᠨ ᠢᠳᠡᠭᠰᠡᠨ︾ ᠲᠦᠪᠡᠭ ᠳᠠᠷᠤᠭᠠᠰᠤ | ᠶᠡᠬᠡᠲᠡᠢ ᠠᠵᠢᠯ ᠡᠭᠦᠷᠭᠡ ᠶᠢᠨ ᠨᠢᠭᠡ ᠪᠤᠯᠬᠤ ᠶᠢ ᠪᠣᠳᠠᠲᠠᠢ ᠬᠢᠭᠰᠡᠨ ᠤᠯᠤᠰ ᠤᠳ ᠯᠠ ᠰᠠᠶ᠋ᠢ ᠴᠠᠭᠠᠨ᠎ᠠ ᠨᠢ ᠭᠠᠷᠲᠠᠯ᠎ᠠ ᠮᠡᠲᠡᠨ᠎ᠡ᠃ ᠨᠠᠭᠠᠴᠤ ᠮᠢᠨᠢ ᠲᠤᠬᠠᠢ ᠶᠢᠨ | ᠦᠶ᠎ᠡ ᠳᠤ ᠪᠠᠷᠢᠭᠠᠳᠠ ᠶᠢᠨ ᠢᠶᠠᠨ ᠭᠤᠣᠯ ᠤᠳᠤᠷᠢᠳᠤᠯᠭ᠎ᠠ ᠶᠢᠨ ᠨᠢᠭᠡ ᠪᠠᠶᠢᠭᠰᠠᠨ ᠪᠣᠯᠬᠤᠷ ︽ᠡᠷᠬᠡ ᠲᠡᠭᠰᠢ᠂ ᠲᠥᠪ ᠭᠤᠤᠯᠴᠢ︾ ᠶᠢ ᠲᠡᠷᠢᠭᠦᠨ ᠳᠤ ᠲᠠᠯᠪᠢᠬᠤ ᠪᠠᠷ | ᠵᠠᠷᠴᠢᠮ ᠪᠣᠯᠭᠠᠨ᠂ ᠡᠨᠡ ᠬᠦ ᠠᠵᠢᠯ ᠳᠤ ᠴᠣᠬᠤᠮ ︽ᠭᠤᠣᠯ ᠡᠵᠡᠨ ᠭᠠᠤᠯᠢᠨ ᠪᠤᠷᠬᠠᠨ︾ ᠤ ᠦᠢᠯᠡᠳᠦᠯ ᠢᠶᠠᠨ ᠦᠵᠡᠭᠦᠯᠵᠦ᠂ ᠪᠤᠰᠤᠳ ᠤᠳᠤᠷᠢᠳᠤᠯᠭ᠎ᠠ ᠶᠢᠨ ᠬᠠᠮᠲᠤ | ᠬᠤᠰᠢᠭᠤ ᠰᠤᠮᠤᠨ ᠠᠴᠠ ᠪᠠᠭᠤᠵᠤ ᠢᠷᠡᠭᠰᠡᠨ ᠠᠵᠢᠯᠯᠠᠬᠤ ᠳᠤᠭᠤᠶᠢᠯᠠᠩ ᠤᠨ ᠺᠠᠳ᠋ᠷ ᠨᠠᠷ ᠤᠨ ᠴᠢᠷᠮᠠᠶᠢᠯᠭ᠎ᠠ ᠪᠠᠷ ᠲᠡᠳᠦᠢ ᠶᠡᠭᠡ ᠬᠡᠯᠡ ᠠᠮᠠ ᠬᠡᠷᠡᠭᠦᠯ ᠮᠠᠷᠭᠤᠭᠠᠨ | ᠲᠠᠲᠠᠭᠰᠠᠨ ᠵᠥᠷᠢᠴᠡᠯ ᠵᠠᠭᠤᠷᠠᠭᠠᠨ ᠪᠤᠶᠤ ᠰᠡᠭᠦᠯ ᠤᠷᠬᠠᠭ ᠳᠡᠮᠡᠢ ᠦᠯᠡᠳᠡᠭᠡᠯ ᠦᠭᠡᠢ ᠰᠠᠶᠢᠬᠠᠨ ᠬᠤᠪᠢᠶᠠᠵᠤ ᠴᠢᠳᠠᠭᠰᠠᠨ ᠪᠠᠶᠢᠳᠠᠭ᠃ ᠨᠢᠭᠡ ᠡᠳᠦᠷ ᠴᠤ ᠭᠡᠰᠡᠨ | ᠰᠤᠷᠭᠠᠭᠤᠯᠢ ᠰᠣᠶᠣᠯ ᠤᠨ ᠡᠭᠦᠳᠡ ᠶᠢ ᠠᠯᠬᠤᠵᠤ ᠥᠩᠭᠡᠷᠡᠭᠰᠡᠨ ᠦᠭᠡᠢ᠂ ᠡᠭᠡᠰᠢᠭ ᠲᠤᠯᠤᠭ᠎ᠠ ᠪᠠᠷ ᠰᠠᠭᠤᠷᠢᠯᠠᠭᠰᠠᠨ ᠴᠠᠭᠠᠨ ᠲᠣᠯᠣᠭᠠᠢ ᠪᠠᠨ ᠪᠠᠷᠤᠭ ᠠᠷᠪᠠᠨ ᠭᠤᠷᠪᠠ | ᠳᠥᠷᠪᠡ ᠭᠦᠷᠤᠭᠡᠳ ᠰᠠᠶ᠋ᠢ ᠳᠥᠩᠭᠡᠵᠦ ᠥᠪᠡᠷ ᠢᠶᠠᠨ ᠨᠢᠳᠦᠯᠡᠵᠦ ᠰᠤᠷᠤᠬᠰᠠᠨ ᠰᠣᠶᠣᠯ ᠤᠨ ᠮᠥᠷ ᠲᠠᠢ ᠬᠥᠮᠥᠨ ᠳᠤ ᠡᠨᠡ ᠴᠤ ᠪᠠᠰᠠ ᠬᠢᠷᠢ ᠭᠡᠮ ᠠᠴᠠ ᠨᠢ ᠬᠤᠯᠠ | ᠴᠠᠭᠠᠭᠤᠷ ᠬᠡᠯᠡᠭᠳᠡᠬᠦ ᠤᠷᠰᠢᠭ ᠶᠠᠷᠰᠢᠭ ᠶᠡᠬᠡᠲᠡᠢ ᠠᠵᠢᠯ ᠶᠠᠪᠤᠳᠠᠯ ᠤᠨ ᠨᠢᠭᠡ ᠪᠤᠯᠬᠤ ᠨᠢ ᠮᠡᠳᠡᠭᠡᠵᠢ ᠶᠢᠨ ᠬᠡᠷᠡᠭ᠃ ᠨᠠᠭᠠᠴᠤ ᠮᠢᠨᠢ ᠰᠣᠶᠣᠯ ᠢᠶᠠᠷ ᠬᠡᠮᠵᠢᠶᠡᠯᠡᠬᠦ ᠶᠢᠨ | ᠠᠷᠭ᠎ᠠ ᠦᠭᠡᠢ ᠪᠠᠶᠢᠳᠠᠭ ᠠᠮᠢᠳᠤᠷᠠᠯ ᠤᠨ ︽ᠬᠠᠷ᠎ᠠ ᠤᠬᠠᠭᠠᠨ︾ ᠤ ︽ᠡᠪ ᠲᠡᠮ︾ ᠤᠨ ᠦᠦᠷ ᠢ ᠴᠠᠶᠢᠯᠭᠠᠭᠰᠠᠨ ᠡᠷᠳᠡᠮ ᠨᠣᠮ ᠤᠨ ᠴᠠᠭᠠᠲᠤ ᠶᠣᠰᠣᠨ ᠳᠤ | ᠨᠡᠪᠲᠡᠷᠬᠡᠢ ᠪᠢᠰᠢ ᠴᠤ ᠭᠡᠰᠡᠨ ᠦᠢᠯᠡᠳᠪᠦᠷᠢᠯᠡᠯ ᠠᠮᠢᠳᠤᠷᠠᠯ ᠤᠨ ᠳᠠᠳᠤᠯᠭ᠎ᠠ ᠪᠣᠯᠪᠠᠰᠤᠷᠠᠯ ᠤᠨ ᠲᠤᠷᠰᠢᠯᠭ᠎ᠠ ᠰᠠᠶᠢᠲᠠᠢ ᠪᠣᠯᠬᠤᠷ ᠶᠠᠮᠠᠷ ᠴᠤ ᠪᠣᠯᠤᠭ ᠭᠠᠴᠠᠭ᠎ᠠ | ᠨᠤᠲᠤᠭ ᠤᠨ ᠢᠶᠠᠨ ᠬᠥᠮᠥᠨ ᠨᠢᠭᠡ ᠪᠦᠷᠢ ᠶᠢᠨ ᠠᠶᠠᠭ᠎ᠠ ᠠᠮᠠ ᠲᠠᠢ ᠨᠢ ᠰᠢᠭᠤᠳ ᠬᠤᠯᠪᠣᠭᠳᠠᠬᠤ ᠡᠨᠡ ᠬᠦ ᠲᠣᠮᠣ ᠠᠵᠢᠯ ᠳᠤ ᠥᠭᠡᠳᠡ ᠮᠥᠷ ᠥᠷᠨᠢᠯ ᠬᠥᠭᠵᠢᠯ ᠤᠨ | ᠰᠠᠭᠤᠷᠢ ᠶᠢ ᠲᠠᠯᠪᠢᠵᠤ ᠥᠭᠭᠦᠭᠰᠡᠨ ᠬᠥᠮᠥᠨ ᠤ ᠨᠢᠭᠡ ᠪᠤᠯᠬᠤ ᠶᠤᠮ᠃ ᠤᠲᠤ ᠪᠤᠲᠤᠬᠤ ᠳᠤ ᠨᠠᠭᠠᠴᠤ ᠮᠢᠨᠢ ᠠᠯᠢ ᠪᠦᠭᠦᠨ ᠢᠶᠠᠨ ᠠᠮᠢᠳᠤᠷᠠᠯ ᠤᠨ ︽ᠬᠠᠷ᠎ᠠ ᠤᠬᠠᠭᠠᠨ︾ | ᠢᠶᠠᠷ ᠡᠵᠡᠮᠳᠡᠭᠦᠯᠵᠦ ᠴᠢᠳᠠᠭᠰᠠᠨ ᠴᠢᠩᠭ᠎ᠠ ᠬᠥᠮᠥᠨ ᠤ ᠨᠢᠭᠡ ᠪᠠᠶᠢᠭᠰᠠᠨ ᠠᠴᠠ ᠪᠣᠯᠤᠭᠰᠠᠨ ᠪᠠᠶᠢᠬ᠎ᠠ᠃ ᠶᠡᠷᠦ ᠨᠢ ᠲᠡᠭᠡᠭᠡᠳ ᠨᠠᠭᠠᠴᠤ ᠮᠢᠨᠢ ᠬᠤᠳᠳᠤᠭ ᠤᠰᠤ | ᠮᠠᠯᠲᠠᠬᠤ ᠠᠴᠠ ᠠᠪᠤᠭᠠᠳ ᠬᠤᠷᠤᠭ᠎ᠠ ᠬᠠᠰᠢᠶ᠎ᠠ ᠪᠠᠷᠢᠬᠤ ᠵᠡᠷᠭᠡ ᠮᠠᠯᠵᠢᠬᠤ ᠦᠢᠯᠡᠳᠪᠦᠷᠢᠯᠡᠯ ᠤᠨ ᠬᠠᠷ᠎ᠠ ᠪᠣᠷᠣ ᠬᠠᠲᠠᠭᠤ ᠪᠡᠷᠬᠡ ᠰᠠᠭᠤᠷᠢ ᠪᠦᠲᠦᠭᠡᠨ | ᠪᠠᠶᠢᠭᠤᠯᠤᠯᠲᠠ ᠶᠢᠨ ᠴᠢᠨᠠᠷᠲᠠᠢ ᠠᠯᠢ ᠪᠦᠬᠦᠢ ᠠᠵᠢᠯ ᠳᠤ ᠶᠠᠳᠠᠷᠠᠯ ᠵᠦᠳᠡᠷᠡᠯ ᠢᠶᠠᠨ ᠶᠠᠭ ᠮᠠᠷᠲᠠᠭᠰᠠᠨ ᠶᠤᠮ ᠰᠢᠭ᠋ ᠬᠠᠨᠴᠤᠢ ᠰᠢᠮᠠᠯᠠᠨ ᠭᠠᠪᠰᠢᠭᠠᠶᠢᠯᠠᠵᠤ ᠪᠠᠶᠢᠳᠠᠭ ᠢᠶᠠᠷ | ᠬᠢᠷᠢ ᠪᠠᠷᠤᠭ ᠤᠨ ᠵᠠᠯᠠᠭᠤᠴᠤᠳ ᠬᠠᠮᠲᠤ ᠠᠵᠢᠯᠯᠠᠬᠤ ᠠᠴᠠ ᠬᠠᠯᠠᠰᠢᠷᠠᠵᠤ ᠰᠢᠷᠬᠡᠶᠢᠳᠡᠭ ᠪᠢᠯᠡ᠃ | ᠶᠡᠭᠡ ᠬᠠᠮᠲᠤ ᠪᠠᠶᠢᠬᠤ ᠦᠶ᠎ᠡ ᠳᠤ ᠨᠠᠭᠠᠴᠤ ᠮᠢᠨᠢ ᠪᠠᠷᠢᠭᠠᠳᠠ ᠶᠢᠨ ᠢᠶᠠᠨ ᠤᠳᠤᠷᠢᠳᠤᠯᠭ᠎ᠠ ᠶᠢᠨ ᠬᠤᠪᠢ ᠪᠠᠷ ᠬᠠᠮᠲᠤ ᠶᠢᠨ ᠮᠠᠯ ᠰᠦᠷᠤᠭ᠌ ᠢ ᠠᠪᠴᠤ᠂ | ᠨᠢᠯᠬ᠎ᠠ ᠲᠠᠢ ᠨᠣᠶᠢᠲᠠᠨ ᠲᠠᠢ ᠡᠬᠡᠨᠡᠷ ᠬᠡᠦᠬᠡᠳ ᠠᠷᠤ ᠭᠡᠷ ᠤᠨ ᠠᠯᠢᠪᠠ ᠠᠵᠢᠯ ᠢᠶᠠᠨ ᠬᠠᠶᠠᠭᠠᠳ ᠲᠤᠯᠤᠨ ᠨᠤᠤᠷ ᠰᠢᠶᠠᠨ ᠵᠡᠷᠭᠡ ᠭᠠᠵᠠᠷ ᠣᠷᠣᠨ ᠢᠶᠠᠷ ᠪᠠᠷᠤᠭ ᠯᠠ | ᠡᠪᠦᠯ ᠲᠤᠵᠢ ᠣᠲᠣᠷ ᠬᠠᠶᠢᠵᠤ ᠰᠠᠭᠤᠵᠤ ᠪᠠᠶᠢᠯ᠎ᠠ᠃ ᠴᠢᠮᠡᠭᠡ ᠬᠤᠯᠪᠤᠭ᠎ᠠ ᠲᠠᠭ ᠪᠢᠲᠡᠭᠦᠦ᠂ ᠵᠠᠮ ᠬᠠᠷᠢᠯᠴᠠᠭ᠎ᠠ ᠲᠤᠶᠢᠯ ᠤᠨ ᠲᠦᠭᠦᠮ ᠦᠭᠡᠢ ᠪᠠᠶᠢᠭᠰᠠᠨ ᠲᠡᠷᠡ ᠬᠦ | ᠡᠷᠢᠨ ᠳᠤ ᠴᠠᠰᠤ ᠮᠥᠰᠥ ᠪᠠᠷ ᠬᠤᠴᠢᠭᠳᠠᠭᠰᠠᠨ ᠬᠠᠬᠢᠷ ᠡᠪᠦᠯ ᠤᠨ ᠬᠦᠢᠲᠡᠨ ᠳᠤ ᠬᠥᠮᠥᠨ ᠤ ᠨᠤᠲᠤᠭ ᠬᠥᠨᠳᠡᠯᠡᠨ ᠤ ᠭᠠᠵᠠᠷ ᠢᠶᠠᠷ ᠢᠩᠭᠢᠵᠦ ᠬᠡᠳᠦᠨ ᠰᠠᠷ᠎ᠠ ᠪᠠᠷ | ︽ᠭᠤᠣᠨᠢ ᠪᠡᠶ᠎ᠡ ᠭᠤᠵᠣᠩ ᠲᠣᠯᠣᠭᠠᠢ︾ ᠶᠤᠮ ᠰᠢᠭ᠋ ᠴᠢᠮᠡᠭᠡ ᠠᠨᠢᠷ ᠦᠭᠡᠢ ᠶᠢᠨ ᠳᠤᠮᠳᠠ ᠠᠮᠢᠳᠤᠷᠠᠵᠤ ᠰᠠᠭᠤᠨ᠎ᠠ ᠭᠡᠭᠴᠢ ᠤᠲᠤ ᠶᠤᠮ ᠪᠣᠯ ᠬᠡᠨ ᠳᠤ ᠴᠤ ᠪᠣᠯᠤᠭ | ︽ᠶᠠᠭᠠᠬᠢᠵᠤ ᠪᠤᠯᠲᠠᠭ ᠶᠤᠮ︖︾ ᠭᠡᠬᠦ ᠠᠰᠠᠭᠤᠯᠲᠠ ᠪᠠᠷ ᠭᠠᠶᠢᠬᠠᠰᠢ ᠠᠯᠳᠠᠭᠤᠯᠬᠤ ᠤᠴᠢᠷ ᠪᠤᠯᠬᠤ ᠨᠢ ᠳᠠᠮᠵᠢᠭ ᠦᠭᠡᠢ᠃ ᠭᠡᠪᠡᠴᠦ ᠲᠤᠬᠠᠢ ᠶᠢᠨ ᠴᠠᠭ ᠦᠶ᠎ᠡ ᠶᠢᠨ | ᠨᠥᠬᠦᠴᠡᠯ ᠪᠣᠯᠣᠯᠴᠠᠭ᠎ᠠ ᠨᠢ ᠲᠡᠶᠢᠮᠤ ᠯᠡ ᠪᠠᠶᠢᠵᠤ ᠪᠠᠶᠢᠭᠰᠠᠨ ᠶᠤᠮ ᠴᠢᠨᠢ ︽ᠪᠤᠯᠬᠤ ᠦᠭᠡᠢ︾ ᠭᠡᠳ ᠴᠣᠬᠤᠮ ᠬᠠᠮᠢᠭ᠎ᠠ ᠭᠦᠷᠤᠨ᠎ᠠ ᠳ᠋ᠧ︕ | ᠨᠠᠭᠠᠴᠤ ᠮᠢᠨᠢ ᠲᠦᠷᠤ ᠤᠯᠤᠰ ᠴᠢᠯᠦᠭᠡᠯᠡᠯᠲᠡ ᠪᠠᠨ ᠣᠯᠤᠭ᠎ᠠ ᠦᠭᠡᠢ ᠲᠦᠮᠡᠨ ᠤᠯᠠᠨ ᠲᠦᠨᠡᠷ ᠬᠠᠷᠠᠩᠭᠤᠢ ᠶᠢᠨ ᠳᠤᠮᠳᠠ ᠲᠡᠨᠦᠭᠦᠴᠢᠯᠡᠵᠦ ᠪᠠᠶᠢᠭᠰᠠᠨ 1942 | ᠣᠨ ᠳᠤ ᠲᠦᠷᠤᠭ᠍ᠰᠡᠨ ᠪᠣᠯᠬᠤᠷ ᠶᠣᠰᠣᠲᠠᠢ ︽ᠠᠮᠢ ᠨᠠᠭᠠᠨ᠎ᠠ ᠲᠠᠮᠤ ᠴᠠᠭᠠᠨ᠎ᠠ︾ ᠭᠡᠰᠡᠨ ᠰᠢᠭ ᠲᠤᠬᠠᠢ ᠶᠢᠨ ᠨᠡᠶᠢᠭᠡᠮ ᠤᠨ ᠬᠡᠴᠡᠭᠦᠦ ᠪᠡᠷᠬᠡ ᠣᠷᠴᠢᠨ ᠳᠤ ᠪᠠᠭ᠎ᠠ ᠨᠠᠰᠤ | ᠨᠢ ᠪᠠᠶᠢᠲᠤᠭᠠᠢ ᠵᠠᠯᠠᠭᠤ ᠨᠠᠰᠤ ᠨᠢ ᠴᠤ ᠭᠡᠳ ᠡᠨᠡᠷᠢᠯ ᠦᠭᠡᠢ ᠬᠤᠷᠸ᠎ᠠ ᠶᠢᠨ ᠡᠯᠳᠡᠪ ᠵᠦᠢᠯ ᠤᠨ ᠤᠶᠢᠯᠡ ᠲᠠᠮᠤ ᠳᠤ ᠲᠠᠷᠴᠢᠯᠠᠭᠠᠭᠳᠠᠨ᠂ ᠦᠭᠡᠶᠢᠭᠦᠦ ᠬᠤᠭᠤᠰᠤᠨ ᠤ | ᠭᠠᠴᠢᠭ ᠵᠤᠪᠠᠯᠠᠩ ᠢᠶᠠᠷ ᠥᠯᠥᠨ ᠭᠡᠳᠡᠰᠦ ᠪᠠᠨ ᠠᠷᠭᠠᠴᠠᠭᠠᠵᠤ ᠢᠷᠡᠭᠰᠡᠨ ᠤ ᠨᠢᠭᠡᠨ ᠪᠠᠶᠢᠯ᠎ᠠ᠃ | ᠲᠤᠬᠠᠢ ᠶᠢᠨ ᠴᠠᠭ ᠲᠦᠷᠤ ᠶᠢᠨ ᠪᠠᠶᠢᠳᠠᠯ ᠭᠡᠭᠴᠢ ᠲᠡᠶᠢᠮᠤ ᠯᠡ ᠪᠠᠶᠢᠭᠰᠠᠨ ᠶᠤᠮ ᠴᠢᠨᠢ ᠤᠲᠤ ᠪᠤᠲᠤᠬᠤ ᠳᠤ ᠲᠡᠭᠦᠨ ᠳᠡᠭᠡᠨ ᠵᠣᠬᠢᠴᠠᠵᠤ ᠠᠮᠢᠳᠤᠷᠠᠳᠠᠭ | ᠪᠠᠶᠢᠯᠭᠦᠢ ᠭᠡᠬᠦ ᠭᠠᠭᠴᠠ ᠦᠭᠡ ᠪᠠᠷ ᠯᠠ ᠲᠤᠬᠠᠢ ᠶᠢᠨ ᠴᠠᠭ ᠦᠶ᠎ᠡ ᠶᠢᠨ ᠬᠢᠨᠢ ᠲᠤᠯᠢᠳᠬᠠᠯ ᠪᠣᠯᠭᠠᠶ᠎ᠠ᠃ ᠦᠨᠡᠨ ᠳᠡᠭᠡᠨ ︽ᠮᠥᠷᠥ ᠪᠦᠲᠦᠨ ᠭᠡᠳᠡᠰᠦ ᠴᠠᠳᠬᠤᠯᠠᠩ︾ | ᠪᠠᠶᠢᠬᠤ ᠨᠢ ᠲᠡᠷᠡ ᠦᠶ᠎ᠡ ᠶᠢᠨ ᠬᠥᠮᠥᠰ ᠤᠨ ᠬᠠᠮᠤᠭ ᠶᠡᠭᠡ ᠬᠦᠰᠡᠯ ᠪᠢᠯᠬᠠᠭᠰᠠᠨ ᠵᠢᠷᠭᠠᠯ ᠪᠠᠶᠢᠵᠤ ᠲᠠᠭᠠᠷᠠᠨ᠎ᠠ᠃ ᠨᠠᠭᠠᠴᠤ ᠮᠢᠨᠢ ᠳᠡᠭᠡᠷ᠎ᠡ ᠪᠠᠨ ᠬᠤᠶᠠᠷ ᠠᠬ᠎ᠠ ᠬᠤᠶᠠᠷ | ᠡᠭᠡᠴᠢ ᠲᠠᠢ ᠪᠤᠯᠪᠠᠴᠤ ᠡᠵᠢ ᠶᠢ ᠪᠠᠭᠲᠠᠭᠠᠭᠰᠠᠨ ᠭᠤᠷᠪᠠ ᠨᠢ ᠠᠶᠢᠯ ᠳᠤ ᠡᠷᠭᠦᠭᠳᠡᠭᠰᠡᠨ ᠢᠶᠠᠷ ᠨᠠᠭᠠᠴᠤ ᠡᠪᠦᠭᠡ ᠶᠢᠨ ᠬᠠᠮᠲᠤ ᠶᠡᠭᠡ ᠠᠬ᠎ᠠ ᠲᠠᠢ ᠪᠠᠨ ᠴᠤᠭ ᠥᠰᠴᠦ᠂ | ᠬᠤᠵᠢᠮ ᠨᠢ ᠲᠤᠰ ᠲᠤᠰ ᠲᠠᠭᠠᠨ ᠡᠷᠤᠭᠡ ᠭᠡᠷ ᠢᠶᠠᠨ ᠪᠠᠶᠢᠭᠤᠯᠵᠤ᠂ ᠵᠡᠭᠦᠨ ᠪᠠᠷᠠᠭᠤᠨ ᠠᠶᠢᠯ ᠢᠶᠠᠷ ᠬᠥᠷᠰᠢ ᠵᠡᠷᠭᠡᠯᠡᠳᠡᠭᠡ ᠰᠠᠭᠤᠵᠤ ᠭᠠᠯ ᠭᠤᠯᠣᠮᠲᠠ ᠪᠠᠨ ᠪᠠᠳᠠᠷᠠᠭᠠᠨ | ᠶᠠᠪᠤᠵᠤ ᠪᠠᠶᠢᠬᠤ ᠳᠤ ᠭᠡᠨᠡᠳᠲᠡ ᠶᠢᠨ ᠵᠤᠪᠠᠯᠠᠩ ᠳᠤ ᠲᠠᠭᠠᠷᠢᠬᠲᠠᠨ ᠶᠡᠭᠡ ᠨᠠᠭᠠᠴᠤ ᠮᠢᠨᠢ ᠳᠠᠩᠴᠤ ᠡᠷᠲᠡ ᠨᠠᠰᠤ ᠪᠣᠯᠤᠭᠰᠠᠨ ᠵᠣᠯ ᠪᠤᠰᠤ ᠤᠴᠢᠷ ᠨᠢ᠂ ᠠᠮᠢᠳᠤᠷᠠᠯ | ᠳᠠᠭᠠᠨ ᠳᠥᠩᠭᠡᠵᠦ ᠠᠮᠢᠰᠬᠤᠭ᠎ᠠ ᠠᠪᠬᠤ ᠲᠡᠩᠬᠡᠭᠡ ᠴᠢᠳᠠᠯ ᠲᠠᠢ ᠪᠣᠯᠵᠤ ᠶᠠᠪᠤᠭ᠎ᠠ ᠨᠠᠭᠠᠴᠤ ᠳᠤ ᠮᠢᠨᠢ ᠲᠤᠯᠭᠠᠭᠤᠷᠢ ᠲᠦᠰᠢᠭ ᠢᠶᠠᠨ ᠠᠯᠳᠠᠭᠰᠠᠨ ᠠᠮᠢᠳᠤᠷᠠᠯ ᠤᠨ | ᠪᠠᠰᠠ ᠨᠢᠭᠡᠨ ᠪᠡᠷᠬᠡ ᠳᠠᠪᠠᠭ᠎ᠠ ᠪᠣᠯᠵᠤ᠂ ᠬᠠᠨᠢ ᠨᠥᠬᠦᠷ ᠤᠨ ᠢᠶᠠᠨ ᠬᠠᠮᠲᠤ ᠨᠢᠭᠡ ᠦᠶ᠎ᠡ ᠰᠡᠳᠬᠢᠯ ᠰᠠᠨᠠᠭᠠᠨ ᠤ ᠲᠠᠯ᠎ᠠ ᠪᠠᠷ ᠬᠡᠴᠡᠭᠦᠦ ᠰᠦᠷᠡᠬᠡᠢ ᠳᠠᠷᠤᠯᠲᠠ ᠲᠠᠢ | ᠠᠮᠢᠳᠤᠷᠠᠬᠤ ᠪᠣᠯᠤᠭᠰᠠᠨ ᠭᠡᠲᠡᠭ᠃ | ᠲᠡᠷᠡ ᠦᠶ᠎ᠡ ᠳᠤ ᠶᠡᠭᠡ ᠨᠠᠭᠠᠴᠤ ᠮᠢᠨᠢ ᠨᠠᠢᠮᠠᠨ ᠬᠡᠦᠬᠡᠳ ᠠᠴᠠ ᠪᠠᠨ ᠰᠠᠶ᠋ᠢ ᠨᠢᠭᠡ ᠶᠢ ᠯᠠ ᠲᠥᠪᠬᠢᠨᠡᠭᠦᠯᠵᠦ ᠪᠠᠶᠢᠭᠰᠠᠨ ᠪᠣᠯᠬᠤᠷ ᠬᠠᠶᠠᠭ᠎ᠠ ᠪᠠᠭᠤᠷᠢ ᠪᠠᠨ | ᠲᠦᠰᠢᠵᠦ ᠰᠠᠭᠤᠭᠰᠠᠨ ᠥᠨᠥᠴᠢᠷᠡᠵᠦ ᠬᠤᠴᠣᠷᠤᠭᠰᠠᠨ ᠬᠡᠳᠦᠨ ᠠᠴᠢ ᠪᠠᠨ ᠬᠠᠷᠠᠵᠤ ᠬᠠᠷᠠᠭᠠᠯᠵᠠᠬᠤ ᠨᠢ ᠮᠥᠨ ᠯᠠ ᠨᠠᠭᠠᠴᠤ ᠶᠢᠨ ᠮᠢᠨᠢ ᠡᠮᠦᠨ᠎ᠡ ᠲᠠᠯᠪᠢᠭᠳᠠᠭᠰᠠᠨ | ᠬᠠᠲᠠᠭᠤ ᠡᠭᠦᠷᠭᠡ ᠪᠣᠯᠵᠤ ᠪᠢᠯᠡ᠃ | ᠨᠢᠯᠬ᠎ᠠ ᠪᠡᠯᠴᠢᠷ ᠠᠴᠠ ᠪᠠᠨ ᠠᠪᠤᠭᠠᠳ ᠤᠭᠤᠷᠠᠭ ᠰᠦ ᠶᠢᠨ ᠰᠢᠮ᠎ᠡ ᠠᠮᠲᠠᠭᠳᠠᠭᠰᠠᠨ ᠡᠬᠡ ᠶᠢᠨ ᠡᠨᠡᠷᠢᠯ ᠬᠠᠶᠢᠷ᠎ᠠ ᠭᠡᠭᠴᠢ ᠶᠠᠭᠤ ᠪᠤᠯᠬᠤ ᠶᠢ ᠤᠬᠲᠤ ᠮᠡᠲᠡᠯ | ᠦᠭᠡᠢ ᠥᠨᠥᠴᠢᠷᠡᠵᠦ ᠬᠤᠴᠣᠷᠤᠭᠰᠠᠨ ᠨᠠᠭᠠᠴᠤ ᠮᠢᠨᠢ ᠠᠮᠢᠳᠤᠷᠠᠯ ᠤᠨ ᠡᠨᠡ ᠬᠦ ᠬᠠᠲᠠᠭᠤ ᠳᠠᠪᠠᠭᠠᠨ ᠳᠤ ᠬᠠᠨᠢ ᠢᠵᠢᠯᠢ ᠲᠠᠢ ᠪᠠᠨ ᠬᠤᠶᠠᠭᠤᠯᠠ ᠡᠷᠤᠭᠡ ᠭᠡᠷ ᠤᠨ | ᠠᠵᠤ ᠠᠮᠢᠳᠤᠷᠠᠯ ᠢᠶᠠᠨ ᠥᠭᠡᠳᠡ ᠲᠠᠲᠠᠬᠤ ᠭᠡᠵᠦ᠂ ᠡᠷᠪᠡᠭᠡᠷ ᠬᠥᠭᠡᠷᠦᠬᠦᠨ ᠬᠡᠳᠦᠨ ᠦᠷ᠎ᠡ ᠪᠠᠨ ᠥᠰᠬᠡᠵᠦ ᠳᠣᠳᠣᠮᠳᠠᠨ᠂ ᠲᠤᠬᠠᠢ ᠶᠢᠨ ᠨᠡᠶᠢᠭᠡᠮ ᠤᠨ ᠬᠠᠲᠠᠭᠤ | ᠣᠷᠴᠢᠨ ᠳᠤ ᠪᠡᠶ᠎ᠡ ᠰᠡᠳᠬᠢᠯ ᠤᠨ ᠲᠠᠷᠴᠢᠯᠠᠭᠠᠨ ᠲᠠᠢ ᠰᠢᠷ᠎ᠠ ᠡᠳᠦᠷ ᠪᠣᠷᠣ ᠬᠤᠨᠤᠭ ᠢ ᠥᠩᠭᠡᠷᠡᠭᠦᠯᠵᠦ ᠢᠷᠡᠬᠦ ᠳᠤ ᠰᠠᠶᠢᠨ ᠤ ᠲᠡᠭᠷᠢ ᠡᠭᠦᠳᠡ ᠪᠠᠨ ᠬᠠᠭᠠᠭᠰᠠᠨ ᠶᠤᠮ | ᠰᠢᠭ ᠳᠠᠪᠬᠤᠷ ᠳᠠᠪᠬᠤᠷ ᠤᠶᠢᠯᠡ ᠵᠤᠪᠠᠯᠠᠩ ᠢᠩᠭᠢᠵᠦ ᠯᠠ ᠬᠤᠶᠢᠨ᠎ᠠ ᠬᠤᠶᠢᠨ᠎ᠠ ᠠᠴᠠ ᠪᠠᠨ ᠲᠤᠯᠭᠠᠷᠠᠵᠤ ᠢᠷᠡᠳᠡᠭ ᠶᠤᠮ ᠪᠠᠶᠢᠵᠠᠢ᠃ | ᠡᠷ᠎ᠡ ᠥᠰᠴᠦ ᠢᠰᠡᠭᠡᠢ ᠰᠤᠨᠳᠠᠭ ᠤᠨ ᠵᠢᠮ᠎ᠡ ᠪᠠᠷ ᠬᠤᠵᠢᠮ ᠨᠢ ᠪᠢᠲᠡ ᠥᠰᠴᠦ ᠲᠣᠮᠣᠭᠠᠵᠢᠨ ᠤᠬᠠᠭ᠎ᠠ ᠰᠠᠭᠤᠵᠤ ᠢᠷᠡᠬᠦ ᠳᠡᠭᠡᠨ ᠨᠠᠭᠠᠴᠤ ᠶᠢᠨ ᠬᠢᠨ ᠢᠶᠠᠷ | ᠬᠦᠷᠬᠦ ᠪᠣᠯᠭᠠᠨ᠂ ᠪᠡᠶ᠎ᠡ ᠯᠠᠭᠱᠠᠨ ᠤ ᠬᠢᠨᠢ ᠠᠮᠤᠷ ᠲᠡᠩᠬᠡᠯᠡᠭᠦᠨ ᠢ ᠠᠰᠠᠭᠤᠨ ᠪᠣᠯᠭᠤᠭᠠᠬᠤ ᠳᠤ ᠬᠠᠶᠠ ᠵᠠᠷᠢᠮ ᠳᠠᠭᠠᠨ ᠵᠢᠭᠠᠬᠠᠨ ᠬᠠᠯᠠᠮᠴᠠᠭᠤ ᠲᠠᠭᠠᠷᠠᠬᠤ ᠳᠤ ᠭᠦᠷᠪᠡᠯ᠂ | ᠬᠥᠭᠡᠷᠦᠬᠦᠢ ᠨᠠᠭᠠᠴᠤ ᠮᠢᠨᠢ ᠶᠡᠬᠡᠯ᠎ᠡ ᠬᠥᠭᠡᠷᠦᠭᠡ ᠲᠠᠢ ᠪᠠᠶᠢᠵᠤ᠄ ︽ᠰᠠᠶᠢᠨ ᠰᠠᠶᠢᠨ︕ ᠤᠲᠤ ᠶᠡᠷᠦ ᠨᠢ ᠢᠩᠭᠢᠵᠦ ᠵᠢᠷᠭᠠᠬᠤ ᠠᠴᠠ ᠥᠭᠡᠷ᠎ᠡ ᠶᠠᠭᠠᠬᠢᠵᠤ ᠵᠢᠷᠭᠠᠳᠠᠭ ᠶᠤᠮ᠃ | ᠠᠪᠵᠢᠶᠠ ᠮᠢᠨᠢ ︵ᠨᠠᠭᠠᠴᠤ ᠮᠢᠨᠢ ᠶᠡᠭᠡ ᠡᠭᠡᠴᠢ ᠪᠤᠯᠬᠤ ᠡᠵᠢ ᠶᠢ ᠮᠢᠨᠢ ᠢᠩᠭᠢᠵᠦ ᠬᠦᠨᠳᠦᠯᠡᠵᠦ ᠳᠠᠭᠤᠳᠠᠳᠠᠭ ᠪᠠᠶᠢᠭᠰᠠᠨ︶ ᠪᠠᠶᠢᠬᠤ ᠳᠠᠭᠠᠨ︿ᠬᠤᠵᠢᠮ ᠴᠢ ᠵᠢᠷᠭᠠᠨ᠎ᠠ﹀ | ᠭᠡᠵᠦ ᠬᠡᠯᠡᠳᠡᠭ ᠶᠤᠮ᠃ ᠦᠨᠡᠬᠡᠷ ᠴᠤ ᠠᠪᠵᠢᠶᠠ ᠶᠢᠨ ᠢᠶᠠᠨ ᠬᠡᠯᠡᠭᠰᠡᠨ ᠰᠢᠭ ᠬᠥᠭᠰᠢᠨ ᠪᠢᠲᠡ ᠬᠤᠶᠠᠷ ᠬᠤᠲᠠ ᠣᠷᠣᠭᠰᠠᠨ ᠬᠤᠷᠢ ᠭᠠᠷᠤᠢ ᠵᠢᠯ ᠤᠨ ᠲᠤᠷᠰᠢ | ᠴᠣᠬᠤᠮ ᠴᠤ ᠰᠠᠶᠢᠬᠠᠨ ᠵᠢᠷᠭᠠᠵᠤ ᠶᠠᠪᠤᠯ᠎ᠠ︾ ᠬᠡᠮᠡᠨ᠂ ᠨᠠᠰᠤᠨ ᠤ ᠬᠠᠨᠢ ᠪᠣᠯᠤᠭᠰᠠᠨ ᠬᠥᠭᠰᠢᠨ ᠪᠣᠯᠣᠨ ᠬᠡᠳᠦᠨ ᠬᠡᠦᠬᠡᠳ ᠠᠴᠢᠷ ᠨᠠᠷ ᠲᠠᠭᠠᠨ᠂ ᠠᠯᠢ ᠡᠰᠡᠬᠦᠯ᠎ᠡ ᠲᠦᠷᠤ | ᠵᠠᠰᠠᠭ ᠲᠠᠭᠠᠨ ᠲᠠᠯᠠᠷᠬᠠᠵᠤ ᠪᠠᠶᠢᠬᠤ ᠰᠢᠭ᠋ ᠮᠠᠰᠢ ᠪᠠᠶᠠᠰᠤᠩᠭᠤᠢ ᠰᠡᠳᠬᠢᠯ ᠢᠶᠠᠷ ᠶᠠᠷᠢᠵᠤ ᠭᠠᠷᠲᠠᠭ ᠪᠠᠶᠢᠯ᠎ᠠ᠃ | ᠬᠤᠵᠢᠮ ᠨᠢ ᠪᠢ ᠨᠠᠭᠠᠴᠤ ᠶᠢᠨ ᠢᠶᠠᠨ ᠪᠠᠭ᠎ᠠ ᠵᠠᠯᠠᠭᠤ ᠨᠠᠰᠤᠨ ᠤ ᠬᠢᠨᠢ ᠭᠤᠨᠢᠭ ᠵᠣᠪᠠᠯᠠᠩᠲᠤ ᠠᠮᠢᠳᠤᠷᠠᠯ ᠳᠤ ᠠᠪᠲᠠᠵᠤ ᠢᠷᠡᠭᠰᠡᠨ ᠦᠦᠭᠡ ᠲᠡᠦᠬᠡ ᠶᠢ ᠨᠢ | ᠡᠷᠭᠢᠴᠡᠭᠦᠯᠦᠨ ᠰᠠᠨᠠᠬᠤ ᠳᠤ ᠠᠮᠢᠳᠤᠷᠠᠯ ᠠᠴᠠ ᠶᠠᠭᠤ ᠨᠢᠭᠡ ᠶᠢ ᠰᠡᠷᠡᠵᠦ ᠮᠡᠳᠡᠭᠰᠡᠨ ᠰᠢᠭ ᠬᠠᠶᠠ ᠵᠠᠷᠢᠮ ᠳᠠᠭᠠᠨ ᠨᠣᠶᠢᠷ ᠬᠤᠭᠤᠯᠠᠨ ᠠᠴᠠ ᠭᠠᠷᠤᠮᠠᠷ ᠪᠤᠯᠲᠠᠯ᠎ᠠ | ᠰᠡᠳᠬᠢᠯ ᠡᠮᠵᠡᠭᠯᠡᠬᠦ ᠪᠠᠶᠢᠳᠠᠯ ᠳᠤ ᠣᠷᠣᠳᠠᠭ ᠪᠢᠯᠡ᠃ | ᠠᠪᠤ ᠠᠴᠠ ᠬᠤᠶᠢᠰᠢ ᠡᠨᠡᠷᠢᠯᠲᠦ ᠡᠵᠢ ᠮᠢᠨᠢ ᠡᠪᠡᠳᠴᠢᠨ ᠠᠷᠬᠠᠭ ᠲᠠᠢ ᠪᠡᠶ᠎ᠡ ᠪᠠᠨ ᠠᠷᠭᠠᠴᠠᠭᠠᠬᠤ ᠳᠤ ᠲᠠᠷ ᠮᠡᠬᠦᠰᠳᠡᠨ ᠵᠣᠪᠠᠵᠤ ᠭᠤᠨᠢᠬᠤ ᠶᠢᠨ ᠲᠤᠶᠢᠯ ᠪᠣᠯᠵᠤ᠂ | ᠠᠮᠢᠳᠤᠷᠠᠯ ᠳᠠᠭᠠᠨ ᠪᠡᠷᠬᠡᠳᠡᠵᠦ ᠡᠭᠦᠷᠲᠦᠬᠦ ᠨᠢ ᠪᠦᠷ ᠴᠤ ᠬᠡᠴᠡᠭᠦᠦ ᠪᠣᠯᠤᠭᠰᠠᠨ ᠭᠡᠲᠡᠭ᠃ ᠨᠠᠭᠠᠴᠤ ᠮᠢᠨᠢ ᠡᠭᠡᠴᠢ ᠪᠠᠨ ᠭᠡᠰᠡᠨ ᠤᠳᠤᠮ ᠰᠤᠳᠤᠷ ᠤᠨ ᠤᠭᠰᠠᠭ᠎ᠠ | ᠭᠠᠷᠪᠠᠯᠢ ᠶᠢᠨ ᠨᠢᠩᠵᠢᠨ ᠰᠡᠳᠬᠢᠯ ᠢᠶᠠᠷ ᠥᠨᠥᠴᠢᠨ ᠬᠤᠴᠣᠷᠤᠭᠰᠠᠨ ᠬᠡᠳᠦᠨ ᠵᠢᠭᠡ ᠳᠡᠭᠡᠨ ᠥᠮᠥᠭ ᠲᠦᠰᠢᠭ ᠪᠤᠯᠬᠤ ᠶᠢ ᠰᠠᠨᠠᠵᠤ᠂ ᠬᠡᠳᠦᠶᠢᠪᠡᠷ ᠦᠪᠡᠰᠦᠪᠡᠨ | ᠳᠥᠷᠪᠡ ᠲᠠᠪᠤᠨ ᠬᠡᠦᠬᠡᠳ ᠲᠠᠢ᠂ ᠭᠠᠷ ᠮᠥᠴᠢᠳ ᠠᠮᠢᠳᠤᠷᠠᠯ ᠤᠨᠲᠤᠷᠤᠯᠭ᠎ᠠ ᠲᠠᠢ ᠪᠠᠶᠢᠭᠰᠠᠨ ᠴᠤ ᠡᠷᠤᠭᠡ ᠭᠡᠷ ᠤᠨ ᠢᠶᠠᠨ ᠠᠯᠢ ᠪᠦᠭᠦᠨ ᠢ ᠲᠠᠶᠠᠭᠳᠠᠵᠤ᠂ ᠬᠠᠨᠢ | ᠨᠥᠬᠦᠷ ᠲᠠᠢ ᠪᠠᠨ ᠵᠥᠪᠳᠡᠯᠴᠡᠵᠦ ᠬᠡᠳᠦᠨ ᠵᠢᠭᠡ ᠨᠠᠷ ᠢᠶᠠᠨ ᠳᠠᠭᠠᠭᠤᠯᠵᠤ᠂ ᠨᠢᠭᠡ ᠬᠤᠲᠠ ᠤᠰᠤᠨ ᠳᠠᠭᠠᠨ ᠬᠠᠮᠲᠤ ᠠᠮᠢᠳᠤᠷᠠᠭᠤᠯᠬᠤ ᠪᠣᠯᠭᠠᠵᠠᠢ᠃ ᠡᠨᠡ ᠨᠢ ᠠᠪᠤ ᠨᠠᠰᠤ | ᠪᠠᠷᠠᠭᠰᠠᠨ ᠠᠴᠠ ᠬᠤᠶᠢᠰᠢᠬᠢ ᠳᠥᠷᠪᠡ ᠲᠠᠪᠤᠨ ᠵᠢᠯ ᠤᠨ ᠳᠠᠷᠠᠭᠠᠬᠢ ᠤᠴᠢᠷ ᠪᠤᠯᠬᠤ ᠶᠤᠮ᠃ ᠠᠪᠤ ᠶᠢ ᠨᠠᠰᠤ ᠪᠤᠯᠬᠤ ᠳᠤ ᠪᠢ ᠰᠠᠶ᠋ᠢ ᠠᠷᠪᠠᠨ ᠬᠤᠶᠠᠷ ᠭᠤᠷᠪᠠ ᠶᠢᠨ | ᠲᠥᠯᠥᠪ ᠲᠠᠢ ᠪᠠᠶᠢᠭᠰᠠᠨ᠃ ᠦᠨᠡᠨ ᠳᠡᠭᠡᠨ ᠡᠷᠤᠭᠡ ᠭᠡᠷ ᠤᠨ ᠢᠶᠠᠨ ︽ᠭᠤᠣᠯ ᠡᠵᠡᠨ ᠭᠠᠤᠯᠢᠨ ᠪᠤᠷᠬᠠᠨ︾ ᠢᠶᠠᠨ ᠠᠯᠳᠠᠭᠰᠠᠨ ᠡᠵᠢ ᠮᠢᠨᠢ ᠲᠤᠬᠠᠢ ᠶᠢᠨ ᠦᠶ᠎ᠡ ᠳᠤ | ᠴᠣᠬᠤᠮ ᠠᠮᠢᠳᠤᠷᠠᠯ ᠳᠠᠭᠠᠨ ᠶᠠᠭᠠᠬᠢᠵᠤ ᠡᠭᠦᠷᠲᠦᠵᠦ ᠪᠠᠶᠢᠭᠰᠠᠨ ᠢ ᠤᠲᠤ ᠰᠠᠨᠠᠬᠤ ᠳᠤ ᠵᠢᠷᠦᠬᠡ ᠰᠢᠮᠰᠢᠷᠡᠬᠦ ᠶᠢᠨ ᠲᠤᠶᠢᠯ ᠪᠣᠯᠣᠨ᠎ᠠ᠃ ᠭᠡᠪᠡᠴᠦ ᠡᠭᠦᠨ ᠤ ᠲᠤᠬᠠᠢ | ᠤᠲᠤ ᠶᠠᠭᠤ ᠬᠡᠯᠡᠨ᠎ᠡ ᠳ᠋ᠧ⁈ ᠠᠷᠭ᠎ᠠ ᠦᠭᠡᠢ ᠶᠢᠨ ᠡᠷᠬᠡᠨ ᠳᠤ ᠡᠵᠢ ᠮᠢᠨᠢ ᠳᠡᠭᠦᠦ ᠶᠢᠨ ᠢᠶᠠᠨ ᠰᠠᠨᠠᠭ᠎ᠠ ᠠᠶ᠎ᠠ ᠶᠢ ᠲᠠᠭᠠᠵᠤ᠂ ᠡᠪᠡᠳᠴᠢᠨ ᠡᠮᠭᠡᠭ ᠲᠠᠢ ᠮᠠᠭᠤ | ᠪᠡᠶ᠎ᠡ ᠪᠠᠨ ᠴᠢᠷᠴᠦ ᠬᠤᠶᠠᠳᠤᠭᠠᠷ ᠬᠦᠦ ᠪᠠᠷ ᠢᠶᠠᠨ ᠠᠰᠠᠷᠠᠭᠤᠯᠤᠨ ᠪᠠᠶᠢᠵᠤ᠂ ᠨᠠᠭᠠᠴᠤ ᠪᠣᠯᠣᠨ ᠨᠠᠭᠠᠴᠤ ᠡᠮᠧ ᠶᠢᠨ ᠠᠴᠢᠯᠠᠯ ᠵᠢᠷᠤᠮ ᠰᠢᠩᠭᠡᠭᠰᠡᠨ ᠠᠷᠢᠭᠤᠨ | ᠬᠠᠶᠢᠷ᠎ᠠ ᠪᠠᠷ ᠳᠡᠭᠦᠦ ᠶᠢᠨ ᠢᠶᠠᠨ ᠭᠠᠷ ᠳᠡᠭᠡᠷ᠎ᠡ ᠨᠠᠰᠤ ᠪᠣᠯᠵᠤ ᠪᠢᠯᠡ᠃ ᠪᠤᠲᠤᠬᠤᠯᠠ ᠲᠡᠷᠡ ᠦᠶ᠎ᠡ ᠳᠤ ᠮᠢᠨᠤ ᠬᠠᠮᠤᠭ ᠶᠡᠭᠡ ᠡᠭᠡᠴᠢ ᠮᠢᠨᠢ ᠬᠡᠳᠦᠶᠢᠪᠡᠷ ᠬᠤᠷᠢᠨ | ᠭᠤᠷᠪᠠ ᠳᠥᠷᠪᠡ ᠭᠦᠷᠤᠭ᠍ᠰᠡᠨ ᠴᠤ ᠤᠨᠠᠵᠤ ᠲᠤᠰᠲᠠᠭ ᠭᠡᠮ ᠠᠷᠬᠠᠭ ᠲᠠᠢ ᠠᠴᠠ ᠪᠣᠯᠵᠤ᠂ ᠪᠢᠲᠡᠨ ᠢ ᠳᠣᠳᠣᠮᠳᠠᠨ ᠡᠵᠢ ᠳᠤ ᠬᠠᠪᠰᠤᠷᠤᠯᠭ᠎ᠠ ᠪᠤᠯᠬᠤ ᠪᠠᠶᠢᠲᠤᠭᠠᠢ | ᠨᠠᠭᠠᠲᠤ ᠵᠠᠬ᠎ᠠ ᠨᠢ ᠥᠪᠡᠷ ᠤᠨ ᠪᠡᠶ᠎ᠡ ᠪᠣᠯᠣᠨ ᠡᠷᠤᠭᠡ ᠭᠡᠷ ᠤᠨ ᠢᠶᠠᠨ ᠠᠵᠤ ᠠᠮᠢᠳᠤᠷᠠᠯ ᠳᠤ ᠭᠦᠷᠲᠡᠯ᠎ᠡ ᠵᠠᠷᠢᠮ ᠦᠶ᠎ᠡ ᠵᠥᠪ ᠦᠭᠡᠢ ᠪᠣᠯᠵᠤ ᠪᠠᠶᠢᠳᠠᠭ ᠢᠶᠠᠷ | ᠬᠥᠭᠡᠷᠦᠬᠦᠢ ᠨᠠᠭᠠᠴᠤ ᠮᠢᠨᠢ ᠲᠡᠶᠢᠮᠤ ᠨᠢᠭᠡᠨ ᠰᠢᠢᠳᠪᠦᠷᠢ ᠭᠠᠷᠭᠠᠭᠰᠠᠨ ᠪᠠᠶᠢᠬ᠎ᠠ︕ | ᠡᠨᠡ ᠪᠦᠭᠦᠨ ᠢ ᠡᠷᠭᠢᠴᠡᠭᠦᠯᠵᠦ ᠰᠠᠨᠠᠬᠤ ᠳᠤ ᠪᠢ ᠮᠥᠨ ᠯᠠ ᠠᠪᠤ ᠳᠠᠭᠠᠨ ᠥᠷᠢ ᠲᠥᠯᠥᠭᠡᠰᠦ ᠲᠠᠢ ᠬᠤᠴᠣᠷᠤᠭᠰᠠᠨ ᠶᠤᠮ ᠰᠢᠭ᠋ ᠡᠵᠢ ᠳᠡᠭᠡᠨ ᠴᠤ | ᠠᠴᠢᠯᠠᠯ ᠢᠶᠠᠨ ᠭᠦᠢᠴᠡᠳᠬᠡᠵᠦ ᠴᠢᠳᠠᠭᠰᠠᠨ ᠦᠭᠡᠢ᠂ ᠨᠠᠰᠤᠨ ᠲᠤᠷᠰᠢ ᠰᠡᠳᠬᠢᠯ ᠤᠨ ᠬᠠᠷᠠᠮᠰᠠᠯ ᠲᠠᠢ ᠪᠣᠯᠤᠭᠰᠠᠨ ᠤ ᠨᠢᠭᠡᠨ᠃ ᠡᠨᠡ ᠨᠢ ᠮᠠᠭᠤ ᠵᠢᠭᠡ ᠶᠢᠨ ᠴᠢᠨᠢ ᠤᠲᠤ | ᠰᠠᠶ᠋ᠢ ᠤᠬᠠᠭᠠᠷᠠᠵᠤ ᠠᠪᠤᠭᠰᠠᠨ᠂ ᠬᠥᠮᠥᠨ ᠤ ᠠᠮᠢᠳᠤᠷᠠᠯ ᠤᠨ ᠤᠯᠠ ᠮᠥᠷ ᠲᠤ ᠥᠪᠡᠷ ᠤᠨ ᠭᠡᠰᠡᠨ ᠪᠦᠷᠢᠨ ᠲᠥᠬᠦᠷ ᠦᠵᠡᠯ ᠪᠤᠲᠤᠯ ᠲᠠᠢ ᠪᠣᠯᠵᠤ ᠪᠠᠶᠢᠬᠤ ᠤᠴᠢᠷ | ᠪᠤᠯᠬᠤ ᠲᠡᠳᠦᠢ᠃ ᠲᠡᠭᠡᠭᠦ ᠪᠠᠷ ᠢᠶᠠᠨ ᠨᠠᠭᠠᠴᠤ ᠳᠠᠭᠠᠨ ᠪᠠᠭ᠎ᠠ ᠴᠤ ᠭᠡᠰᠡᠨ ᠠᠴᠢ ᠬᠠᠷᠢᠭᠤᠯᠠᠵᠤ᠂ ᠬᠡᠳᠦᠨ ᠬᠡᠦᠬᠡᠳ ᠠᠴᠢᠷ ᠲᠠᠢ ᠨᠢ ᠠᠳᠠᠯᠢ ᠠᠴᠢᠯᠠᠯ ᠵᠢᠷᠤᠮ ᠤᠨ | ᠡᠨᠡᠷᠢᠩᠭᠦᠢ ᠰᠡᠳᠬᠢᠯ ᠲᠠᠢ ᠪᠠᠶᠢᠬᠤ ᠶᠢ ᠰᠠᠨᠠᠳᠠᠭ ᠴᠤ ᠮᠢᠨᠤ ᠬᠤᠪᠢ ᠳᠤ ᠵᠦᠪᠭᠡᠨ ᠵᠢᠯ ᠳᠡᠭᠡᠨ ᠭᠡᠲᠤ ᠤᠳᠠᠭ᠎ᠠ ᠡᠷᠭᠢᠵᠦ ᠦᠵᠡᠳᠡᠭ ᠠᠴᠠ ᠪᠢᠰᠢ᠂ ᠥᠭᠡᠷ᠎ᠡ | ᠴᠠᠭᠠᠰᠢ ᠶᠠᠭᠤ ᠶᠢ ᠴᠤ ᠪᠤᠲᠤᠵᠤ ᠲᠤᠩᠭᠠᠯ ᠦᠭᠡᠢ ᠳᠠᠩᠴᠤ ᠲᠦᠭᠦᠭᠡ ᠲᠣᠮᠤᠭ᠎ᠠ ᠦᠭᠡᠢ ᠶᠠᠪᠤᠵᠠᠢ᠃ | ᠨᠠᠭᠠᠴᠤ ᠶᠢ ᠪᠤᠷᠬᠠᠨ ᠪᠣᠯᠤᠭᠰᠠᠨ ᠬᠠᠷᠠᠮᠰᠠᠯ ᠭᠡᠮᠰᠢᠯ ᠤᠨ ᠡᠮᠭᠡᠨᠢᠯ ᠭᠠᠰᠢᠭᠤᠳᠠᠯ ᠲᠠᠢ ᠲᠡᠷᠡ ᠬᠦ ᠮᠥᠴᠡ ᠳᠤ ᠵᠣᠯ ᠢᠶᠠᠷ ᠪᠢᠲᠡ ᠴᠤ ᠬᠡᠦᠬᠡᠳ ᠠᠴᠢᠷ ᠤᠨ ᠲᠠᠨᠢ | ᠬᠠᠮᠲᠤ ᠬᠠᠶᠢᠷᠠᠲᠤ ᠨᠠᠭᠠᠴᠤ ᠶᠢᠨ ᠢᠶᠠᠨ ᠭᠡᠭᠡᠨ ᠯᠠᠭᠱᠠᠨ ᠤ ᠳᠡᠷᠭᠡᠳᠡ ᠨᠢᠭᠡ ᠭᠡᠲᠤ ᠪᠠᠷ ᠢᠶᠠᠨ ᠪᠠᠶᠢᠵᠤ ᠪᠠᠶᠢᠭᠰᠠᠨ ᠮᠠᠨᠢ - ᠮᠥᠩᠬᠡ ᠲᠡᠭᠷᠢ ᠶᠢᠨ ᠢᠪᠡᠭᠡᠯ ᠳᠤ | ᠪᠠᠭᠲᠠᠵᠤ ᠴᠢᠳᠠᠭᠰᠠᠨ ᠤ ᠪᠤᠶᠠᠨ ᠤᠤ︖ ᠮᠥᠷᠭᠦᠵᠦ ᠬᠤᠴᠣᠷᠬᠤ ᠶᠢᠨ ᠡᠷᠬᠡᠨ ᠳᠤ ᠠᠴᠢᠯᠠᠯ ᠮᠡᠬᠦᠰᠳᠡᠭᠰᠡᠨ ᠤ ᠬᠠᠷᠠᠮᠰᠠᠯ ᠤᠤ︖ ᠭᠡᠵᠦ ᠪᠤᠲᠤᠬᠤ ᠠᠴᠠ ᠰᠡᠳᠬᠢᠯ | ᠶᠡᠭᠡ ᠬᠦᠨᠳᠦ ᠪᠠᠶᠢᠨ᠎ᠠ ᠠ᠋︕ ᠨᠠᠭᠠᠴᠤ ᠮᠢᠨᠢ᠃ | ᠢᠩᠭᠢᠵᠦ ᠪᠤᠲᠤᠬᠤ ᠳᠤ ᠨᠠᠭᠠᠴᠤ ᠶᠢᠨ ᠮᠢᠨᠢ ︽ᠠᠯᠲᠠᠨ ᠤᠷᠤᠭ︾ ᠤᠨ ᠠᠷᠢᠭᠤᠨ ᠪᠠᠷᠢᠯᠳᠤᠯᠭ᠎ᠠ ᠶᠢᠨ ᠠᠮᠢ ᠵᠠᠶᠠᠭᠠᠨ ᠤ ᠬᠤᠪᠢ ᠲᠠᠪᠢᠯᠠᠩ ᠨᠢ ᠪᠣᠯᠵᠤ | ᠢᠷᠡᠭᠰᠡᠨ᠂ ᠨᠠᠰᠤᠨ ᠤ ᠬᠠᠨᠢ ᠪᠤᠯᠬᠤ ᠨᠠᠭᠠᠴᠤ ᠡᠮᠧ ᠶᠢᠨ ᠮᠢᠨᠢ ᠲᠠᠯᠠᠢ ᠶᠡᠭᠡ ᠠᠴᠢ ᠡᠨᠡᠷᠢᠯ ᠴᠤ ᠠᠴᠢᠲᠤ ᠬᠤᠶᠠᠷ ᠪᠤᠭᠤᠷᠤᠯ ᠤᠨ ᠮᠢᠨᠢ ᠭᠡᠭᠡᠨ ᠳᠦᠷᠢ ᠪᠠᠷ᠂ ᠠᠯᠢ | ᠡᠰᠡᠬᠦᠯ᠎ᠡ ᠨᠠᠭᠠᠴᠤ ᠶᠢᠨ ᠮᠢᠨᠢ ᠢᠪᠡᠭᠡᠯ ᠬᠡᠰᠢᠭ ᠢᠶᠠᠷ ︽ᠠᠴᠢᠷ ᠦᠷ᠎ᠡ ᠤᠳᠤᠮ ᠰᠤᠳᠤᠷ︾ ᠢᠶᠠᠨ ᠭᠡᠰᠡᠨ ᠠᠭᠤᠤ ᠬᠠᠶᠢᠷ᠎ᠠ ᠶᠢᠨ ᠠᠤᠭ᠎ᠠ ᠬᠦᠴᠦᠨ ᠮᠢᠨᠤ ᠪᠡᠶ᠎ᠡ | ᠰᠡᠳᠬᠢᠯ ᠤᠨ ᠡᠵᠡᠮᠳᠡᠯ ᠪᠣᠯᠵᠤ᠂ ᠤᠶᠤᠨ ᠮᠡᠳᠡᠷᠡᠯ ᠳᠤ ᠮᠠᠨᠢ ᠶᠠᠭᠤ ᠨᠢᠭᠡ ᠶᠢ ᠤᠴᠢᠷᠯᠠᠵᠤ ᠤᠬᠠᠭᠠᠷᠠᠭᠤᠯᠤᠨ ᠪᠠᠶᠢᠮᠠᠷᠬᠠᠨ ᠰᠠᠨᠠᠭᠳᠠᠯ᠎ᠠ᠃ | ᠨᠢᠭᠡ ᠬᠤᠲᠠ ᠤᠰᠤᠨ ᠳᠠᠭᠠᠨ ᠵᠡᠭᠦᠨ ᠪᠠᠷᠠᠭᠤᠨ ᠠᠶᠢᠯ ᠢᠶᠠᠷ ᠰᠠᠭᠤᠷᠢᠰᠢᠨ᠂ ᠦᠷᠭᠦᠭᠡ ᠴᠠᠭᠠᠨ ᠭᠡᠷ ᠤᠨ ᠴᠢᠨᠢ ᠡᠭᠦᠳᠡᠨ ᠪᠣᠱᠤᠭ᠎ᠠ ᠶᠢ ᠨᠥᠮᠥᠷᠢᠳᠡᠨ | ᠲᠣᠭᠯᠠᠵᠤ ᠨᠠᠭᠠᠳᠳᠠᠭ ᠪᠠᠶᠢᠭᠰᠠᠨ ᠠᠴᠢ ᠵᠢᠭᠡ ᠨᠠᠷ ᠴᠢᠨᠢ ᠤᠲᠤ ᠬᠡᠳᠦᠶᠢᠪᠡᠷ ︽ᠭᠠᠷ ᠨᠢ ᠭᠠᠨᠵᠤᠭᠠᠨ ᠳᠤ ᠬᠥᠯ ᠨᠢ ᠳᠥᠷᠥᠭᠡᠨ ᠳᠤ︾ ᠬᠦᠷᠴᠦ᠂ ᠬᠠᠮᠤᠭ ᠪᠠᠭ᠎ᠠ | ᠨᠢ ᠭᠡᠳ ᠲᠠᠪᠢ ᠶᠢ ᠠᠶᠠᠳᠠᠵᠤ ᠲᠣᠮᠤᠭᠠᠵᠢᠭᠰᠠᠨ ᠴᠤ ᠲᠠᠨ ᠤ ᠬᠢ ᠪᠠᠨ ᠨᠢᠳᠦ ᠰᠡᠳᠬᠢᠯ ᠳᠤ ᠮᠥᠨ ᠯᠡ ᠪᠠᠭ᠎ᠠ ᠵᠠᠯᠠᠭᠤ ᠬᠡᠦᠬᠡᠳ ᠨᠠᠰᠤ ᠪᠠᠷ ᠢᠶᠠᠨ ᠪᠠᠶᠢᠬᠤ | ᠤᠴᠢᠷᠲᠠᠢ ᠪᠢᠯᠡ᠃ | ᠬᠠᠶᠢᠯᠭᠠᠨ ᠰᠡᠳᠬᠢᠯ ᠤᠨ ᠮᠢᠨᠢ ᠬᠠᠶᠢᠷ᠎ᠠ ᠶᠢᠨ ᠰᠢᠲᠦᠭᠡᠨ ᠪᠣᠯᠵᠤ ᠢᠷᠡᠭᠰᠡᠨ ᠬᠠᠶᠢᠷᠠᠲᠤ ᠨᠠᠭᠠᠴᠤ ᠮᠢᠨᠢ ᠠ᠋︕ ᠲᠠ ᠮᠢᠨᠢ ᠠᠴᠢᠲᠤ ᠬᠤᠶᠠᠷ ᠪᠤᠭᠤᠷᠤᠯ ᠲᠠᠢ | ᠮᠢᠨᠢ ᠠᠳᠠᠯᠢ ᠪᠤᠷᠬᠠᠨ ᠤ ᠣᠷᠣᠨ ᠳᠠᠭᠠᠨ ᠠᠮᠤᠷᠯᠢᠩᠭᠤᠢ ᠨᠣᠶᠢᠷᠰᠤᠬᠤ ᠪᠣᠯᠲᠤᠭᠠᠢ︕ | ᠨᠠᠭᠠᠴᠤ ᠶᠢᠨ ᠮᠢᠨᠢ ᠬᠥᠮᠥᠨ ᠮᠥᠰᠥ ᠶᠢᠨ ᠠᠭᠤᠤ ᠴᠢᠨᠠᠷ ᠭᠠᠭᠴᠠ ᠨᠠᠮ᠎ᠠ ᠳᠤ ᠪᠢᠰᠢ᠂ ᠭᠠᠴᠠᠭ᠎ᠠ ᠨᠤᠲᠤᠭ ᠢᠶᠠᠷ ᠨᠢ ᠲᠥᠪᠯᠡᠭᠰᠡᠨ ᠲᠠᠨᠢᠵᠤ ᠮᠡᠳᠡᠳᠡᠭ ᠬᠥᠮᠥᠨ | ᠪᠦᠭᠦᠨ ᠳᠤ ᠶᠠᠭᠤ ᠨᠢᠭᠡ ᠶᠢ ᠤᠴᠢᠷᠯᠠᠨ᠎ᠠ᠃ | |