● ᠰᠤᠨᠢᠬᠠᠨ ︵ᠤᠷᠳᠤᠰ ᠬᠤᠲᠠ ᠶᠢᠨ ᠮᠤᠩᠭᠤᠯ ᠦᠨᠳᠦᠰᠦᠲᠡᠨ ᠤ ᠰᠤᠷᠭᠠᠭᠤᠯᠢ ᠶᠢᠨ ᠵᠢᠷᠭᠤᠳᠤᠭᠠᠷ ᠤᠨ︶ | ᠬᠠᠶᠢᠷᠠᠳᠤ ᠡᠵᠢ ᠲᠠᠨ᠎ᠠ᠄ | ᠲᠠ ᠰᠠᠶᠢᠨ ᠪᠠᠶᠢᠨ᠎ᠠ ᠤᠤ︖ ᠪᠡᠶ᠎ᠡ ᠮᠠᠬᠠᠪᠤᠳ ᠲᠠᠨᠢ ᠰᠠᠶᠢᠨ ᠪᠠᠶᠢᠭ᠎ᠠ ᠪᠢᠵᠡ︖ | ᠨᠢᠳᠤ ᠢᠷᠮᠡᠬᠦ ᠶᠢᠨ ᠬᠤᠭᠤᠷᠤᠨᠳᠤ ᠪᠢ ᠡᠨᠡ ᠶᠢᠷᠳᠢᠨᠴᠦ ᠳᠤ ᠢᠷᠡᠬᠡᠳ ᠠᠷᠪᠠ ᠭᠠᠷᠤᠢ ᠵᠢᠯ ᠪᠤᠯᠴᠢᠬᠠᠯ᠎ᠠ᠂ ᠡᠨᠡ ᠠᠷᠪᠠ ᠭᠠᠷᠤᠢ ᠵᠢᠯ ᠤᠨ ᠲᠤᠷᠰᠢ ᠲᠠ ᠠᠭᠤᠤ | ᠶᠡᠭᠡ ᠡᠵᠢ ᠶᠢᠨ ᠬᠠᠶᠢᠷ᠎ᠠ ᠪᠠᠨ ᠶᠡᠭᠦᠯᠡᠭᠰᠡᠭᠡᠷ ᠁ ᠬᠠᠷᠢᠨ ᠶᠡᠷᠤ ᠠᠴᠠ ᠦᠬᠢᠨ ᠤ ᠪᠠᠨ ᠲᠠᠨ ᠳᠤ ᠦᠭᠬᠦᠭᠰᠡᠨ ᠪᠡᠯᠡᠭ ᠢ ᠤᠯᠤᠭᠰᠠᠨ ᠦᠬᠡᠢ᠃ ᠲᠠᠨ ᠤ | ᠲᠦᠷᠦᠭᠰᠡᠨ ᠡᠳᠦᠷ ᠬᠦᠷᠴᠦ ᠢᠷᠡᠭᠰᠡᠨ ᠲᠠᠰᠢᠷᠠᠮ ᠢᠶᠠᠷ ᠲᠠᠨ ᠳᠠᠭᠠᠨ ᠵᠠᠬᠢᠳᠠᠯ ᠪᠢᠴᠢᠵᠦ ᠪᠡᠯᠡᠭ ᠪᠠᠷᠢᠶ᠎ᠠ᠃ ᠨᠠᠳᠠ ᠳᠤ ᠭᠤᠶᠤ ᠰᠠᠶᠢᠬᠠᠨ ᠦᠬᠡ ᠬᠡᠯᠡᠯᠬᠡ ᠪᠠᠶᠢᠬᠤ | ᠦᠬᠡᠢ᠂ ᠭᠡᠬᠦ ᠳᠡᠭᠡᠨ ᠲᠠᠨ ᠳᠤ ︽ᠲᠠᠯᠠᠷᠬᠠᠯ᠎ᠠ︾ ᠬᠡᠵᠦ ᠬᠡᠯᠡᠮᠠᠷ ᠪᠠᠶᠢᠨ᠎ᠠ᠃ | ᠪᠠᠯᠴᠢᠷ ᠠᠴᠠ ᠮᠢᠨᠢ ᠡᠳᠦᠢ ᠪᠤᠯᠳᠠᠯᠡᠬᠢ ᠬᠠᠶᠢᠷ᠎ᠠ ᠳᠤ ᠴᠢᠨᠢ ᠲᠠᠯᠠᠷᠬᠠᠨ᠎ᠠ᠃ ᠰᠠᠶ᠋ᠢ ᠰᠤᠷᠭᠠᠭᠤᠯᠢ ᠳᠤ ᠤᠷᠤᠭᠰᠠᠨ ᠲᠠᠷᠡ ᠡᠳᠦᠷ ᠲᠠ ᠨᠠᠮ᠎ᠠ ᠶᠢ ᠮᠠᠰᠢ ᠰᠠᠶᠢᠬᠠᠨ | ᠭᠤᠶᠤᠯᠠᠪᠠ᠂ ᠲᠡᠬᠡᠬᠡᠳ ᠨᠠᠳᠠ ᠳᠤ ᠪᠤᠭᠴᠤ ᠡᠬᠦᠷᠦᠬᠦᠯᠦᠨ ᠰᠤᠷᠭᠠᠭᠤᠯᠢ ᠳᠤ ᠬᠦᠷᠬᠡᠵᠡᠢ᠃ ᠲᠠᠨ ᠢ ᠪᠤᠴᠠᠵᠤ ᠶᠠᠪᠤᠬᠤ ᠦᠶᠡᠰ ᠪᠢ ᠤᠬᠢᠯᠠᠵᠡᠢ᠂ ᠡᠨᠡ ᠲᠠᠨᠢᠯ ᠪᠤᠰᠤ | ᠤᠷᠴᠢᠨ ᠲᠤᠭᠤᠷᠢᠨ ᠠᠴᠠ ᠠᠶᠤᠨ᠎ᠠ᠂ ᠲᠠᠨ ᠢ ᠨᠠᠮ᠎ᠠ ᠶᠢ ᠠᠪᠬᠤ ᠦᠬᠡᠢ ᠠᠴᠠ ᠠᠶᠤᠨ᠎ᠠ᠃ ᠲᠠ ᠡᠨᠡᠷᠢᠩᠬᠦᠢ ᠪᠠᠷ ᠮᠢᠨᠤ ᠲᠤᠯᠤᠭᠠᠢ ᠶᠢ ᠢᠯᠪᠢᠵᠦ᠄ ︽ᠬᠡᠤᠬᠡᠨ ᠮᠢᠨᠢ | ᠡ᠂ ᠴᠢ ᠦᠨᠦᠳᠦᠷ ᠢᠷᠠᠭᠤ ᠠᠯᠳᠠᠷᠳᠡᠢ ᠪᠠᠷ ᠪᠠᠭ᠎ᠠ ᠰᠤᠷᠭᠠᠭᠤᠯᠢ ᠶᠢᠨ ᠰᠤᠷᠤᠭᠴᠢ ᠪᠤᠯᠵᠠᠢ᠃ ᠪᠢᠳᠡᠬᠡᠢ ᠠᠶᠤ᠂ ᠡᠵᠢ ᠨᠢ ᠤᠳᠠᠯ ᠦᠬᠡᠢ ᠴᠢᠮ᠎ᠠ ᠶᠢ ᠲᠤᠰᠬᠤ ᠪᠠᠷ | ᠢᠷᠠᠨ᠎ᠠ︾ ᠬᠡᠵᠦ ᠡᠶᠡᠯᠳᠡᠭ ᠢᠶᠠᠷ ᠬᠡᠯᠡᠪᠡ᠃ ᠲᠠ ︽ᠬᠠᠳᠠᠭᠤ ᠰᠡᠳᠬᠢᠯ︾ ᠢᠶᠠᠷ ᠪᠤᠴᠠᠵᠤ ᠶᠠᠪᠤᠪᠠ᠂ ᠬᠡᠪᠡᠴᠦ ᠲᠠᠨ ᠢ ᠪᠠᠶ᠎ᠠ ᠡᠷᠬᠢᠬᠦ ᠦᠶᠡᠰ ᠪᠢ ᠲᠠᠨ ᠤ | ᠨᠢᠯᠪᠤᠰᠦ ᠪᠠᠨ ᠠᠷᠴᠢᠵᠦ ᠪᠠᠶᠢᠬᠤ ᠶᠢ ᠤᠯᠵᠦ ᠦᠵᠡᠪᠡ᠃ ᠪᠠᠭ᠎ᠠ ᠰᠤᠷᠭᠠᠭᠤᠯᠢ ᠶᠢᠨ ᠪᠦᠬᠦ ᠬᠤᠭᠤᠴᠠᠭᠠᠨ ᠳᠤ ᠲᠠ ᠰᠠᠯᠬᠢ ᠪᠤᠷᠤᠭᠠᠨ ᠢ ᠬᠠᠶᠢᠬᠤᠷᠤᠯ ᠦᠬᠡᠢ | ᠨᠠᠮ᠎ᠠ ᠶᠢ ᠲᠤᠰᠴᠦ ᠬᠦᠷᠬᠡᠵᠦ᠂ ᠬᠡᠷ ᠲᠤ ᠬᠠᠷᠢᠮᠠᠭᠴᠠ ᠪᠠᠰᠠ ᠬᠤᠭᠤᠯᠠ ᠬᠢᠵᠦ ᠬᠤᠪᠴᠠᠰᠤ ᠤᠬᠢᠶᠠᠨ᠂ ᠬᠢᠴᠢᠶᠡᠯ ᠵᠢᠭᠠᠵᠦ ᠦᠭᠬᠦᠨ᠎ᠡ᠂ ᠪᠢ ᠠᠪᠤ ᠲᠠ ᠬᠤᠶᠠᠷ ᠲᠤ | ᠠᠭᠠᠰᠢ ᠭᠠᠷᠭᠠᠬᠤ ᠳᠤ ᠲᠠ ᠦᠷᠬᠦᠯᠵᠢ ᠬᠠᠯᠠᠰᠢᠷᠠᠯ ᠦᠬᠡᠢ ᠰᠤᠷᠭᠠᠵᠦ ᠬᠦᠮᠤᠵᠢᠭᠦᠯᠵᠤ᠂ ᠨᠠᠮ᠎ᠠ ᠶᠢ ᠠᠭᠤᠴᠢᠯᠠᠳᠠᠭ᠃ | ᠡᠳᠦᠬᠡ ᠪᠢ ᠨᠢᠬᠡᠨᠳᠠ ᠠᠷᠪᠠᠨ ᠬᠤᠶᠠᠷ ᠨᠠᠰᠤᠳᠠᠢ ᠵᠢᠷᠭᠤᠳᠤᠭᠠᠷ ᠤᠨ ᠤ ᠲᠤᠮᠤ ᠦᠬᠢᠨ ᠪᠤᠯᠵᠡᠢ᠂ ᠪᠠᠶ᠎ᠡ ᠪᠠᠨ ᠲᠠᠭᠠᠭᠠᠬᠤ ᠴᠢᠳᠠᠪᠤᠷᠢ ᠮᠢᠨᠢ ᠲᠡᠬᠡᠭᠰᠢᠯᠡᠭᠰᠡᠨ | ᠪᠤᠯᠪᠠᠴᠦ ᠮᠦᠨ ᠯᠠ ᠲᠠᠨ ᠤ ᠡᠪᠦᠷ ᠠᠴᠠ ᠰᠠᠯᠵᠦ ᠴᠢᠳᠠᠬᠤ ᠦᠬᠡᠢ᠃ ᠵᠠᠷᠢᠮ ᠳᠠᠭᠠᠨ ᠲᠤᠷ᠎ᠠ ᠵᠤᠷᠢᠭ ᠢᠶᠠᠷ ᠢᠶᠠᠨ ᠠᠭᠠᠰᠢᠯᠠᠵᠦ᠂ ᠵᠠᠷᠢᠮ ᠳᠠᠭᠠᠨ ᠲᠠᠨ ᠤ ᠬᠢᠭᠰᠡᠨ | ᠬᠤᠭᠤᠯᠠ ᠶᠢ ᠢᠳᠡᠬᠦ ᠲᠤᠷ᠎ᠠ ᠦᠬᠡᠢ ᠰᠢᠯᠢᠵᠦ ᠰᠤᠩᠭᠤᠨ᠎ᠠ᠂ ᠪᠠᠰᠠ ᠲᠠᠨ ᠤ ᠠᠪᠤᠭᠰᠠᠨ ᠬᠤᠪᠴᠠᠰᠤ ᠱᠠᠬᠠᠢ ᠶᠢ ᠲᠤᠭᠤᠬᠤ ᠦᠬᠡᠢ᠂ ᠡᠮᠦᠰᠬᠦ ᠦᠬᠡᠢ ᠬᠡᠵᠦ | ᠠᠭᠠᠰᠢᠯᠠᠳᠠᠭ᠃ ᠵᠠᠷᠢᠮ ᠦᠶ᠎ᠡ ᠳᠤ ᠰᠠᠨᠠᠭᠠᠨ ᠳᠤ ᠨᠠᠶᠢᠴᠠᠬᠦ ᠦᠬᠡᠢ ᠤᠴᠢᠷ ᠲᠠᠭᠠᠷᠠᠪᠠᠯ ᠲᠠᠨ ᠳᠤ ᠴᠢᠷᠠᠢ ᠦᠵᠡᠬᠦᠯᠳᠡᠭ᠂ ᠬᠡᠪᠡᠴᠦ ᠲᠠ ᠶᠡᠷᠤ ᠠᠴᠠ ᠨᠠᠳᠠ ᠳᠤ | ᠭᠤᠮᠤᠳᠠᠵᠦ ᠦᠩᠬᠡᠷᠡᠭᠰᠡᠨ ᠦᠬᠡᠢ᠃ | ᠬᠠᠶᠢᠷᠠᠳᠤ ᠡᠵᠢ ᠮᠢᠨᠢ᠂ ᠨᠠᠮ᠎ᠠ ᠶᠢ ᠰᠡᠳᠬᠢᠯ ᠢᠶᠠᠷ ᠤᠬᠠᠵᠦ᠂ ᠬᠠᠮᠤᠭ ᠤᠨ ᠲᠦᠬᠡᠷᠢᠵᠦ ᠪᠠᠶᠢᠬᠤ ᠦᠶ᠎ᠡ ᠳᠤ ᠲᠠᠨ ᠤ ᠵᠤᠷᠢᠭᠵᠢᠭᠤᠯᠤᠯ ᠶᠠᠭ ᠰᠦᠨᠢ ᠶᠢᠨ ᠤᠳᠤ | ᠂ ᠬᠠᠬᠢᠷ ᠡᠪᠦᠯ ᠤᠨ ᠢᠯᠴᠢᠳᠤ ᠨᠠᠷᠠ ᠰᠢᠭ᠋ ᠮᠢᠨᠤ ᠰᠡᠳᠬᠢᠯ ᠢ ᠬᠡᠷᠡᠯᠳᠤᠬᠦᠯᠵᠦ᠂ ᠵᠢᠷᠤᠬᠡ ᠶᠢ ᠮᠢᠨᠢ ᠲᠤᠯᠠᠭᠠᠴᠠᠭᠤᠯᠳᠠᠭ᠃ ᠪᠢ ᠲᠠᠨ ᠳᠠᠭᠠᠨ ᠮᠠᠰᠢ ᠶᠡᠭᠡ ᠲᠠᠯᠠᠷᠬᠠᠵᠦ | ᠪᠠᠶᠢᠨ᠎ᠠ᠂ ᠬᠡᠳᠦ᠋ᠢᠪᠠᠷ ᠲᠠᠯᠠᠷᠬᠠᠬᠤ ᠦᠬᠡ ᠬᠡᠯᠡᠵᠦ ᠭᠠᠷᠭᠠᠭᠰᠠᠨ ᠦᠬᠡᠢ ᠪᠤᠯᠪᠠᠴᠦ ᠲᠠᠨ ᠤ ᠦᠨᠡᠨᠴᠢ ᠰᠡᠳᠬᠢᠯᠬᠡ᠂ ᠬᠦᠨ ᠤᠬᠠᠭᠠᠨ ᠲᠠᠢ ᠦᠬᠡ ᠶᠠᠷᠢᠶ᠎ᠠ᠂ ᠲᠠᠨ ᠤ | ᠠᠭᠤᠤ ᠶᠡᠭᠡ ᠬᠠᠶᠢᠷ᠎ᠠ ᠨᠢ ᠮᠢᠨᠦ ᠭᠢᠭᠰᠡᠨ ᠪᠤᠷᠤᠭᠤ ᠦᠢᠯᠡ ᠶᠢ ᠮᠢᠨᠢ ᠵᠦᠬᠡᠯᠡᠯᠡᠵᠦ ᠶᠠᠭ ᠨᠢᠬᠡ ᠬᠡᠷᠡᠯᠳᠤ ᠴᠠᠮᠬᠠᠭ ᠰᠢᠬ ᠮᠢᠨᠤ ᠦᠰᠦᠨ ᠪᠤᠶᠢᠵᠢᠬᠤ ᠵᠠᠮ ᠢ | ᠬᠡᠷᠡᠯᠳᠤᠬᠦᠯᠵᠦ ᠪᠠᠶᠢᠨ᠎ᠠ ᠬᠡᠳᠡᠭ ᠲᠤ ᠪᠢ ᠢᠳᠡᠬᠡᠵᠦ ᠪᠠᠶᠢᠨ᠎ᠠ᠃ ︽ᠵᠠᠯᠠᠭᠤ ᠬᠦᠮᠦᠨ ᠤ ᠵᠠᠮ ᠤᠨ ᠬᠦᠵᠦᠬᠦᠦ ᠤᠷᠳᠤ︾ ᠬᠡᠳᠡᠭ ᠢᠶᠠᠷ ᠬᠤᠵᠢᠮ ᠪᠢ ᠠᠯᠳᠠᠭ᠎ᠠ | ᠲᠤᠳᠠᠭᠳᠠᠯ ᠢᠶᠠᠨ ᠵᠠᠰᠠᠨ ᠵᠠᠯᠠᠷᠠᠭᠤᠯᠵᠤ᠂ ᠲᠠᠪᠠᠭᠤᠯᠢᠭ ᠲᠠᠯ᠎ᠠ ᠪᠠᠨ ᠨᠡᠩ ᠢᠯᠡᠭᠦᠦ ᠪᠠᠳᠠᠷᠠᠭᠤᠯᠵᠤ ᠬᠦᠮᠦᠨ ᠤ ᠠᠮᠢᠳᠤᠷᠠᠯ ᠤᠨ ᠵᠠᠮ ᠳᠠᠬᠢ ᠡᠷᠬᠢᠮ ᠨᠠᠨᠳᠢᠨ ᠦᠪ | ᠬᠦᠷᠦᠩᠬᠡ ᠪᠤᠯᠭᠠᠨ᠎ᠠ᠃ | ᠬᠤᠵᠢᠮ ᠪᠢ ᠪᠤᠷᠤᠭᠤ ᠪᠠᠷ ᠢᠶᠠᠨ ᠲᠤᠯᠢ ᠪᠤᠯᠭᠠᠨ ᠦᠨᠡᠨᠴᠢ ᠰᠢᠳᠤᠷᠭᠤ ᠬᠦᠮᠦᠨ ᠪᠤᠯᠵᠦ ᠠᠯᠬᠤᠮ ᠪᠦᠷᠢ ᠪᠠᠨ ᠨᠠᠷᠢᠨ ᠬᠢᠨᠠᠮᠠᠭᠠᠢ ᠬᠢᠨᠠᠵᠦ᠂ ᠲᠠᠨ ᠤ | ᠬᠠᠶᠢᠷ᠎ᠠ ᠶᠢ ᠬᠦᠰᠡᠷᠳᠡᠬᠦᠯᠬᠦ ᠦᠬᠡᠢ ᠶᠢ ᠬᠢᠴᠢᠶᠡᠶ᠎ᠡ᠂ ᠲᠠ ᠰᠠᠨᠠᠭ᠎ᠠ ᠠᠮᠦᠷ ᠪᠠᠶᠢᠭᠠᠷᠠᠢ︕ ᠦᠬᠢᠨ ᠤ ᠪᠠᠨ ᠤᠷᠦ᠋ᠢᠳᠠᠵᠦ ᠬᠦᠯᠢᠶᠡᠭᠰᠡᠨ ᠪᠤᠷᠤᠭᠤ ᠶᠢ | ᠠᠭᠤᠴᠢᠯᠠᠭᠠᠷᠠᠢ︕ | ᠡᠬᠦᠨ ᠤ ᠲᠤᠯᠠ᠄ ᠦᠬᠢᠨ ᠴᠢᠨᠢ ᠰᠤᠨᠢᠬᠠᠨ ᠠᠴᠠ ᠬᠢᠴᠢᠶᠡᠩᠬᠦ᠋ᠢᠯᠡᠪᠡ᠃ | ᠵᠢᠯᠤᠭᠤᠳᠤᠭᠰᠠᠨ ᠪᠠᠭᠰᠢ᠄ ᠤᠶᠤᠨᠲᠠᠨ᠎ᠠ | | |