ᠠᠳᠤᠭᠤᠨ ᠤ ᠴᠢᠰᠤ ᠳᠤᠲᠠᠬᠤ ᠬᠠᠯᠳᠠᠪᠤᠷᠢᠳᠤ ᠡᠪᠡᠳᠴᠢᠨ ᠢ ᠤᠷᠢᠳᠴᠢᠯᠠᠨ ᠰᠡᠷᠭᠡᠶᠢᠯᠡᠬᠦ ᠪᠠ ᠤᠰᠠᠳᠬᠠᠬᠤ ᠶᠢᠨ ᠲᠥᠯᠥᠭᠡ ︽ᠠᠳᠤᠭᠤᠨ ᠤ | ᠬᠠᠯᠳᠠᠪᠤᠷᠢᠳᠤ ᠴᠢᠰᠤ ᠳᠤᠲᠠᠬᠤ ᠡᠪᠡᠳᠴᠢᠨ ᠤ ᠰᠡᠷᠭᠡᠶᠢᠯᠡᠯᠲᠡ ᠳᠤ ᠬᠡᠷᠡᠭᠵᠢᠭᠦᠯᠬᠦ ᠠᠷᠭ᠎ᠠ︾ ᠶᠢ ᠡᠷᠬᠡᠪᠰᠢ ᠡᠷᠡᠰ ᠲᠤᠤᠱᠯᠠᠭᠤᠯᠬᠤ ᠬᠡᠷᠡᠭᠲᠡᠢ᠂ ᠴᠢᠬᠤᠯᠠ ᠠᠭᠤᠯᠭ᠎ᠠ | ᠨᠢ ᠳᠣᠣᠷᠠᠬᠢ ᠮᠡᠲᠦ᠄ | ⒈ ᠤᠷᠢᠳᠴᠢᠯᠠᠨ ᠰᠡᠷᠭᠡᠶᠢᠯᠡᠬᠦ ᠠᠷᠭ᠎ᠠ ᠮᠠᠶ᠋ᠢᠭ | ᠠᠷᠠᠴᠢᠯᠠᠯᠲᠠ ᠬᠠᠮᠢᠶᠠᠷᠤᠯᠲᠠ ᠪᠠᠨ ᠴᠢᠩᠭᠠᠳᠬᠠᠨ᠂ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠢ ᠰᠠᠶᠢᠲᠤᠷ ᠬᠢᠵᠦ ᠪᠠᠲᠠᠭᠠᠨ᠎ᠠ᠂ ᠬᠡᠳᠡᠭᠡᠨ᠎ᠡ ᠶᠢ | ᠤᠰᠠᠳᠬᠠᠨ᠎ᠠ᠃ ᠭᠠᠳᠠᠨ᠎ᠠ ᠠᠴᠠ ᠣᠷᠣᠭᠤᠯᠵᠤ ᠢᠷᠡᠬᠦ ᠠᠳᠤᠭᠤᠨ ᠳᠤ ᠬᠢᠵᠢᠭ ᠤᠨ ᠪᠠᠶᠢᠴᠠᠭᠠᠯᠲᠠ ᠬᠢᠨ᠎ᠡ᠃ ⒉ ᠰᠡᠷᠭᠡᠶᠢᠯᠡᠨ ᠵᠠᠰᠠᠬᠤ ᠠᠷᠭ᠎ᠠ ᠮᠠᠶ᠋ᠢᠭ | | ⑴ ᠪᠢᠲᠡᠭᠦᠮᠵᠢᠯᠡᠬᠦ᠄ ᠠᠳᠤᠭᠤᠨ ᠤ ᠴᠢᠰᠤ ᠳᠤᠲᠠᠬᠤ ᠬᠠᠯᠳᠠᠪᠤᠷᠢᠳᠤ ᠡᠪᠡᠳᠴᠢᠨ ᠳᠡᠯᠭᠡᠷᠡᠪᠡᠯ ᠬᠢᠵᠢᠭᠳᠦ ᠣᠷᠣᠨ ᠪᠠ ᠬᠢᠵᠢᠭ ᠤᠨ ᠴᠢᠭ ᠢ ᠵᠢᠷᠤᠨ | ᠲᠣᠭᠲᠠᠭᠠᠵᠤ ᠪᠢᠲᠡᠭᠦᠮᠵᠢᠯᠡᠬᠦ ᠬᠡᠷᠡᠭᠲᠡᠢ᠃ | ⑵ ᠬᠢᠵᠢᠭ ᠪᠠᠶᠢᠴᠠᠭᠠᠬᠤ᠄ ᠠᠳᠤᠭᠤᠨ ᠤ ᠪᠡᠶ᠎ᠡ ᠶᠢᠨ ᠬᠠᠯᠠᠭᠤᠨ ᠢ ᠨᠢ ᠬᠡᠮᠵᠢᠬᠦ᠂ ᠡᠮᠴᠢᠯᠡᠪᠦᠷᠢ ᠶᠢᠨ ᠪᠠ ᠴᠢᠰᠤᠨ ᠤ ᠪᠠᠶᠢᠴᠠᠭᠠᠯᠲᠠ ᠬᠢᠬᠦ ᠠᠴᠠ ᠭᠠᠳᠠᠨ᠎ᠠ | ᠨᠢᠭᠡ ᠰᠠᠷ᠎ᠠ ᠠᠯᠤᠰᠯᠠᠭᠤᠯᠵᠤ᠂ ᠭᠤᠷᠪᠠ ᠤᠳᠠᠭ᠎ᠠ ᠶᠢᠨ ᠨᠥᠬᠦᠪᠦᠷᠢ ᠴᠣᠭᠴᠠ ᠤᠶᠠᠯᠳᠤᠬᠤ ᠤᠷᠪᠠᠯ ᠪᠠ ᠠᠭᠠᠷᠳᠤ ᠴᠠᠷᠴᠠᠮᠠᠯ ᠳᠤ ᠲᠠᠷᠬᠠᠬᠤ ᠤᠷᠪᠠᠯ ᠤᠨ | ᠲᠤᠷᠰᠢᠯᠲᠠ ᠬᠢᠵᠦ ᠪᠠᠶᠢᠴᠠᠭᠠᠬᠤ ᠬᠡᠷᠡᠭᠲᠡᠢ᠃ | ⑶ ᠲᠤᠰᠠᠭᠠᠷᠯᠠᠬᠤ᠄ ᠰᠢᠯᠭᠠᠨ ᠲᠣᠳᠣᠯᠠᠭᠰᠠᠨ ᠴᠢᠰᠤ ᠳᠤᠲᠠᠬᠤ ᠬᠠᠯᠳᠠᠪᠤᠷᠢᠳᠤ ᠡᠪᠡᠳᠴᠢᠨ ᠲᠠᠢ ᠠᠳᠤᠭᠤ ᠪᠠ ᠰᠡᠵᠢᠭᠲᠡᠢ ᠠᠳᠤᠭᠤ ᠶᠢ ᠡᠷᠡᠭᠦᠯ | ᠠᠳᠤᠭᠤᠨ ᠤ ᠬᠤᠷᠤᠭ᠎ᠠ ᠰᠠᠷᠠᠪᠴᠢ ᠠᠴᠠ ᠬᠤᠯᠠ ᠭᠠᠵᠠᠷ ᠲᠤᠰᠠᠭᠠᠷᠯᠠᠵᠤ᠂ ᠬᠠᠯᠳᠠᠪᠤᠷᠢᠯᠠᠯ ᠤᠨ ᠥᠷᠭᠡᠵᠢᠬᠦ ᠶᠢ ᠰᠡᠷᠭᠡᠶᠢᠯᠡᠬᠦ ᠬᠡᠷᠡᠭᠲᠡᠢ᠃ | ⑷ ᠠᠷᠢᠭᠤᠳᠬᠠᠬᠤ᠄ ᠬᠠᠯᠳᠠᠪᠤᠷᠢᠳᠤ ᠴᠢᠰᠤ ᠳᠤᠲᠠᠬᠤ ᠡᠪᠡᠳᠴᠢᠨ ᠤ ᠡᠪᠡᠳᠴᠢᠨ ᠲᠠᠢ ᠠᠳᠤᠭᠤ ᠪᠠ ᠰᠡᠵᠢᠭᠲᠦ ᠠᠳᠤᠭᠤᠨ ᠤ ᠪᠣᠬᠢᠷᠲᠤᠭᠤᠯᠤᠭᠰᠠᠨ | ᠬᠤᠷᠤᠭ᠎ᠠ᠂ ᠤᠶᠠᠭᠠᠨ ᠤ ᠭᠠᠵᠠᠷ᠂ ᠡᠮᠨᠡᠨ ᠵᠠᠰᠠᠭᠰᠠᠨ ᠲᠠᠯᠠᠪᠠᠢ ᠵᠡᠷᠭᠡ ᠶᠢ ᠪᠦᠷ ᠲᠤᠶᠢᠯᠪᠤᠷᠢᠲᠠᠢ ᠠᠷᠢᠭᠤᠳᠬᠠᠬᠤ ᠬᠡᠷᠡᠭᠲᠡᠢ᠃ ᠪᠠᠭᠠᠰᠤ ᠢᠯᠭᠠᠳᠠᠰᠤ ᠶᠢ ᠨᠢ | ᠣᠪᠣᠭᠠᠯᠠᠨ ᠢᠰᠬᠡᠵᠦ ᠠᠷᠢᠭᠤᠳᠬᠠᠬᠤ ᠬᠡᠷᠡᠭᠲᠡᠢ᠃ ᠴᠢᠰᠤ ᠰᠤᠷᠤᠭᠴᠢ ᠬᠤᠷᠣᠬᠠᠢ ᠰᠢᠪᠠᠵᠢ ᠶᠢ ᠰᠡᠷᠭᠡᠶᠢᠯᠡᠬᠦ ᠶᠢᠨ ᠲᠥᠯᠥᠭᠡ 0.5% ᠶᠢᠨ ᠬᠤᠶᠠᠷᠴᠢ ᠹᠷᠤᠮ ᠤᠨ | ᠹᠣᠰᠹᠣᠷ ᠪᠤᠶᠤ 0.1% ᠳ᠋ᠢ ᠳ᠋ᠢ ᠸᠧᠢ ᠶᠢᠨ ᠰᠢᠩᠭᠡᠨ ᠢ ᠰᠦᠷᠴᠢᠵᠦ ᠪᠣᠯᠣᠨ᠎ᠠ᠃ | ⑸ ᠰᠢᠢᠳᠪᠦᠷᠢᠯᠡᠬᠦ᠄ ᠡᠪᠡᠳᠴᠢᠨ ᠲᠠᠢ ᠠᠳᠤᠭᠤ ᠶᠢ ᠲᠥᠪᠯᠡᠷᠡᠭᠦᠯᠦᠨ ᠠᠯᠠᠵᠤ ᠰᠢᠢᠳᠪᠦᠷᠢᠯᠡᠬᠦ ᠬᠡᠷᠡᠭᠲᠡᠢ᠃ ᠠᠯᠠᠭᠰᠠᠨ ᠪᠤᠶᠤ ᠬᠡᠮᠨᠡᠵᠦ ᠦᠬᠦᠭᠰᠡᠨ | ᠠᠳᠤᠭᠤᠨ ᠦᠬᠦᠳᠡᠯ ᠢ ᠰᠢᠲᠠᠭᠠᠬᠤ ᠪᠤᠶᠤ ᠭᠦᠨ ᠪᠤᠯᠠᠬᠤ ᠡᠰᠡᠬᠦᠯ᠎ᠡ ᠬᠢᠮᠢ ᠶᠢᠨ ᠦᠢᠯᠡᠳᠬᠦᠨ ᠤ ᠦᠢᠯᠡᠳᠪᠦᠷᠢ ᠳᠤ ᠬᠤᠣᠷ ᠢ ᠠᠷᠢᠯᠭᠠᠨ ᠰᠢᠢᠳᠪᠦᠷᠢᠯᠡᠵᠦ | ᠪᠣᠷᠳᠤᠭ᠎ᠠ ᠪᠣᠯᠭᠠᠨ ᠪᠤᠯᠪᠠᠰᠤᠷᠠᠭᠤᠯᠬᠤ ᠬᠡᠷᠡᠭᠲᠡᠢ᠃ | ⑹ ᠡᠭᠡᠭᠡᠯᠯᠡᠪᠥᠷᠢ ᠬᠢᠬᠦ᠄ ᠬᠢᠵᠢᠭᠳᠦ ᠣᠷᠣᠨ ᠤ ᠪᠣᠬᠢᠷᠳᠤᠯ ᠬᠦᠨᠳᠦ᠂ ᠪᠣᠬᠢᠷᠳᠤᠯ ᠤᠨ ᠬᠡᠪᠴᠢᠶ᠎ᠡ ᠨᠢ ᠶᠡᠭᠡ ᠪᠠᠶᠢᠪᠠᠯ᠂ ᠤᠷᠢᠳ ᠢᠶᠠᠷ ᠬᠢᠵᠢᠭ ᠪᠠᠶᠢᠴᠠᠭᠠᠵᠤ | ᠡᠪᠡᠳᠴᠢᠨ ᠲᠠᠢ ᠠᠳᠤᠭᠤ ᠪᠠ ᠡᠷᠡᠭᠦᠯ ᠠᠳᠤᠭᠤᠨ ᠰᠥᠷᠥᠭ ᠢ ᠰᠠᠯᠭᠠᠬᠤ ᠬᠡᠷᠡᠭᠲᠡᠢ᠃ ᠳᠠᠷᠠᠭ᠎ᠠ ᠨᠢ ᠡᠷᠡᠭᠦᠯ ᠠᠳᠤᠭᠤᠨ ᠳᠤ ᠠᠳᠤᠭᠤᠨ ᠤ ᠬᠠᠯᠳᠠᠪᠤᠷᠢᠳᠤ ᠴᠢᠰᠤ | ᠳᠤᠲᠠᠬᠤ ᠡᠪᠡᠳᠴᠢᠨ ᠤ ᠡᠯᠵᠢᠭᠡᠨ ᠴᠠᠭᠠᠨ ᠡᠰ ᠤᠨ ᠪᠠᠭᠤᠷᠠᠢ ᠬᠤᠣᠷᠲᠤ ᠸᠠᠺᠽᠢᠨ ᠲᠠᠷᠢᠨ᠎ᠠ᠃ ᠲᠠᠷᠢᠯᠭ᠎ᠠ ᠶᠢᠨ ᠳᠠᠷᠠᠭ᠎ᠠ ᠶᠡᠷᠦ ᠳᠡᠭᠡᠨ ᠲᠣᠭᠲᠠᠭᠰᠠᠨ ᠴᠠᠭ ᠲᠠᠢ | ᠬᠢᠵᠢᠭ ᠤᠨ ᠪᠠᠶᠢᠴᠠᠭᠠᠯᠲᠠ ᠬᠢᠬᠦ ᠴᠢᠬᠤᠯᠠ ᠦᠭᠡᠢ ᠪᠠᠶᠢᠳᠠᠭ᠃ ᠡᠪᠡᠳᠴᠢᠨ ᠤ ᠰᠢᠨᠵᠢ ᠲᠡᠮᠳᠡᠭ ᠪᠦᠬᠦᠢ ᠡᠪᠡᠳᠴᠢᠨ ᠲᠠᠢ ᠠᠳᠤᠭᠤ ᠶᠢ ᠰᠢᠯᠭᠠᠨ ᠭᠠᠷᠭᠠᠪᠠᠯ ᠮᠥᠨ | ᠲᠣᠭᠲᠠᠭᠠᠯ ᠶᠣᠰᠣᠭᠠᠷ ᠠᠯᠠᠵᠤ ᠰᠢᠢᠳᠪᠦᠷᠢᠯᠡᠬᠦ ᠬᠡᠷᠡᠭᠲᠡᠢ᠃ ᠡᠮᠴᠢᠯᠡᠪᠦᠷᠢ ᠶᠢᠨ ᠶᠡᠷᠦᠩᠬᠡᠶᠢᠯᠡᠭᠰᠡᠨ ᠣᠨᠣᠰᠢᠯᠠᠯᠲᠠ ᠬᠢᠭᠡᠳ ᠬᠢᠵᠢᠭᠳᠦ ᠣᠷᠣᠨ ᠳᠤ ᠲᠠᠷᠢᠯᠭ᠎ᠠ ᠶᠢᠨ | ᠳᠠᠷᠠᠭᠠᠬᠢ 6 ᠰᠠᠷ᠎ᠠ ᠳᠤ ᠡᠪᠡᠳᠴᠢᠨ ᠲᠠᠢ ᠠᠳᠤᠭᠤ ᠭᠠᠷᠤᠭᠰᠠᠨ ᠦᠭᠡᠢ ᠪᠠᠶᠢᠪᠠᠯ ᠳᠠᠷᠤᠶᠢᠬᠠᠨ ᠪᠢᠲᠡᠭᠦᠮᠵᠢᠯᠡᠬᠦ ᠪᠠᠨ ᠵᠣᠭᠰᠣᠨ᠎ᠠ᠃ | ︽ᠮᠠᠯ ᠤᠨ ᠬᠠᠯᠳᠠᠪᠤᠷᠢᠳᠤ ᠡᠪᠡᠳᠴᠢᠨ ᠤ ᠤᠬᠠᠭᠠᠨ︾ ᠭᠡᠬᠦ ᠨᠣᠮ ᠠᠴᠠ ᠪᠠᠭᠤᠯᠭᠠᠪᠠ |