ᠤᠢᠢᠷ᠎ᠠ ᠳᠤ᠂ ᠰᠢ ᠠᠨ ᠬᠤᠳᠠ ᠳᠤ ᠠᠮᠵᠢᠯᠳᠠ ᠲᠠᠢ ᠥᠨᠳᠥᠷᠯᠡᠭᠰᠡᠨ ᠪᠥᠭᠦ ᠤᠯᠤᠰ ᠤᠨ ᠠᠷᠪᠠᠨ ᠨᠢᠬᠡᠳᠥᠬᠡᠷ ᠬᠤᠭᠤᠴᠠᠭᠠᠨ ᠤ ᠵᠡᠮᠳᠡᠭᠴᠦᠳ ᠤᠨ | ᠲᠠᠮᠢᠷ ᠤᠨ ᠴᠤᠭᠯᠠᠭᠠᠨ ᠵᠢᠴᠢ ᠨᠠᠢᠮᠠᠳᠤᠭᠠᠷ ᠬᠤᠭᠤᠴᠠᠭᠠᠨ ᠤ ᠣᠨᠴᠠᠭᠠᠶ ᠣᠯᠢᠮᠫᠢᠺ ᠤᠨ ᠲᠠᠮᠢᠷ ᠤᠨ ᠴᠤᠭᠯᠠᠭᠠᠨ ᠳᠤ ᠮᠠᠠ ᠤ ᠬᠤᠳᠠ ᠶᠢᠨ ᠳᠠᠮᠢᠷᠴᠢᠨ ᠰᠥᠨ ᠫᠸᠡᠭ | ᠰᠢᠶᠠᠩ ᠰᠢᠳᠡᠬᠦᠷ ᠵᠢᠳᠠ ᠶᠢᠨ F41 ᠳᠡᠰ ᠤᠨ ᠤᠷᠤᠯᠳᠤᠭᠠᠨ ᠳᠤ 46.16 ᠮᠧᠲᠷ᠂ ᠭᠤᠤ ᠶᠦᠩ ᠴᠢᠶᠠᠩ ᠬᠢᠨᠵᠢᠳᠤ ᠪᠥᠮᠪᠦᠭᠡ ᠶᠢᠨ ᠤᠷᠤᠯᠳᠤᠭᠠᠨ ᠳᠤ 55. | 37 ᠮᠧᠲᠷ ᠤᠨ ᠬᠢᠷᠢ ᠪᠥᠳᠤᠮᠵᠢ ᠪᠠᠷ ᠳᠤᠰ ᠳᠤᠰ ᠠᠯᠳᠠᠨ ᠮᠧᠳᠠᠯ ᠲᠤᠰᠪᠠ᠃ | ᠲᠤᠤᠺᠢᠤ᠋ ᠶᠢᠨ ᠵᠡᠮᠳᠡᠭᠴᠤᠳ ᠤᠨ ᠤᠯᠢᠮᠫᠢᠺ ᠤᠨ ᠠᠯᠳᠠᠨ ᠮᠧᠳᠠᠯᠳᠤ ᠳᠠᠮᠢᠷᠴᠢᠨ ᠰᠥᠨ ᠫᠸᠡᠭ ᠰᠢᠶᠠᠩ ᠡᠷᠡᠭᠲᠠᠢ ᠶᠢᠨ ᠰᠢᠳᠡᠬᠦᠷ ᠵᠢᠳᠠ ᠶᠢᠨ F41 | ᠳᠡᠰ ᠤᠨ ᠤᠷᠤᠯᠳᠤᠭᠠᠨ ᠳᠤ 47.13 ᠮᠧᠲᠷ ᠤᠨ ᠬᠢᠷᠢ ᠪᠥᠳᠤᠮᠵᠢ ᠪᠠᠷ ᠳᠡᠯᠡᠬᠡᠢ ᠶᠢᠨ ᠳᠡᠮᠳᠡᠭᠯᠡᠯ ᠢ ᠰᠢᠨᠡᠳᠬᠡᠭᠰᠡᠨ ᠶᠤᠮ᠃ ᠡᠨᠡ ᠤᠳᠠᠭ᠎ᠠ ᠶᠢᠨ ᠪᠥᠭᠦ | ᠤᠯᠤᠰ ᠤᠨ ᠵᠡᠮᠳᠡᠭᠴᠤᠳ ᠤᠨ ᠳᠠᠮᠢᠷ ᠤᠨ ᠤᠷᠤᠯᠳᠤᠭᠠᠨ ᠳᠤ ᠳᠡᠷᠡ 3 ᠲᠥᠷᠥᠯ ᠤᠨ ᠤᠷᠤᠯᠳᠤᠭᠠᠨ ᠳᠤ ᠳᠤᠰ ᠳᠤᠰ ᠠᠯᠳᠠ᠂ ᠮᠥᠡᠭᠭᠦ᠂ ᠬᠥᠷᠡᠯ ᠮᠧᠳᠠᠯ ᠢᠶᠠᠷ | ᠡ᠊ᠡᠭᠬᠡᠷ ᠢᠶᠠᠨ ᠮᠢᠯᠢᠶᠠᠯᠭᠠᠵᠠᠢ᠃ | ᠡᠨᠡ ᠵᠢᠯ 37 ᠨᠠᠰᠤᠲᠠᠢ ᠭᠤᠤ ᠶᠦᠩ ᠴᠢᠶᠠᠩ ᠪᠥᠭᠦ ᠤᠯᠤᠰ ᠤᠨ ᠬᠢᠨᠵᠢᠳᠤ ᠪᠥᠮᠪᠦᠭᠡ ᠶᠢᠨ 52.21 ᠮᠧᠲᠷ ᠤᠨ ᠳᠡᠮᠳᠡᠭᠯᠡᠯ ᠢ 55.37 ᠮᠧᠲᠷ ᠢᠶᠠᠷ | ᠲᠠᠭᠢᠨᠳᠠ ᠰᠢᠨᠡᠳᠬᠡᠵᠠᠢ᠃ ᠳᠡᠷᠡ ᠤᠳᠤᠬᠠᠨ ᠪᠤᠯᠳᠠᠯ᠎ᠠ ᠪᠥᠭᠦ ᠤᠯᠤᠰ ᠤᠨ ᠵᠡᠮᠳᠡᠭᠴᠤᠳ ᠤᠨ ᠳᠠᠮᠢᠷ ᠤᠨ ᠤᠷᠤᠯᠳᠤᠭᠠᠨ ᠳᠤ ᠨᠠᠶᠢᠳᠠ 5 ᠬᠤᠭᠤᠴᠠᠭ᠎ᠠ ᠤᠷᠤᠯᠴᠠᠵᠤ | ᠂ ᠨᠠᠢᠮᠠᠳᠤᠭᠠᠷ᠂ ᠶᠢᠰᠥᠳᠥᠬᠡᠷ ᠬᠤᠭᠤᠴᠠᠭᠠᠨ ᠤ ᠪᠥᠭᠦ ᠤᠯᠤᠰ ᠤᠨ ᠵᠡᠮᠳᠡᠭᠴᠤᠳ ᠤᠨ ᠤᠷᠤᠯᠳᠤᠭᠠᠨ ᠤ ᠬᠢᠨᠵᠢᠳᠤ ᠪᠥᠮᠪᠦᠭᠡ ᠶᠢᠨ ᠤᠷᠤᠯᠳᠤᠭᠠᠨ ᠳᠤ ᠳᠤᠰ ᠳᠤᠰ | ᠠᠯᠳᠠᠨ ᠮᠧᠳᠠᠯ ᠢ ᠳᠤᠰᠴᠤ ᠥᠡᠭᠬᠡᠷᠡᠭᠰᠡᠨ ᠶᠤᠮ᠃ | ᠥᠢᠯᠠᠭᠠᠭᠰᠠᠨ ᠢᠶᠠᠷ᠂ ᠰᠥᠨ ᠫᠸᠡᠭ ᠰᠢᠶᠠᠩ ᠪᠤᠯ ᠤᠷᠳᠤᠰ ᠬᠤᠳᠠ ᠶᠢᠨ ᠳ᠋ᠥᠡᠭᠱᠸᠡᠭ ᠳᠤᠭᠤᠷᠢᠭ ᠤᠨ ᠬᠥᠮᠤᠨ᠂ 2011 ᠤᠨ ᠠᠴᠠ ᠡᠬᠢᠯᠡᠨ ᠮᠠᠨ ᠤ | ᠬᠤᠳᠠ ᠶᠢᠨ ᠵᠡᠮᠳᠡᠭᠴᠤᠳ ᠤᠨ ᠬᠥᠨᠳᠤ ᠬᠥᠡᠭᠬᠡᠨ ᠪᠡᠶ᠎ᠠ ᠶᠢᠨ ᠳᠠᠮᠢᠷ ᠤᠨ ᠪᠤᠯᠪᠠᠰᠤᠷᠠᠯ ᠤᠨ ᠰᠠᠭᠤᠷᠢᠨ ︵ᠤᠷᠳᠤᠰ ᠬᠤᠳᠠ ᠶᠢᠨ ᠮᠤᠩᠭᠤᠯ ᠥᠨᠳᠥᠰᠥᠳᠡᠨ ᠤ | ᠳᠤᠮᠳᠠᠳᠤ ᠰᠤᠷᠭᠠᠭᠤᠯᠢ ︶ ᠳᠤ ᠪᠤᠯᠪᠠᠰᠤᠷᠠᠯ ᠬᠥᠷᠳᠡᠵᠤ ᠡᠬᠢᠯᠡᠵᠡᠢ᠃ ᠭᠤᠤ ᠶᠦᠩ ᠴᠢᠶᠠᠩ ᠳᠠᠯᠠᠳ ᠬᠤᠰᠢᠭᠤ ᠪᠠᠷ ᠨᠤᠳᠤᠭ ᠲᠠᠢ᠂ 2005 ᠤᠨ ᠳᠤ ᠮᠥᠨ | ᠮᠠᠨ ᠤ ᠬᠤᠳᠠ ᠶᠢᠨ ᠵᠡᠮᠳᠡᠭᠴᠤᠳ ᠤᠨ ᠬᠥᠨᠳᠤ ᠬᠥᠡᠭᠬᠡᠨ ᠳᠠᠮᠢᠷ ᠤᠨ ᠪᠤᠯᠪᠠᠰᠤᠷᠠᠯ ᠤᠨ ᠰᠠᠭᠤᠷᠢᠨ ᠳᠤ ᠪᠤᠯᠪᠠᠰᠤᠷᠠᠯ ᠬᠥᠷᠳᠡᠵᠤ᠂ ᠳᠡᠳᠡ ᠬᠤᠶᠠᠭᠤᠯᠠ ᠪᠠᠨ ᠤᠷᠢᠳ | ᠬᠤᠵᠢᠳ ᠳᠠᠰᠬᠠᠵᠢᠭᠤᠯᠤᠭᠴᠢ ᠬᠠᠰᠯᠤᠤ ᠳᠤ ᠱᠠᠪᠢ ᠤᠷᠤᠵᠤ᠂ ᠵᠡᠮᠳᠡᠭᠴᠤᠳ ᠤᠨ ᠪᠡᠶ᠎ᠠ ᠶᠢᠨ ᠳᠠᠮᠢᠷ ᠤᠨ ᠥᠢᠯᠡᠰ ᠲᠠᠢ ᠬᠤᠪᠢ ᠪᠠᠷᠢᠯᠳᠤᠯᠭ᠎ᠠ ᠪᠠᠨ ᠬᠤᠯᠪᠤᠭᠰᠠᠨ | ᠪᠠᠶᠢᠨ᠎ᠠ᠃ | | |