ᠶᠡᠷᠦ ᠶᠢᠨ ᠨᠢᠭᠡ ᠬᠦᠮᠦᠨ ᠳᠤ ᠠᠪᠴᠤ ᠬᠡᠯᠡᠪᠡᠯ ᠵᠢᠵᠢᠭᠬᠡᠨ ᠶᠠᠪᠤᠳᠠᠯ ᠢ ᠡᠳᠦᠷ ᠪᠤᠯᠭᠠᠨ ᠬᠢᠬᠦ ᠶᠢ ᠪᠠᠷᠢᠮᠲᠠᠯᠠᠵᠤ᠂ ᠠᠮᠢᠳᠤᠷᠠᠯ ᠤᠨ ᠢᠶᠠᠨ ᠳᠠᠳᠬᠠᠯ ᠪᠤᠯᠭᠠᠨ | ᠲᠦᠯᠦᠪᠰᠢᠭᠦᠯᠬᠦ ᠨᠢ ᠬᠢᠯᠪᠠᠷ ᠪᠤᠰᠤ ᠶᠠᠪᠤᠳᠠᠯ ᠪᠢᠯᠡ᠃ ᠭᠡᠬᠦ ᠳᠤ ᠠᠮᠤᠷᠵᠢᠷᠭᠠᠯ ᠨᠠᠰᠤᠲᠠᠨ ᠦᠷᠯᠦᠭᠡ ᠪᠦᠷᠢ ᠡᠳᠦᠷ ᠤᠨ ᠲᠡᠮᠲᠡᠭᠯᠡᠯ ᠪᠢᠴᠢᠵᠦ᠂ ᠡᠭᠦᠨ ᠢᠶᠠᠨ 22 | ᠵᠢᠯ ᠪᠠᠷᠢᠮᠲᠠᠯᠠᠭᠰᠠᠭᠠᠷ ᠢᠷᠡᠵᠡᠢ᠃ | ᠦᠦᠰᠢᠨ ᠬᠤᠰᠢᠭᠤᠨ ᠤ ᠲᠤᠭ ᠪᠠᠯᠭᠠᠰᠤᠨ ᠤ ᠲᠤᠪᠤᠭ ᠭᠠᠴᠠᠭᠠᠨ ᠤ ᠠᠬᠠᠮᠠᠳ ᠨᠠᠮ ᠤᠨ ᠭᠡᠰᠢᠭᠦᠨ ᠠᠮᠤᠷᠵᠢᠷᠭᠠᠯ ᠨᠠᠰᠤᠲᠠᠨ 1999 ᠤᠨ ᠠᠴᠠ ᠡᠬᠢᠯᠡᠨ | ᠨᠢᠭᠡ ᠡᠳᠦᠷ ᠢ ᠴᠤ ᠤᠰᠤᠯᠳᠠᠯ ᠦᠭᠡᠢ ᠡᠳᠦᠷ ᠲᠤᠳᠤᠮ ᠤᠨ ᠠᠵᠢᠯ ᠠᠮᠢᠳᠤᠷᠠᠯ ᠤᠨ ᠲᠤᠭᠤᠷᠢᠨ ᠲᠠᠬᠢ ᠤᠴᠢᠷ ᠶᠠᠪᠤᠳᠠᠯ ᠢᠶᠠᠨ ᠲᠡᠮᠲᠡᠭᠯᠡᠨ ᠪᠢᠴᠢᠬᠦ ᠶᠢ ᠤᠳᠤ | ᠪᠤᠯᠲᠠᠯ᠎ᠠ ᠪᠠᠷᠢᠮᠲᠠᠯᠠᠵᠤ᠂ ᠪᠤᠰᠤᠳ ᠤᠨ ᠰᠤᠷᠤᠯᠴᠠᠭᠤᠰᠢᠲᠠᠢ ᠦᠢᠯᠡ ᠠᠵᠢᠯᠯᠠᠭ᠎ᠠ ᠪᠤᠯᠤᠭᠰᠠᠨ ᠪᠠᠶᠢᠨ᠎ᠠ᠃ | | | | | ᠠᠮᠤᠷᠵᠢᠷᠭᠠᠯ 1933 ᠤᠨ ᠳᠤ ᠡᠵᠢ ᠶᠢᠨ ᠢᠶᠠᠨ ᠬᠠᠮᠤᠭ ᠤᠨ ᠪᠠᠭ᠎ᠠ ᠬᠦᠦ ᠨᠢ ᠪᠤᠯᠵᠤ ᠲᠦᠷᠦᠵᠡᠢ᠃ ᠭᠡᠪᠡᠴᠦ ᠳᠦᠩᠭᠡᠵᠦ 7 ᠰᠠᠷ᠎ᠠ ᠲᠠᠢ ᠪᠠᠶᠢᠬᠤ ᠳᠤᠨᠢ | ᠡᠵᠢ ᠨᠢ ᠨᠠᠰᠤ ᠪᠠᠷᠠᠭᠰᠠᠨ ᠪᠤᠯᠬᠤᠷ ᠲᠡᠷᠡ ᠡᠵᠢ ᠶᠢᠨ ᠬᠢᠨᠢ ᠲᠡᠵᠢᠭᠡᠪᠤᠷᠢ ᠳᠡᠭᠦᠦ ᠶᠢᠨ ᠭᠠᠷ ᠳᠡᠭᠡᠷ᠎ᠡ ᠦᠰᠴᠡᠢ᠃ 12 ᠨᠠᠰᠤᠲᠠᠢ ᠳᠠᠭᠠᠨ ᠪᠠᠭ᠎ᠠ ᠰᠤᠷᠭᠠᠭᠤᠯᠢ ᠳᠤ | ᠤᠷᠤᠵᠤ᠂ ᠮᠤᠩᠭᠤᠯ ᠪᠢᠴᠢᠭ ᠰᠤᠷᠴᠤ ᠡᠬᠢᠯᠡᠨ ᠴᠢᠨᠠᠭᠰᠢᠯᠠᠨ ᠬᠤᠰᠢᠭᠤ ᠠᠶᠢᠮᠠᠭ ᠤᠨ ᠰᠤᠷᠭᠠᠭᠤᠯᠢ ᠳᠤ ᠰᠠᠭᠤᠵᠤ᠂ ᠦᠷᠭᠦᠯᠵᠢᠯᠡᠨ ᠪᠢᠴᠢᠭ ᠰᠤᠶᠤᠯ ᠤᠨ ᠮᠦᠷ ᠢ | ᠬᠦᠭᠡᠭᠡᠵᠡᠢ᠃ 1951 ᠤᠨ ᠳᠤ ᠡᠪᠡᠳᠴᠢᠨ ᠡᠮᠬᠡᠭ ᠠᠴᠠ ᠪᠤᠯᠵᠤ ᠨᠤᠲᠤᠭ ᠲᠠᠭᠠᠨ ᠪᠤᠴᠠᠵᠤ᠂ ᠭᠠᠴᠠᠭᠠᠨ ᠤ ᠪᠠᠨ ᠨᠠᠷᠢᠨ ᠪᠢᠴᠢᠭᠡᠴᠢ ᠶᠢᠨ ᠠᠵᠢᠯ ᠢ ᠬᠢᠪᠡ᠃ | 1956 ᠤᠨ ᠳᠤ ᠨᠠᠮ ᠳᠤ ᠡᠯᠰᠡᠭᠳᠡᠵᠦ᠂ ᠬᠠᠩᠭᠠᠯᠭ᠎ᠠ ᠶᠢᠨ ᠬᠤᠷᠰᠢᠶ᠎ᠠ ᠶᠢᠨ ᠪᠠᠷᠠᠭ᠎ᠠ ᠬᠤᠳᠠᠯᠳᠤᠭᠴᠢ᠂ ᠶᠡᠭᠡ ᠪᠠᠭ᠎ᠠ ᠪᠠᠷᠢᠭᠠᠳᠠ ᠶᠢᠨ ᠳᠠᠷᠤᠭ᠎ᠠ ᠵᠡᠷᠭᠡ ᠤᠯᠠᠨ | ᠠᠵᠢᠯ ᠢ ᠬᠢᠵᠦ ᠶᠠᠪᠤᠵᠠᠢ᠃ 1975 ᠤᠨ ᠳᠤ ᠭᠡᠷ ᠲᠡᠭᠡᠨ ᠬᠠᠷᠢᠵᠤ ᠮᠠᠯᠴᠢᠨ ᠤ ᠠᠮᠢᠳᠤᠷᠠᠯ ᠢᠶᠠᠨ ᠡᠬᠢᠯᠡᠭᠦᠯᠵᠡᠢ᠃ | ᠠᠮᠤᠷᠵᠢᠷᠭᠠᠯ ᠨᠠᠰᠤᠲᠠᠨ ᠤ ᠡᠳᠦᠷ ᠤᠨ ᠲᠡᠮᠲᠡᠭᠯᠡᠯ ᠠᠴᠠ ᠠᠳᠡ ᠨᠢᠭᠡ ᠬᠡᠰᠡᠭ ᠢ ᠰᠡᠶᠢᠷᠡᠭᠦᠯᠪᠡᠯ᠄ 1999 ᠤᠨ ᠤ 12 ᠰᠠᠷ᠎ᠠ ᠶᠢᠨ 1 ᠤ ᠡᠳᠦᠷ᠂ | ᠭᠠᠷᠠᠭ ᠤᠨ ᠭᠤᠷᠪᠠᠨ᠂ ᠲᠡᠭᠷᠢ ᠳᠤᠯᠠᠭᠠᠠ᠂ ᠰᠠᠯᠬᠢᠨ ᠦᠭᠡᠢ᠃ ᠬᠤᠶᠠᠷ ᠤᠮᠪᠤᠯᠤ ᠪᠠᠨ ᠳᠠᠭᠠᠭᠤᠯᠵᠤ ᠦᠦᠰᠢᠨᠵᠤᠤ ᠳᠤ ᠢᠷᠡᠪᠡ᠃ ᠪᠡᠶ᠎ᠡ ᠮᠠᠭᠤ ᠤᠴᠢᠷ ᠠᠴᠠ | ᠡᠮᠴᠢ ᠳᠤ ᠦᠵᠡᠭᠦᠯᠦᠭᠡᠳ ᠡᠮ ᠠᠪᠤᠪᠠ ᠭᠡᠵᠤ ᠪᠢᠴᠢᠵᠤ ᠪᠠᠶᠢᠯ᠎ᠠ᠃ ᠲᠡᠷᠡ ᠪᠢᠳᠡᠨ ᠳᠤ᠄ ︽ᠪᠢ ᠮᠠᠷᠭᠠᠰᠢ ᠶᠢᠨ ᠡᠳᠦᠷ ᠤᠨ ᠲᠡᠮᠲᠡᠭᠯᠡᠯ ᠳᠡᠭᠡᠷ᠎ᠡ ᠪᠠᠨ ᠲᠠᠨᠤᠰ ᠤᠨ | ᠢᠷᠡᠭᠰᠡᠨ ᠢ ᠲᠡᠮᠲᠡᠭᠯᠡᠵᠦ ᠪᠢᠴᠢᠨ᠎ᠡ︾ ᠭᠡᠵᠦ ᠠᠮᠤᠷᠵᠢᠷᠭᠠᠯ ᠨᠠᠰᠤᠲᠠᠨ ᠪᠢᠳᠠᠨ ᠳᠤ ᠶᠠᠷᠢᠵᠤ ᠪᠠᠶᠢᠯ᠎ᠠ᠃ ︽ᠢᠩᠬᠢᠭᠡᠳ ᠪᠢᠴᠢᠭᠡᠳ ᠲᠠᠯᠪᠢᠴᠢᠬᠠᠪᠠᠯ ᠬᠤᠵᠢᠮ | ᠬᠡᠷᠡᠭ ᠲᠤ ᠬᠦᠷᠬᠦ ᠴᠤ ᠶᠤᠮ ᠤᠤ᠂ ᠰᠡᠭᠦᠯᠡᠷ ᠡᠷᠭᠢᠭᠦᠯᠦᠭᠡᠳ ᠦᠵᠡᠴᠢᠬᠡᠬᠦ ᠳᠤᠷᠠᠰᠤᠮᠵᠢ ᠪᠤᠯᠬᠤ ᠶᠤᠮ ᠤᠤ ᠭᠡᠵᠦ ᠪᠤᠳᠤᠭᠠᠳ ᠡᠳᠦᠷ ᠪᠤᠯᠭᠠᠨ ᠪᠢᠴᠢᠬᠦ ᠪᠤᠯᠤᠭᠰᠠᠨ︾ | ᠭᠡᠵᠦ ᠡᠳᠦᠷ ᠤᠨ ᠲᠡᠮᠲᠡᠭᠯᠡᠯ ᠪᠢᠴᠢᠭᠰᠡᠨ ᠤᠴᠢᠷ ᠰᠢᠯᠲᠠᠭᠠᠨ ᠢᠶᠠᠨ ᠳᠦᠭᠦᠮ ᠠᠪᠰᠠᠷᠬᠠᠨ ᠬᠡᠯᠡᠪᠡ᠃ ᠠᠮᠤᠷᠵᠢᠷᠭᠠᠯ ᠨᠠᠰᠤᠲᠠᠨ ᠤ ᠡᠨᠡ ᠬᠦ᠋ ᠨᠢᠭᠡ ᠠᠵᠢᠯ ᠢ | ᠡᠬᠢᠯᠡᠭᠦᠯᠵᠦ ᠬᠢᠭᠡᠳ ᠦᠷᠭᠦᠯᠵᠢ ᠪᠠᠷᠢᠮᠲᠠᠯᠠᠳᠠᠭ ᠵᠤᠷᠢᠭ ᠰᠠᠨᠠᠭ᠎ᠠ ᠶᠢ ᠪᠢᠳᠠ ᠲᠠᠭᠠᠨ ᠰᠤᠷᠤᠯᠴᠠᠵᠤ ᠦᠢᠯᠡᠳᠦᠯᠭᠡᠵᠢᠭᠦᠯᠪᠡᠯ ᠵᠤᠬᠢᠰᠲᠠᠢ᠃ | ᠠᠮᠤᠷᠵᠢᠷᠭᠠᠯ ᠨᠠᠰᠤᠲᠠᠨ ᠪᠠᠰᠠ ᠤᠷᠤᠨ ᠨᠤᠲᠤᠭ ᠤᠨ ᠰᠤᠶᠤᠯ ᠲᠡᠤᠬᠡ᠂ ᠵᠠᠩ ᠥᠢᠯᠡ᠂ ᠭᠡᠷ ᠤᠨ ᠴᠠᠳᠢᠭ᠂ ᠰᠢᠯᠦᠭ ᠵᠤᠬᠢᠶᠠᠯ ᠵᠡᠷᠭᠡ ᠠᠭᠤᠯᠭ᠎ᠠ ᠲᠠᠢ | ᠨᠤᠮ ᠢ 15 ᠬᠡᠪᠯᠡᠭᠦᠯᠦᠨ ᠳᠠᠷᠬᠠᠭᠠᠵᠠᠢ᠃ ᠲᠡᠷᠡ ᠡᠳᠡᠭᠡᠷ ᠨᠤᠮ ᠵᠤᠬᠢᠶᠠᠯ ᠢᠶᠠᠨ ᠡᠮᠬᠢᠳᠬᠡᠨ ᠪᠢᠴᠢᠬᠦ ᠳᠡᠭᠡᠨ ᠦᠨᠡᠨ ᠪᠤᠳᠠᠲᠠᠢ ᠪᠢᠴᠢᠬᠦ ᠶᠢ ᠬᠠᠮᠤᠭ ᠤᠨ ᠤᠷᠢᠳ ᠢᠶᠠᠷ | ᠪᠠᠷᠢᠮᠲᠠᠯᠠᠪᠠ᠃ ︽ᠨᠤᠮ ᠢ ᠬᠡᠪᠯᠡᠭᠦᠯᠦᠭᠡᠳ ᠭᠠᠷᠭᠠᠴᠢᠬᠠᠪᠠᠯ ᠤᠯᠠᠨ ᠬᠦᠮᠦᠨ ᠦᠵᠡᠵᠦ ᠰᠤᠨᠢᠷᠬᠠᠨ᠎ᠠ᠂ ᠬᠡᠷᠪᠡ ᠪᠤᠷᠤᠭᠤ ᠮᠠᠳᠠᠭ ᠲᠠᠢ ᠪᠢᠴᠢᠪᠡᠯ ᠬᠦᠮᠦᠰ ᠲᠤ | ᠪᠤᠷᠤᠭᠤ ᠮᠡᠳᠡᠭᠡ ᠵᠠᠩᠭᠢ ᠶᠢ ᠳᠠᠷᠬᠠᠭᠠᠵᠤ᠂ ᠵᠦᠪ ᠪᠤᠷᠤᠭᠤ ᠶᠢ ᠬᠤᠳᠬᠤᠬᠤ ᠪᠤᠯᠤᠨ᠎ᠠ︾ ᠭᠡᠵᠦ ᠶᠠᠷᠢᠪᠠ᠃ | ᠠᠮᠤᠷᠵᠢᠷᠭᠠᠯ ᠨᠠᠰᠤᠲᠠᠨ ᠵᠠᠯᠠᠭᠤ ᠨᠠᠰᠤᠨ ᠳᠠᠭᠠᠨ ᠤᠯᠠᠨ ᠬᠠᠯᠠ ᠵᠤᠪᠠᠯᠠᠩ ᠢ ᠠᠮᠰᠠᠭᠰᠠᠨ ᠪᠤᠯᠪᠠᠴᠤ ᠦᠲᠡᠯᠦᠭᠡ ᠨᠠᠰᠤᠨ ᠳᠠᠭᠠᠨ ᠦᠵᠡᠯ ᠪᠤᠳᠤᠯ ᠲᠤᠳᠤᠷᠬᠠᠢ | ᠂ ᠪᠠᠶ᠎ᠡ ᠮᠠᠬᠠᠪᠤᠳ ᠴᠢᠬᠢᠷᠠᠭ ᠶᠠᠪᠤᠵᠤ᠂ ᠨᠢᠭᠡᠨ ᠠᠵᠢᠯ ᠢ ᠤᠳᠠᠭᠠᠨ ᠵᠢᠯ ᠪᠠᠷᠢᠮᠲᠠᠯᠠᠨ ᠬᠢᠵᠦ ᠢᠷᠡᠭᠰᠡᠨ ᠨᠢ ᠪᠢᠰᠢᠷᠡᠭᠦᠰᠢᠲᠡᠢ᠃ | | |