— 2012 ᠤᠨ ᠤ 1 ᠳ᠋ᠤᠭᠡᠷ ᠰᠠᠷ᠎ᠠ ᠶᠢᠨ 13 ᠤ ᠡᠳᠦᠷ ᠤᠷᠳᠤᠰ ᠬᠤᠳᠠ ᠶᠢᠨ | ᠬᠤᠶᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ | ᠵᠢᠷᠭᠤᠳᠤᠭᠠᠷ ᠤᠳᠠᠭᠠᠨ ᠤ ᠬᠤᠷᠠᠯᠳᠤᠭᠠᠨ ᠲᠡᠭᠡᠷ᠎ᠠ | ᠤᠷᠳᠤᠰ ᠬᠤᠳᠠ ᠶᠢᠨ ᠤᠷᠤᠯᠠᠭᠴᠢ ᠬᠤᠳᠠ ᠶᠢᠨ ᠲᠠᠷᠤᠭ᠎ᠠ ᠯᠢᠶᠠᠨ ᠰᠤ᠋ | | | | ᠲᠦᠯᠦᠭᠡᠯᠡᠭᠴᠢᠳ ᠡ᠄ | ᠤᠳᠤ᠂ ᠪᠢ ᠬᠤᠳᠠ ᠶᠢᠨ ᠠᠷᠠᠳ ᠤᠨ ᠵᠠᠰᠠᠭ ᠤᠨ ᠤᠷᠳᠤᠨ ᠢ ᠲᠦᠯᠦᠭᠡᠯᠡᠨ᠂ ᠶᠡᠭᠡ ᠬᠤᠷᠠᠯ ᠳᠤ ᠠᠵᠢᠯ ᠤᠨ ᠢᠯᠡᠳᠬᠡᠯ ᠬᠢᠶ᠎ᠠ ᠂ ᠬᠢᠨᠠᠨ ᠵᠦᠪᠯᠡᠬᠦ | ᠪᠤᠯᠪᠠᠤ᠂ ᠲᠠᠷᠠᠴᠢᠯᠠᠨ ᠬᠤᠳᠠ ᠶᠢᠨ ᠤᠯᠤᠰ ᠲᠦᠷᠦ ᠶᠢᠨ ᠵᠦᠪᠯᠡᠯᠭᠡᠨ ᠤ ᠬᠡᠰᠢᠬᠦᠳ ᠪᠠ ᠬᠤᠷᠠᠯ ᠳᠤ ᠰᠤᠯᠠ ᠤᠷᠤᠯᠴᠠᠭᠰᠠᠳ ᠰᠨᠨᠠᠯ ᠢᠶᠠᠨ ᠲᠤᠷᠠᠳᠬᠤ ᠪᠤᠯᠪᠠᠤ᠃ | | | ᠨᠢᠭᠡ᠂ 2011 ᠤᠨ ᠤ ᠠᠵᠢᠯ ᠤᠨ ᠡᠷᠬᠢᠴᠡᠬᠦᠯᠦᠯ | | 2011 ᠤᠨ ᠪᠤᠯ ︽12 · 5 ︾ ᠵᠢᠯ ᠤᠨ ᠡᠬᠢᠯᠡᠯᠳᠠ ᠶᠢᠨ ᠵᠢᠯ ᠪᠤᠯᠤᠨ᠎ᠠ᠂ ᠨᠢᠭᠡ ᠵᠢᠯ ᠤᠨ ᠲᠤᠷᠰᠢ᠂ ᠬᠤᠳᠠ ᠶᠢᠨ ᠠᠷᠠᠳ ᠤᠨ ᠵᠠᠰᠠᠭ | ᠤᠨ ᠤᠷᠳᠤᠨ ᠦᠪᠡᠷᠳᠡᠭᠡᠨ ᠵᠠᠰᠠᠬᠤ ᠤᠷᠤᠨ ᠤ ᠨᠠᠮ ᠤ ᠬᠤᠷᠢᠶ᠎ᠠ᠂ ᠵᠠᠰᠠᠭ ᠤᠨ ᠤᠷᠳᠤᠨ ᠪᠠ ᠬᠤᠳᠠ ᠶᠢᠨ ᠨᠠᠮ ᠤᠨ ᠬᠤᠷᠢᠶ᠎ᠠ ᠶᠢᠨ ᠵᠦᠪ ᠤᠳᠤᠷᠢᠳᠤᠯᠭ᠎ᠠ | ᠲᠤᠤᠷ᠎ᠠ᠂ ᠬᠤᠳᠠ ᠶᠢᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠡᠭᠭᠤ ᠶᠢᠨ ᠬᠤᠷᠢᠶ᠎ᠠ ᠪᠠ ᠤᠯᠤᠰ ᠲᠦᠷᠦ ᠶᠢᠨ ᠵᠦᠪᠯᠡᠯᠭᠡᠨ ᠤ ᠶᠡᠭᠡ | ᠲᠡᠮᠵᠢᠯᠭᠡ ᠲᠤᠤᠷ᠎ᠠ᠂ ᠪᠦᠬᠦ ᠬᠤᠳᠠ ᠶᠢᠨ ᠦᠨᠳᠤᠰᠤᠳᠠᠨ ᠨᠦᠭᠦᠳ ᠤᠨ ᠺᠠᠳ᠋ᠷ ᠤᠯᠠᠨ ᠲᠦᠮᠠᠨ ᠲᠠᠢ ᠪᠦᠯᠬᠦᠮᠳᠠᠨ ᠲᠡᠳᠠᠨ ᠢ ᠲᠠᠶᠢᠴᠢᠯᠠᠵᠤ᠂ ᠰᠢᠨᠵᠢᠯᠡᠬᠦ | ᠤᠬᠠᠭᠠᠨᠴᠢ ᠬᠦᠭᠵᠢᠯᠳᠠ ᠶᠢᠨ ᠦᠵᠡᠯᠳᠠ ᠪᠠᠷ ᠪᠦᠬᠦ ᠲᠠᠯ᠎ᠠ ᠶᠢ ᠶᠡᠷᠦᠩᠭᠡᠶᠢᠯᠠᠨ ᠵᠡᠬᠢᠷᠴᠤ᠂ ᠢᠳᠡᠪᠬᠢᠳᠠᠢ ᠤᠷᠤᠭᠰᠢᠯᠠᠨ᠂ ᠯᠠᠪᠳᠠᠭᠤᠨ ᠪᠠᠳᠤᠳᠠᠢ ᠠᠵᠢᠯᠯᠠᠭᠠᠳ | ᠬᠤᠳᠠ ᠶᠢᠨ ᠬᠤᠶᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠤᠳᠠᠭᠠᠨ ᠤ ᠬᠤᠷᠠᠯᠳᠤᠭᠠᠨ ᠠᠴᠠ | ᠲᠤᠭᠳᠠᠭᠠᠭᠰᠠᠨ ᠡᠯ᠎ᠠ ᠲᠦᠷᠦᠯ ᠤᠨ ᠬᠠᠷᠠᠯᠳᠠ ᠡᠬᠦᠷᠭᠡ ᠪᠠᠨ ᠲᠡᠬᠦᠰ ᠠᠮᠵᠢᠯᠳᠠ ᠲᠠᠢ ᠪᠡᠶᠡᠯᠡᠬᠦᠯᠵᠤ᠂ ᠠᠵᠤ ᠠᠬᠤᠢ ᠨᠡᠶᠢᠭᠡᠮ ᠤᠨ ᠰᠠᠶᠢᠨ ᠮᠦᠷᠳᠡᠭᠡᠨ ᠲᠦᠷᠭᠡᠨ | ᠬᠦᠭᠵᠢᠯᠳᠠ ᠶᠢᠨ ᠪᠠᠶᠢᠳᠠᠯ ᠢᠶᠠᠨ ᠦᠷᠬᠦᠯᠵᠢᠯᠠᠨ ᠪᠠᠳᠤᠯᠠᠵᠤ᠂ ︽12· 5︾ ᠵᠢᠯ ᠤᠨ ᠰᠠᠶᠢᠨ ᠰᠠᠶᠢᠬᠠᠨ ᠡᠬᠢᠯᠡᠯᠳᠠ ᠶᠢ ᠪᠡᠶᠡᠯᠡᠬᠦᠯᠪᠠ᠃ | ︵ᠨᠢᠭᠡ︶ ᠠᠵᠤ ᠠᠬᠤᠢ ᠶᠢᠨ ᠶᠡᠷᠦᠩᠭᠡᠶᠢᠯᠡᠭᠰᠡᠨ ᠪᠤᠳᠠᠳᠤ ᠬᠦᠴᠦᠨ ᠰᠢᠨ᠎ᠠ ᠨᠢᠭᠡᠨ ᠲᠡᠭᠳᠡᠷ ᠲᠤ ᠲᠠᠪᠰᠢᠪᠠ᠃ ᠵᠢᠱᠢᠯᠳᠠ ᠪᠠᠷ ᠪᠦᠬᠦ ᠬᠤᠳᠠ ᠶᠢᠨ ᠭᠠᠵᠠᠷ | ᠤᠷᠤᠨ ᠤ ᠦᠢᠯᠡᠳᠪᠤᠷᠢᠯᠠᠯ ᠤᠨ ᠶᠡᠷᠦᠩᠭᠡᠢ ᠦᠷᠳᠡᠭ 3000 ᠳ᠋ᠦᠡᠭᠰᠢᠭᠤᠷ ᠲᠦᠬᠦᠷᠢᠭ ᠢ ᠰᠢᠪᠳᠤᠯᠤᠨ 3200 ᠳ᠋ᠦᠡᠭᠰᠢᠭᠤᠷ ᠲᠦᠬᠦᠷᠢᠭ ᠲᠤ ᠬᠦᠷᠴᠤ᠂ | 14.5% ︵ᠬᠤᠪᠢᠷᠠᠬᠤ ᠦᠭᠡᠢ ᠦᠨ᠎ᠠ︶ ᠪᠠᠷ ᠨᠡᠮᠡᠭᠳᠡᠪᠠ︔ 796.5 ᠳ᠋ᠦᠡᠭᠰᠢᠭᠤᠷ ᠲᠦᠬᠦᠷᠢᠭ ᠤᠨ ᠡᠳ᠋ ᠤᠨ ᠵᠠᠰᠠᠭ ᠤᠨ ᠤᠷᠤᠯᠭ᠎ᠠ ᠶᠢ ᠪᠡᠶᠡᠯᠡᠬᠦᠯᠵᠤ᠂ | 48% ᠪᠠᠷ ᠨᠡᠮᠡᠭᠳᠡᠪᠠ᠂ ᠡᠬᠦᠨ ᠳᠤ ᠡᠩ ᠤᠨ ᠲᠦᠰᠦᠪ ᠤᠨ ᠤᠷᠤᠯᠭ᠎ᠠ 346.2 ᠳ᠋ᠦᠡᠭᠰᠢᠭᠤᠷ ᠲᠦᠬᠦᠷᠢᠭ ᠲᠤ ᠬᠦᠷᠴᠤ᠂ 44.8% ᠪᠠᠷ ᠨᠡᠮᠡᠭᠳᠡᠪᠠ︔ | ᠲᠤᠭᠳᠠᠮᠠᠯ ᠬᠦᠷᠦᠩᠭᠡ ᠶᠢᠨ ᠪᠠᠯᠠ ᠤᠷᠤᠭᠤᠯᠤᠯᠳᠠ 2000 ᠳ᠋ᠦᠡᠭᠰᠢᠭᠤᠷ ᠲᠦᠬᠦᠷᠢᠭ ᠢ ᠰᠢᠪᠳᠤᠯᠤᠨ᠂ 2240 ᠳ᠋ᠦᠡᠭᠰᠢᠭᠤᠷ ᠲᠦᠬᠦᠷᠢᠭ ᠲᠤ ᠬᠦᠷᠴᠤ᠂ | 18% ᠪᠠᠷ ᠨᠡᠮᠡᠭᠳᠡᠪᠠ᠂ ᠠᠵᠤ ᠠᠬᠤᠢ ᠶᠢᠨ ᠭᠤᠤᠯ ᠪᠤᠯᠬᠤ ᠬᠦᠢᠴᠡᠳᠭᠡᠬᠦ ᠲᠤᠭ᠎ᠠ ᠦᠷᠬᠦᠯᠵᠢᠯᠠᠨ ᠪᠦᠬᠦ ᠤᠷᠤᠨ ᠤ ᠲᠡᠷᠢᠬᠦᠨ ᠪᠠᠶᠢᠷᠢᠨ ᠳᠤ ᠪᠠᠶᠢᠬᠤ ᠪᠠᠶᠢᠳᠠᠯ | ᠢᠶᠠᠨ ᠬᠠᠳᠠᠭᠠᠯᠠᠭᠰᠠᠨ ᠪᠠᠶᠢᠨ᠎ᠠ᠃ ᠲᠠᠷᠢᠶᠠᠯᠠᠩ ᠮᠠᠯ ᠠᠵᠤ ᠠᠬᠤᠢ ᠲᠤᠭᠳᠠᠭᠤᠨ ᠢᠶᠠᠷ ᠬᠦᠭᠵᠢᠵᠤ᠂ ᠠᠮᠤ ᠪᠤᠳᠠᠭᠠᠨ ᠤ ᠬᠤᠷᠢᠶᠠᠯᠳᠠ 28.5 ᠳ᠋ᠦᠡᠭᠰᠢᠭᠤᠷ ᠵᠢᠩ | ᠬᠦᠷᠴᠤ᠂ ᠮᠠᠯᠵᠢᠯ ᠤᠨ ᠤᠨ ᠤ ᠮᠠᠯ ᠰᠦᠷᠦᠭ ᠤᠨ ᠶᠡᠷᠦᠩᠭᠡᠢ ᠲᠤᠭ᠎ᠠ1213 ᠲᠦᠮᠠᠨ ᠲᠤᠯᠤᠭᠠᠢ ᠬᠦᠷᠪᠠ ᠃ ᠠᠵᠤ ᠦᠢᠯᠡᠳᠪᠤᠷᠢ ᠶᠢᠨ ᠠᠵᠤ ᠠᠬᠤᠢ | ᠬᠦᠴᠦᠷᠭᠡᠭ ᠢᠶᠠᠷ ᠨᠡᠮᠡᠭᠳᠡᠵᠤ᠂ ᠬᠡᠪᠴᠢᠶᠠᠵᠢᠯ ᠠᠴᠠ ᠲᠡᠭᠡᠭᠰᠢᠬᠢ ᠠᠵᠤ ᠦᠢᠯᠡᠳᠪᠤᠷᠢ ᠶᠢᠨ ᠠᠵᠤ ᠠᠬᠤᠶᠢᠯᠠᠯ 1512 ᠳ᠋ᠦᠡᠭᠰᠢᠭᠤᠷ ᠲᠦᠬᠦᠷᠢᠭ ᠤᠨ ᠨᠡᠮᠡᠭᠳᠡᠯ | ᠦᠷᠳᠡᠭ ᠢ ᠪᠡᠶᠡᠯᠡᠬᠦᠯᠵᠤ᠂ 23% ᠪᠠᠷ ᠨᠡᠮᠡᠭᠳᠡᠪᠠ︔ 800 ᠳ᠋ᠦᠡᠭᠰᠢᠭᠤᠷ ᠲᠦᠬᠦᠷᠢᠭ ᠤᠨ ᠠᠰᠢᠭ ᠬᠤᠨᠵᠢᠪᠤᠷᠢ ᠶᠢ ᠪᠡᠶᠡᠯᠡᠬᠦᠯᠵᠤ᠂ 35% ᠪᠠᠷ ᠨᠡᠮᠡᠭᠳᠡᠪᠠ᠃ | ᠭᠤᠷᠪᠠᠳᠤᠭᠠᠷ ᠠᠵᠤ ᠦᠢᠯᠡᠰ ᠲᠦᠷᠭᠡᠨ ᠢᠶᠠᠷ ᠬᠦᠭᠵᠢᠵᠤ᠂ 1200 ᠳ᠋ᠦᠡᠭᠰᠢᠭᠤᠷ ᠲᠦᠬᠦᠷᠢᠭ ᠤᠨ ᠨᠡᠮᠡᠭᠳᠡᠯ ᠦᠷᠳᠡᠭ ᠢ ᠪᠡᠶᠡᠯᠡᠬᠦᠯᠵᠤ ᠂ 13.2% ᠢᠶᠠᠷ | ᠨᠡᠮᠡᠭᠳᠡᠪᠠ᠃ | ︵ᠬᠤᠶᠠᠷ︶ ᠠᠵᠤ ᠦᠢᠯᠡᠰ ᠤᠨ ᠪᠦᠳᠦᠴᠠ ᠶᠢᠨ ᠲᠤᠬᠢᠷᠠᠭᠤᠯᠤᠯᠳᠠ ᠰᠢᠨ᠎ᠠ ᠰᠢᠪᠳᠤᠯᠤᠯᠳᠠ ᠲᠠᠢ ᠪᠤᠯᠪᠠ᠃ ᠠᠵᠤ ᠦᠢᠯᠡᠳᠪᠤᠷᠢ ᠶᠢᠨ ᠪᠦᠳᠦᠴᠠ ᠶᠢᠨ | ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ ᠠᠯᠬᠤᠴᠠ ᠲᠦᠷᠭᠡᠳᠴᠤ᠂ ᠪᠦᠬᠦ ᠵᠢᠯ ᠳᠤ ᠳ᠋ᠦᠡᠭᠰᠢᠭᠤᠷ ᠲᠦᠬᠦᠷᠢᠭ ᠠᠴᠠ ᠲᠡᠭᠡᠭᠰᠢᠬᠢ ᠠᠵᠤ ᠦᠢᠯᠡᠳᠪᠤᠷᠢ ᠶᠢᠨ | ᠲᠦᠷᠦᠯ ᠵᠦᠢᠯ ᠢ 107 ᠲᠦᠷᠦᠯ ᠬᠡᠷᠡᠭᠵᠢᠬᠦᠯᠵᠤ᠂ ᠡᠬᠦᠨ ᠳᠤ ᠡᠬᠢ ᠪᠠᠶᠠᠯᠢᠭ ᠤᠨ ᠪᠤᠰᠤ ᠬᠡᠯᠪᠡᠷᠢ ᠶᠢᠨ ᠠᠵᠤ ᠦᠢᠯᠡᠰ ᠤᠨ ᠲᠦᠷᠦᠯ ᠵᠦᠢᠯ 90 ᠲᠦᠷᠦᠯ | ᠪᠠᠶᠢᠨ᠎ᠠ᠃ ᠨᠡᠬᠦᠷᠡᠰᠤᠨ ᠤ ᠪᠤᠰᠤ ᠠᠵᠤ ᠦᠢᠯᠡᠰ 895 ᠳ᠋ᠦᠡᠭᠰᠢᠭᠤᠷ ᠲᠦᠬᠦᠷᠢᠭ ᠤᠨ ᠪᠠᠯᠠ ᠤᠷᠤᠭᠤᠯᠤᠯᠳᠠ ᠶᠢ ᠪᠡᠶᠡᠯᠡᠬᠦᠯᠵᠤ᠂ ᠪᠦᠬᠦ ᠠᠵᠤ ᠦᠢᠯᠡᠳᠪᠤᠷᠢ | ᠶᠢᠨ ᠪᠠᠯᠠ ᠤᠷᠤᠭᠤᠯᠤᠯᠳᠠ ᠶᠢᠨ 79.9% ᠶᠢ ᠡᠵᠡᠯᠡᠵᠤ᠂ ᠲᠡᠬᠡᠷ᠎ᠠ ᠵᠢᠯ ᠠᠴᠠ ᠵᠠᠭᠤᠨ ᠤ ᠬᠤᠪᠢ ᠶᠢᠨ ᠬᠠᠷᠢᠴᠠᠯ ᠢᠶᠠᠷ 5.7 ᠲᠡᠬᠡᠭᠰᠢᠯᠡᠵᠡᠢ᠂ ᠡᠬᠦᠨ ᠳᠤ | ᠲᠤᠨᠤᠭᠯᠠᠯ ᠦᠢᠯᠡᠳᠬᠦ ᠦᠢᠯᠡᠰ 115 ᠳ᠋ᠦᠡᠭᠰᠢᠭᠤᠷ ᠲᠦᠬᠦᠷᠢᠭ ᠤᠨ ᠪᠠᠯᠠ ᠤᠷᠤᠭᠤᠯᠤᠯᠳᠠ ᠶᠢ ᠪᠡᠶᠡᠯᠡᠬᠦᠯᠵᠤ᠂ 39.4% ᠪᠠᠷ ᠨᠡᠮᠡᠭᠳᠡᠵᠤ᠂ ᠪᠠᠯᠠ | ᠤᠷᠤᠭᠤᠯᠤᠯᠳᠠ ᠶᠢ ᠰᠢᠨ᠎ᠠ ᠬᠠᠯᠠᠮᠰᠢᠯ ᠤᠨ ᠴᠡᠭ ᠪᠤᠯᠪᠠ᠃ ᠨᠡᠬᠦᠷᠡᠰᠦᠨ ᠤ ᠪᠤᠰᠤ ᠠᠵᠤ ᠦᠢᠯᠡᠰ 530 ᠳ᠋ᠦᠡᠭᠰᠢᠭᠤᠷ ᠲᠦᠬᠦᠷᠢᠭ ᠤᠨ ᠨᠡᠮᠡᠭᠳᠡᠯ ᠦᠷᠳᠡᠭ ᠢ | ᠪᠡᠶᠡᠯᠡᠬᠦᠯᠵᠤ᠂ ᠪᠦᠬᠦ ᠠᠵᠤ ᠦᠢᠯᠡᠳᠪᠦᠷᠢ ᠶᠢᠨ ᠨᠡᠮᠡᠭᠳᠡᠯ ᠦᠷᠳᠡᠭ ᠤᠨ 31% ᠶᠢ ᠡᠵᠡᠯᠡᠵᠤ᠂ ᠲᠡᠭᠡᠷ᠎ᠠ ᠵᠢᠯ ᠠᠴᠠ ᠵᠠᠭᠤᠨ ᠤ ᠬᠤᠪᠢ ᠶᠢᠨ ᠬᠠᠷᠢᠴᠠᠯ ᠢᠶᠠᠷ 3. | 2 ᠨᠡᠮᠡᠭᠳᠡᠵᠤ᠂ ᠤᠯᠠᠨ ᠡᠰᠢᠵᠢᠯ ᠢᠶᠠᠷ ᠬᠦᠭᠵᠢᠵᠤ᠂ ᠤᠯᠠᠨ ᠲᠠᠯ᠎ᠠ ᠪᠠᠷ ᠲᠤᠯᠭᠠᠭᠤᠷᠢᠯᠠᠭᠰᠠᠨ ᠤᠳᠤ ᠦᠶ᠎ᠠ ᠶᠢᠨ ᠠᠵᠤ ᠦᠢᠯᠡᠳᠪᠤᠷᠢ ᠶᠢᠨ ᠰᠢᠰᠲ᠋ᠧᠮᠵᠢ ᠶᠠᠭ | ᠪᠦᠷᠢᠯᠳᠤᠵᠤ ᠪᠠᠶᠢᠨ᠎ᠠ᠃ ᠠᠵᠤ ᠦᠢᠯᠡᠰ ᠤᠨ ᠪᠠᠶᠢᠷᠢᠯᠠᠭᠤᠯᠤᠯᠳᠠ ᠶᠢᠨ ᠲᠤᠬᠢᠷᠠᠭᠤᠯᠤᠯᠳᠠ ᠶᠢᠨ ᠦᠷ᠎ᠠ ᠪᠦᠳᠦᠮᠵᠢ ᠲᠤᠪᠦᠶᠢᠮ᠎ᠠ ᠪᠠᠶᠢᠵᠤ᠂ ᠬᠠᠳᠤᠨ ᠭᠤᠤᠯ ᠲᠠᠭᠠᠤ | ᠵᠠᠰᠠᠮᠠᠯ ᠵᠠᠮ ᠲᠠᠭᠠᠤ ᠠᠵᠤ ᠠᠬᠤᠢ ᠶᠢᠨ ᠪᠦᠰᠠ ᠶᠢᠨ ᠪᠦᠳᠦᠭᠡᠨ ᠪᠠᠶᠢᠭᠤᠯᠤᠯᠳᠠ ᠪᠠ ︽ᠬᠤᠤᠰ ᠵᠠᠭᠤᠨ ᠳ᠋ᠦᠡᠭᠰᠢᠭᠤᠷ ᠤᠨ ᠢᠨᠵᠧᠨᠧᠷᠢᠩ︾ ᠯᠠᠪᠳᠠᠭᠤᠨ | ᠪᠠᠳᠤᠳᠠᠢ ᠶᠠᠪᠤᠭᠳᠠᠵᠤ᠂ ᠰᠢᠨ᠎ᠠ ᠪᠠᠷ ᠨᠡᠮᠡᠭᠳᠡᠭᠰᠡᠨ ᠡᠵᠡᠩᠨᠡᠯᠳᠠ ᠶᠢᠨ ᠤᠷᠤᠯᠭ᠎ᠠ ᠨᠢ ᠵᠠᠭᠤᠨ ᠳ᠋ᠦᠡᠭᠰᠢᠭᠤᠷ ᠲᠦᠬᠦᠷᠢᠭ ᠢ ᠲᠠᠪᠠᠭᠰᠠᠨ ᠠᠵᠤ ᠦᠢᠯᠡᠳᠪᠤᠷᠢ ᠶᠢᠨ | ᠬᠦᠷᠢᠶᠠᠯᠡᠩ ᠲᠤᠭᠤᠷᠢᠭ 1᠂ ᠠᠵᠤ ᠠᠬᠤᠶᠢᠯᠠᠯ 7 ᠪᠠᠶᠢᠵᠤ᠂ ᠶᠡᠷᠦᠩᠭᠡᠢ ᠲᠤᠭ᠎ᠠ ᠨᠢ ᠲᠤᠰᠪᠤᠷᠢ 4 ᠪᠠ 14 ᠪᠤᠯᠪᠠ᠃ ᠤᠳᠤ ᠦᠶ᠎ᠠ ᠶᠢᠨ ᠦᠢᠯᠡᠴᠢᠯᠡᠭᠡᠨ ᠤ | ᠦᠢᠯᠡᠰ ᠤᠨ ᠬᠦᠷᠢᠶ᠎ᠠ ᠬᠡᠪᠴᠢᠶ᠎ᠠ ᠴᠢᠨᠠᠭᠰᠢᠳᠠ ᠦᠷᠭᠡᠵᠢᠵᠤ᠂ ᠪᠦᠬᠦ ᠨᠡᠶᠢᠭᠡᠮ ᠤᠨ ᠬᠡᠷᠡᠭᠯᠡᠭᠡᠨ ᠤ ᠵᠦᠢᠯ ᠤᠨ ᠪᠤᠷᠤᠯᠠᠭᠤᠯᠤᠯᠳᠠ ᠶᠢᠨ ᠲᠤᠭ᠎ᠠ 438 | ᠳ᠋ᠦᠡᠭᠰᠢᠭᠤᠷ ᠲᠦᠬᠦᠷᠢᠭ ᠲᠤ ᠬᠦᠷᠴᠤ᠂ 17.7% ᠪᠠᠷ ᠨᠡᠮᠡᠭᠳᠡᠪᠠ︔ ᠮᠦᠡᠭᠬᠦᠨ ᠬᠦᠢᠯᠭᠡᠭᠡᠨ ᠤ ᠪᠠᠶᠢᠭᠤᠯᠤᠮᠵᠢ ᠶᠢᠨ ᠬᠠᠳᠠᠭᠠᠯᠠᠮᠵᠢ ᠪᠠ ᠵᠢᠭᠡᠯᠡᠯᠭᠡ ᠶᠢᠨ | ᠦᠯᠡᠳᠡᠪᠤᠷᠢ ᠲᠤᠭ᠎ᠠ ᠲᠤᠰᠪᠤᠷᠢ 2021.5 ᠳ᠋ᠦᠡᠭᠰᠢᠭᠤᠷ ᠲᠦᠬᠦᠷᠢᠭ ᠪᠠ 1961.3 ᠳ᠋ᠦᠡᠭᠰᠢᠭᠤᠷ ᠲᠦᠬᠦᠷᠢᠭ ᠲᠤ ᠬᠦᠷᠴᠤ᠂ 14.8% ᠪᠠ 25.6% ᠪᠠᠷ | ᠨᠡᠮᠡᠭᠳᠡᠪᠠ︔ 95 ᠳ᠋ᠦᠡᠭᠰᠢᠭᠤᠷ ᠲᠦᠬᠦᠷᠢᠭ ᠤᠨ ᠵᠢᠭᠤᠯᠴᠢᠯᠠᠯ ᠤᠨ ᠤᠷᠤᠯᠭ᠎ᠠ ᠶᠢ ᠪᠡᠶᠡᠯᠡᠬᠦᠯᠵᠤ᠂ 25% ᠪᠠᠷ ᠨᠡᠮᠡᠭᠳᠡᠪᠠ︔ 8 ᠭᠤᠤᠯᠳᠠᠯᠭ᠎ᠠ ᠲᠠᠢ ᠪᠤᠳᠠᠰ | ᠤᠨ ᠬᠦᠢᠯᠭᠡᠭᠡ ᠶᠢᠨ ᠬᠦᠷᠢᠶᠠᠯᠠᠩ ᠲᠤᠭᠤᠷᠢᠭ ᠤᠨ ᠪᠦᠳᠦᠭᠡᠨ ᠪᠠᠶᠢᠭᠤᠯᠤᠯᠳᠠ ᠶᠢ ᠲᠦᠷᠬᠡᠨ ᠪᠠᠷ ᠠᠬᠢᠭᠤᠯᠪᠠ᠃ | ︵ᠭᠤᠷᠪᠠ︶ ᠠᠷᠠᠳ ᠤᠨ ᠠᠮᠢᠳᠤᠷᠠᠯ ᠤᠨ ᠬᠢᠷᠢ ᠲᠦᠪᠰᠢᠨ ᠰᠢᠨ᠎ᠠ ᠲᠡᠭᠡᠭᠰᠢᠯᠡᠯᠳᠠ ᠲᠠᠢ ᠪᠤᠯᠪᠠ᠃ ᠡᠯ᠎ᠠ ᠱᠠᠳᠤᠨ ᠤ ᠡᠳ᠋ ᠤᠨ ᠵᠠᠰᠠᠭ ᠠᠴᠠ ᠠᠷᠠᠳ | ᠤᠨ ᠠᠮᠢᠳᠤᠷᠡᠯ ᠵᠢᠴᠢ ᠨᠡᠶᠢᠭᠡᠮ ᠤᠨ ᠠᠵᠢᠯ ᠦᠢᠯᠡᠰ ᠤᠨ ᠬᠦᠷᠢᠶ᠎ᠠ ᠬᠡᠪᠴᠢᠶᠠᠨ ᠳᠤ ᠤᠷᠤᠭᠤᠯᠤᠭᠰᠠᠨ ᠪᠠᠯᠠ ᠮᠦᠡᠭᠬᠦ 250.5 ᠳ᠋ᠦᠡᠭᠰᠢᠭᠤᠷ ᠲᠦᠬᠦᠷᠢᠭ ᠲᠤ | ᠬᠦᠷᠴᠤ᠂ ᠲᠡᠭᠡᠷ᠎ᠠ ᠵᠢᠯ ᠲᠠᠢ ᠬᠠᠷᠢᠴᠠᠭᠤᠯᠪᠠᠯ 72.5 ᠳ᠋ᠦᠡᠭᠰᠢᠭᠤᠷ ᠲᠦᠬᠦᠷᠢᠭ ᠨᠡᠮᠡᠭᠳᠡᠵᠤ᠂ ᠡᠳ᠋ ᠤᠨ ᠵᠠᠰᠠᠭ ᠤᠨ ᠶᠡᠷᠦᠩᠭᠡᠢ ᠵᠠᠷᠤᠯᠭ᠎ᠠ ᠶᠢᠨ 56% ᠶᠢ | ᠡᠵᠡᠯᠡᠵᠤ᠂ ᠵᠢᠯ ᠤᠨ ᠡᠬᠢᠨ ᠳᠤ ᠲᠤᠭᠳᠠᠭᠠᠭᠰᠠᠨ ᠡᠯ᠎ᠠ ᠲᠦᠷᠦᠯ ᠤᠨ ᠠᠷᠠᠳ ᠢ ᠬᠠᠷᠠᠭᠠᠯᠵᠠᠬᠤ ᠪᠤᠳᠠᠳᠤ ᠶᠠᠪᠤᠳᠠᠯ ᠢ ᠴᠦᠮ ᠨᠠᠶᠢᠳᠠᠪᠤᠷᠢᠵᠢᠭᠤᠯᠪᠠ᠃ ᠬᠤᠳᠠ | ᠪᠠᠯᠭᠠᠰᠤ ᠶᠢᠨ ᠰᠠᠭᠤᠭᠠᠯᠢ ᠠᠷᠠᠳ ᠤᠨ ᠬᠦᠮᠦᠨ ᠲᠤᠮᠳᠠᠴᠢ ᠲᠤᠬᠢᠷᠠᠭᠤᠯᠵᠤ ᠪᠤᠯᠬᠤ ᠤᠷᠤᠯᠭ᠎ᠠ 28986 ᠲᠦᠬᠦᠷᠢᠭ ᠬᠦᠷᠴᠤ᠂ 15% ᠪᠠᠷ ᠨᠡᠮᠡᠭᠳᠡᠪᠠ︔ | ᠮᠠᠯᠴᠢᠨ ᠲᠠᠷᠢᠶᠠᠴᠢᠨ ᠤ ᠬᠦᠮᠦᠨ ᠲᠤᠮᠳᠠᠴᠢ ᠴᠡᠪᠡᠷ ᠤᠷᠤᠯᠭ᠎ᠠ 9982 ᠲᠦᠬᠦᠷᠢᠭ ᠬᠦᠷᠴᠤ᠂ 14% ᠪᠠᠷ ᠨᠡᠮᠡᠭᠳᠡᠵᠤ᠂ ᠤᠶᠢᠷ᠎ᠠ ᠶᠢᠨ ᠵᠢᠯ ᠠᠴᠠ ᠨᠨᠰᠢ | ᠨᠡᠮᠡᠭᠳᠡᠯ ᠤᠨ ᠬᠤᠷᠳᠤᠴᠠ ᠪᠠᠷ ᠬᠠᠮᠤᠭ ᠲᠦᠷᠭᠡᠨ ᠨᠢᠭᠡ ᠵᠢᠯ ᠪᠤᠯᠤᠭᠰᠠᠨ ᠪᠠᠶᠢᠨ᠎ᠠ᠃ ᠰᠢᠨ᠎ᠠ ᠪᠠᠷ ᠨᠡᠮᠡᠭᠳᠡᠭᠰᠡᠨ ᠬᠤᠳᠠ ᠪᠠᠯᠭᠠᠰᠤ ᠶᠢᠨ ᠠᠵᠢᠯ ᠤᠯᠤᠭᠰᠠᠳ 3. | 48 ᠲᠦᠮᠠᠨ ᠬᠦᠮᠦᠨ ᠳᠤ ᠬᠦᠷᠴᠤ᠂ ᠡᠬᠦᠨ ᠳᠤ ᠤᠷᠳᠤᠰ ᠨᠤᠳᠤᠭ ᠲᠠᠢ ᠶᠡᠭᠡ ᠰᠤᠷᠭᠠᠭᠤᠯᠢ ᠶᠢᠨ ᠤᠶᠤᠳᠠᠨ 1.1 ᠲᠦᠮᠠ ᠬᠦᠮᠦᠨ ᠪᠠᠶᠢᠨ᠎ᠠ᠂ ᠬᠤᠳᠠ | ᠪᠠᠯᠭᠠᠰᠤ ᠶᠢᠨ ᠲᠡᠩᠰᠡᠯᠡᠭᠤᠯᠤᠭᠰᠠᠨ ᠠᠵᠢᠯ ᠠᠯᠳᠠᠯᠳᠠ ᠶᠢᠨ ᠨᠤᠷᠮ᠎ᠠ 2.21% ᠪᠠᠶᠢᠵᠤ᠂ ᠪᠦᠬᠦ ᠤᠯᠤᠰ᠂ ᠪᠦᠬᠦ ᠤᠷᠤᠨ ᠤ ᠬᠢᠷᠢ ᠲᠦᠪᠰᠢᠨ ᠠᠴᠠ ᠲᠤᠤᠷ᠎ᠠ | ᠪᠠᠶᠢᠨ᠎ᠠ᠃ ᠪᠠᠳᠤᠯᠠᠭ᠎ᠠ ᠶᠢᠨ ᠬᠡᠷ ᠤᠨ ᠪᠦᠳᠦᠭᠡᠨ ᠪᠠᠶᠢᠭᠤᠯᠤᠯᠳᠠ ᠬᠦᠴᠤᠨ ᠲᠡᠬᠦᠯᠳᠡᠷ ᠶᠠᠪᠤᠭᠳᠠᠵᠤ᠂ ᠪᠠᠷᠢᠯᠭ᠎ᠠ ᠡᠬᠢᠯᠡᠬᠦᠯᠦᠭᠰᠡᠨ ᠡᠯ᠎ᠠ ᠲᠦᠷᠦᠯ ᠤᠨ ᠪᠠᠳᠤᠯᠠᠭ᠎ᠠ | ᠶᠢᠨ ᠴᠢᠨᠠᠷᠳᠠᠢ ᠤᠷᠤᠨ ᠰᠠᠭᠤᠴᠠ 65078 ᠢᠵᠢ ᠬᠦᠷᠴᠦ᠂ ᠦᠪᠡᠷᠳᠡᠬᠡᠨ ᠵᠠᠰᠠᠬᠤ ᠤᠷᠤᠨ ᠠᠴᠠ ᠪᠠᠭᠤᠯᠭᠠᠭᠰᠠᠨ ᠡᠬᠦᠷᠭᠡ ᠪᠠᠨ 147% ᠪᠠᠷ ᠪᠡᠶᠡᠯᠡᠬᠦᠯᠪᠠ᠃ | ᠢᠳᠠᠪᠬᠢᠳᠠᠢ ᠪᠠᠷ ᠠᠷᠭ᠎ᠠ ᠬᠡᠮᠵᠢᠶ᠎ᠠ ᠠᠪᠤᠨ ᠪᠠᠷᠠᠭᠠᠨ ᠤ ᠦᠨ᠎ᠠ ᠶᠢ ᠲᠤᠭᠳᠠᠪᠤᠷᠢᠵᠢᠭᠤᠯᠤᠨ ᠬᠢᠵᠠᠭᠠᠷᠯᠠᠵᠤ᠂ ᠲᠠᠷᠢᠶᠠᠯᠡᠩ ᠤᠨ ᠲᠤᠰᠠᠯᠠᠬᠤ ᠪᠦᠳᠦᠭᠡᠭᠳᠡᠬᠦᠨ ᠤ | ᠦᠢᠯᠡᠳᠪᠤᠷᠢᠯᠠᠯ ᠤᠨ ᠰᠠᠭᠤᠷᠢᠨ ᠭᠠᠵᠠᠷ ᠪᠠ ᠬᠦᠢᠯᠭᠡᠭᠡᠨ ᠤ ᠰᠢᠰᠲ᠋ᠧᠮᠵᠢ ᠶᠢᠨ ᠪᠠᠶᠢᠭᠤᠯᠤᠯᠳᠠ ᠶᠢ ᠴᠢᠩᠭᠠᠳᠬᠠᠵᠤ᠂ ᠪᠠᠷᠢᠮᠵᠢᠶᠠᠴᠢᠯᠠᠭᠰᠠᠨ ᠢᠳᠡᠰᠢᠨ ᠨᠤᠭᠤᠭᠠᠨ | ᠤ ᠵᠠᠬ᠎ᠠ ᠲᠡᠯᠭᠡᠬᠦᠷ ᠢ ᠰᠢᠨ᠎ᠠ ᠪᠠᠷ 11᠂ ᠲᠠᠷᠢᠶᠠᠯᠠᠩ ᠤᠨ ᠲᠤᠰᠠᠯᠠᠬᠤ ᠪᠦᠳᠦᠭᠡᠭᠳᠡᠬᠦᠨ ᠤ ᠪᠦᠭᠡᠮ ᠢᠶᠠᠷ ᠬᠤᠳᠠᠯᠳᠤᠬᠤ ᠵᠠᠬ᠎ᠠ ᠲᠡᠯᠭᠡᠬᠦᠷ ᠢ 20᠂ ᠡᠩ ᠤᠨ | ᠦᠨᠡᠳᠤ ᠠᠷᠠᠳ ᠲᠤ ᠲᠦᠬᠦᠮ ᠦᠵᠡᠬᠦᠯᠬᠦ ᠲᠡᠯᠭᠡᠬᠦᠷ ᠢ 120 ᠪᠠᠶᠢᠭᠤᠯᠵᠤ᠂ ᠪᠠᠷᠠᠭᠠᠨ ᠤ ᠦᠨ᠎ᠠ ᠶᠢᠨ ᠬᠡᠳᠤ ᠲᠦᠷᠭᠡᠨ ᠨᠡᠮᠡᠭᠳᠡᠬᠦ ᠶᠢ ᠬᠤᠷᠢᠭᠯᠠᠬᠤ ᠳᠤ | ᠢᠳᠡᠪᠬᠢ ᠦᠢᠯᠡᠳᠤᠯ ᠦᠵᠡᠬᠦᠯᠪᠠ︔ ᠬᠦᠴᠢᠷᠳᠡᠯᠳᠠᠢ ᠤᠯᠠᠨ ᠲᠦᠮᠠᠨ ᠳᠤ ᠲᠦᠷ ᠴᠠᠭ ᠤᠨ ᠪᠠᠷᠠᠭᠠᠨ ᠤ ᠦᠨ᠎ᠠ ᠶᠢᠨ ᠨᠦᠬᠦᠪᠦᠷᠢ ᠶᠢ 3304 ᠲᠦᠮᠠᠨ | ᠲᠦᠬᠦᠷᠢᠭ ᠲᠠᠯᠪᠢᠵᠤ᠂ ᠲᠤᠤᠷ᠎ᠠ ᠤᠷᠤᠯᠭᠠᠳᠠᠳ ᠤᠨ ᠦᠨᠳᠤᠰᠤᠨ ᠠᠮᠢᠳᠤᠷᠠᠯ ᠢ ᠪᠠᠳᠤᠯᠠᠪᠠ᠃ ᠨᠡᠶᠢᠭᠡᠮ ᠤᠨ ᠪᠠᠳᠤᠯᠠᠭ᠎ᠠ ᠶᠢᠨ ᠪᠠᠷᠢᠮᠵᠢᠶ᠎ᠠ ᠶᠢ ᠴᠢᠨᠠᠭᠰᠢᠳᠠ | ᠲᠡᠭᠡᠭᠰᠢᠯᠡᠬᠦᠯᠵᠤ᠂ ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠪᠠᠷᠢᠮᠵᠢᠶ᠎ᠠ ᠶᠢ ᠬᠦᠮᠦᠨ ᠪᠤᠯᠭᠠᠨ ᠰᠠᠷ᠎ᠠ ᠪᠦᠷᠢ 20 ᠲᠦᠬᠦᠷᠢᠭ | ᠲᠡᠭᠡᠭᠰᠢᠯᠡᠬᠦᠯᠵᠤ᠂ ᠬᠤᠳᠠ ᠪᠠᠯᠭᠠᠰᠤ ᠶᠢᠨ ᠰᠠᠭᠤᠭᠠᠯᠢ ᠠᠷᠠᠳ ᠤᠨ ᠨᠠᠰᠤᠵᠢᠯ ᠤᠨ ᠠᠰᠠᠷᠠᠮᠵᠢ ᠶᠢᠨ ᠮᠦᠡᠭᠬᠦ ᠶᠢ ᠰᠠᠷ᠎ᠠ ᠪᠦᠷᠢ 100 ᠲᠦᠬᠦᠷᠢᠭ ᠪᠠ 60 | ᠲᠦᠬᠦᠷᠢᠭ ᠲᠡᠭᠡᠭᠰᠢᠯᠡᠬᠦᠯᠵᠤ᠂ ᠠᠵᠤ ᠠᠬᠤᠶᠢᠯᠠᠯ ᠤᠨ ᠠᠵᠢᠯ ᠠᠴᠠ ᠪᠠᠭᠤᠭᠰᠠᠳ ᠤᠨ ᠨᠠᠰᠤᠵᠢᠯ ᠤᠨ ᠠᠰᠠᠷᠠᠮᠵᠢ ᠶᠢᠨ ᠮᠦᠡᠭᠬᠦ ᠶᠢ ᠰᠠᠷ᠎ᠠ ᠪᠦᠷᠢ 322 | ᠲᠦᠬᠦᠷᠢᠭ ᠲᠡᠭᠡᠭᠰᠢᠯᠡᠬᠦᠯᠦᠨ᠂ ᠭᠤᠤᠯᠳᠠᠯᠭ᠎ᠠ ᠲᠠᠢ ᠬᠠᠷᠠᠭᠠᠯᠵᠠᠬᠤ ᠡᠳᠡᠭᠡᠳ ᠤᠨ ᠠᠮᠢᠳᠤᠷᠠᠯ ᠤᠨ ᠨᠦᠬᠦᠪᠦᠷᠢ ᠶᠢ ᠰᠠᠷ᠎ᠠ ᠪᠦᠷᠢ 500 ᠲᠦᠬᠦᠷᠢᠭ | ᠲᠡᠭᠡᠭᠰᠢᠯᠡᠬᠦᠯᠪᠠ᠂ ᠦᠨᠦᠴᠢᠨ ᠬᠡᠦᠭᠡᠳ ᠢ ᠲᠦᠪᠯᠡᠷᠡᠬᠦᠯᠦᠨ᠂ ᠲᠠᠷᠠᠬᠠᠢ ᠪᠠᠷ ᠠᠰᠠᠷᠠᠨ ᠲᠡᠵᠢᠭᠡᠬᠦ ᠪᠠᠷᠢᠮᠵᠢᠶ᠎ᠠ ᠶᠢ ᠰᠠᠷ᠎ᠠ ᠪᠦᠷᠢ 200 ᠲᠦᠬᠦᠷᠢᠭ ᠲᠡᠭᠡᠭᠰᠢᠯᠡᠬᠦᠯᠵᠤ | ᠂ ᠠᠮᠢ ᠠᠬᠤᠢ ᠶᠢᠨ ᠨᠡᠬᠦᠳᠠᠯ ᠠᠷᠠᠳ ᠤᠨ ᠠᠮᠢᠳᠤᠷᠠᠯ ᠤᠨ ᠨᠦᠬᠦᠪᠦᠷᠢ ᠶᠢ ᠤᠤᠯ ᠤᠨ ᠬᠦᠮᠦᠨ ᠪᠤᠯᠭᠠᠨ ᠵᠢᠯ ᠤᠨ 4000 ᠲᠦᠬᠦᠷᠢᠭ ᠠᠴᠠ ᠲᠡᠭᠡᠭᠰᠢᠯᠡᠬᠦᠯᠦᠨ | 6000 ᠲᠦᠬᠦᠷᠢᠭ ᠪᠤᠯᠭᠠᠪᠠ᠃ ᠪᠦᠬᠦ ᠬᠤᠳᠠ ᠳᠤ ᠰᠢᠨ᠎ᠠ ᠪᠠᠷ ᠪᠤᠶᠤ ᠦᠭᠡᠷᠡᠴᠢᠯᠠᠨ ᠦᠷᠭᠡᠳᠭᠡᠨ ᠪᠠᠶᠢᠭᠤᠯᠤᠭᠰᠠᠨ ᠨᠠᠰᠤᠳᠠᠨ ᠤ ᠬᠦᠷᠢᠶᠠᠯᠡᠩ 17᠂ | ᠶᠡᠷᠦᠩᠭᠡᠶᠢᠯᠡᠭᠰᠡᠨ ᠠᠰᠠᠷᠠᠮᠵᠢ ᠶᠢᠨ ᠲᠦᠪ 6 ᠪᠠᠶᠢᠨ᠎ᠠ᠃ 1.3 ᠲᠦᠮᠠᠨ ᠶᠠᠳᠠᠭᠤ ᠬᠦᠴᠢᠷᠳᠡᠯᠳᠡᠢ ᠬᠦᠮᠦᠨ ᠠᠮᠠ ᠶᠢ ᠲᠤᠭᠳᠠᠭᠤᠨ ᠢᠶᠠᠷ ᠶᠠᠳᠠᠭᠤ ᠠᠴᠠ | ᠠᠩᠬᠢᠵᠢᠷᠠᠭᠤᠯᠵᠤ᠂ 9.82 ᠲᠦᠮᠠᠨ ᠬᠦᠮᠦᠨ ᠤ ᠤᠤᠭᠤᠬᠤ ᠤᠰᠤᠨ ᠤ ᠠᠶᠤᠯ ᠦᠭᠡᠢ ᠶᠢᠨ ᠠᠰᠠᠭᠤᠳᠠᠯ ᠢ ᠰᠢᠢᠳᠪᠤᠷᠢᠯᠠᠪᠠ᠃ | ︵ᠲᠦᠷᠪᠠ︶ ᠬᠤᠳᠠ ᠬᠦᠳᠡᠭᠡ ᠶᠢ ᠨᠢᠭᠡᠳᠤᠯᠳᠠᠢ ᠲᠦᠯᠦᠪᠵᠢᠬᠦᠯᠦᠨ ᠬᠦᠭᠵᠢᠬᠦᠯᠬᠦ ᠲᠠᠯ᠎ᠠ ᠪᠠᠷ ᠰᠢᠨ᠎ᠠ ᠨᠢᠭᠡᠨ ᠠᠯᠬᠤᠮ ᠠᠯᠬᠤᠪᠠ᠃ ᠤᠷᠳᠤᠰ ᠬᠤᠳᠠ | ᠶᠢᠨ ᠬᠤᠳᠠ ᠶᠢᠨ ᠶᠡᠷᠦᠩᠭᠡᠢ ᠲᠦᠯᠦᠪᠵᠢᠬᠦᠯᠭᠡ ᠶᠢ ᠵᠠᠰᠠᠪᠤᠷᠢᠯᠠᠨ ᠲᠡᠭᠤᠰᠴᠤ᠂ ᠬᠤᠳᠠ ᠬᠦᠳᠡᠭᠡ ᠶᠢᠨ ᠲᠦᠯᠦᠪᠵᠢᠬᠦᠯᠭᠡ ᠶᠢᠨ ᠰᠢᠰᠲ᠋ᠧᠮᠵᠢ ᠶᠢ ᠴᠢᠨᠠᠭᠰᠢᠳᠠ | ᠲᠡᠬᠦᠯᠳᠡᠷᠵᠢᠬᠦᠯᠵᠡᠢ᠃ ᠬᠤᠳᠠ ᠶᠢᠨ ᠦᠭᠡᠷᠡᠴᠢᠯᠠᠨ ᠪᠦᠳᠦᠭᠡᠨ ᠪᠠᠶᠢᠭᠤᠯᠬᠤ ᠬᠦᠴᠦᠯᠡᠴᠠ ᠶᠢ ᠨᠡᠮᠡᠭᠳᠡᠬᠦᠯᠵᠤ᠂ ᠰᠢᠨ᠎ᠠ ᠪᠠᠷ ᠪᠠᠷᠢᠯᠭ᠎ᠠ ᠡᠬᠢᠯᠡᠬᠦᠯᠦᠭᠰᠡᠨ ᠪᠠᠷᠢᠯᠭ᠎ᠠ | ᠶᠢᠨ ᠲᠡᠯᠡᠪᠡᠢ 3620 ᠲᠦᠮᠠᠨ ᠲᠡᠭᠰᠢ ᠲᠦᠷᠪᠡᠯᠵᠢᠨ ᠮᠧᠲᠷ ᠬᠦᠷᠴᠤ᠂ ᠪᠡᠶᠡᠯᠡᠬᠦᠯᠦᠭᠰᠡᠨ ᠨᠤᠷᠠᠭᠠᠨ ᠰᠢᠯᠵᠢᠬᠦᠯᠦᠭᠰᠡᠨ ᠲᠠᠯᠠᠪᠠᠢ 377 ᠲᠦᠮᠠᠨ ᠲᠡᠭᠰᠢ | ᠲᠦᠷᠪᠡᠯᠵᠢᠨ ᠮᠧᠲᠷ ᠬᠦᠷᠪᠠ᠃ ᠳ᠋ᠦᠡᠭᠱᠸᠡᠭ ᠲᠤᠭᠤᠷᠢᠭ ᠤᠨ ᠪᠦᠳᠦᠭᠡᠨ ᠪᠠᠶᠢᠭᠤᠯᠤᠯᠳᠠ ᠶᠢᠨ ᠲᠡᠰ ᠴᠢᠨᠠᠭᠰᠢᠳᠠ ᠲᠡᠭᠡᠭᠰᠢᠯᠡᠵᠤ᠂ ᠠᠯᠳᠠᠨᠰᠢᠷᠡᠭᠡᠳᠤ ᠬᠢᠶ᠎ᠠ ᠪᠠᠭᠰᠢ | ᠶᠢ ᠴᠤᠭᠴᠠᠵᠢᠭᠤᠯᠤᠨ ᠬᠦᠭᠵᠢᠬᠦᠯᠬᠦ ᠠᠯᠬᠤᠴᠠ ᠲᠦᠷᠭᠡᠳᠴᠤ᠂ ᠡᠯ᠎ᠠ ᠲᠤᠮᠳᠠ ᠵᠢᠵᠢᠭ ᠬᠤᠳᠠ ᠪᠠᠯᠭᠠᠰᠤ ᠶᠢᠨ ᠢᠵᠢ ᠪᠦᠷᠢᠳᠦᠬᠦᠯᠦᠭᠰᠡᠨ ᠴᠢᠳᠠᠪᠬᠢ ᠪᠠ | ᠲᠠᠶᠢᠴᠢᠯᠠᠨ ᠲᠠᠭᠠᠭᠤᠯᠬᠤ ᠴᠢᠳᠠᠪᠤᠷᠢ ᠢᠯᠡᠳᠳᠠ ᠨᠡᠮᠡᠭᠳᠡᠵᠤ᠂ ᠬᠤᠳᠠ ᠪᠠᠯᠭᠠᠰᠤᠵᠢᠯᠳᠠ ᠶᠢᠨ ᠨᠤᠷᠮ᠎ᠠ 71% ᠬᠦᠷᠪᠠ᠃ ᠬᠤᠳᠠ ᠶᠢᠨ ᠨᠤᠭᠤᠭᠠᠷᠡᠭᠤᠯᠤᠯᠳᠠ | ᠶᠢᠨ ᠬᠦᠴᠦᠯᠡᠴᠠ ᠶᠢ ᠨᠡᠮᠡᠭᠳᠡᠬᠦᠯᠵᠤ᠂ ᠰᠢᠨ᠎ᠠ ᠪᠠᠷ ᠨᠡᠮᠡᠭᠳᠡᠬᠦᠯᠦᠭᠰᠡᠨ ᠨᠤᠭᠤᠭᠠᠷᠠᠭᠤᠯᠤᠯᠳᠠ ᠶᠢᠨ ᠲᠠᠯᠠᠪᠠᠢ 2560 ᠲᠦᠮᠠᠨ ᠲᠡᠭᠰᠢ ᠲᠦᠷᠪᠡᠯᠵᠢᠨ ᠮᠧᠲᠷ ᠬᠦᠷᠴᠤ | ᠂ ᠮᠠᠨ ᠤ ᠬᠤᠳᠠ ᠦᠪᠡᠷᠳᠡᠭᠡᠨ ᠵᠠᠰᠠᠬᠤ ᠤᠷᠤᠨ ᠤ ᠲᠠᠰ ᠤᠨ ᠴᠡᠴᠡᠷᠯᠢᠭ ᠬᠤᠳᠠ ᠶᠢ ᠠᠮᠵᠢᠯᠳᠠ ᠲᠠᠢ ᠪᠠᠷ ᠡᠬᠦᠳᠤᠨ ᠪᠠᠶᠢᠭᠤᠯᠪᠠ᠃ ᠬᠤᠳᠠ ᠬᠦᠳᠡᠭᠡ ᠶᠢᠨ | ᠨᠢᠭᠡᠳᠤᠯᠳᠠᠢ ᠲᠦᠯᠦᠪᠵᠢᠬᠦᠯᠦᠭᠰᠡᠨ ᠭᠤᠤᠯᠳᠠᠯᠭ᠎ᠠ ᠲᠠᠢ ᠪᠠᠷᠢᠯᠭ᠎ᠠ ᠯᠠᠪᠳᠠᠭᠤᠨ ᠪᠠᠳᠤᠳᠠᠢ ᠶᠠᠪᠤᠭᠳᠠᠵᠤ᠂ 16 ᠰᠤᠳᠤᠨ ᠨᠡᠬᠦᠳᠠᠯ ᠠᠷᠠᠳ ᠤᠨ ᠵᠢᠵᠢᠭ ᠲᠤᠭᠤᠷᠢᠭ | ᠢ ᠨᠢᠭᠡᠨᠳᠠ ᠪᠠᠶᠢᠭᠤᠯᠤᠨ ᠤᠷᠤᠨ ᠰᠠᠭᠤᠵᠤ᠂ 21 ᠭᠤᠤᠯᠳᠠᠯᠭᠠᠳᠤ ᠰᠠᠭᠤᠭᠠᠯᠢ ᠠᠷᠠᠳ ᠤᠨ ᠴᠡᠭ ᠤᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠤ᠂ ᠮᠠᠯᠵᠢᠬᠤ | ᠲᠠᠷᠢᠶᠠᠯᠠᠬᠤ ᠤᠷᠤᠨ ᠤ 3.9 ᠲᠦᠮᠠᠨ ᠬᠦᠮᠦᠨ ᠠᠮᠠ ᠶᠢ ᠰᠢᠯᠵᠢᠬᠦᠯᠪᠠ᠃ ᠤᠳᠤᠭ ᠤᠨ ᠡᠮᠤᠨᠡᠳᠤ ᠬᠤᠰᠢᠭᠤᠨ ᠤ ᠲᠤᠷᠰᠢᠯᠳᠠ ᠶᠢᠨ ᠴᠡᠭ ᠤᠨ ᠠᠵᠢᠯ ᠢ | ᠪᠦᠬᠦ ᠲᠠᠯ᠎ᠠ ᠪᠠᠷ ᠠᠬᠢᠭᠤᠯᠪᠠ ᠃ ᠠᠮᠢ ᠠᠬᠤᠢ ᠶᠢᠨ ᠪᠤᠯᠪᠠᠰᠤᠨ ᠤ ᠪᠠᠶᠢᠭᠤᠯᠤᠯᠳᠠ ᠪᠠ ᠰᠠᠭᠤᠷᠢ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠶᠢᠨ ᠦᠷ᠎ᠠ | ᠪᠦᠳᠦᠮᠵᠢ ᠢᠯᠡᠳᠳᠠ ᠪᠠᠶᠢᠨ᠎ᠠ᠃ 235 ᠲᠦᠮᠠᠨ ᠮᠤ᠋ ᠮᠤᠳᠤ ᠲᠠᠷᠢᠵᠤ᠂ 520 ᠲᠦᠮᠠᠨ ᠮᠤ᠋ ᠪᠡᠯᠴᠢᠭᠡᠷ ᠢ ᠰᠤᠯᠠᠳᠬᠠᠨ ᠡᠪᠡᠰᠤ ᠲᠠᠷᠢᠵᠤ᠂ 162 ᠲᠦᠮᠠᠨ ᠮᠤ᠋ | ᠬᠦᠷᠦᠰᠤ ᠰᠢᠷᠤᠢ ᠶᠢᠨ ᠢᠳᠡᠭᠳᠡᠯ ᠳᠤ ᠵᠠᠰᠠᠯᠳᠠ ᠬᠢᠪᠠ᠃ ᠲᠦᠮᠠᠨ ᠲᠦᠬᠦᠷᠢᠭ ᠤᠨ GDP ᠤᠨ ᠡᠨᠧᠷᠬᠢ ᠶᠢᠨ ᠬᠤᠷᠤᠭᠳᠠᠯ ᠢ 2.8% ᠪᠠᠷ ᠪᠠᠭᠤᠷᠡᠭᠤᠯᠵᠤ᠂ | ᠬᠦᠬᠦᠷ ᠤᠨ ᠲᠠᠪᠬᠤᠷ ᠢᠰᠤᠯ ᠢ ᠭᠠᠳᠠᠭᠰᠢᠯᠠᠭᠤᠯᠬᠤ ᠬᠡᠮᠵᠢᠶ᠎ᠠ ᠶᠢ 3.8 ᠲᠦᠮᠠᠨ ᠲᠤᠨ᠂ ᠬᠢᠮᠢ ᠶᠢᠨ ᠬᠡᠷᠡᠭᠰᠡᠬᠦ ᠬᠦᠴᠢᠯᠳᠦ᠋ᠷᠦᠭᠴᠢ ᠶᠢᠨ ᠬᠡᠮᠵᠢᠶ᠎ᠠ ᠶᠢ 2000 | ᠲᠤᠨ᠂ ᠰᠢᠪᠳᠤᠷ ᠠᠽᠤᠲ ᠢ 260 ᠲᠤᠨ᠂ ᠠᠽᠤᠲ ᠬᠦᠴᠢᠯᠳᠦ᠋ᠷᠦᠭᠴᠢᠳᠤ ᠪᠤᠳᠠᠰ ᠢ 8000 ᠲᠤᠨ ᠬᠠᠰᠤᠭᠳᠠᠭᠤᠯᠪᠠ᠃ ᠰᠢᠨ᠎ᠠ ᠪᠠᠷ ᠨᠡᠮᠡᠭᠳᠡᠭᠰᠡᠨ | ᠦᠨᠳᠤᠷ ᠲᠡᠰ ᠤᠨ ᠵᠠᠰᠠᠮᠠᠯ ᠵᠠᠮ 334 ᠺᠢᠯᠤᠮᠧᠲᠷ᠂ ᠲᠡᠮᠤᠷ ᠵᠠᠮ 82.8 ᠺᠢᠯᠤᠮᠧᠲᠷ᠂ ᠠᠶᠠᠯᠠᠯ ᠤᠨ ᠱᠤᠭᠤᠮ 17 ᠵᠤᠷᠪᠤᠰ ᠬᠦᠷᠴᠤ᠂ ᠪᠠᠭᠤᠳᠠᠯ ᠤᠨ | ᠨᠢᠰᠭᠡᠯ ᠤᠨ ᠦᠷᠳᠡᠭᠡ ᠶᠢᠨ ᠲᠤᠭᠤᠷᠢᠭ ᠢ ᠦᠭᠡᠷᠡᠴᠢᠯᠠᠨ ᠦᠷᠭᠡᠳᠭᠡᠨ ᠪᠠᠶᠢᠭᠤᠯᠬᠤ ᠭᠤᠤᠯ ᠴᠤᠭᠴᠠ ᠪᠠᠷᠢᠯᠭ᠎ᠠ ᠶᠢ ᠪᠡᠶᠡᠯᠡᠬᠦᠯᠪᠠ᠃ ᠰᠢᠨ᠎ᠠ ᠪᠠᠷ ᠨᠡᠮᠡᠭᠳᠡᠭᠰᠡᠨ | ᠠᠵᠤ ᠦᠢᠯᠡᠳᠪᠤᠷᠢ ᠶᠢᠨ ᠤᠰᠤ ᠬᠠᠨᠭ᠍ᠭᠠᠯᠭ᠎ᠠ ᠶᠢᠨ ᠴᠢᠳᠠᠪᠤᠷᠢ 2.6 ᠲᠦᠮᠠᠨ ᠪᠤᠰᠤᠭ᠎ᠠ ᠲᠦᠷᠪᠡᠯᠵᠢᠨ ᠮᠧᠲᠷ ᠬᠦᠷᠴᠤ᠂ ᠬᠠᠳᠤᠨ ᠭᠤᠤᠯ ᠤᠨ ᠦᠨᠳᠤᠷ | ᠪᠠᠷᠢᠮᠵᠢᠶᠠᠳᠤ ᠲᠠᠯᠠᠩ ᠬᠠᠰᠢᠯᠭ᠎ᠠ ᠶᠢ ᠰᠢᠨ᠎ᠠ ᠪᠠᠷ 81.6 ᠺᠢᠯᠤᠮᠧᠲᠷ ᠪᠠᠶᠢᠭᠤᠯᠵᠤ᠂ 3 ᠦᠶᠡᠷ ᠬᠤᠷᠠᠭᠤᠯᠬᠤ ᠤᠷᠤᠨ ᠤ ᠪᠦᠳᠦᠭᠡᠨ ᠪᠠᠶᠢᠭᠤᠯᠤᠯᠳᠠ ᠶᠢᠨ ᠠᠵᠢᠯ | ᠢ ᠪᠦᠬᠦ ᠲᠠᠯ᠎ᠠ ᠪᠠᠷ ᠪᠡᠶᠡᠯᠡᠬᠦᠯᠪᠠ᠃ ᠰᠢᠨ᠎ᠠ ᠪᠠᠷ ᠪᠤᠶᠤ ᠦᠷᠭᠡᠳᠭᠡᠨ ᠪᠠᠶᠢᠭᠤᠯᠤᠭᠰᠠᠨ 220 ᠺᠢᠯᠤᠸᠤᠯᠲ ᠤᠨ ᠬᠤᠪᠢᠰᠬᠠᠭᠤᠷ ᠤᠨ ᠦᠷᠳᠡᠭᠡ 9 ᠪᠠᠶᠢᠵᠤ᠂ | 110 ᠺᠢᠯᠤᠸᠤᠯᠲ ᠵᠢᠴᠢ ᠡᠬᠦᠨ ᠠᠴᠠ ᠲᠡᠬᠡᠭᠰᠢᠬᠢ ᠴᠠᠬᠢᠯᠭᠠᠨ ᠬᠦᠷᠭᠡᠬᠦ ᠬᠦᠴᠦᠳᠠᠯ ᠦᠭᠡᠷᠡᠴᠢᠯᠡᠬᠦ ᠤᠳᠠᠰᠤ ᠶᠢ ᠰᠢᠨ᠎ᠠ ᠪᠠᠷ 326 ᠺᠢᠯᠤᠮᠧᠲᠷ ᠨᠡᠮᠡᠭᠳᠡᠬᠦᠯᠪᠠ᠃ | ᠬᠦᠷᠢᠶᠠᠯᠠᠩ ᠲᠤᠭᠤᠷᠢᠭ ᠤᠨ ᠰᠠᠭᠤᠷᠢ ᠲᠦᠬᠦᠭᠡᠷᠦᠮᠵᠢ ᠶᠢᠨ ᠪᠠᠯᠠ ᠤᠷᠤᠭᠤᠯᠤᠯᠳᠠ ᠶᠢ 108 ᠳ᠋ᠦᠡᠭᠰᠢᠭᠤᠷ ᠲᠦᠬᠦᠷᠢᠭ ᠪᠡᠶᠡᠯᠡᠬᠦᠯᠵᠤ᠂ ᠠᠵᠤ ᠦᠢᠯᠡᠳᠪᠤᠷᠢ ᠶᠢᠨ | ᠬᠦᠷᠢᠶᠠᠯᠠᠩ ᠲᠤᠭᠤᠷᠢᠭ ᠢ ᠦᠷᠭᠡᠳᠭᠡᠨ ᠪᠠᠶᠢᠭᠤᠯᠤᠭᠰᠠᠨ ᠲᠠᠯᠠᠪᠠᠢ 36.4 ᠺᠢᠯᠤᠮᠧᠲᠷ ᠬᠦᠷᠪᠠ᠃ ᠬᠢᠨᠭ᠍ᠭᠠᠨ ᠠᠶᠢᠮᠠᠭ ᠢ ᠠᠵᠢᠯ ᠲᠦᠷᠦᠯ ᠢᠶᠠᠷ ᠲᠤᠰᠠᠯᠠᠬᠤ ᠠᠵᠢᠯ | ᠢ ᠢᠳᠡᠪᠬᠢᠳᠠᠢ ᠦᠷᠨᠢᠬᠦᠯᠵᠤ᠂ ᠨᠢᠭᠡ ᠪᠦᠯᠦᠭ ᠴᠢᠬᠤᠯᠠ ᠲᠦᠷᠦᠯ ᠵᠦᠢᠯ ᠤᠨ ᠪᠠᠷᠢᠯᠭ᠎ᠠ ᠶᠢ ᠡᠬᠢᠯᠠᠬᠦᠯᠦᠨ ᠪᠦᠳᠦᠭᠡᠨ ᠪᠠᠶᠢᠭᠤᠯᠵᠤ᠂ ᠠᠶᠢᠮᠠᠭ ᠬᠤᠳᠠ ᠶᠢᠨ | ᠬᠠᠮᠳᠤᠷᠠᠨ ᠠᠵᠢᠯᠯᠠᠵᠤ ᠬᠠᠮᠳᠤ ᠪᠠᠷ ᠢᠯᠠᠭᠰᠠᠨ ᠰᠢᠨ᠎ᠠ ᠪᠠᠶᠢᠳᠠᠯ ᠢ ᠨᠡᠭᠡᠭᠡᠭᠰᠡᠨ ᠪᠠᠶᠢᠨ᠎ᠠ᠃ | ︵ᠲᠠᠪᠤ︶ ᠨᠡᠶᠢᠭᠡᠮ ᠤᠨ ᠠᠵᠢᠯ ᠦᠢᠯᠡᠰ ᠤᠨ ᠬᠦᠭᠵᠢᠯᠳᠠ ᠶᠢᠨ ᠲᠠᠯ᠎ᠠ ᠪᠠᠷ ᠰᠢᠨ᠎ᠠ ᠦᠷ᠎ᠠ ᠪᠦᠳᠦᠮᠵᠢ ᠤᠯᠪᠠ᠃ ︽12· 5︾ ᠵᠢᠯ ᠤᠨ ᠰᠤᠷᠭᠠᠨ | ᠬᠦᠮᠦᠵᠢᠯ ᠤᠨ ᠬᠦᠭᠵᠢᠯᠳᠠ ᠶᠢᠨ ᠲᠦᠯᠦᠪᠵᠢᠬᠦᠯᠭᠡ ᠶᠢ ᠲᠤᠭᠳᠠᠭᠠᠵᠤ᠂ ᠰᠤᠷᠭᠠᠨ ᠬᠦᠮᠦᠵᠢᠯ ᠤᠨ ᠤᠷᠤᠭᠤᠯᠤᠯᠳᠠ ᠶᠢᠨ ᠬᠦᠴᠦᠯᠡᠴᠠ ᠶᠢ ᠴᠢᠨᠠᠭᠰᠢᠳᠠ | ᠨᠡᠮᠡᠭᠳᠡᠬᠦᠯᠵᠤ᠂ ᠪᠦᠬᠦ ᠬᠤᠳᠠ ᠪᠠᠷ ᠢᠶᠠᠨ ᠨᠡᠶᠢᠳᠠ 49.4 ᠳ᠋ᠦᠡᠭᠰᠢᠭᠤᠷ ᠲᠦᠬᠦᠷᠢᠭ ᠤᠷᠤᠭᠤᠯᠵᠤ᠂ ᠲᠡᠭᠡᠷ᠎ᠠ ᠵᠢᠯ ᠠᠴᠠ 12.5% ᠪᠠᠷ ᠨᠡᠮᠡᠭᠳᠡᠵᠤ᠂ ᠪᠦᠬᠦ | ᠬᠤᠳᠠ ᠳᠤ ᠬᠡᠦᠭᠡᠳ ᠤᠨ ᠴᠡᠴᠡᠷᠯᠢᠭ᠂ ᠲᠤᠮᠳᠠᠳᠤ ᠪᠠᠭ᠎ᠠ ᠰᠤᠷᠭᠠᠭᠤᠯᠢ ᠶᠢ ᠰᠢᠨ᠎ᠠ ᠪᠠᠷ ᠲᠤᠰᠪᠤᠷᠢ 69 ᠪᠠ 41 ᠪᠠᠶᠢᠭᠤᠯᠵᠤ᠂ ᠲᠤᠮᠳᠠᠳᠤ ᠪᠠᠭ᠎ᠠ | ᠰᠤᠷᠭᠠᠭᠤᠯᠢ ᠶᠢᠨ ᠬᠢᠴᠢᠶᠠᠯ ᠪᠠᠶᠢᠷᠢ ᠶᠢᠨ ᠬᠡᠷ ᠤᠨ ᠠᠶᠤᠯ ᠦᠭᠡᠢ ᠶᠢᠨ ᠬᠤᠶᠠᠳᠤᠭᠠᠷ ᠬᠤᠭᠤᠴᠠᠭᠠᠨ ᠤ ᠪᠠᠷᠢᠯᠭ᠎ᠠ ᠶᠢ ᠪᠦᠬᠦ ᠲᠠᠯ᠎ᠠ ᠪᠠᠷ ᠠᠬᠢᠭᠤᠯᠵᠤ᠂ ᠠᠵᠢᠯ | ᠮᠡᠷᠭᠡᠵᠢᠯ ᠤᠨ ᠲᠡᠭᠡᠳᠤ ᠰᠤᠷᠭᠠᠭᠤᠯᠢ ᠶᠢᠨ ᠰᠢᠨ᠎ᠠ ᠰᠤᠷᠭᠠᠭᠤᠯᠢ ᠶᠢᠨ ᠲᠤᠭᠤᠷᠢᠭ ᠪᠠᠶᠢᠭᠤᠯᠤᠭᠳᠠᠨ ᠠᠰᠢᠭᠯᠠᠯᠳᠠ ᠳᠤ ᠤᠷᠤᠵᠤ᠂ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠤᠷᠳᠤᠰ ᠲᠡᠭᠡᠳᠤ ᠰᠤᠷᠭᠠᠭᠤᠯᠢ ᠶᠢᠨ ᠬᠤᠶᠠᠳᠤᠭᠠᠷ ᠬᠤᠭᠤᠴᠠᠭᠠᠨ ᠤ ᠪᠠᠷᠢᠯᠭ᠎ᠠ ᠶᠢ ᠡᠬᠢᠯᠡᠬᠦᠯᠪᠠ᠃ ᠰᠤᠷᠬᠤ ᠨᠠᠰᠤᠨ ᠠᠴᠠ ᠡᠮᠤᠨᠡᠬᠢ ᠰᠤᠷᠭᠠᠨ | ᠬᠦᠮᠦᠵᠢᠯ ᠢ ᠡᠳ᠋ ᠤᠨ ᠵᠠᠰᠠᠭ ᠤᠨ ᠪᠠᠳᠤᠯᠠᠭ᠎ᠠ ᠶᠢᠨ ᠬᠦᠷᠢᠶ᠎ᠠ ᠬᠡᠪᠴᠢᠶᠠᠨ ᠳᠤ ᠤᠷᠤᠭᠤᠯᠵᠤ᠂ ᠵᠠᠷᠢᠮ ᠬᠤᠰᠢᠭᠤ ᠲᠤᠭᠤᠷᠢᠭ ᠲᠤ 15 ᠵᠢᠯ ᠤᠨ ᠰᠦᠢᠳᠭᠡᠯ | ᠬᠤᠷᠢᠶᠠᠬᠤ ᠦᠭᠡᠢ ᠰᠤᠷᠭᠠᠨ ᠬᠦᠮᠦᠵᠢᠯ ᠢ ᠡᠬᠢᠯᠡᠬᠦᠯᠵᠡᠢ᠃ ᠪᠦᠬᠦ ᠬᠤᠳᠠ ᠶᠢᠨ ᠲᠤᠮᠳᠠᠳᠤ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠳᠤ | ᠰᠦᠢᠳᠬᠡᠯ ᠬᠤᠷᠢᠶᠠᠬᠤ ᠦᠭᠡᠢ ᠶᠢ ᠬᠡᠷᠡᠭᠵᠢᠬᠦᠯᠪᠠ᠃ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠠ ᠶᠢ ᠡᠬᠦᠳᠬᠦ ᠴᠢᠳᠠᠪᠤᠷᠢ ᠶᠢ ᠴᠢᠷᠮᠠᠶᠢᠨ ᠲᠡᠭᠡᠭᠰᠢᠯᠡᠬᠦᠯᠵᠤ᠂ | ᠤᠯᠤᠰ ᠤᠨ ᠲᠡᠰ ᠤᠨ ᠰᠢᠨ᠎ᠠ ᠶᠢ ᠡᠬᠦᠳᠬᠦ ᠬᠡᠯᠪᠡᠷᠢ ᠶᠢᠨ ᠠᠵᠤ ᠠᠬᠤᠶᠢᠯᠠᠯ ᠢ ᠰᠢᠨ᠎ᠠ ᠪᠠᠷ 1᠂ ᠲᠡᠭᠡᠳᠤ ᠰᠢᠨ᠎ᠠ ᠮᠡᠷᠭᠡᠵᠢᠯ ᠤᠨ ᠠᠵᠤ ᠠᠬᠤᠶᠢᠯᠠᠯ ᠢ 2 | ᠨᠡᠮᠡᠭᠳᠡᠬᠦᠯᠵᠦ᠂ ᠦᠪᠡᠷᠳᠡᠭᠡᠨ ᠵᠠᠰᠠᠬᠤ ᠤᠷᠤᠨ ᠤ ᠲᠡᠰ ᠤᠨ ᠠᠵᠤ ᠠᠬᠤᠶᠢᠯᠠᠯ ᠤᠨ ᠰᠤᠳᠤᠯᠤᠨ ᠨᠡᠭᠡᠭᠡᠬᠦ ᠪᠠᠶᠢᠭᠤᠯᠤᠮᠵᠢ ᠶᠢ ᠰᠢᠨ᠎ᠠ ᠪᠠᠷ 3 ᠪᠠᠶᠢᠭᠤᠯᠪᠠ᠃ | ᠬᠤᠳᠠ ᠶᠢᠨ ᠲᠡᠭᠡᠳᠤ ᠰᠢᠨ᠎ᠠ ᠮᠡᠷᠭᠡᠵᠢᠯ ᠤᠨ ᠠᠵᠤ ᠦᠢᠯᠡᠰ ᠤᠨ ᠬᠦᠷᠢᠶᠠᠯᠠᠩ ᠲᠤᠭᠤᠷᠢᠭ ᠤᠨ ᠪᠦᠳᠦᠭᠡᠨ ᠪᠠᠶᠢᠭᠤᠯᠤᠯᠳᠠ ᠶᠢ ᠪᠦᠬᠦ ᠲᠠᠯ᠎ᠠ ᠪᠠᠷ ᠡᠬᠢᠯᠡᠬᠦᠯᠬᠦ | ᠶᠢᠨ ᠬᠠᠮᠳᠤ ᠦᠪᠡᠷᠳᠡᠭᠡᠨ ᠵᠠᠰᠠᠬᠤ ᠤᠷᠤᠨ ᠤ ᠲᠠᠰ ᠤᠨ ᠲᠡᠭᠡᠳᠤ ᠰᠢᠨ᠎ᠠ ᠮᠡᠷᠭᠡᠵᠢᠯ ᠤᠨ ᠬᠦᠷᠢᠶᠠᠯᠠᠩ ᠲᠤᠭᠤᠷᠢᠭ ᠪᠤᠯᠭᠠᠪᠠ᠃ ᠴᠢᠳᠠᠪᠤᠷᠢᠳᠠᠨ ᠤ ᠤᠷᠳᠤᠰ | ᠤᠨ ᠢᠨᠵᠧᠨᠧᠷᠢᠩ ᠪᠠ 10 ᠲᠦᠮᠠᠨ ᠴᠢᠳᠠᠪᠤᠷᠢᠳᠠᠨ ᠢ ᠪᠤᠯᠪᠠᠰᠤᠷᠠᠭᠤᠯᠤᠨ ᠤᠷᠤᠭᠤᠯᠬᠤ ᠲᠦᠯᠦᠪᠯᠡᠭᠡ ᠶᠢ ᠪᠦᠬᠦ ᠲᠠᠯ᠎ᠠ ᠪᠠᠷ ᠬᠡᠷᠡᠭᠵᠢᠬᠦᠯᠪᠠ᠃ ᠰᠤᠶᠤᠯ ᠪᠠᠶ᠎ᠠ | ᠶᠢᠨ ᠲᠠᠮᠢᠷ ᠤᠨ ᠠᠵᠢᠯ ᠦᠢᠯᠡᠰ ᠢ ᠲᠦᠷᠭᠡᠨ ᠢᠶᠠᠷ ᠬᠦᠭᠵᠢᠬᠦᠯᠵᠤ᠂ ᠳ᠋ᠦᠡᠭᠱᠸᠡᠭ ᠤᠨ ᠪᠦᠬᠦ ᠠᠷᠠᠳ ᠤᠨ ᠪᠠᠶ᠎ᠠ ᠴᠢᠬᠢᠷᠠᠭᠵᠢᠭᠤᠯᠬᠤ ᠲᠦᠪ᠂ ᠤᠷᠳᠤᠰ ᠮᠦᠽᠸᠢ | ᠵᠡᠷᠭᠡ ᠨᠢᠭᠡ ᠪᠦᠯᠦᠭ ᠲᠤᠮᠤ ᠬᠡᠯᠪᠡᠷᠢ ᠶᠢᠨ ᠤᠯᠠᠨ ᠨᠠᠶᠢᠳᠠ ᠶᠢᠨ ᠰᠤᠶᠤᠯ ᠪᠠᠶ᠎ᠠ ᠶᠢᠨ ᠲᠠᠮᠢᠷ ᠤᠨ ᠲᠦᠬᠦᠭᠡᠷᠦᠮᠵᠢ ᠪᠠᠶᠢᠭᠤᠯᠤᠭᠳᠠᠨ ᠠᠰᠢᠭᠯᠠᠯᠳᠠ ᠳᠤ ᠤᠷᠤᠵᠤ᠂ | ᠭᠠᠴᠠᠭ᠎ᠠ ᠲᠤᠰᠬᠤᠨ ᠤ ᠰᠤᠶᠤᠯ ᠤᠨ ᠦᠷᠦᠭᠡ ᠶᠢ ᠰᠢᠨ᠎ᠠ ᠪᠠᠷ 110 ᠪᠠᠶᠢᠭᠤᠯᠪᠠ︔ ᠲᠤᠮᠳᠠᠳᠤ ᠤᠯᠤᠰ ᠤᠨ ᠫᠢᠩᠫᠠᠩ ᠪᠦᠮᠪᠦᠭᠡ ᠶᠢᠨ ᠺᠢᠯᠦ᠋ᠪ ᠤᠨ ᠲᠡᠰ | ᠠᠴᠠ ᠲᠠᠪᠠᠭᠰᠠᠨ ᠬᠤᠯᠪᠤᠭᠠᠳᠤ ᠤᠷᠤᠯᠳᠤᠭᠠᠨ᠂ ᠠᠽᠢᠶ᠎ᠠ ᠲᠢᠪ ᠤᠨ ᠪᠤᠶᠢᠺᠦ ᠪᠦᠮᠪᠦᠭᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠵᠡᠷᠭᠡ ᠲᠤᠮᠤ ᠬᠡᠯᠪᠡᠷᠢ ᠶᠢᠨ | ᠤᠷᠤᠯᠳᠤᠭᠠᠨ ᠤ ᠠᠵᠢᠯᠯᠠᠭ᠎ᠠ ᠶᠢ ᠠᠮᠵᠢᠯᠳᠠ ᠲᠠᠢ ᠪᠠᠷ ᠡᠷᠬᠢᠯᠡᠵᠤ᠂ ᠠᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠪᠡᠶ᠎ᠡ ᠶᠢᠨ ᠲᠠᠮᠢᠷ ᠤᠨ | ᠴᠤᠭᠯᠠᠭᠠᠨ ᠢ ᠲᠠᠭᠠᠭᠠᠴᠢᠯᠠᠨ ᠡᠷᠬᠢᠯᠡᠬᠦ ᠬᠢᠷᠢ ᠬᠡᠮ ᠢ ᠤᠯᠪᠠ᠃ ᠡᠮ ᠡᠮᠨᠡᠯᠭᠡ ᠡᠷᠡᠬᠦᠯ ᠬᠠᠮᠠᠭᠠᠯᠠᠯ ᠤᠨ ᠪᠠᠶᠢᠭᠤᠯᠤᠯ ᠤᠨ ᠦᠭᠡᠷᠡᠴᠢᠯᠠᠯᠳᠠ ᠶᠢ ᠲᠦᠷᠭᠡᠳᠭᠡᠵᠤ᠂ | ᠪᠠᠷᠢᠮᠵᠢᠶᠠᠴᠢᠯᠠᠭᠰᠠᠨ ᠡᠷᠡᠬᠦᠯ ᠬᠠᠮᠠᠭᠠᠯᠠᠯ ᠤᠨ ᠲᠡᠰᠤᠭ᠂ ᠰᠢᠯᠵᠢᠮᠠᠯ ᠡᠷᠡᠬᠦᠯ ᠬᠠᠮᠠᠭᠠᠯᠠᠯ ᠤᠨ ᠲᠡᠰᠤᠭ ᠢ ᠰᠢᠨ᠎ᠠ ᠪᠠᠷ ᠲᠤᠰᠪᠤᠷᠢ 100 ᠪᠠ 50 ᠪᠠᠶᠢᠭᠤᠯᠵᠤ᠂ | 100 ᠨᠠᠷᠠ ᠦᠨᠳᠤᠰᠤᠨ ᠱᠠᠳᠤᠨ ᠤ ᠡᠷᠡᠬᠦᠯ ᠬᠠᠮᠠᠭᠠᠯᠠᠯ ᠤᠨ ᠲᠤᠰᠬᠠᠢ ᠮᠡᠷᠭᠡᠵᠢᠯᠳᠠᠨ ᠢ ᠤᠷᠢᠵᠤ᠂ ᠵᠤᠬᠢᠬᠤ ᠨᠠᠰᠤᠨ ᠤ ᠡᠮᠡᠭᠳᠡᠶᠢᠴᠤᠳ ᠲᠤ ᠬᠤᠶᠠᠷ ᠤᠮᠠᠨ | ᠤ ᠰᠢᠭᠰᠢᠨ ᠪᠠᠶᠢᠴᠠᠭᠠᠯᠳᠠ ᠬᠢᠭᠰᠡᠨ ᠬᠦᠮᠦᠨ ᠤ ᠲᠤᠭ᠎ᠠ 12 ᠲᠦᠮᠠᠨ ᠬᠦᠮᠦᠨ ᠤᠳᠠᠭ᠎ᠠ ᠳᠤ ᠬᠦᠷᠪᠠ᠃ ᠬᠦᠮᠦᠨ ᠠᠮᠠ ᠬᠢᠬᠡᠳ ᠲᠦᠯᠦᠪᠯᠡᠭᠡᠳᠡᠢ ᠪᠠᠷ ᠬᠡᠦᠭᠡᠳ | ᠠᠪᠬᠤ ᠠᠵᠢᠯ ᠢ ᠴᠢᠩᠭᠠᠳᠬᠠᠵᠤ᠂ ᠪᠦᠬᠦ ᠬᠤᠳᠠ ᠶᠢᠨ ᠬᠦᠮᠦᠨ ᠠᠮᠠ ᠶᠢᠨ ᠲᠦᠷᠦᠯᠳᠠ ᠶᠢᠨ ᠨᠤᠷᠮ᠎ᠠ 10.26‰ ᠳᠤ ᠬᠦᠷᠪᠠ᠃ ᠪᠦᠬᠦ ᠤᠯᠤᠰ ᠤᠨ | ᠵᠢᠷᠭᠤᠳᠤᠭᠠᠷ ᠤᠳᠠᠭᠠᠨ ᠤ ᠬᠦᠮᠦᠨ ᠠᠮᠠ ᠶᠢᠨ ᠨᠡᠶᠢᠳᠠᠮ ᠪᠠᠶᠢᠴᠠᠭᠠᠯᠳᠠ ᠶᠢᠨ ᠡᠬᠦᠷᠭᠡ ᠶᠢ ᠠᠮᠵᠢᠯᠳᠠ ᠲᠠᠢ ᠪᠡᠶᠡᠯᠡᠬᠦᠯᠪᠠ᠃ | ︵ᠵᠢᠷᠭᠤᠭ᠎ᠠ︶ ᠨᠡᠶᠢᠭᠡᠮ ᠤᠨ ᠬᠠᠮᠢᠶᠠᠷᠤᠯᠳᠠ ᠶᠢᠨ ᠰᠢᠨ᠎ᠠ ᠶᠢ ᠡᠬᠦᠳᠬᠦ ᠲᠠᠯ᠎ᠠ ᠪᠠᠷ ᠰᠢᠨ᠎ᠠ ᠠᠬᠢᠯᠳᠠ ᠲᠠᠢ ᠪᠤᠯᠪᠠ᠃ ᠮᠠᠨ ᠤ ᠬᠤᠳᠠ ᠪᠦᠬᠦ ᠤᠯᠤᠰ | ᠤᠨ ᠨᠡᠶᠢᠭᠡᠮ ᠤᠨ ᠬᠠᠮᠢᠶᠠᠷᠤᠯᠳᠠ ᠶᠢᠨ ᠰᠢᠨ᠎ᠠ ᠶᠢ ᠡᠬᠦᠳᠬᠦ 35 ᠶᠡᠷᠦᠩᠭᠡᠶᠢᠯᠡᠭᠰᠡᠨ ᠲᠤᠷᠰᠢᠯᠳᠠ ᠶᠢᠨ ᠴᠡᠭ ᠤᠨ ᠬᠤᠳᠠ ᠶᠢᠨ ᠨᠢᠭᠡ ᠨᠢ ᠪᠤᠯᠤᠭᠰᠠᠨ ᠪᠠᠶᠢᠨ᠎ᠠ᠃ | ᠨᠡᠶᠢᠭᠡᠮ ᠤᠨ ᠵᠦᠷᠢᠴᠡᠯ ᠢ ᠵᠢᠬᠰᠠᠭᠠᠨ ᠪᠠᠶᠢᠴᠠᠭᠠᠵᠤ ᠠᠷᠢᠯᠭᠠᠬᠤ ᠠᠵᠢᠯ ᠢ ᠬᠦᠨᠵᠡᠭᠡᠢ ᠦᠷᠨᠢᠬᠦᠯᠵᠤ᠂ ᠤᠯᠠᠨ ᠲᠦᠮᠠᠨ ᠤ ᠠᠰᠢᠭ ᠲᠤᠰᠠ ᠲᠠᠢ ᠬᠤᠯᠪᠤᠭᠳᠠᠭᠰᠠᠨ᠂ | ᠨᠡᠶᠢᠭᠡᠮ ᠤᠨ ᠠᠮᠤᠷ ᠲᠤᠭᠳᠠᠭᠤᠨ ᠢ ᠨᠦᠯᠦᠭᠡᠯᠡᠵᠤ ᠪᠠᠶᠢᠭ᠎ᠠ ᠨᠢᠭᠡ ᠪᠦᠯᠦᠭ ᠲᠤᠪᠤᠶᠢᠮ᠎ᠠ ᠠᠰᠠᠭᠤᠳᠠᠯ ᠢ ᠲᠦᠪᠯᠡᠷᠡᠬᠦᠯᠦᠨ ᠰᠢᠢᠳᠪᠤᠷᠢᠯᠠᠵᠤ᠂ ᠵᠠᠬᠢᠳᠠᠯ | ᠰᠤᠷᠪᠤᠯᠵᠢᠯᠠᠭ᠎ᠠ ᠶᠢᠨ ᠪᠦᠯᠦᠭ ᠤᠳᠠᠭ᠎ᠠ ᠪᠠ ᠬᠦᠮᠦᠨ ᠤᠳᠠᠭ᠎ᠠ ᠲᠤᠰᠪᠤᠷᠢ 50.3% ᠪᠠ 62.3% ᠪᠠᠷ ᠪᠠᠭᠤᠷᠠᠪᠠ᠃ ᠬᠡᠷ ᠪᠠᠶᠢᠰᠢᠩ ᠭᠠᠵᠠᠷ ᠬᠦᠷᠦᠩᠭᠡ ᠪᠠ | ᠠᠷᠠᠳ ᠤᠨ ᠵᠢᠭᠡᠯᠡᠯᠭᠡ ᠶᠢᠨ ᠬᠦᠷᠢᠶ᠎ᠠ ᠬᠡᠪᠴᠢᠶᠠᠨ ᠳᠤ ᠢᠯᠡᠷᠡᠭᠰᠡᠨ ᠰᠢᠨ᠎ᠠ ᠠᠰᠠᠭᠤᠳᠠᠯ ᠢ ᠢᠳᠡᠪᠬᠢᠳᠠᠢ ᠠᠷᠭᠠᠴᠠᠵᠤ᠂ ᠢᠳᠡᠭᠡᠮᠵᠢᠳᠤ ᠵᠢᠭᠡᠯᠡᠯᠭᠡ ᠲᠠᠯᠪᠢᠬᠤ ᠶᠢ | ᠴᠢᠷᠮᠠᠶᠢᠨ ᠦᠷᠭᠡᠳᠭᠡᠵᠤ᠂ ᠲᠤᠮᠳᠠ ᠵᠢᠵᠢᠭ ᠠᠵᠤ ᠠᠬᠤᠶᠢᠯᠠᠯ ᠢ ᠲᠠᠮᠵᠢᠨ ᠬᠦᠭᠵᠢᠬᠦᠯᠵᠤ᠂ ᠠᠷᠠᠳ ᠤᠨ ᠵᠢᠭᠡᠯᠡᠯᠭᠡ ᠶᠢᠨ ᠠᠵᠢᠯᠯᠠᠭ᠎ᠠ ᠶᠢ ᠲᠦᠷᠢᠮᠵᠢᠬᠦᠯᠵᠤ᠂ ᠬᠡᠷ | ᠪᠠᠶᠢᠰᠢᠩ ᠭᠠᠵᠠᠷ ᠬᠦᠷᠦᠩᠭᠡ ᠶᠢᠨ ᠦᠢᠯᠡᠰ ᠤᠨ ᠲᠦᠪᠯᠡᠷᠡᠯ ᠤᠨ ᠬᠡᠮᠵᠢᠶ᠎ᠠ ᠶᠢ ᠲᠡᠭᠡᠭᠰᠢᠯᠡᠬᠦᠯᠵᠤ᠂ ᠮᠦᠡᠭᠬᠦᠨ ᠬᠦᠢᠯᠭᠡᠭᠡ ᠪᠠ ᠬᠡᠷ ᠪᠠᠶᠢᠰᠢᠩ ᠭᠠᠵᠠᠷ ᠬᠦᠷᠦᠩᠭᠡ | ᠶᠢᠨ ᠵᠠᠬ᠎ᠠ ᠲᠠᠯᠭᠡᠬᠦᠷ ᠤᠨ ᠶᠡᠷᠦᠩᠭᠡᠢ ᠳᠡᠭᠡᠨ ᠲᠤᠭᠳᠠᠭᠤᠨ ᠪᠠᠶᠢᠬᠤ ᠶᠢ ᠪᠠᠳᠤᠯᠠᠭᠰᠠᠨ ᠪᠠᠶᠢᠨ᠎ᠠ᠃ ᠨᠡᠶᠢᠭᠡᠮ ᠤᠨ ᠠᠮᠤᠷ ᠲᠦᠪᠰᠢᠨ ᠢ ᠶᠡᠷᠦᠩᠭᠡᠶᠢᠯᠠᠨ ᠵᠠᠰᠠᠬᠤ ᠶᠢ | ᠴᠢᠩᠭᠠᠳᠬᠠᠵᠤ᠂ ᠠᠮᠤᠷ ᠲᠦᠪᠰᠢᠨ ᠢ ᠰᠡᠷᠭᠡᠶᠢᠯᠡᠨ ᠡᠵᠡᠮᠰᠢᠬᠦ ᠰᠢᠰᠲ᠋ᠧᠮᠵᠢ ᠶᠢ ᠴᠢᠨᠠᠭᠰᠢᠳᠠ ᠪᠠᠶᠢᠭᠤᠯᠤᠨ ᠲᠦᠬᠦᠷᠴᠢᠯᠠᠵᠤ᠂ ᠡᠯ᠎ᠠ ᠲᠦᠷᠦᠯ ᠤᠨ ᠬᠠᠤᠯᠢ ᠶᠢ | ᠵᠦᠷᠢᠴᠡᠭᠰᠡᠨ ᠶᠠᠯᠠᠳᠤ ᠠᠵᠢᠯᠯᠠᠭ᠎ᠠ ᠳᠤ ᠴᠤᠬᠢᠯᠳᠠ ᠦᠭᠬᠦ ᠬᠦᠴᠦᠯᠡᠴᠠ ᠪᠠᠨ ᠨᠡᠮᠡᠭᠳᠡᠬᠦᠯᠵᠤ᠂ ᠨᠡᠶᠢᠭᠡᠮ ᠤᠨ ᠡᠮᠬᠢ ᠲᠢᠭᠯᠢᠮ ᠤᠨ ᠲᠤᠭᠳᠠᠭᠤᠨ ᠢ ᠪᠠᠳᠤᠯᠠᠵᠠᠢ᠃ | ᠭᠤᠤᠯᠳᠠᠯᠭ᠎ᠠ ᠲᠠᠢ ᠬᠦᠷᠢᠶ᠎ᠠ ᠬᠡᠪᠴᠢᠶ᠎ᠠ᠂ ᠭᠤᠤᠯᠳᠠᠯᠭ᠎ᠠ ᠲᠠᠢ ᠠᠵᠢᠯ ᠲᠦᠷᠦᠯ ᠤᠨ ᠠᠶᠤᠯ ᠦᠭᠡᠢ ᠦᠢᠯᠡᠳᠪᠤᠷᠢᠯᠠᠯ ᠳᠤ ᠵᠠᠰᠠᠯᠳᠠ ᠬᠢᠬᠦ ᠠᠵᠢᠯᠯᠠᠭ᠎ᠠ ᠶᠢ | ᠢᠳᠡᠪᠬᠢᠳᠠᠢ ᠦᠷᠨᠢᠬᠦᠯᠵᠤ᠂ ᠠᠶᠤᠯ ᠦᠭᠡᠢ ᠦᠢᠯᠡᠳᠪᠤᠷᠢᠯᠠᠯ ᠤᠨ ᠦᠬᠦᠭᠰᠡᠨ ᠬᠦᠮᠦᠨ ᠤ ᠲᠤᠭ᠎ᠠ 5.14% ᠪᠠᠷ ᠪᠠᠭᠤᠷᠠᠪᠠ᠃ ᠢᠳᠡᠭᠡᠨ ᠡᠮ ᠤᠨ ᠵᠦᠢᠯ | ᠤᠨ ᠠᠶᠤᠯ ᠦᠭᠡᠢ ᠶᠢᠨ ᠬᠠᠮᠢᠶᠠᠷᠤᠯᠳᠠ ᠶᠢ ᠴᠢᠩᠭᠠᠳᠬᠠᠵᠤ᠂ ᠲᠤᠮᠤ ᠬᠡᠯᠪᠡᠷᠢ ᠶᠢᠨ ᠢᠳᠡᠭᠡᠨ ᠪᠤᠯᠪᠠᠰᠤᠷᠠᠭᠤᠯᠬᠤ ᠬᠦᠷᠢᠶᠠᠯᠡᠩ ᠲᠤᠭᠤᠷᠢᠭ ᠢ 3 ᠪᠠᠶᠢᠭᠤᠯᠪᠠ᠃ | ᠦᠨᠳᠤᠰᠤᠨ ᠱᠠᠳᠤᠨ ᠤ ᠰᠠᠭᠤᠷᠢ ᠠᠵᠢᠯ ᠢ ᠴᠢᠩᠭᠠᠳᠬᠠᠵᠤ᠂ ᠰᠤᠮᠤ ᠰᠢᠶᠠᠩ ᠪᠠᠯᠭᠠᠰᠤ ᠶᠢᠨ ᠠᠯᠪᠠᠯᠠᠬᠤ ᠪᠠ ᠠᠮᠢᠳᠤᠷᠠᠯ ᠤᠨ ᠲᠦᠬᠦᠭᠡᠷᠦᠮᠵᠢ ᠶᠢ | ᠰᠠᠶᠢᠵᠢᠷᠠᠭᠤᠯᠬᠤ ᠪᠠᠷᠢᠯᠭ᠎ᠠ ᠶᠢ ᠡᠬᠢᠯᠡᠬᠦᠯᠵᠤ᠂ 43 ᠶᠡᠷᠦᠩᠭᠡᠶᠢᠯᠡᠭᠰᠡᠨ ᠴᠢᠨᠠᠷᠳᠠᠢ ᠨᠠᠶᠢᠭᠡᠮ ᠲᠤᠭᠤᠷᠢᠭ ᠤᠨ ᠦᠢᠯᠡᠴᠢᠯᠡᠭᠡᠨ ᠤ ᠲᠦᠪ ᠢ ᠰᠢᠨ᠎ᠠ ᠪᠠᠷ ᠪᠤᠶᠤ | ᠦᠷᠭᠡᠳᠭᠡᠨ ᠪᠠᠶᠢᠭᠤᠯᠵᠤ᠂ ᠬᠤᠳᠠ ᠶᠢᠨ ᠭᠤᠤᠯ ᠲᠤᠭᠤᠷᠢᠭ ᠤᠨ ᠰᠠᠭᠤᠭᠠᠯᠢ ᠠᠷᠠᠳ ᠤᠨ ᠲᠤᠭᠤᠷᠢᠭ ᠲᠤ ᠠᠳᠠᠯ ᠠᠬᠤᠢ ᠶᠢᠨ ᠬᠠᠮᠢᠶᠠᠷᠤᠯᠳᠠ ᠶᠢ | ᠲᠦᠭᠡᠮᠡᠯᠵᠢᠬᠦᠯᠬᠦ ᠶᠢ ᠦᠨᠳᠤᠰᠦᠨ ᠳᠡᠭᠡᠨ ᠪᠡᠶᠡᠯᠡᠬᠦᠯᠪᠠ᠃ ᠦᠨᠳᠤᠰᠤᠳᠠᠨ᠂ ᠱᠠᠰᠢᠨ ᠰᠤᠷᠳᠠᠬᠤᠨ ᠤ ᠠᠵᠢᠯ ᠤᠨ ᠲᠠᠯ᠎ᠠ ᠪᠠᠷ ᠰᠢᠨ᠎ᠠ ᠦᠷ᠎ᠠ ᠪᠦᠳᠦᠮᠵᠢ ᠤᠯᠪᠠ᠃ | ᠤᠶᠤᠨ ᠤ ᠪᠤᠯᠪᠠᠰᠤᠨ ᠪᠠ ᠠᠷᠠᠳᠴᠢᠯᠠᠯ ᠬᠠᠤᠯᠢ ᠪᠠᠷ ᠵᠠᠰᠠᠬᠤ ᠪᠠᠶᠢᠭᠤᠯᠤᠯᠳᠠ ᠶᠢ ᠬᠦᠨᠵᠡᠭᠡᠢ ᠦᠷᠨᠢᠬᠦᠯᠵᠤ᠂ ︽ᠵᠢᠷᠭᠤᠭ᠎ᠠ ᠲᠠᠪᠤ︾ ᠶᠢᠨ ᠬᠠᠤᠯᠢ | ᠲᠦᠭᠡᠮᠡᠯᠵᠢᠬᠦᠯᠬᠦ ᠠᠵᠢᠯ ᠢ ᠯᠠᠪᠳᠠᠭᠤᠨ ᠪᠠᠳᠤᠳᠠᠢ ᠠᠬᠢᠭᠤᠯᠵᠠᠢ᠃ ᠤᠯᠤᠰ ᠤᠨ ᠪᠠᠳᠤᠯᠠᠨ ᠬᠠᠮᠠᠭᠠᠯᠠᠯᠳᠠ ᠶᠢᠨ ᠪᠠᠯᠡᠳᠭᠡᠯ ᠠᠯᠪᠠ᠂ ᠡᠷᠦᠭᠡ ᠶᠢᠨ ᠴᠡᠷᠢᠭ ᠤᠨ | ᠨᠦᠬᠡᠴᠠ ᠬᠦᠴᠦᠨ ᠪᠠ ᠴᠡᠷᠢᠭ ᠠᠩᠭᠢ ᠶᠢᠨ ᠤᠳᠤᠬᠢᠴᠢᠯᠠᠭᠰᠠᠨ ᠪᠦᠳᠦᠭᠡᠨ ᠪᠠᠶᠢᠭᠤᠯᠤᠯᠳᠠ ᠶᠢ ᠴᠢᠨᠠᠭᠰᠢᠳᠠ ᠴᠢᠩᠭᠠᠳᠬᠠᠪᠠ᠃ | ︵ᠲᠤᠯᠤᠭ᠎ᠠ︶ ᠵᠠᠰᠠᠭ ᠤᠨ ᠤᠷᠳᠤᠨ ᠤ ᠵᠠᠰᠠᠭ ᠵᠠᠬᠢᠷᠭᠠᠨ ᠤ ᠴᠢᠳᠠᠪᠤᠷᠢ ᠰᠢᠨ᠎ᠠ ᠲᠡᠭᠡᠭᠰᠢᠯᠡᠯᠳᠠ ᠲᠠᠢ ᠪᠤᠯᠪᠠ᠃ ᠬᠠᠤᠯᠢ ᠪᠠᠷ ᠵᠠᠰᠠᠭ ᠶᠠᠪᠤᠭᠤᠯᠬᠤ ᠶᠢ | ᠪᠠᠷᠢᠮᠳᠠᠯᠠᠵᠤ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠠ ᠶᠢᠨ ᠬᠢᠨᠠᠯᠳᠠ ᠲᠠᠯᠪᠢᠯᠳᠠ ᠪᠠ ᠤᠯᠤᠰ ᠲᠦᠷᠦ ᠶᠢᠨ ᠵᠦᠪᠯᠡᠯᠭᠡᠨ ᠵᠢᠴᠢ | ᠨᠡᠶᠢᠭᠡᠮ ᠤᠨ ᠡᠯ᠎ᠠ ᠡᠳᠡᠭᠡᠳ ᠤᠨ ᠬᠢᠨ ᠤ ᠠᠷᠠᠳᠴᠢᠯᠠᠯ ᠢᠶᠠᠷ ᠬᠢᠨᠠᠯᠳᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠠᠵᠤ᠂ ᠠᠷᠠᠳ ᠤᠨ ᠲᠦᠯᠦᠭᠡᠯᠡᠭᠴᠢᠳ | ᠤᠨ ᠶᠡᠭᠡ ᠬᠤᠷᠠᠯ ᠤᠨ ᠲᠦᠯᠦᠭᠡᠯᠡᠭᠴᠢᠳ ᠤᠨ ᠰᠠᠨᠠᠯ ᠵᠦᠪᠯᠡᠯᠭᠡ ᠪᠠ ᠤᠯᠤᠰ ᠲᠦᠷᠦ ᠶᠢᠨ ᠵᠦᠪᠯᠡᠯᠭᠡᠨ ᠤ ᠬᠡᠰᠢᠬᠦᠳ ᠤᠨ ᠰᠠᠨᠠᠯ ᠲᠤᠷᠠᠳᠤᠯᠭ᠎ᠠ ᠶᠢ ᠴᠦᠮ | ᠰᠢᠢᠳᠪᠤᠷᠢᠯᠠᠨ ᠲᠠᠭᠤᠰᠬᠠᠪᠠ᠃ ᠵᠠᠰᠠᠭ ᠵᠠᠬᠢᠷᠭᠠᠨ ᠤ ᠬᠢᠨᠠᠨ ᠵᠦᠪᠰᠢᠶᠡᠷᠡᠬᠦ ᠪᠠ ᠵᠠᠷᠤᠳᠠᠯ ᠬᠤᠷᠢᠶᠠᠬᠤ ᠵᠦᠢᠯ ᠢ ᠶᠡᠭᠡᠪᠡᠷ ᠴᠡᠪᠡᠷᠯᠡᠵᠤ᠂ ᠪᠦᠬᠦ ᠬᠤᠳᠠ ᠶᠢᠨ ᠵᠠᠰᠠᠭ | ᠵᠠᠬᠢᠷᠭᠠᠨ ᠤ ᠬᠢᠨᠠᠨ ᠵᠦᠪᠰᠢᠶᠡᠷᠡᠬᠦ ᠵᠦᠢᠯ ᠢ 825 ᠲᠦᠷᠦᠯ ᠠᠴᠠ ᠬᠠᠰᠤᠭᠳᠠᠭᠤᠯᠤᠨ 258 ᠲᠦᠷᠦᠯ ᠪᠤᠯᠭᠠᠵᠤ᠂ ᠵᠠᠰᠠᠭ ᠵᠠᠬᠢᠷᠭ᠎ᠠ ᠠᠵᠢᠯ ᠦᠢᠯᠡᠰ ᠤᠨ | ᠴᠢᠨᠠᠷᠳᠠᠢ ᠵᠠᠷᠤᠳᠠᠯ ᠬᠤᠷᠢᠶᠠᠬᠤ ᠲᠦᠷᠦᠯ ᠵᠦᠢᠯ ᠢ 275 ᠲᠦᠷᠦᠯ ᠠᠴᠠ ᠬᠠᠰᠤᠭᠳᠠᠭᠤᠯᠤᠨ 158 ᠲᠦᠷᠦᠯ ᠪᠤᠯᠭᠠᠵᠤ᠂ ᠲᠤᠰᠪᠤᠷᠢ 69% ᠪᠠ 43% ᠪᠠᠷ | ᠬᠠᠰᠤᠭᠳᠠᠭᠤᠯᠪᠠ᠃ ᠵᠠᠰᠠᠭ ᠵᠠᠬᠢᠷᠭᠠᠨ ᠤ ᠦᠢᠯᠡᠴᠢᠯᠡᠭᠡᠨ ᠤ ᠲᠦᠪ ᠤᠨ ᠴᠢᠳᠠᠪᠬᠢ ᠶᠢ ᠬᠦᠢᠴᠡᠳ ᠪᠠᠳᠠᠷᠠᠭᠤᠯᠵᠤ᠂ ᠡᠯᠧᠺᠲᠷᠤᠨ ᠵᠠᠰᠠᠭ ᠤᠨ ᠶᠠᠪᠤᠳᠠᠯ ᠢ | ᠪᠦᠬᠦ ᠲᠠᠯ᠎ᠠ ᠪᠠᠷ ᠲᠡᠯᠭᠡᠷᠡᠬᠦᠯᠵᠤ᠂ ᠰᠦᠯᠵᠢᠶ᠎ᠠ ᠲᠡᠭᠡᠷ᠎ᠠ ᠬᠢᠨᠠᠨ ᠵᠦᠪᠰᠢᠶᠡᠷᠡᠬᠦ ᠪᠠ ᠡᠯᠧᠺᠲᠷᠤᠨ ᠢᠶᠠᠷ ᠬᠢᠨᠠᠨ ᠪᠠᠶᠢᠴᠠᠭᠠᠬᠤ ᠬᠦᠷᠢᠶ᠎ᠠ ᠬᠡᠪᠴᠢᠶ᠎ᠠ ᠶᠢ ᠲᠠᠰᠤᠷᠠᠯᠳᠠ | ᠦᠭᠡᠢ ᠦᠷᠭᠡᠳᠭᠡᠵᠤ᠂ ᠵᠠᠰᠠᠭ ᠤᠨ ᠤᠷᠳᠤᠨ ᠤ ᠦᠢᠯᠡᠴᠢᠯᠡᠭᠡᠨ ᠤ ᠴᠢᠳᠠᠮᠵᠢ ᠴᠢᠨᠠᠭᠰᠢᠳᠠ ᠲᠡᠭᠡᠭᠰᠢᠯᠡᠵᠠᠢ᠃ ᠲᠦᠷᠢᠮ ᠤᠨ ᠪᠠᠶᠢᠭᠤᠯᠤᠯᠳᠠ ᠶᠢ ᠲᠠᠰᠤᠷᠠᠯᠳᠠ | ᠦᠭᠡᠢ ᠴᠢᠩᠭᠠᠳᠬᠠᠵᠤ᠂ ᠵᠠᠰᠠᠭ ᠵᠠᠬᠢᠷᠭᠠᠨ ᠤ ᠠᠵᠢᠯᠯᠠᠭ᠎ᠠ ᠶᠢ ᠴᠢᠷᠮᠠᠶᠢᠨ ᠲᠦᠷᠢᠮᠵᠢᠬᠦᠯᠵᠤ᠂ ︽ᠭᠤᠷᠪᠠᠨ ᠴᠢᠬᠤᠯᠠ ᠨᠢᠭᠡ ᠶᠡᠭᠡ︾ ᠶᠢᠨ ᠠᠯᠢᠪᠠ ᠲᠤᠭᠳᠠᠭᠠᠯ ᠢ | ᠴᠢᠩᠭ᠎ᠠ ᠬᠡᠷᠡᠭᠵᠢᠬᠦᠯᠵᠤ ᠂ ᠭᠠᠵᠠᠷ ᠰᠢᠷᠤᠢ ᠶᠢᠨ ᠠᠷᠠᠯᠵᠢᠶ᠎ᠠ᠂ ᠭᠠᠵᠠᠷ ᠰᠢᠷᠤᠢ ᠶᠢᠨ ᠪᠠᠯᠠ ᠤᠷᠤᠭᠤᠯᠤᠯᠳᠠ᠂ ᠢᠳᠡᠭᠡᠮᠵᠢᠳᠤ ᠵᠢᠭᠡᠯᠡᠯᠭᠡ ᠪᠠᠯᠠ ᠴᠤᠭᠯᠠᠭᠤᠯᠬᠤ᠂ | ᠤᠯᠤᠰ ᠤᠨ ᠦᠮᠴᠢᠯᠠᠯᠳᠤ ᠬᠦᠷᠦᠩᠭᠡ ᠶᠢᠨ ᠡᠷᠬᠢᠯᠳᠡ ᠡᠵᠡᠩᠨᠡᠯᠳᠠ ᠵᠡᠷᠭᠡ ᠡᠯ᠎ᠠ ᠲᠦᠷᠦᠯ ᠤᠨ ᠬᠢᠨᠠᠨ ᠬᠠᠮᠢᠶᠠᠷᠬᠤ ᠲᠦᠷᠢᠮ ᠢ ᠴᠢᠨᠠᠭᠰᠢᠳᠠ ᠲᠡᠬᠦᠯᠳᠡᠷᠵᠢᠬᠦᠯᠵᠡᠢ᠃ | ᠬᠤᠳᠠ ᠶᠢᠨ ᠨᠠᠶᠢᠳᠠ ᠶᠢᠨ ᠡᠬᠢ ᠪᠠᠶᠠᠯᠢᠭ ᠤᠨ ᠠᠷᠠᠯᠵᠢᠶᠠᠨ ᠤ ᠲᠦᠪ ᠪᠠᠶᠢᠭᠤᠯᠤᠭᠳᠠᠨ ᠠᠰᠢᠭᠯᠠᠯᠳᠠ ᠳᠤ ᠤᠷᠤᠵᠤ᠂ ᠨᠠᠶᠢᠳᠠ 279 ᠤᠳᠠᠭ᠎ᠠ | ᠲᠠᠭᠠᠭᠠᠴᠢᠯᠠᠯᠳᠠ ᠵᠠᠷᠯᠠᠨ ᠲᠠᠭᠠᠭᠠᠴᠢᠯᠠᠯᠳᠠ ᠬᠦᠯᠢᠶᠠᠵᠤ᠂ 2.6 ᠳ᠋ᠦᠡᠭᠰᠢᠭᠤᠷ ᠲᠦᠬᠦᠷᠢᠭ ᠠᠷᠪᠢᠯᠠᠵᠠᠢ᠃ ᠵᠠᠰᠠᠭ ᠤᠨ ᠶᠠᠪᠤᠳᠠᠯ ᠢ ᠢᠯᠠ ᠪᠤᠯᠭᠠᠬᠤ ᠶᠢ | ᠢᠳᠡᠪᠬᠢᠳᠠᠢ ᠠᠬᠢᠭᠤᠯᠵᠤ᠂ ᠵᠠᠰᠠᠭ ᠵᠠᠬᠢᠷᠭᠠᠨ ᠤ ᠬᠢᠨᠠᠨ ᠪᠠᠶᠢᠴᠠᠭᠠᠬᠤ ᠪᠠ ᠬᠢᠨᠠᠨ ᠪᠤᠳᠤᠵᠤ ᠬᠢᠨᠠᠯᠳᠠ ᠲᠠᠯᠪᠢᠬᠤ ᠶᠢ ᠴᠢᠩᠭᠠᠳᠬᠠᠵᠤ᠂ ᠴᠢᠭᠡᠴᠢ ᠵᠠᠰᠠᠭ ᠤᠨ | ᠪᠠᠶᠢᠭᠤᠯᠤᠯᠳᠠ ᠪᠠ ᠢᠯᠵᠠᠷᠠᠮᠠᠯ ᠢ ᠡᠰᠡᠷᠭᠦᠴᠡᠬᠦ ᠠᠵᠢᠯ ᠤᠨ ᠲᠠᠯ᠎ᠠ ᠪᠠᠷ ᠰᠢᠨ᠎ᠠ ᠦᠷ᠎ᠠ ᠪᠦᠳᠦᠮᠵᠢ ᠤᠯᠪᠠ᠃ | ᠲᠦᠯᠦᠭᠡᠯᠡᠭᠴᠢᠳ ᠡ᠂ 2011 ᠤᠨ ᠪᠤᠯ᠂ ᠮᠠᠨ ᠬᠤᠳᠠ ᠶᠢᠨ ᠬᠦᠭᠵᠢᠯᠳᠠ ᠶᠢᠨ ᠶᠠᠪᠤᠴᠠ ᠲᠤᠮᠳᠠᠬᠢ ᠲᠤᠶᠢᠯ ᠤᠨ ᠵᠢᠷ ᠤᠨ ᠪᠤᠰᠤ ᠨᠢᠭᠡ ᠵᠢᠯ | ᠪᠤᠯᠤᠨ᠎ᠠ᠃ ᠤᠯᠤᠰ ᠤᠨ ᠲᠤᠳᠤᠭᠠᠳᠤ ᠭᠠᠳᠠᠭᠠᠳᠤ ᠶᠢᠨ ᠠᠵᠤ ᠠᠬᠤᠢ ᠶᠢᠨ ᠤᠷᠴᠢᠨ ᠲᠤᠭᠤᠷᠢᠨ ᠪᠤᠳᠤᠯᠢᠶᠠᠨᠳᠠᠢ ᠮᠦᠷᠳᠡᠭᠡᠨ ᠬᠤᠪᠢᠷᠠᠯᠳᠠ ᠶᠡᠬᠡᠳᠡᠢ᠂ ᠮᠠᠨ ᠤ | ᠬᠤᠳᠠ ᠶᠢᠨ ᠬᠦᠭᠵᠢᠯᠳᠠ ᠡᠳᠦᠢ ᠲᠡᠳᠦᠢ ᠦᠷᠢᠰᠦᠯᠳᠦᠭᠡᠨ ᠲᠤᠯᠭᠠᠷᠠᠵᠤ ᠪᠠᠶᠢᠭ᠎ᠠ ᠰᠢᠨ᠎ᠠ ᠪᠠᠶᠢᠳᠠᠯ ᠲᠤᠤᠷ᠎ᠠ᠂ ᠮᠠᠨ ᠤ ᠬᠤᠳᠠ ᠤᠷᠢᠳᠠᠪᠠᠷ ᠬᠦᠭᠵᠢᠬᠦᠯᠬᠦ᠂ | ᠰᠢᠨᠵᠢᠯᠡᠬᠦ ᠤᠬᠠᠭᠠᠨᠴᠢ ᠪᠠᠷ ᠬᠦᠭᠵᠢᠬᠦᠯᠬᠦ᠂ ᠪᠤᠯᠪᠠᠰᠤᠨ ᠢᠶᠠᠷ ᠬᠦᠭᠵᠢᠬᠦᠯᠬᠦ᠂ ᠡᠶ᠎ᠡ ᠵᠤᠬᠢᠴᠠᠯ ᠲᠠᠢ ᠪᠠᠷ ᠬᠦᠭᠵᠢᠬᠦᠯᠬᠦ ᠵᠠᠮ ᠮᠦᠷ ᠲᠡᠭᠡᠷ᠎ᠠ ᠲᠡᠬᠢᠨ ᠯᠠᠪᠳᠠᠭᠤᠨ | ᠪᠡᠳᠤᠳᠠᠢ ᠨᠢᠭᠡ ᠠᠯᠬᠤᠮ ᠠᠯᠬᠤᠵᠤ᠂ ᠠᠵᠤ ᠠᠬᠤᠢ ᠬᠦᠭᠵᠢᠵᠤ᠂ ᠨᠡᠶᠢᠭᠡᠮ ᠡᠶ᠎ᠡ ᠵᠤᠬᠢᠴᠠᠯ ᠲᠠᠢ᠂ ᠦᠨᠳᠤᠰᠤᠳᠠᠨ ᠨᠦᠭᠦᠳ ᠪᠦᠯᠬᠦᠮᠳᠠᠵᠤ᠂ ᠠᠷᠠᠳ ᠤᠨ | ᠠᠮᠢᠳᠤᠷᠠᠯ ᠰᠠᠶᠢᠵᠢᠷᠠᠭᠰᠠᠨ ᠰᠠᠶᠢᠨ ᠰᠠᠶᠢᠬᠠᠨ ᠪᠠᠶᠢᠳᠠᠯ ᠢᠯᠠᠷᠡᠭᠰᠡᠨ ᠪᠠᠶᠢᠨ᠎ᠠ᠃ ᠪᠦᠬᠦ ᠬᠤᠳᠠ ᠶᠢᠨ ᠠᠷᠠᠳ ᠲᠦᠮᠠᠨ ᠤ ᠬᠠᠮᠳᠤ ᠶᠢᠨ ᠴᠢᠷᠮᠠᠶᠢᠯᠭ᠎ᠠ ᠪᠠᠷ ᠲᠠᠮᠵᠢᠨ᠂ | ᠮᠠᠨ ᠤ ᠬᠤᠳᠠ ︽ᠪᠦᠬᠦ ᠤᠯᠤᠰ ᠤᠨ ᠪᠤᠯᠪᠠᠰᠤᠨ ᠬᠤᠳᠠ︾᠂ ︽ᠤᠯᠤᠰ ᠤᠨ ᠡᠷᠡᠬᠦᠯ ᠬᠠᠮᠠᠭᠠᠯᠠᠯ ᠤᠨ ᠬᠤᠳᠠ︾ ᠶᠢᠨ ᠢᠷᠠᠭᠤ ᠠᠯᠳᠠᠷ ᠪᠠ ︽ᠪᠦᠬᠦ | ᠤᠯᠤᠰ ᠤᠨ ᠬᠤᠶᠠᠷ ᠢ ᠬᠦᠷᠢᠶᠡᠯᠡᠬᠦ ᠵᠢᠱᠢᠶᠡᠴᠢ ᠬᠤᠳᠠ︾ ᠶᠢᠨ ᠭᠤᠷᠪᠠ ᠤᠳᠠᠭ᠎ᠠ ᠲᠠᠷᠠᠭᠠᠯᠠᠨ ᠲᠡᠷᠢᠬᠦᠯᠦᠭᠰᠡᠨ ᠢᠷᠠᠭᠤ ᠠᠯᠳᠠᠷ ᠢ ᠠᠮᠵᠢᠯᠳᠠ ᠲᠠᠢ ᠪᠠᠷ ᠤᠯᠵᠤ᠂ | ᠬᠤᠳᠠ ᠶᠢᠨ ᠨᠦᠯᠦᠭᠡᠯᠡᠬᠦ ᠬᠦᠴᠦᠨ ᠪᠠ ᠨᠠᠷᠠ ᠠᠯᠳᠠᠷ ᠢ ᠴᠢᠨᠠᠭᠰᠢᠳᠠ ᠲᠡᠭᠡᠭᠰᠢᠯᠡᠬᠦᠯᠵᠤ᠂ ᠪᠦᠬᠦ ᠬᠤᠳᠠ ᠶᠢᠨ ᠡᠯ᠎ᠠ ᠦᠨᠳᠤᠰᠤᠳᠠᠨ ᠨᠦᠭᠦᠳ ᠤᠨ ᠠᠷᠠᠳ | ᠲᠦᠮᠠᠨ ᠤ ᠨᠤᠳᠤᠭ ᠤᠰᠤ ᠪᠠᠨ ᠬᠠᠶᠢᠷᠠᠯᠠᠵᠤ᠂ ᠨᠤᠳᠤᠭ ᠤᠰᠤ ᠪᠠᠨ ᠪᠦᠳᠦᠭᠡᠨ ᠪᠠᠶᠢᠭᠤᠯᠬᠤ ᠬᠠᠯᠠᠭᠤᠮᠰᠤᠭ ᠪᠠ ᠲᠡᠮᠡᠴᠠᠯ ᠤᠨ ᠵᠤᠷᠢᠭ ᠢ ᠬᠦᠭᠵᠢᠬᠡᠪᠠ᠃ | ᠡᠳᠡᠬᠡᠷ ᠬᠢᠷᠢ ᠪᠦᠳᠦᠮᠵᠢ ᠶᠢ ᠤᠯᠤᠭᠰᠠᠨ ᠨᠢ ᠬᠤᠳᠠ ᠶᠢᠨ ᠨᠠᠮ ᠤᠨ ᠬᠤᠷᠢᠶ᠎ᠠ ᠶᠡᠭᠡ ᠲᠠᠯ᠎ᠠ ᠶᠢ ᠡᠵᠡᠮᠳᠠᠵᠤ᠂ ᠵᠦᠪ ᠤᠳᠤᠷᠢᠳᠤᠭᠰᠠᠨ ᠤ ᠦᠷ᠎ᠠ ᠳ᠋ᠦᠡᠭ ᠪᠤᠯᠤᠨ᠎ᠠ | ᠂ ᠬᠤᠳᠠ ᠶᠢᠨ ᠬᠡᠳᠤᠨ ᠲᠤᠮᠤ ᠤᠳᠤᠷᠢᠳᠬᠤ ᠪᠠᠭ ᠤᠨ ᠰᠠᠳᠬᠢᠯ ᠨᠢᠭᠡᠳᠤᠨ ᠬᠦᠴᠦ ᠬᠠᠮᠳᠤᠳᠬᠠᠵᠤ᠂ ᠪᠦᠯᠬᠦᠮᠳᠠᠨ ᠤᠷᠤᠭᠰᠢᠯᠠᠭᠰᠠᠨ ᠤ ᠦᠷ᠎ᠠ ᠳ᠋ᠦᠡᠭ ᠪᠤᠯᠬᠤ | ᠶᠤᠮ᠂ ᠨᠠᠩ ᠴᠤ ᠪᠦᠬᠦ ᠬᠤᠳᠠ ᠶᠢᠨ ᠠᠷᠠᠳ ᠲᠦᠮᠠᠨ ᠤ ᠰᠢᠷᠭᠠᠭᠤ ᠴᠢᠷᠮᠠᠶᠢᠵᠤ᠂ ᠬᠠᠮᠳᠤ ᠪᠠᠷ ᠲᠡᠮᠡᠴᠡᠭᠰᠡᠨ ᠤ ᠦᠷ᠎ᠠ ᠳ᠋ᠦᠡᠭ ᠪᠤᠯᠬᠤ ᠶᠤᠮ᠃ ᠠᠳᠠ᠂ ᠪᠢ | ᠬᠤᠳᠠ ᠶᠢᠨ ᠠᠷᠠᠳ ᠤᠨ ᠵᠠᠰᠠᠭ ᠤᠨ ᠤᠷᠳᠤᠨ ᠢ ᠲᠦᠯᠦᠭᠡᠯᠡᠨ᠂ ᠪᠦᠬᠦ ᠬᠤᠳᠠ ᠶᠢᠨ ᠡᠯ᠎ᠠ ᠦᠨᠳᠤᠰᠤᠳᠠᠨ ᠨᠦᠭᠦᠳ ᠤᠨ ᠺᠡᠳ᠋ᠷ ᠤᠯᠠᠨ ᠲᠦᠮᠠᠨ᠂ ᠡᠯ᠎ᠠ | ᠱᠠᠳᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠦᠯᠦᠭᠡᠯᠡᠭᠴᠢᠳ᠂ ᠤᠯᠤᠰ ᠲᠦᠷᠦ ᠶᠢᠨ ᠵᠦᠪᠯᠡᠯᠭᠡᠨ ᠤ ᠬᠡᠰᠢᠬᠦᠳ᠂ ᠡᠯ᠎ᠠ | ᠠᠷᠠᠳᠴᠢᠯᠠᠭᠰᠠᠨ ᠨᠠᠮ ᠪᠦᠯᠦᠭ᠂ ᠠᠵᠤ ᠦᠢᠯᠡᠳᠪᠤᠷᠢ ᠬᠤᠳᠠᠯᠳᠤᠭᠠᠨ ᠤ ᠬᠤᠯᠪᠤᠭ᠎ᠠ ᠪᠠ ᠨᠠᠮ ᠪᠦᠯᠦᠭ ᠤᠨ ᠪᠤᠰᠤ ᠬᠦᠮᠤᠰ᠂ ᠮᠠᠨ ᠤ ᠬᠤᠳᠠ ᠳᠤ ᠰᠠᠭᠤᠭ᠎ᠠ | ᠴᠢᠯᠦᠭᠡᠯᠡᠬᠦ ᠴᠡᠷᠢᠭ᠂ ᠵᠡᠪᠰᠡᠭᠳᠤ ᠴᠠᠭᠳᠠᠭ᠎ᠠ ᠪᠠ ᠭᠠᠯ ᠤᠨᠳᠠᠷᠡᠭᠠᠬᠤ ᠲᠠᠷᠤᠭ᠎ᠠ ᠪᠠᠶᠢᠯᠳᠤᠭᠴᠢᠳ᠂ ᠤᠷᠳᠤᠰ ᠤᠨ ᠪᠦᠳᠦᠭᠡᠨ ᠪᠠᠶᠢᠭᠤᠯᠤᠯᠳᠠ ᠬᠦᠭᠵᠢᠯᠳᠠ ᠶᠢ | ᠬᠠᠯᠠᠮᠵᠢᠯᠠᠵᠤ᠂ ᠲᠠᠮᠵᠢᠵᠤ᠂ ᠤᠷᠤᠯᠴᠠᠭᠰᠠᠨ ᠨᠡᠶᠢᠭᠡᠮ ᠤᠨ ᠡᠯ᠎ᠠ ᠡᠳᠡᠭᠡᠳ ᠤᠨ ᠬᠢᠨ ᠳᠤ ᠴᠢᠩ ᠰᠡᠳᠬᠢᠯ ᠤᠨ ᠲᠠᠯᠠᠷᠬᠠᠯ ᠪᠠ ᠡᠷᠬᠢᠮ ᠲᠡᠭᠡᠳᠤ ᠮᠡᠨᠳᠤᠴᠢᠯᠠᠯ | ᠢᠶᠠᠨ ᠲᠡᠪᠰᠢᠬᠦᠯᠦᠶ᠎ᠠ︕ | ᠬᠢᠷᠢ ᠪᠦᠳᠦᠮᠵᠢ ᠪᠠᠨ ᠤᠯᠵᠤ ᠬᠠᠷᠠᠬᠤ ᠶᠢᠨ ᠲᠠᠭᠠᠤ ᠤᠶᠢᠷ᠎ᠠ ᠶᠢᠨ ᠵᠢᠯ ᠠᠴᠠ ᠨᠠᠰᠢ ᠮᠠᠨ ᠤ ᠬᠤᠳᠠ ᠬᠡᠳᠦᠶᠢᠪᠠᠷ ᠠᠵᠤ ᠠᠬᠤᠢ ᠶᠢᠨ ᠦᠨᠳᠦᠷ | ᠬᠤᠷᠳᠤᠴᠠ ᠪᠠᠷ ᠨᠡᠮᠡᠭᠳᠡᠬᠦ ᠪᠠᠶᠢᠳᠠᠯ ᠢ ᠪᠠᠳᠤᠯᠠᠵᠤ᠂ ᠨᠡᠶᠢᠭᠡᠮ ᠤᠨ ᠡᠯ᠎ᠠ ᠬᠦᠷᠢᠶ᠎ᠠ ᠬᠡᠪᠴᠢᠶᠠᠨ ᠳᠤ ᠯᠤᠳᠤ ᠶᠡᠭᠡ ᠬᠤᠪᠢᠷᠠᠯᠳᠠ ᠲᠠᠢ ᠪᠤᠯᠤᠭᠰᠠᠨ ᠴᠤ | ᠬᠦᠭᠵᠢᠩᠬᠦᠢ ᠪᠤᠰᠤ ᠪᠠᠶᠢᠭ᠎ᠠ ᠬᠤᠳᠠ ᠶᠢᠨ ᠦᠨᠳᠤᠰᠤᠨ ᠪᠠᠶᠢᠳᠠᠯ ᠮᠦᠨ ᠯᠠ ᠦᠨᠳᠤᠰᠤᠨ ᠳᠡᠭᠡᠨ ᠬᠤᠪᠢᠷᠠᠭᠠᠳᠤᠢ ᠪᠠᠶᠢᠵᠤ᠂ ᠬᠦᠭᠵᠢᠯᠳᠠ ᠨᠢ ᠬᠦᠴᠦᠨ ᠲᠡᠬᠦᠯᠳᠡᠷ | ᠪᠤᠰᠤ᠂ ᠲᠡᠩᠴᠡᠬᠦᠷᠢ ᠦᠭᠡᠢ ᠪᠠᠶᠢᠬᠤ ᠪᠠ ᠵᠤᠬᠢᠴᠠᠯᠳᠤᠩᠭᠤᠢ ᠪᠤᠰᠤ ᠪᠠᠶᠢᠬᠤ ᠠᠰᠠᠭᠤᠳᠠᠯ ᠪᠠᠰᠠ ᠨᠡᠯᠢᠶᠡᠳ ᠲᠤᠪᠤᠶᠢᠮ᠎ᠠ ᠪᠠᠶᠢᠨ᠎ᠠ ᠭᠡᠳᠡᠭ ᠢ ᠪᠢᠳᠠ ᠡᠷᠬᠡᠪᠰᠢ | ᠰᠡᠷᠭᠡᠭ ᠢᠶᠠᠷ ᠲᠠᠨᠢᠬᠤ ᠬᠡᠷᠡᠭᠳᠡᠢ᠃ ᠭᠤᠤᠯ ᠢᠯᠡᠷᠡᠯ ᠪᠤᠯ᠄ ᠠᠵᠤ ᠠᠬᠤᠢ ᠶᠢᠨ ᠶᠡᠷᠦᠩᠭᠡᠢ ᠬᠡᠮᠵᠢᠶ᠎ᠠ ᠨᠢ ᠪᠠᠰᠠ ᠯᠠ ᠶᠡᠭᠡ ᠪᠤᠰᠤ ᠪᠠᠶᠢᠵᠤ᠂ ᠠᠵᠤ ᠦᠢᠯᠡᠰ ᠤᠨ | ᠪᠦᠳᠦᠴᠠ ᠨᠢ ᠲᠠᠩ ᠴᠤᠯᠭᠤᠢ᠂ ᠡᠬᠢ ᠪᠠᠶᠠᠯᠢᠭ ᠤᠨ ᠪᠤᠰᠤ ᠬᠡᠯᠪᠡᠷᠢ ᠶᠢᠨ ᠠᠵᠤ ᠦᠢᠯᠡᠰ ᠰᠠᠶ᠋ᠢᠬᠠᠨ ᠡᠬᠢᠯᠠᠵᠤ᠂ ᠮᠦᠡᠭᠬᠦᠨ ᠬᠦᠢᠯᠭᠡᠭᠡ᠂ ᠪᠤᠳᠠᠰ ᠤᠨ ᠬᠦᠢᠯᠭᠡᠭᠡ | ᠵᠡᠷᠭᠡ ᠤᠳᠤ ᠦᠶ᠎ᠠ ᠶᠢᠨ ᠦᠢᠯᠡᠴᠢᠯᠡᠭᠡᠨ ᠤ ᠦᠢᠯᠡᠰ ᠤᠨ ᠬᠦᠭᠵᠢᠯᠳᠠ ᠬᠤᠴᠤᠷᠤᠭᠳᠡᠩᠭᠤᠢ ᠪᠠᠶᠢᠨ᠎ᠠ︔ ᠬᠤᠳᠠ ᠬᠦᠳᠡᠭᠡ ᠶᠢᠨ ᠬᠦᠭᠵᠢᠯᠳᠠ ᠶᠢᠨ ᠵᠦᠷᠢᠶ᠎ᠠ | ᠢᠯᠡᠳᠳᠠ ᠪᠠᠶᠢᠵᠤ᠂ ᠵᠠᠷᠢᠮ ᠮᠠᠯᠵᠢᠬᠤ ᠲᠠᠷᠢᠶᠠᠯᠠᠬᠤ ᠤᠷᠤᠨ ᠤ ᠦᠢᠯᠡᠳᠪᠤᠷᠢᠯᠠᠯ᠂ ᠠᠮᠢᠳᠤᠷᠠᠯ ᠤᠨ ᠨᠦᠬᠦᠴᠡᠯ ᠨᠠᠯᠢᠶᠠᠳ ᠬᠤᠴᠤᠷᠤᠭᠳᠠᠩᠭᠤᠢ ᠪᠠᠶᠢᠵᠤ᠂ ᠬᠤᠳᠠ | ᠬᠦᠳᠡᠭᠡ ᠶᠢ ᠨᠢᠭᠡᠳᠤᠯᠳᠠᠢ ᠲᠦᠯᠦᠪᠵᠢᠬᠦᠯᠦᠨ ᠬᠦᠭᠵᠢᠬᠦᠯᠬᠦ ᠶᠢ ᠠᠬᠢᠭᠤᠯᠬᠤ ᠡᠬᠦᠷᠭᠡ ᠲᠤᠶᠢᠯ ᠤᠨ ᠬᠦᠴᠢᠷ ᠪᠡᠷᠭᠡᠰᠢᠶᠠᠯ ᠲᠠᠢ ᠪᠠᠶᠢᠨ᠎ᠠ︔ ᠬᠤᠳᠠ ᠬᠦᠳᠡᠭᠡ ᠶᠢᠨ | ᠰᠠᠭᠤᠭᠠᠯᠢ ᠠᠷᠠᠳ ᠢᠯᠠᠩᠭᠤᠶ᠎ᠠ ᠮᠠᠯᠴᠢᠨ ᠲᠠᠷᠢᠶᠠᠴᠢᠨ ᠤ ᠤᠷᠤᠯᠭ᠎ᠠ ᠶᠢ ᠦᠷᠬᠦᠯᠵᠢᠯᠠᠨ ᠨᠡᠮᠡᠭᠳᠡᠬᠦᠯᠬᠦ ᠬᠦᠴᠢᠷᠳᠡᠯ ᠶᠡᠭᠡ ᠪᠤᠯᠵᠤ᠂ ᠵᠠᠷᠢᠮ ᠲᠤᠤᠷ᠎ᠠ ᠤᠷᠤᠯᠭᠠᠳᠠᠳ | ᠤᠨ ᠠᠮᠢᠳᠤᠷᠠᠯ ᠨᠢ ᠪᠠᠰᠠ ᠨᠠᠯᠢᠶᠠᠳ ᠬᠦᠴᠢᠷᠳᠡᠯᠳᠡᠢ ᠪᠠᠶᠢᠨ᠎ᠠ︔ ᠭᠤᠤᠯᠳᠠᠯᠭᠠᠳᠤ ᠬᠤᠳᠠ ᠶᠢᠨ ᠲᠤᠭᠤᠷᠢᠭ ᠤᠨ ᠴᠢᠳᠠᠪᠬᠢ ᠨᠢ ᠪᠦᠷᠢᠨ ᠲᠡᠬᠦᠯᠳᠡᠷ ᠪᠤᠰᠤ ᠪᠠᠶᠢᠵᠤ | ᠂ ᠰᠠᠭᠤᠷᠢ ᠲᠦᠬᠦᠭᠡᠷᠦᠮᠵᠢ ᠶᠢᠨ ᠲᠠᠭᠠᠭᠠᠴᠠ ᠶᠢᠨ ᠴᠢᠳᠠᠪᠤᠷᠢ ᠨᠢ ᠬᠦᠴᠤᠷᠬᠡᠭ ᠪᠤᠰᠤ᠂ ᠵᠠᠮ ᠬᠠᠷᠢᠯᠴᠠᠭ᠎ᠠ᠂ ᠴᠠᠬᠢᠯᠭᠠᠨ ᠬᠦᠴᠤᠨ ᠵᠡᠷᠬᠡ ᠭᠠᠳᠠᠭᠰᠢ ᠲᠠᠮᠵᠢᠭᠤᠯᠬᠤ | ᠵᠠᠮ ᠱᠤᠭᠤᠮ ᠬᠠᠷᠰᠢᠯᠠᠯ ᠲᠠᠢ ᠪᠠᠶᠢᠨ᠎ᠠ︔ ᠠᠮᠢ ᠠᠬᠤᠢ ᠶᠢᠨ ᠤᠷᠴᠢᠨ ᠲᠤᠭᠤᠷᠢᠨ ᠲᠤᠶᠢᠯ ᠤᠨ ᠪᠠᠭᠤᠷᠠᠢ ᠪᠠᠶᠢᠵᠤ᠂ ᠡᠬᠢ ᠪᠠᠶᠠᠯᠢᠭ ᠤᠨ ᠤᠷᠴᠢᠨ ᠲᠤᠭᠤᠷᠢᠨ | ᠤ ᠬᠦᠯᠢᠶᠡᠰᠦᠯᠠᠯ ᠲᠠᠰᠤᠷᠠᠯᠳᠠ ᠦᠭᠡᠢ ᠶᠡᠭᠡᠳᠴᠤ ᠪᠠᠶᠢᠨ᠎ᠠ︔ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠠ ᠶᠢ ᠡᠬᠦᠳᠬᠦ ᠴᠢᠳᠠᠪᠤᠷᠢ ᠬᠦᠴᠤᠷᠬᠡᠭ ᠪᠤᠰᠤ ᠪᠠᠶᠢᠵᠤ | ᠂ ᠲᠡᠭᠡᠳᠤ ᠰᠢᠨᠵᠢᠯᠡᠬᠦ ᠤᠬᠠᠭᠠᠨ ᠮᠡᠷᠭᠡᠵᠢᠯ ᠤᠨ ᠴᠢᠳᠠᠪᠤᠷᠢᠳᠠᠨ ᠪᠠ ᠠᠵᠤ ᠦᠢᠯᠡᠰ ᠤᠨ ᠠᠵᠢᠯᠴᠢᠨ ᠲᠤᠳᠠᠭᠳᠠᠵᠤ᠂ ᠨᠡᠶᠢᠭᠡᠮ ᠤᠨ ᠠᠵᠢᠯ ᠦᠢᠯᠡᠰ ᠤᠨ | ᠦᠷᠢᠳᠤᠯ ᠨᠡᠯᠢᠶᠠᠳ ᠤᠯᠠᠨ ᠪᠠᠶᠢᠵᠤ᠂ ᠨᠡᠶᠢᠳᠠ ᠶᠢᠨ ᠦᠢᠯᠡᠴᠢᠯᠡᠭᠡᠨ ᠤ ᠴᠢᠳᠠᠪᠤᠷᠢ ᠶᠢ ᠴᠢᠨᠠᠭᠰᠢᠳᠠ ᠲᠡᠭᠡᠭᠰᠢᠯᠡᠬᠦᠯᠬᠦ ᠴᠢᠬᠤᠯᠠ ᠲᠠᠢ ᠪᠠᠶᠢᠨ᠎ᠠ︔ ᠨᠡᠶᠢᠭᠡᠮ ᠤᠨ | ᠬᠠᠮᠢᠶᠠᠷᠤᠯᠳᠠ ᠳᠤ ᠠᠯᠢ ᠤᠯᠠᠨ ᠰᠢᠨ᠎ᠠ ᠪᠠᠶᠢᠳᠠᠯ ᠪᠠ ᠠᠰᠠᠭᠤᠳᠠᠯ ᠲᠤᠯᠭᠠᠷᠠᠵᠤ᠂ ᠡᠬᠢ ᠪᠠᠶᠠᠯᠢᠭ ᠤᠨ ᠨᠡᠭᠡᠭᠡᠯᠳᠠ᠂ ᠲᠦᠷᠦᠯ ᠵᠦᠢᠯ ᠤᠨ ᠪᠦᠳᠦᠭᠡᠨ | ᠪᠠᠶᠢᠭᠤᠯᠤᠯᠳᠠ᠂ ᠭᠠᠵᠠᠷ ᠲᠠᠳᠠᠪᠤᠷᠢᠯᠠᠨ ᠨᠤᠷᠠᠭᠠᠨ ᠰᠢᠯᠵᠢᠬᠦᠯᠬᠦ ᠶᠠᠪᠤᠴᠠ ᠲᠤᠮᠳᠠ ᠵᠦᠷᠢᠴᠠᠯ ᠵᠢᠭᠤᠷᠠᠯᠳᠤᠭᠠᠨ ᠮᠦᠨ ᠯᠠ ᠲᠠᠰᠤᠷᠠᠯ ᠦᠭᠡᠢ ᠡᠬᠦᠰᠴᠤ᠂ ᠢᠯᠡᠩᠭᠤᠶ᠎ᠠ | ᠭᠡᠷ ᠪᠠᠶᠢᠰᠢᠩ ᠭᠠᠵᠠᠷ ᠬᠦᠷᠦᠩᠭᠡ ᠪᠠ ᠠᠷᠠᠳ ᠤᠨ ᠵᠢᠭᠡᠯᠡᠯᠭᠡ ᠶᠢᠨ ᠬᠦᠷᠢᠶ᠎ᠠ ᠬᠡᠪᠴᠢᠶᠠᠨ ᠳᠠᠬᠢ ᠠᠶᠤᠯ ᠲᠦᠭᠰᠢᠬᠦᠷᠢ ᠨᠡᠮᠡᠭᠳᠡᠵᠤ᠂ ᠨᠡᠶᠢᠭᠡᠮ ᠤᠨ ᠠᠮᠤᠷ | ᠲᠤᠭᠳᠠᠭᠤᠨ ᠢ ᠬᠠᠮᠠᠭᠠᠯᠠᠬᠤ ᠡᠬᠦᠷᠭᠡ ᠪᠠᠰᠠ ᠲᠤᠶᠢᠯ ᠤᠨ ᠬᠦᠴᠢᠷ ᠪᠡᠷᠭᠡᠰᠢᠶᠡᠯ ᠲᠠᠢ ᠪᠠᠶᠢᠨ᠎ᠠ︔ ᠵᠠᠰᠠᠭ ᠤᠨ ᠤᠷᠳᠤᠨ ᠤ ᠲᠤᠰ ᠪᠠᠶ᠎ᠠ ᠶᠢᠨ ᠪᠠᠶᠢᠭᠤᠯᠤᠯᠳᠠ | ᠶᠢ ᠲᠠᠰᠤᠷᠠᠯᠳᠠ ᠦᠭᠡᠢ ᠴᠢᠩᠭᠠᠳᠬᠠᠬᠤ ᠴᠢᠬᠤᠯᠠ ᠲᠠᠢ ᠪᠠᠶᠢᠵᠤ᠂ ᠰᠢᠨᠵᠢᠯᠡᠬᠦ ᠤᠬᠠᠭᠠᠨᠴᠢ ᠪᠠᠷ ᠬᠦᠭᠵᠢᠬᠦᠯᠬᠦ ᠶᠢ ᠠᠬᠢᠭᠤᠯᠬᠤ ᠴᠢᠳᠠᠪᠤᠷᠢ ᠶᠢ ᠴᠢᠨᠠᠭᠰᠢᠳᠠ | ᠲᠡᠭᠡᠭᠰᠢᠯᠡᠬᠦᠯᠬᠦ ᠴᠢᠬᠤᠯᠠ ᠲᠠᠢ ᠪᠠᠶᠢᠨ᠎ᠠ᠃ ᠡᠳᠡᠬᠡᠷ ᠠᠰᠠᠭᠤᠳᠠᠯ ᠢ ᠪᠢᠳᠠ ᠡᠷᠭᠡᠪᠰᠢ ᠲᠡᠭᠡᠳᠤ ᠬᠡᠮᠵᠢᠶ᠎ᠠ ᠪᠠᠷ ᠴᠢᠬᠤᠯᠠᠴᠢᠯᠠᠵᠤ᠂ ᠬᠦᠴᠦᠨ ᠪᠦᠬᠦᠢ ᠠᠷᠭ᠎ᠠ ᠬᠡᠮᠵᠢᠶ᠎ᠠ | ᠠᠪᠴᠤ᠂ ᠦᠨᠡᠨᠬᠦ ᠴᠢᠬᠤᠯᠠᠴᠢᠯᠠᠨ ᠰᠢᠢᠳᠪᠤᠷᠢᠯᠡᠬᠦ ᠴᠢᠬᠤᠯᠠ ᠲᠠᠢ ᠪᠠᠶᠢᠨ᠎ᠠ᠃ | | ᠬᠤᠶᠠᠷ᠂ 2012 ᠤᠨ ᠤ ᠭᠤᠤᠯ ᠠᠵᠢᠯ ᠤᠨ ᠡᠬᠦᠷᠭᠡ | | 2012 ᠤᠨ ᠪᠤᠯ ᠮᠠᠨ ᠤ ᠬᠤᠳᠠ ᠠᠵᠤ ᠠᠬᠤᠢ ᠶᠢᠨ ᠪᠦᠳᠦᠴᠠ ᠳᠤ ᠲᠤᠬᠢᠷᠠᠭᠤᠯᠤᠯᠳᠠ ᠬᠢᠵᠤ᠂ ᠬᠦᠭᠵᠢᠯᠳᠠ ᠶᠢᠨ ᠬᠡᠯᠪᠡᠷᠢ ᠶᠢ ᠬᠤᠪᠢᠷᠠᠭᠤᠯᠬᠤ | ᠵᠠᠩᠭᠢᠯᠠᠭ᠎ᠠ ᠶᠢᠨ ᠨᠢᠭᠡ ᠵᠢᠯ ᠪᠤᠯᠤᠨ᠎ᠠ᠂ ᠪᠢᠳᠠᠨ ᠳᠤ ᠶᠠᠭ ᠤᠯᠳᠠᠰᠢ ᠦᠭᠡᠢ ᠬᠦᠭᠵᠢᠯᠳᠠ ᠶᠢᠨ ᠠᠵᠨ ᠲᠤᠬᠢᠶᠠᠯ ᠲᠤᠯᠭᠠᠷᠠᠵᠤ ᠪᠠᠶᠢᠬᠤ ᠪᠠᠷ ᠪᠠᠷᠠᠬᠤ ᠦᠬᠡᠢ ᠪᠠᠰᠠ | ᠡᠳᠦᠢ ᠲᠡᠳᠦᠢ ᠬᠦᠴᠢᠷᠳᠡᠯ ᠪᠠ ᠦᠷᠢᠰᠦᠯᠳᠦᠭᠡᠨ ᠴᠤ ᠲᠤᠯᠭᠠᠷᠠᠵᠤ ᠪᠠᠶᠢᠨ᠎ᠠ᠂ ᠡᠨᠠ ᠵᠢᠯ ᠤᠨ ᠵᠠᠰᠠᠭ ᠤᠨ ᠤᠷᠳᠤᠨ ᠤ ᠠᠵᠢᠯ ᠢ ᠰᠠᠶᠢᠳᠤᠷ ᠬᠢᠬᠦ ᠨᠢ ᠤᠳᠬ᠎ᠠ | ᠰᠠᠨᠠᠭ᠎ᠠ ᠪᠠᠷ ᠬᠦᠨᠳᠤ ᠴᠢᠬᠤᠯᠠ ᠶᠤᠮ᠃ ᠪᠢᠳᠠ ᠡᠷᠭᠡᠪᠰᠢ ᠬᠦᠭᠵᠢᠯᠳᠠ ᠶᠢᠨ ᠤᠷᠬᠢᠯᠤᠮ᠎ᠠ ᠬᠠᠯᠠᠭᠤᠨ ᠰᠡᠳᠭᠢᠯᠭᠡ ᠶᠢ ᠡᠪᠦᠷᠯᠡᠵᠤ᠂ ᠬᠦᠭᠵᠢᠯᠳᠠ ᠶᠢᠨ ᠢᠳᠡᠭᠡᠯ | ᠵᠤᠷᠢᠭ ᠢᠶᠠᠨ ᠪᠠᠳᠤᠳᠬᠠᠵᠤ᠂ ᠬᠦᠭᠵᠢᠯᠳᠠ ᠶᠢᠨ ᠠᠵᠠ ᠲᠤᠬᠢᠶᠠᠯ ᠢ ᠵᠡᠪᠳᠤᠨ ᠡᠵᠡᠮᠳᠠᠵᠤ᠂ ᠢᠳᠡᠪᠬᠢᠯᠠᠨ ᠤᠷᠤᠭᠰᠢᠯᠠᠵᠤ᠂ ᠯᠠᠪᠳᠠᠭᠤᠨ ᠪᠠᠳᠤᠳᠠᠢ ᠠᠵᠢᠯᠯᠠᠵᠤ᠂ | ᠪᠦᠬᠦ ᠵᠢᠯ ᠤᠨ ᠡᠯ᠎ᠠ ᠲᠦᠷᠦᠯ ᠤᠨ ᠬᠠᠷᠠᠯᠳᠠ ᠡᠬᠦᠷᠭᠡ ᠶᠢ ᠲᠡᠬᠦᠰ ᠠᠮᠵᠢᠯᠳᠠ ᠲᠠᠢ ᠪᠡᠶᠡᠯᠡᠬᠦᠯᠬᠦ ᠶᠢ ᠪᠠᠳᠤᠯᠠᠵᠤ᠂ ᠰᠢᠯᠢᠳᠡᠭ ᠬᠢᠷᠢ ᠪᠦᠳᠦᠮᠵᠢ ᠪᠠᠷ ᠨᠠᠮ ᠤᠨ | ᠠᠷᠪᠠᠨ ᠨᠠᠢᠮᠠᠳᠤᠭᠠᠷ ᠤᠳᠠᠭᠠᠨ ᠤ ᠶᠡᠭᠡ ᠬᠤᠷᠠᠯ ᠤᠨ ᠠᠮᠵᠢᠯᠳᠠ ᠲᠠᠢ ᠪᠠᠷ ᠶᠠᠪᠤᠭᠳᠠᠬᠤ ᠶᠢ ᠤᠭᠳᠤᠶ᠎ᠠ᠃ | ᠡᠨᠡ ᠵᠢᠯ ᠤᠨ ᠵᠠᠰᠠᠭ ᠤᠨ ᠤᠷᠳᠤᠨ ᠤ ᠠᠵᠢᠯ ᠤᠨ ᠶᠡᠷᠦᠩᠭᠡᠢ ᠰᠡᠳᠬᠢᠴᠠ ᠪᠤᠯ᠄ ᠦᠪᠡᠷᠳᠡᠭᠡᠨ ᠵᠠᠰᠠᠬᠤ ᠤᠷᠤᠨ ᠤ ᠶᠢᠰᠤᠳᠦᠭᠡᠷ ᠤᠳᠠᠭᠠᠨ ᠤ ᠨᠠᠮ | ᠤᠨ ᠲᠦᠯᠦᠭᠡᠯᠡᠭᠴᠢᠳ ᠤᠨ ᠬᠤᠷᠠᠯ ᠪᠠ ᠬᠤᠳᠠ ᠶᠢᠨ ᠭᠤᠷᠪᠠᠳᠤᠭᠠᠷ ᠤᠳᠠᠭᠠᠨ ᠤ ᠨᠠᠮ ᠤᠨ ᠲᠦᠯᠦᠭᠡᠯᠡᠭᠴᠢᠳ ᠤᠨ ᠬᠤᠷᠠᠯ ᠤᠨ ᠵᠤᠷᠢᠭ ᠰᠠᠨᠠᠭ᠎ᠠ ᠶᠢ | ᠬᠢᠨᠠᠮᠠᠭᠠᠢ ᠨᠠᠶᠢᠳᠠᠪᠤᠷᠢᠵᠢᠭᠤᠯᠵᠤ᠂ ︽ᠰᠢᠨᠵᠢᠯᠡᠬᠦ ᠤᠬᠠᠭᠠᠨᠴᠢ ᠪᠠᠷ ᠬᠦᠭᠵᠢᠬᠦᠯᠦᠨ᠂ ᠠᠷᠠᠳ ᠢᠶᠠᠨ ᠪᠠᠶᠠᠵᠢᠭᠤᠯᠵᠤ ᠬᠤᠳᠠ ᠪᠠᠨ ᠬᠦᠴᠦᠷᠭᠡᠭᠵᠢᠬᠦᠯᠬᠦ︾ ᠭᠤᠤᠯ | ᠰᠡᠳᠤᠪ ᠢ ᠪᠠᠳᠤ ᠡᠵᠡᠮᠳᠠᠵᠤ᠂ ᠠᠵᠤ ᠠᠬᠤᠢ ᠶᠢᠨ ᠪᠦᠳᠦᠴᠠ ᠳᠤ ᠲᠤᠬᠢᠷᠠᠭᠤᠯᠤᠯᠳᠠ ᠬᠢᠬᠦ ᠶᠢᠨ ᠡᠨᠡᠬᠦ ᠭᠤᠤᠯ ᠱᠤᠭᠤᠮ ᠢ ᠴᠢᠩᠭ᠎ᠠ ᠠᠳᠬᠤᠨ᠂ ᠪᠦᠳᠦᠴᠨ | ᠶᠢᠨ ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ᠂ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠠ ᠶᠢ ᠡᠬᠦᠳᠬᠦ᠂ ᠬᠤᠳᠠ ᠬᠦᠳᠡᠭᠡ ᠶᠢ ᠨᠢᠭᠡᠳᠤᠯᠳᠠᠢ | ᠲᠦᠯᠦᠪᠵᠢᠬᠦᠯᠬᠦ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ᠂ ᠨᠡᠶᠢᠭᠡᠮ ᠤᠨ ᠡᠶ᠎ᠡ ᠵᠤᠬᠢᠴᠠᠯ ᠢ ᠨᠠᠩ ᠴᠢᠬᠤᠯᠠᠴᠢᠯᠠᠵᠤ᠂ ᠪᠦᠬᠦ ᠤᠯᠤᠰ ᠤᠨ ᠪᠤᠯᠪᠠᠰᠤᠨ | ᠬᠤᠳᠠ᠂ ᠤᠯᠤᠰ ᠤᠨ ᠡᠷᠡᠬᠦᠯ ᠬᠠᠮᠠᠭᠠᠯᠠᠯ ᠤᠨ ᠬᠤᠳᠠ᠂ ᠪᠦᠬᠦ ᠤᠯᠤᠰ ᠤᠨ ᠬᠤᠶᠠᠷ ᠢ ᠬᠦᠷᠢᠶᠠᠯᠠᠬᠦ ᠵᠢᠱᠢᠶᠠᠴᠢ ᠬᠤᠳᠠ ᠶᠢ ᠡᠬᠦᠳᠤᠨ ᠪᠠᠶᠢᠭᠤᠯᠤᠭᠰᠠᠨ ᠦᠷ᠎ᠠ | ᠪᠦᠳᠦᠭᠡᠯ ᠢ ᠪᠠᠳᠤᠳᠬᠠᠬᠤ ᠪᠠ ᠬᠦᠭᠵᠢᠬᠦᠯᠵᠤ᠂ ᠤᠯᠤᠰ ᠤᠨ ᠪᠤᠬᠢᠷᠳᠤᠯ ᠦᠭᠡᠢ ᠵᠢᠱᠢᠶᠠᠴᠢ ᠬᠤᠳᠠ᠂ ᠤᠯᠤᠰ ᠤᠨ ᠠᠮᠢ ᠠᠬᠤᠢ ᠶᠢᠨ ᠴᠡᠴᠡᠷᠯᠢᠭ ᠬᠤᠳᠠ᠂ | ᠤᠯᠤᠰ ᠤᠨ ᠤᠢ ᠰᠢᠭᠤᠢ ᠶᠢᠨ ᠬᠤᠳᠠ ᠪᠠ ᠤᠯᠠᠨ ᠤᠯᠤᠰ ᠤᠨ ᠡᠷᠡᠬᠦᠯ ᠡᠩᠭᠡ ᠬᠤᠳᠠ ᠶᠢ ᠪᠦᠬᠦ ᠬᠦᠴᠦᠨ ᠢᠶᠠᠷ ᠢᠶᠠᠨ ᠡᠬᠦᠳᠤᠨ ᠪᠠᠶᠢᠭᠤᠯᠵᠤ᠂ ᠤᠷᠳᠤᠰ | ᠤᠨ ᠰᠢᠨᠵᠢᠯᠡᠬᠦ ᠤᠬᠠᠭᠠᠨᠴᠢ ᠬᠦᠭᠵᠢᠯᠳᠠ ᠶᠢᠨ ᠰᠢᠨ᠎ᠠ ᠪᠠᠶᠢᠳᠠᠯ ᠢ ᠴᠢᠷᠮᠠᠶᠢᠨ ᠪᠤᠢ ᠪᠤᠯᠭᠠᠨ᠎ᠠ᠃ | ᠠᠵᠤ ᠠᠬᠤᠢ ᠨᠡᠶᠢᠭᠡᠮ ᠤᠨ ᠬᠦᠭᠵᠢᠯᠳᠠ ᠶᠢᠨ ᠭᠤᠤᠯ ᠵᠢᠱᠢᠭᠰᠡᠨ ᠬᠠᠷᠠᠯᠳᠠ ᠪᠤᠯ᠄ ᠭᠠᠵᠠᠷ ᠤᠷᠤᠨ ᠤ ᠦᠢᠯᠡᠳᠪᠤᠷᠢᠯᠠᠯ ᠤᠨ ᠶᠡᠷᠦᠩᠭᠡᠢ ᠦᠷᠳᠡᠭ ᠢ | 3770 ᠳ᠋ᠦᠡᠭᠰᠢᠭᠤᠷ ᠲᠦᠬᠦᠷᠢᠭ ᠪᠡᠶᠡᠯᠡᠬᠦᠯᠵᠤ᠂ 13% ᠪᠠᠷ ᠨᠡᠮᠡᠭᠳᠡᠬᠦᠯᠦᠨ᠎ᠠ︔ ᠪᠦᠬᠦ ᠨᠠᠶᠢᠬᠡᠮ ᠤᠨ ᠲᠤᠭᠳᠠᠮᠠᠯ ᠬᠦᠷᠤᠩᠬᠡ ᠶᠢᠨ ᠪᠠᠯᠠ ᠤᠷᠤᠭᠤᠯᠤᠯᠳᠠ ᠶᠢ | 2530 ᠳ᠋ᠦᠩᠰᠢᠭᠤᠷ ᠲᠦᠬᠦᠷᠢᠭ ᠪᠠᠶᠠᠯᠠᠬᠦᠯᠵᠤ 13% ᠪᠠᠷ ᠨᠡᠮᠡᠭᠳᠡᠬᠦᠯᠤᠨ᠎ᠠ︔ ᠡᠳ᠋ ᠤᠨ ᠵᠠᠰᠠᠭ ᠤᠨ ᠤᠷᠤᠯᠭ᠎ᠠ ᠶᠢ 1000 ᠳ᠋ᠦᠡᠭᠰᠢᠭᠤᠷ ᠲᠦᠬᠦᠷᠢᠭ | ᠪᠠᠶᠡᠯᠡᠬᠦᠯᠵᠤ᠂ 25% ᠪᠠᠷ ᠨᠡᠮᠡᠭᠳᠡᠬᠦᠯᠦᠨ᠎ᠠ᠂ ᠡᠬᠦᠨ ᠳᠤ ᠡᠩ ᠤᠨ ᠲᠦᠰᠦᠪ ᠤᠨ ᠤᠷᠤᠯᠭ᠎ᠠ ᠶᠢ 450 ᠳ᠋ᠦᠡᠭᠰᠢᠭᠤᠷ ᠲᠦᠬᠦᠷᠢᠭ ᠪᠡᠶᠡᠯᠡᠬᠦᠯᠵᠤ᠂ 30% | ᠪᠠᠷ ᠨᠡᠮᠡᠭᠳᠡᠬᠦᠯᠦᠨ᠎ᠠ︔ ᠬᠤᠳᠠ ᠪᠠᠯᠭᠠᠰᠤ ᠶᠢᠨ ᠰᠠᠭᠤᠭᠠᠯᠢ ᠠᠷᠠᠳ ᠤᠨ ᠬᠦᠮᠦᠨ ᠲᠤᠮᠳᠠᠴᠢ ᠲᠤᠬᠢᠷᠠᠭᠤᠯᠵᠤ ᠪᠤᠯᠬᠤ ᠤᠷᠤᠯᠭ᠎ᠠ ᠶᠢ 33044 ᠲᠦᠬᠦᠷᠢᠭ | ᠬᠦᠷᠭᠡᠵᠤ᠂ 14% ᠪᠠᠷ ᠨᠡᠮᠡᠭᠳᠡᠬᠦᠯᠦᠨ᠎ᠠ︔ ᠮᠠᠯᠴᠢᠨ ᠲᠠᠷᠢᠶᠠᠴᠢᠳ ᠤᠨ ᠬᠦᠮᠦᠨ ᠲᠤᠮᠳᠠᠴᠢ ᠴᠡᠪᠡᠷ ᠤᠷᠤᠯᠭ᠎ᠠ ᠶᠢ 11280 ᠲᠦᠬᠦᠷᠢᠭ ᠬᠦᠷᠭᠡᠵᠤ᠂ 13% | ᠪᠠᠷ ᠨᠡᠮᠡᠭᠳᠡᠬᠦᠯᠦᠨ᠎ᠠ︔ ᠨᠡᠶᠢᠭᠡᠮ ᠤᠨ ᠬᠡᠷᠡᠭᠯᠡᠭᠡᠨ ᠤ ᠵᠦᠢᠯ ᠢ ᠵᠢᠵᠢᠭᠯᠡᠨ ᠪᠤᠷᠤᠯᠠᠭᠤᠯᠤᠭᠰᠠᠨ ᠶᠡᠷᠦᠩᠭᠡᠢ ᠲᠤᠭ᠎ᠠ ᠶᠢ 512 ᠳ᠋ᠦᠡᠭᠰᠢᠭᠤᠷ ᠲᠦᠬᠦᠷᠢᠭ | ᠪᠡᠶᠡᠯᠡᠬᠦᠯᠵᠤ᠂ 17% ᠪᠠᠷ ᠨᠡᠮᠡᠭᠳᠡᠬᠦᠯᠦᠨ᠎ᠠ᠃ ᠬᠤᠳᠠ ᠪᠠᠯᠭᠠᠰᠤ ᠶᠢᠨ ᠲᠡᠩᠰᠠᠯᠠᠭᠤᠯᠤᠭᠰᠠᠨ ᠠᠵᠢᠯ ᠠᠯᠳᠠᠯᠳᠠ ᠶᠢᠨ ᠨᠤᠷᠮ᠎ᠠ ᠶᠢ 3% ᠶᠢᠨ ᠲᠤᠳᠤᠷ᠎ᠠ | ᠬᠢᠵᠠᠭᠠᠷᠯᠠᠨ᠎ᠠ︔ ᠬᠦᠮᠦᠨ ᠠᠮᠠ ᠶᠢᠨ ᠲᠦᠷᠦᠯᠳᠠ ᠶᠢᠨ ᠨᠤᠷᠮ᠎ᠠ ᠶᠢ 12.2‰ ᠤᠨ ᠲᠤᠳᠤᠷ᠎ᠠ ᠬᠢᠵᠠᠭᠠᠷᠯᠠᠨ᠎ᠠ︔ ᠰᠠᠭᠤᠭᠠᠯᠢ ᠠᠷᠠᠳ ᠤᠨ ᠬᠡᠷᠡᠭᠯᠡᠭᠡ ᠶᠢᠨ | ᠦᠨ᠎ᠠ ᠬᠠᠨᠭ᠍ᠰᠢ ᠶᠢᠨ ᠢᠯᠡᠳᠭᠡᠭᠴᠢ ᠲᠤᠭ᠎ᠠ ᠶᠢᠨ ᠨᠡᠮᠡᠭᠳᠡᠯ ᠢ 4.5% ᠶᠢᠨ ᠲᠤᠳᠤᠷ᠎ᠠ ᠬᠢᠵᠠᠭᠠᠷᠯᠠᠨ᠎ᠠ︔ ᠳ᠋ᠦᠡᠭᠰᠢᠭᠤᠷ ᠲᠦᠬᠦᠷᠢᠭ ᠤᠨ ᠦᠢᠯᠡᠳᠪᠤᠷᠢᠯᠠᠯ ᠤᠨ | ᠶᠡᠷᠦᠩᠭᠡᠢ ᠦᠷᠳᠡᠭ ᠤᠨ ᠠᠶᠤᠯ ᠦᠭᠡᠢ ᠶᠢᠨ ᠠᠳᠠᠯ ᠤᠨ ᠦᠬᠦᠯ ᠤᠨ ᠨᠤᠷᠮ᠎ᠠ ᠶᠢ 0.05 ᠶᠢᠨ ᠲᠤᠳᠤᠷ᠎ᠠ ᠬᠢᠵᠠᠭᠠᠷᠯᠠᠨ᠎ᠠ︔ ᠤᠨ ᠤ ᠡᠨᠧᠷᠬᠢ ᠠᠷᠪᠢᠯᠠᠨ | ᠭᠠᠳᠠᠭᠰᠢᠯᠠᠭᠤᠯᠤᠯ ᠢ ᠪᠠᠭᠠᠰᠬᠠᠬᠤ ᠬᠠᠷᠠᠯᠳᠠ ᠡᠬᠦᠷᠭᠡ ᠶᠢ ᠪᠡᠶᠡᠯᠡᠬᠦᠯᠬᠦ ᠶᠢ ᠪᠠᠳᠤᠯᠠᠨ᠎ᠠ᠃ | ᠡᠨᠡ ᠵᠢᠯ᠂ ᠬᠤᠳᠠ ᠶᠢᠨ ᠵᠠᠰᠠᠭ ᠤᠨ ᠤᠷᠳᠤᠨ ᠠᠷᠪᠠᠨ ᠨᠢᠭᠡᠨ ᠲᠠᠯ᠎ᠠ ᠶᠢᠨ ᠠᠵᠢᠯ ᠢ ᠭᠤᠤᠯᠳᠠᠯᠭ᠎ᠠ ᠲᠠᠢ ᠰᠠᠶᠢᠳᠤᠷ ᠬᠢᠨ᠎ᠠ᠄ | ︵ᠨᠢᠭᠡ︶ ᠠᠵᠤ ᠠᠬᠤᠢ ᠶᠢᠨ ᠰᠠᠶᠢᠨ ᠮᠦᠷᠳᠡᠭᠡᠨ ᠲᠦᠷᠭᠡᠨ ᠬᠦᠭᠵᠢᠯᠳᠠ ᠶᠢ ᠴᠢᠷᠮᠠᠶᠢᠨ ᠠᠬᠢᠭᠤᠯᠤᠨ᠎ᠠ᠃ ᠠᠵᠤ ᠠᠬᠤᠢ ᠶᠢᠨ ᠶᠡᠷᠦᠩᠭᠡᠢ ᠬᠡᠮᠵᠢᠶ᠎ᠠ ᠶᠢ | ᠪᠤᠵᠠᠭᠠᠶᠢᠷᠠᠭᠤᠯᠵᠤ᠂ ᠠᠵᠤ ᠠᠬᠤᠢ ᠶᠢᠨ ᠪᠦᠳᠦᠴᠠ ᠳᠤ ᠲᠤᠬᠢᠷᠠᠭᠤᠯᠤᠯᠳᠠ ᠬᠢᠵᠤ᠂ ᠠᠵᠤ ᠠᠬᠤᠢ ᠶᠢᠨ ᠬᠦᠭᠵᠢᠯᠳᠠ ᠶᠢᠨ ᠶᠠᠰᠤ ᠴᠢᠨᠠᠷ ᠪᠠ ᠬᠢᠷᠢ ᠲᠦᠪᠰᠢᠨ ᠢ | ᠲᠡᠬᠡᠭᠰᠢᠯᠠᠬᠦᠯᠤᠨ᠎ᠠ᠃ | ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠪᠠᠷ ᠲᠡᠳᠠᠨ ᠠᠬᠢᠭᠤᠯᠬᠤ ᠪᠠ ᠪᠠᠯᠠ ᠤᠷᠤᠭᠤᠯᠤᠯᠳᠠ ᠶᠢ ᠭᠤᠤᠯᠳᠠᠯᠭ᠎ᠠ ᠲᠠᠢ ᠰᠠᠶᠢᠳᠤᠷ ᠠᠳᠬᠤᠨ᠎ᠠ᠃ | ᠪᠦᠬᠦ ᠵᠢᠯ ᠳᠤ ᠳ᠋ᠦᠡᠭᠰᠢᠭᠤᠷ ᠲᠦᠬᠦᠷᠢᠭ ᠢ ᠲᠠᠪᠠᠭᠰᠠᠨ ᠴᠢᠬᠤᠯᠠ ᠶᠡᠭᠡ ᠲᠦᠷᠦᠯ ᠵᠦᠢᠯ ᠢ 201 ᠲᠦᠷᠦᠯ ᠬᠡᠷᠡᠭᠵᠢᠬᠦᠯᠵᠤ᠂ ᠡᠬᠦᠨ ᠳᠤ 10 ᠳ᠋ᠦᠡᠭᠰᠢᠭᠤᠷ | ᠲᠦᠬᠦᠷᠢᠭ ᠠᠴᠠ ᠲᠡᠭᠡᠭᠰᠢᠬᠢ ᠲᠦᠷᠦᠯ ᠵᠦᠢᠯ ᠢ 100 ᠲᠦᠷᠦᠯ ᠢ ᠲᠠᠪᠠᠭᠤᠯᠤᠨ᠎ᠠ᠃ ᠵᠠᠬ᠎ᠠ ᠲᠡᠯᠭᠡᠬᠦᠷ ᠤᠨ ᠲᠤᠭᠳᠠᠴᠠ ᠶᠢ ᠬᠡᠷᠡᠭᠯᠡᠨ ᠪᠦᠳᠦᠭᠡᠨ ᠪᠠᠶᠢᠭᠤᠯᠤᠯᠳᠠ | ᠶᠢᠨ ᠪᠠᠯᠠ ᠮᠦᠡᠭᠬᠦ ᠴᠤᠭᠯᠠᠭᠤᠯᠬᠤ ᠶᠢ ᠪᠠᠷᠢᠮᠳᠠᠯᠠᠵᠤ᠂ ᠤᠯᠠᠨ ᠡᠰᠢᠵᠢᠭᠰᠡᠨ ᠪᠠᠯᠠ ᠤᠷᠤᠭᠤᠯᠤᠯᠳᠠ ᠶᠢᠨ ᠭᠤᠤᠯ ᠴᠤᠭᠴᠠ ᠶᠢ ᠤᠷᠤᠭᠤᠯᠬᠤ ᠪᠠ ᠪᠤᠶᠢᠵᠢᠭᠤᠯᠤᠨ | ᠪᠤᠵᠠᠭᠠᠶᠢᠷᠠᠭᠤᠯᠬᠤ ᠶᠢ ᠲᠦᠷᠭᠡᠳᠭᠡᠵᠤ᠂ ᠤᠷᠤᠨ ᠨᠤᠳᠤᠭ ᠤᠨ ᠠᠵᠤ ᠠᠬᠤᠶᠢᠯᠠᠯ ᠢ ᠵᠤᠷᠢᠭᠵᠢᠭᠤᠯᠤᠨ ᠲᠤᠰ ᠭᠠᠵᠠᠷ ᠤᠷᠤᠨ ᠳᠠᠬᠢ ᠪᠠᠯᠠ ᠤᠷᠤᠭᠤᠯᠤᠯᠳᠠ ᠶᠢ | ᠦᠷᠭᠡᠳᠭᠡᠵᠤ᠂ ᠰᠠᠶᠢᠨ ᠡᠷᠬᠢᠯᠳᠠ ᠲᠠᠢ ᠪᠠ ᠠᠮᠢᠳᠤᠯᠢᠭ ᠦᠨᠳᠤᠷ ᠪᠦᠳᠦᠮᠵᠢᠳᠠᠢ ᠬᠦᠷᠦᠩᠭᠡ ᠶᠢᠨ ᠡᠷᠬᠢᠯᠳᠠ ᠶᠢᠨ ᠲᠤᠭᠳᠠᠴᠠ ᠶᠢ ᠪᠦᠷᠢᠯᠳᠤᠬᠦᠯᠦᠨ᠎ᠠ᠃ | ᠠᠷᠠᠯᠵᠢᠶᠠᠴᠢᠨ ᠤᠷᠢᠨ ᠪᠠᠯᠠ ᠲᠠᠳᠠᠬᠤ ᠬᠦᠴᠦᠯᠡᠴᠠ ᠪᠠᠨ ᠴᠢᠨᠠᠭᠰᠢᠳᠠ ᠨᠡᠮᠡᠭᠳᠡᠬᠦᠯᠵᠤ᠂ ᠠᠵᠤ ᠦᠢᠯᠡᠰ ᠤᠨ ᠬᠡᠯᠬᠢᠶᠡᠵᠢᠯ ᠢᠶᠠᠷ ᠠᠷᠡᠯᠵᠢᠶᠠᠴᠢᠨ ᠤᠷᠢᠬᠤ ᠪᠠ | ᠬᠦᠷᠢᠶᠠᠯᠠᠩ ᠲᠤᠭᠤᠷᠢᠭ ᠤᠨ ᠪᠦᠯᠦᠭᠯᠡᠯ ᠬᠡᠯᠪᠡᠷᠢ ᠪᠠᠷ ᠠᠷᠡᠯᠵᠢᠶᠠᠴᠢᠨ ᠤᠷᠢᠬᠤ ᠶᠢ ᠲᠡᠯᠬᠡᠷᠡᠬᠦᠯᠵᠤ᠂ ᠤᠯᠤᠰ ᠤᠨ ᠲᠤᠳᠤᠭᠠᠳᠤ ᠭᠠᠳᠠᠭᠠᠳᠤ ᠶᠢᠨ ᠪᠠᠯᠠ ᠮᠦᠡᠭᠬᠦ ᠶᠢ | 500 ᠳ᠋ᠦᠡᠭᠰᠢᠭᠤᠷ ᠲᠦᠬᠦᠷᠢᠭ ᠤᠷᠤᠭᠤᠯᠵᠤ᠂ 12% ᠠᠴᠠ ᠲᠡᠭᠡᠭᠰᠢ ᠨᠡᠮᠡᠭᠳᠡᠬᠦᠯᠦᠨ᠎ᠠ᠃ ᠮᠦᠡᠭᠬᠦᠨ ᠬᠦᠢᠯᠭᠡᠭᠡᠨ ᠤ ᠪᠠᠶᠢᠭᠤᠯᠤᠮᠵᠢ ᠲᠠᠢ ᠢᠳᠡᠪᠬᠢᠳᠠᠢ ᠪᠠᠷ | ᠵᠤᠬᠢᠴᠠᠯᠳᠤᠨ ᠢᠳᠡᠭᠡᠮᠵᠢᠳᠤ ᠵᠢᠭᠡᠯᠡᠯᠭᠡ ᠲᠠᠯᠪᠢᠬᠤ ᠬᠦᠷᠢᠶ᠎ᠠ ᠬᠡᠪᠴᠢᠶ᠎ᠠ ᠶᠢ ᠦᠷᠭᠡᠳᠭᠡᠵᠤ᠂ ᠪᠦᠬᠦ ᠵᠢᠯ ᠳᠤ ᠵᠢᠭᠡᠯᠡᠯᠭᠡ ᠶᠢ ᠰᠢᠨ᠎ᠠ ᠪᠠᠷ 300 ᠳ᠋ᠦᠡᠭᠰᠢᠭᠤᠷ | ᠲᠦᠬᠦᠷᠢᠭ ᠠᠴᠠ ᠲᠡᠭᠡᠭᠰᠢ ᠨᠡᠮᠡᠭᠳᠡᠬᠦᠯᠬᠦ ᠶᠢ ᠪᠠᠳᠤᠯᠠᠨ᠎ᠠ᠃ ᠰᠠᠭᠤᠷᠢ ᠲᠦᠬᠦᠭᠡᠷᠤᠮᠵᠢ᠂ ᠤᠯᠠᠨ ᠨᠡᠶᠢᠳᠠ ᠶᠢᠨ ᠦᠢᠯᠡᠴᠢᠯᠡᠭᠡ᠂ ᠠᠷᠠᠳ ᠤᠨ ᠠᠮᠢᠳᠤᠷᠠᠯ ᠵᠡᠷᠭᠡ | ᠭᠤᠤᠯᠳᠠᠯᠭ᠎ᠠ ᠲᠠᠢ ᠬᠦᠷᠢᠶ᠎ᠠ ᠬᠡᠪᠴᠢᠶ᠎ᠠ ᠶᠢᠨ ᠲᠤᠭᠤᠷᠢᠨ ᠳᠤ ᠤᠯᠤᠰ ᠪᠠ ᠦᠪᠡᠷᠳᠡᠭᠡᠨ ᠵᠠᠰᠠᠬᠤ ᠤᠷᠤᠨ ᠤ ᠲᠦᠷᠦᠯ ᠵᠦᠢᠯ ᠤᠨ ᠪᠠᠯᠠ ᠮᠦᠡᠭᠬᠦ ᠪᠠ ᠰᠢᠯᠵᠢᠬᠦᠯᠦᠨ | ᠰᠠᠯᠭᠠᠨ ᠦᠭᠬᠦ ᠪᠠᠯᠠ ᠮᠦᠡᠭᠬᠦ ᠶᠢ ᠪᠦᠬᠦ ᠬᠦᠴᠦᠨ ᠢᠶᠠᠷ ᠲᠡᠮᠡᠴᠠᠨ ᠤᠯᠤᠨ᠎ᠠ᠃ ᠲᠦᠷᠦ ᠶᠢᠨ ᠶᠠᠪᠤᠳᠠᠯ ᠤᠨ ᠬᠤᠷᠢᠶᠠᠨ ᠤ ︽ᠰᠢᠨ᠎ᠠ 36 ᠵᠤᠷᠪᠤᠰ︾ ᠪᠠ | ᠦᠪᠡᠷᠳᠡᠭᠡᠨ ᠵᠠᠰᠠᠬᠤ ᠤᠷᠤᠨ ᠤ ᠲᠡᠮᠵᠢᠯᠬᠡ ᠶᠢᠨ ᠲᠦᠷᠦ ᠶᠢᠨ ᠪᠤᠳᠤᠯᠭ᠎ᠠ ᠶᠢ ᠰᠠᠶᠢᠳᠤᠷ ᠨᠠᠶᠢᠳᠠᠪᠤᠷᠢᠵᠢᠭᠤᠯᠵᠤ᠂ ᠠᠷᠠᠳ ᠤᠨ ᠬᠦᠷᠦᠩᠭᠡ ᠶᠢᠨ ᠪᠠᠯᠠ | ᠤᠷᠤᠭᠤᠯᠤᠯᠳᠠ ᠶᠢᠨ ᠵᠠᠮ ᠮᠦᠷ ᠢ ᠦᠷᠭᠡᠳᠭᠡᠵᠤ᠂ ᠠᠷᠠᠳ ᠤᠨ ᠪᠠᠯᠠ ᠤᠷᠤᠭᠤᠯᠤᠯᠳᠠ ᠶᠢᠨ ᠲᠤᠭᠳᠠᠭᠤᠨ ᠢᠶᠠᠷ ᠨᠡᠮᠡᠭᠳᠡᠬᠦ ᠶᠢ ᠠᠬᠢᠭᠤᠯᠤᠨ᠎ᠠ᠃ | ᠬᠦᠷᠢᠶᠡᠯᠡᠩ ᠲᠤᠭᠤᠷᠢᠭ ᠤᠨ ᠪᠦᠳᠦᠭᠡᠨ ᠪᠠᠶᠢᠭᠤᠯᠤᠯᠳᠠ ᠶᠢᠨ ᠠᠯᠬᠤᠴᠠ ᠶᠢ ᠲᠦᠷᠭᠡᠳᠭᠡᠨ᠎ᠠ᠃ ᠦᠪᠡᠷᠳᠡᠭᠡᠨ ᠵᠠᠰᠠᠬᠤ ᠤᠷᠤᠨ ᠤ ᠬᠠᠳᠤᠨ ᠭᠤᠤᠯ | ᠲᠠᠭᠠᠤ ᠪᠠ ᠵᠠᠰᠠᠮᠠᠯ ᠵᠠᠮ ᠲᠠᠭᠠᠤ ᠠᠵᠤ ᠠᠬᠤᠢ ᠶᠢᠨ ᠪᠦᠰᠠ ᠶᠢᠨ ᠪᠦᠳᠦᠭᠡᠨ ᠪᠠᠶᠢᠭᠤᠯᠤᠯᠳᠠ ᠳᠤ ᠲᠦᠰᠢᠭᠯᠡᠨ᠂ ᠤᠳᠤ ᠪᠠᠶᠢᠭ᠎ᠠ ᠬᠦᠷᠢᠶᠠᠯᠠᠩ ᠲᠤᠭᠤᠷᠢᠭ ᠤᠨ | ᠢᠵᠢ ᠪᠦᠷᠢᠳᠦᠭᠰᠡᠨ ᠦᠢᠯᠡᠴᠢᠯᠡᠭᠡᠨ ᠤ ᠴᠢᠳᠠᠪᠤᠷᠢ ᠶᠢ ᠪᠦᠬᠦ ᠲᠠᠯ᠎ᠠ ᠪᠠᠷ ᠲᠡᠭᠡᠭᠰᠢᠯᠡᠬᠦᠯᠵᠤ᠂ ᠬᠦᠷᠢᠶᠠᠯᠡᠩ ᠲᠤᠭᠤᠷᠢᠭ ᠤᠨ ᠰᠦᠷᠦᠭᠵᠢᠯ ᠢ ᠲᠦᠷᠭᠡᠳᠭᠡᠵᠤ᠂ | ᠲᠠᠶᠢᠴᠢᠯᠠᠨ ᠲᠠᠭᠠᠭᠤᠯᠬᠤ ᠦᠢᠯᠡᠳᠤᠯ ᠢ ᠨᠡᠮᠡᠭᠳᠡᠬᠦᠯᠦᠨ᠎ᠠ᠃ ᠬᠤᠳᠠ ᠶᠢᠨ ᠲᠡᠭᠡᠳᠤ ᠰᠢᠨ᠎ᠠ ᠮᠡᠷᠭᠡᠵᠢᠯ ᠤᠨ ᠠᠵᠤ ᠦᠢᠯᠡᠰ ᠤᠨ ᠬᠦᠷᠢᠶᠠᠯᠠᠩ ᠲᠤᠭᠤᠷᠢᠭ᠂ | ᠤᠷᠳᠤᠰ ᠤᠨ ᠵᠢᠶᠠᠩᠰᠤ ᠶᠢᠨ ᠠᠵᠤ ᠦᠢᠯᠡᠳᠪᠤᠷᠢ ᠶᠢᠨ ᠬᠦᠷᠢᠶᠠᠯᠠᠩ ᠲᠤᠭᠤᠷᠢᠭ᠂ ᠬᠢᠶ᠎ᠠ ᠪᠠᠭᠰᠢ ᠶᠢᠨ ᠠᠵᠤ ᠦᠢᠯᠡᠰ ᠤᠨ ᠬᠦᠷᠢᠶᠠᠯᠠᠩ ᠲᠤᠭᠤᠷᠢᠭ᠂ ᠳ᠋ᠠ ᠯᠤ᠋ | ᠶᠢᠨ ᠨᠡᠬᠦᠷᠡᠰᠤ ᠴᠠᠬᠢᠯᠭᠠᠨ ᠬᠦᠡᠭᠭᠡᠨ ᠴᠠᠭᠠᠨ ᠤ ᠠᠵᠤ ᠦᠢᠯᠡᠰ ᠤᠨ ᠬᠦᠷᠢᠶᠠᠯᠠᠩ ᠲᠤᠭᠤᠷᠢᠭ᠂ ᠬᠠᠨᠭ᠍ᠬᠢᠨ ᠬᠤᠰᠢᠭᠤᠨ ᠤ ᠶᠢᠨ ᠲᠠᠢ ᠠᠵᠤ ᠦᠢᠯᠡᠳᠪᠤᠷᠢ ᠶᠢᠨ | ᠬᠦᠷᠢᠶᠠᠯᠠᠩ ᠲᠤᠭᠤᠷᠢᠭ ᠵᠡᠷᠭᠡ ᠬᠦᠷᠢᠶᠠᠯᠠᠩ ᠲᠤᠭᠤᠷᠢᠭ ᠤᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠤ᠂ ᠠᠵᠤ ᠦᠢᠯᠡᠰ ᠤᠨ ᠪᠦᠳᠦᠴᠠ ᠶᠢᠨ ᠬᠡᠯᠪᠡᠷᠢ ᠶᠢ | ᠬᠤᠪᠢᠷᠠᠭᠤᠯᠤᠨ ᠬᠦᠭᠵᠢᠬᠦᠯᠬᠦ ᠶᠢ ᠲᠤᠯᠭᠠᠭᠤᠷᠢᠯᠠᠬᠤ ᠰᠢᠨ᠎ᠠ ᠲᠠᠪᠴᠠᠩ ᠢ ᠪᠤᠢ ᠪᠤᠯᠭᠠᠨ᠎ᠠ᠃ ᠬᠦᠷᠢᠶᠠᠯᠡᠩ ᠲᠤᠭᠤᠷᠢᠭ ᠤᠨ ᠰᠠᠭᠤᠷᠢ ᠲᠦᠬᠦᠭᠡᠷᠤᠮᠵᠢ ᠶᠢᠨ | ᠪᠦᠳᠦᠭᠡᠨ ᠪᠠᠶᠢᠭᠤᠯᠤᠯᠳᠠ ᠶᠢ ᠵᠤᠬᠢᠬᠤ ᠬᠡᠮᠵᠢᠶ᠎ᠠ ᠪᠠᠷ ᠠᠬᠢᠭᠤᠯᠵᠤ᠂ ᠬᠦᠷᠢᠶᠠᠯᠠᠩ ᠲᠤᠭᠤᠷᠢᠭ ᠤᠨ ᠡᠯ᠎ᠠ ᠲᠦᠷᠦᠯ ᠤᠨ ᠢᠵᠢ ᠪᠦᠷᠢᠳᠦᠭᠰᠡᠨ ᠲᠤᠨᠤᠭ | ᠲᠦᠬᠦᠭᠡᠷᠦᠮᠵᠢ ᠶᠢ ᠡᠷᠴᠢᠮᠵᠢᠬᠦᠯᠦᠨ ᠦᠨᠳᠤᠷ ᠪᠦᠳᠦᠮᠵᠢᠳᠠᠢ ᠪᠠᠷ ᠠᠰᠢᠭᠯᠠᠬᠤ ᠶᠢ ᠪᠡᠶᠡᠯᠡᠬᠦᠯᠦᠨ᠎ᠠ᠃ ᠬᠦᠷᠢᠶᠠᠯᠠᠩ ᠲᠤᠭᠤᠷᠢᠭ ᠤᠨ ᠬᠠᠮᠢᠶᠠᠷᠤᠯᠳᠠ ᠶᠢᠨ ᠪᠠᠶᠢᠭᠤᠯᠤᠯ | ᠢ ᠰᠢᠨᠠᠴᠢᠯᠠᠵᠤ᠂ ᠰᠢᠯᠭᠠᠨ ᠬᠢᠨᠠᠬᠤ᠂ ᠱᠠᠩᠨᠠᠨ ᠲᠤᠷᠭᠠᠬᠤ ᠲᠤᠭᠳᠠᠴᠠ ᠶᠢ ᠲᠡᠬᠦᠯᠳᠡᠷᠵᠢᠬᠦᠯᠵᠤ᠂ ᠬᠦᠷᠢᠶᠠᠯᠠᠩ ᠲᠤᠭᠤᠷᠢᠭ ᠤᠨ ᠬᠦᠭᠵᠢᠯᠳᠠ ᠶᠢᠨ ᠠᠮᠢᠵᠢᠷᠠᠯ ᠤᠨ | ᠬᠦᠴᠦᠨ ᠢ ᠬᠦᠭᠵᠢᠭᠡᠨ᠎ᠠ᠃ ᠵᠢᠯ ᠤᠨ ᠲᠤᠳᠤᠷ᠎ᠠ ᠡᠵᠡᠩᠨᠡᠯᠳᠠ ᠶᠢᠨ ᠤᠷᠤᠯᠭ᠎ᠠ ᠨᠢ ᠵᠠᠭᠤᠨ ᠳ᠋ᠦᠡᠭᠰᠢᠭᠤᠷ ᠲᠦᠬᠦᠷᠢᠭ ᠢ ᠲᠠᠪᠠᠭᠰᠠᠨ 2 ᠬᠦᠷᠢᠶᠠᠯᠠᠩ ᠲᠤᠭᠤᠷᠢᠭ᠂ | 5 ᠠᠵᠤ ᠠᠬᠤᠶᠢᠯᠠᠯ ᠢ ᠰᠢᠨ᠎ᠠ ᠪᠠᠷ ᠨᠡᠮᠡᠭᠳᠡᠬᠦᠯᠦᠨ᠎ᠠ᠃ | ᠬᠦᠴᠦᠨ ᠵᠦᠢᠯ ᠤᠨ ᠪᠠᠳᠤᠯᠠᠭ᠎ᠠ ᠶᠢᠨ ᠴᠢᠳᠠᠪᠤᠷᠢ ᠶᠢ ᠴᠢᠩᠭᠠᠳᠬᠠᠨ᠎ᠠ᠃ ᠤᠯᠤᠰ ᠠᠴᠠ ᠦᠪᠦᠷ ᠮᠤᠩᠭᠤᠯ ᠤᠨ ᠠᠵᠤ ᠠᠬᠤᠢ ᠨᠡᠶᠢᠭᠡᠮ ᠤᠨ ᠰᠠᠶᠢᠨ | ᠮᠦᠷᠳᠡᠭᠡᠨ ᠲᠦᠷᠭᠡᠨ ᠬᠦᠭᠵᠢᠯᠳᠠ ᠶᠢ ᠲᠡᠮᠵᠢᠵᠤ ᠪᠠᠶᠢᠭ᠎ᠠ ᠲᠦᠷᠦ ᠶᠢᠨ ᠪᠤᠳᠤᠯᠭ᠎ᠠ ᠶᠢᠨ ᠠᠵᠠ ᠲᠤᠬᠢᠶᠠᠯ ᠢ ᠵᠠᠪᠳᠤᠨ ᠡᠵᠡᠮᠳᠠᠵᠤ᠂ ᠠᠪᠤᠴᠠᠯᠳᠤᠭᠤᠯᠤᠨ | ᠨᠠᠶᠢᠳᠠᠪᠤᠷᠢᠵᠢᠭᠤᠯᠬᠤ ᠬᠦᠴᠦᠯᠡᠴᠠ ᠪᠠᠨ ᠨᠡᠮᠡᠭᠳᠡᠬᠦᠯᠵᠤ᠂ ᠤᠯᠤᠰ ᠤᠨ ᠲᠦᠷᠦ ᠶᠢᠨ ᠪᠤᠳᠤᠯᠭ᠎ᠠ᠂ ᠲᠦᠷᠦᠯ ᠵᠦᠢᠯ ᠪᠠ ᠪᠠᠯᠠ ᠮᠦᠡᠭᠬᠦᠨ ᠤ ᠲᠠᠮᠵᠢᠯᠭᠡ ᠶᠢ | ᠢᠳᠡᠪᠬᠢᠳᠠᠢ ᠲᠡᠮᠡᠴᠠᠨ ᠤᠯᠤᠨ᠎ᠠ᠃ ᠪᠦᠬᠦ ᠬᠤᠳᠠ ᠶᠢᠨ ᠭᠠᠵᠠᠷ ᠰᠢᠷᠤᠢ ᠶᠢᠨ ᠠᠰᠢᠭᠯᠠᠯᠳᠠ ᠶᠢᠨ ᠶᠡᠷᠦᠩᠭᠡᠢ ᠲᠦᠯᠦᠪᠵᠢᠬᠦᠯᠭᠡ ᠶᠢ ᠲᠦᠷᠭᠡᠨ ᠢᠶᠠᠷ ᠵᠠᠰᠠᠪᠤᠷᠢᠯᠠᠨ | ᠲᠠᠭᠤᠰᠴᠤ᠂ ᠤᠯᠤᠰ ᠪᠠ ᠦᠪᠡᠷᠳᠡᠭᠡᠨ ᠵᠠᠰᠠᠬᠤ ᠤᠷᠤᠨ ᠤ ᠪᠦᠳᠦᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠤᠨ ᠬᠦᠢᠴᠡᠳᠭᠡᠬᠦ ᠲᠤᠭ᠎ᠠ ᠶᠢ ᠢᠳᠡᠪᠬᠢᠳᠠᠢ | ᠲᠡᠮᠡᠴᠠᠨ ᠤᠯᠵᠤ᠂ ᠬᠤᠳᠠ ᠬᠦᠳᠡᠭᠡ ᠶᠢᠨ ᠪᠦᠳᠦᠭᠡᠨ ᠪᠠᠶᠢᠭᠤᠯᠤᠯᠳᠠ ᠳᠤ ᠬᠡᠷᠡᠭᠯᠡᠬᠦ ᠭᠠᠵᠠᠷ ᠢ ᠨᠡᠮᠡᠭᠳᠡᠬᠦᠯᠬᠦ ᠬᠠᠰᠤᠭᠳᠠᠭᠤᠯᠬᠤ ᠶᠢ ᠬᠤᠯᠪᠤᠭᠳᠠᠭᠤᠯᠬᠤ | ᠲᠤᠷᠰᠢᠯᠳᠠ ᠶᠢᠨ ᠴᠡᠭ ᠤᠨ ᠠᠵᠢᠯ ᠢ ᠠᠬᠢᠭᠤᠯᠵᠤ᠂ ᠠᠰᠢᠭᠯᠠᠭᠠᠳᠤᠢ ᠭᠠᠵᠠᠷ ᠰᠢᠷᠤᠢ ᠶᠢᠨ ᠬᠡᠷᠡᠭᠯᠡᠯᠳᠠ ᠶᠢ ᠦᠷᠭᠡᠳᠭᠡᠬᠦ ᠲᠠᠯ᠎ᠠ ᠪᠠᠷ ᠰᠢᠪᠳᠤᠯᠤᠯᠳᠠ ᠲᠠᠢ ᠪᠤᠯᠬᠤ | ᠪᠠᠷ ᠴᠢᠷᠮᠠᠶᠢᠨ᠎ᠠ᠃ ᠬᠠᠤᠯᠢ ᠶᠤᠰᠤᠭᠠᠷ ᠭᠠᠵᠠᠷ ᠰᠢᠷᠤᠢ ᠶᠢᠨ ᠬᠠᠮᠢᠶᠠᠷᠤᠯᠳᠠ ᠶᠢ ᠴᠢᠩᠭᠠᠳᠬᠠᠵᠤ᠂ ᠲᠠᠷᠢᠶᠠᠨ ᠭᠠᠵᠠᠷ ᠢ ᠴᠢᠩᠭ᠎ᠠ ᠬᠠᠮᠠᠭᠠᠯᠠᠵᠤ᠂ ᠰᠤᠯᠠ | ᠬᠠᠶᠠᠭᠳᠠᠵᠤ ᠪᠠᠶᠢᠭ᠎ᠠ ᠭᠠᠵᠠᠷ ᠰᠢᠷᠤᠢ ᠶᠢ ᠪᠦᠬᠦ ᠲᠠᠯ᠎ᠠ ᠪᠠᠷ ᠴᠡᠪᠡᠷᠯᠠᠵᠤ᠂ ᠭᠠᠵᠠᠷ ᠰᠢᠷᠤᠢ ᠶᠢ ᠡᠷᠴᠢᠮᠵᠢᠬᠦᠯᠦᠨ ᠠᠰᠢᠭᠯᠠᠬᠤ ᠬᠢᠷᠢ ᠲᠦᠪᠰᠢᠨ ᠢ ᠲᠡᠭᠡᠭᠰᠢᠯᠡᠬᠦᠯᠦᠨ᠎ᠠ | ᠃ ᠡᠨᠧᠷᠬᠢ ᠬᠡᠷᠡᠭᠯᠡᠬᠦ ᠪᠠ ᠭᠠᠳᠠᠭᠰᠢᠯᠠᠭᠤᠯᠤᠯ ᠤᠨ ᠶᠡᠷᠦᠩᠭᠡᠢ ᠬᠡᠮᠵᠢᠶ᠎ᠠ ᠶᠢᠨ ᠬᠦᠢᠴᠡᠳᠭᠡᠬᠦ ᠲᠤᠭ᠎ᠠ ᠶᠢ ᠪᠦᠬᠦ ᠬᠦᠴᠦᠨ ᠢᠶᠠᠷ ᠢᠶᠠᠨ ᠲᠡᠮᠡᠴᠡᠨ ᠤᠯᠵᠤ᠂ ᠤᠯᠤᠰ | ᠤᠨ ᠲᠤᠳᠤᠭᠠᠳᠤ ᠭᠠᠳᠠᠭᠠᠳᠤ ᠶᠢᠨ ᠤᠷᠴᠢᠨ ᠲᠤᠭᠤᠷᠢᠨ ᠤ ᠬᠠᠮᠠᠭᠠᠯᠠᠯᠳᠠ ᠶᠢᠨ ᠬᠦᠢᠴᠡᠳᠭᠡᠬᠦ ᠲᠤᠭ᠎ᠠ ᠶᠢ ᠦᠭᠡᠷ᠎ᠠ ᠭᠠᠵᠠᠷ ᠲᠤᠬᠢᠷᠠᠭᠤᠯᠬᠤ᠂ ᠵᠠᠬ᠎ᠠ ᠲᠠᠯᠬᠡᠬᠦᠷ | ᠢᠶᠠᠷ ᠠᠷᠠᠯᠵᠢᠶᠠᠯᠠᠬᠤ᠂ ᠭᠠᠳᠠᠭᠰᠢᠯᠡᠭᠤᠯᠤᠯ ᠢ ᠪᠠᠭᠠᠰᠬᠠᠬᠤ ᠪᠠᠷ ᠰᠤᠯᠢᠬᠤ ᠳᠤ ᠢᠳᠡᠪᠬᠢᠳᠠᠢ ᠤᠷᠤᠯᠴᠠᠵᠤ᠂ ᠠᠵᠤ ᠦᠢᠯᠡᠰ ᠤᠨ ᠬᠦᠭᠵᠢᠯᠳᠠ ᠳᠤ ᠨᠠᠩ ᠶᠡᠭᠡ | ᠤᠷᠴᠢᠨ ᠲᠤᠭᠤᠷᠢᠨ ᠤ ᠪᠠᠭᠳᠠᠭᠠᠮᠵᠢ ᠶᠢᠨ ᠤᠷᠤᠨ ᠵᠠᠢ ᠶᠢ ᠲᠡᠮᠡᠴᠠᠨ ᠤᠯᠬᠤ ᠪᠠᠷ ᠴᠢᠷᠮᠠᠶᠢᠨ᠎ᠠ᠃ | ᠲᠤᠮᠳᠠ ᠵᠢᠵᠢᠭ ᠠᠵᠤ ᠠᠬᠤᠶᠢᠯᠠᠯ ᠤᠨ ᠬᠦᠭᠵᠢᠯᠳᠠ ᠶᠢ ᠲᠡᠮᠵᠢᠨ᠎ᠠ᠃ ᠲᠤᠮᠳᠠ ᠵᠢᠵᠢᠭ ᠠᠵᠤ ᠠᠬᠤᠶᠢᠯᠠᠯ ᠤᠨ ᠬᠦᠭᠵᠢᠯᠳᠠ ᠶᠢ ᠲᠡᠮᠵᠢᠬᠦ ᠪᠤᠳᠠᠳᠠᠢ | ᠲᠦᠷᠦ ᠶᠢᠨ ᠪᠤᠳᠤᠯᠭ᠎ᠠ ᠶᠢᠨ ᠠᠷᠭ᠎ᠠ ᠪᠠᠷᠢᠯ ᠲᠤᠭᠳᠠᠭᠠᠨ ᠭᠠᠷᠭᠠᠵᠤ᠂ ᠲᠤᠮᠳᠠ ᠵᠢᠵᠢᠭ ᠠᠵᠤ ᠠᠬᠤᠶᠢᠯᠠᠯ ᠤᠨ ᠬᠦᠭᠵᠢᠯᠳᠠ ᠶᠢᠨ ᠰᠠᠭᠤᠷᠢ ᠮᠦᠡᠭᠬᠦ ᠪᠠᠶᠢᠭᠤᠯᠤᠨ᠂ | ᠢᠳᠡᠬᠡᠮᠵᠢᠳᠤ ᠵᠢᠭᠡᠯᠡᠯᠭᠡ ᠪᠠᠯᠠ ᠴᠤᠭᠯᠠᠭᠤᠯᠬᠤ᠂ ᠭᠠᠶᠢᠯᠢ ᠰᠦᠢᠳᠭᠡᠯ ᠢ ᠬᠠᠰᠤᠨ ᠬᠡᠯᠳᠤᠷᠢᠬᠦᠯᠬᠦ᠂ ᠲᠦᠷᠦᠯ ᠵᠦᠢᠯ ᠢ ᠬᠢᠨᠠᠨ ᠵᠦᠪᠰᠢᠶᠡᠷᠡᠬᠦ᠂ ᠮᠡᠷᠭᠡᠵᠢᠯ ᠤᠨ | ᠰᠢᠨ᠎ᠠ ᠶᠢ ᠡᠬᠦᠳᠬᠦ᠂ ᠡᠨᠧᠷᠬᠢ ᠠᠷᠪᠢᠯᠠᠨ ᠭᠠᠳᠠᠭᠰᠢᠯᠠᠭᠤᠯᠤᠯ ᠢ ᠪᠠᠭᠠᠰᠬᠠᠬᠤ᠂ ᠪᠦᠳᠦᠭᠡᠨ ᠪᠠᠶᠢᠭᠤᠯᠤᠯᠳᠠ ᠳᠤ ᠭᠠᠵᠠᠷ ᠬᠡᠷᠡᠭᠯᠡᠬᠦ᠂ ᠴᠢᠳᠠᠪᠤᠷᠢᠳᠠᠨ ᠢ | ᠪᠤᠯᠪᠠᠰᠤᠷᠠᠭᠤᠯᠬᠤ ᠵᠡᠷᠭᠡ ᠲᠠᠯ᠎ᠠ ᠪᠠᠷ ᠲᠤᠮᠳᠠ ᠵᠢᠵᠢᠭ ᠠᠵᠤ ᠠᠬᠤᠶᠢᠯᠠᠯ ᠢ ᠨᠡᠩ ᠶᠡᠭᠡ ᠬᠡᠮᠵᠢᠶ᠎ᠡ ᠪᠠᠷ ᠲᠡᠮᠵᠢᠵᠤ᠂ 100 ᠲᠤᠮᠳᠠ ᠵᠢᠵᠢᠭ ᠠᠵᠤ ᠠᠬᠤᠶᠢᠯᠠᠯ᠂ | 200 ᠪᠢᠴᠢᠯ ᠠᠵᠤ ᠠᠬᠤᠶᠢᠯᠠᠯ ᠢ ᠲᠦᠪᠯᠡᠷᠡᠬᠦᠯᠦᠨ ᠲᠡᠮᠵᠢᠵᠤ ᠬᠦᠭᠵᠢᠬᠦᠯᠦᠨ ᠪᠤᠵᠠᠭᠠᠶᠢᠷᠠᠭᠤᠯᠤᠨ᠎ᠠ᠃ ᠲᠤᠮᠳᠠ ᠵᠢᠵᠢᠭ ᠠᠵᠤ ᠠᠬᠤᠶᠢᠯᠠᠯ ᠢ ᠲᠤᠮᠤ ᠠᠵᠤ | ᠠᠬᠤᠶᠢᠯᠠᠯ ᠤᠨ ᠲᠠᠭᠠᠯᠳᠠ ᠠᠵᠤ ᠦᠢᠯᠡᠰ ᠤᠨ ᠬᠡᠯᠬᠢᠶ᠎ᠠ ᠶᠢᠨ ᠲᠤᠭᠤᠷᠢᠨ ᠳᠤ ᠬᠠᠮᠳᠤᠷᠠᠨ ᠠᠵᠢᠯᠯᠠᠵᠤ ᠢᠵᠢ ᠪᠦᠷᠢᠯᠳᠤᠯ ᠬᠠᠨᠭ᠍ᠭᠠᠬᠤ ᠶᠢ ᠵᠤᠷᠢᠭᠵᠢᠭᠤᠯᠵᠤ᠂ | ᠦᠢᠯᠡᠳᠪᠤᠷᠢᠯᠠᠯ ᠬᠠᠨᠭ᠍ᠭᠠᠯᠭ᠎ᠠ ᠪᠤᠷᠤᠯᠠᠭᠤᠯᠭ᠎ᠠ ᠪᠠ ᠮᠡᠷᠭᠡᠵᠢᠯ ᠤᠨ ᠨᠡᠭᠡᠭᠡᠯᠳᠠ ᠬᠢᠬᠦ ᠵᠡᠷᠭᠡ ᠲᠤᠭᠳᠠᠭᠤᠨ ᠬᠠᠮᠳᠤᠷᠠᠯᠴᠠᠭ᠎ᠠ ᠶᠢᠨ ᠬᠠᠷᠢᠴᠠᠭ᠎ᠠ ᠶᠢ ᠪᠠᠶᠢᠭᠤᠯᠵᠤ᠂ | ᠠᠵᠤ ᠦᠢᠯᠡᠰ ᠤᠨ ᠰᠦᠷᠦᠭᠵᠢᠨ ᠬᠦᠭᠵᠢᠬᠦ ᠶᠢ ᠠᠬᠢᠭᠤᠯᠤᠨ᠎ᠠ᠃ | ︵ᠬᠤᠶᠠᠷ︶ ᠠᠵᠤ ᠦᠢᠯᠡᠰ ᠤᠨ ᠪᠦᠳᠦᠴᠠ ᠶᠢᠨ ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ ᠠᠯᠬᠤᠴᠠ ᠶᠢ ᠴᠢᠨᠠᠭᠰᠢᠳᠠ ᠲᠦᠷᠭᠡᠳᠭᠡᠨ᠎ᠠ᠃ ᠠᠵᠤ | ᠦᠢᠯᠡᠰ ᠤᠨ ᠪᠦᠳᠦᠴᠠ ᠶᠢ ᠲᠤᠬᠢᠷᠠᠭᠤᠯᠤᠨ ᠰᠢᠯᠢᠳᠡᠭᠵᠢᠬᠦᠯᠬᠦ ᠶᠢ ᠠᠵᠤ ᠠᠬᠤᠢ ᠶᠢᠨ ᠠᠵᠢᠯ ᠤᠨ ᠴᠢᠬᠤᠯᠠ ᠠᠴᠠ ᠴᠢᠬᠤᠯᠠ ᠵᠦᠢᠯ ᠪᠤᠯᠭᠠᠨ ᠠᠳᠬᠤᠵᠤ᠂ | ᠠᠵᠤ ᠦᠢᠯᠡᠰ ᠤᠨ ᠪᠦᠳᠦᠴᠠ ᠶᠢᠨ ᠬᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ ᠪᠠ ᠤᠯᠠᠨ ᠡᠰᠢᠵᠢᠭᠰᠡᠨ ᠬᠦᠭᠵᠢᠯᠳᠠ ᠶᠢ ᠪᠦᠬᠦ ᠲᠠᠯ᠎ᠠ ᠪᠠᠷ ᠠᠬᠢᠭᠤᠯᠵᠤ᠂ | ᠭᠠᠵᠠᠷ ᠤᠷᠤᠨ ᠤ ᠤᠨᠴᠠᠯᠢᠭ ᠲᠠᠢ᠂ ᠦᠷᠢᠰᠤᠯᠳᠤᠬᠦ ᠲᠠᠪᠠᠭᠤᠯᠢᠭ ᠲᠠᠢ ᠤᠳᠤ ᠦᠶ᠎ᠠ ᠶᠢᠨ ᠠᠵᠤ ᠦᠢᠯᠡᠰ ᠤᠨ ᠰᠢᠰᠲ᠋ᠧᠮᠵᠢ ᠶᠢ ᠪᠤᠢ ᠪᠤᠯᠭᠠᠨ᠎ᠠ᠃ | ᠲᠠᠪᠠᠭᠤᠯᠢᠭ ᠤᠨᠴᠠᠯᠢᠭᠳᠤ ᠠᠵᠤ ᠦᠢᠯᠡᠰ ᠤᠨ ᠬᠦᠭᠵᠢᠯᠳᠠ ᠶᠢᠨ ᠲᠡᠰ ᠲᠠᠪᠬᠤᠷᠭ᠎ᠠ ᠶᠢ ᠲᠡᠭᠡᠭᠰᠢᠯᠡᠬᠦᠯᠦᠨ᠎ᠠ᠃ ᠨᠡᠬᠦᠷᠡᠰᠦᠨ ᠤ ᠠᠵᠤ ᠦᠢᠯᠡᠰ ᠤᠨ | ᠲᠦᠪᠯᠡᠷᠡᠯ ᠤᠨ ᠬᠡᠮᠵᠢᠶ᠎ᠠ ᠶᠢ ᠲᠡᠭᠡᠭᠰᠢᠯᠡᠬᠦᠯᠵᠤ᠂ ᠪᠦᠯᠦᠭᠵᠢᠬᠦᠯᠬᠦ᠂ ᠬᠡᠪᠴᠢᠶᠡᠵᠢᠬᠦᠯᠬᠦ᠂ ᠤᠳᠤᠬᠢᠴᠢᠯᠠᠬᠤ ᠱᠠᠭᠠᠷᠳᠠᠯᠭ᠎ᠠ ᠶᠤᠰᠤᠭᠠᠷ ᠨᠡᠬᠦᠷᠡᠰᠤᠨ ᠤ ᠠᠵᠤ | ᠠᠬᠤᠶᠢᠯᠠᠯ ᠢ ᠨᠡᠶᠢᠯᠡᠬᠦᠯᠦᠨ ᠲᠠᠬᠢᠨ ᠵᠤᠬᠢᠶᠠᠨ ᠪᠠᠶᠢᠭᠤᠯᠬᠤ ᠠᠵᠢᠯ ᠢ ᠦᠷᠬᠦᠯᠵᠢᠯᠠᠨ ᠠᠬᠢᠭᠤᠯᠵᠤ᠂ ᠡᠵᠡᠩᠨᠡᠯᠳᠠ ᠶᠢᠨ ᠤᠷᠤᠯᠭ᠎ᠠ ᠨᠢ ᠵᠠᠭᠤᠨ ᠳ᠋ᠦᠡᠭᠰᠢᠭᠤᠷ | ᠲᠦᠬᠦᠷᠢᠭ ᠢ ᠲᠠᠪᠠᠭᠰᠠᠨ ᠨᠡᠬᠦᠷᠡᠰᠦᠨ ᠤ ᠠᠵᠤ ᠠᠬᠤᠶᠢᠯᠠᠯ ᠢ 15 ᠠᠴᠠ ᠲᠡᠭᠡᠭᠰᠢ ᠪᠤᠶᠢᠵᠢᠭᠤᠯᠬᠤ ᠪᠠᠷ ᠴᠢᠷᠮᠠᠶᠢᠨ᠎ᠠ᠃ ᠨᠡᠬᠦᠷᠡᠰᠦᠨ ᠤ ᠤᠬᠢᠶᠠᠵᠤ ᠰᠤᠩᠭᠤᠬᠤ | ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢᠨ ᠬᠦᠴᠦᠯᠡᠴᠠ ᠶᠢ ᠨᠡᠮᠡᠭᠳᠡᠬᠦᠯᠵᠤ᠂ ᠵᠢᠯ ᠤᠨ ᠲᠤᠳᠤᠷ᠎ᠠ ᠤᠬᠢᠶᠠᠵᠤ ᠰᠤᠩᠭᠤᠬᠤ ᠨᠤᠷᠮ᠎ᠠ ᠶᠢ ᠲᠡᠭᠡᠭᠰᠢᠯᠡᠬᠦᠯᠦᠨ | 60% ᠶᠢ ᠲᠠᠪᠠᠭᠤᠯᠤᠨ᠎ᠠ᠃ ᠨᠡᠬᠦᠷᠡᠰᠤ ᠬᠢᠮᠢ ᠶᠢᠨ ᠠᠵᠤ ᠦᠢᠯᠡᠳᠪᠤᠷᠢ ᠶᠢᠨ ᠠᠵᠤ ᠦᠢᠯᠡᠰ ᠤᠨ ᠬᠦᠷᠢᠶ᠎ᠠ ᠬᠡᠪᠴᠢᠶ᠎ᠠ ᠶᠢ ᠦᠷᠬᠦᠯᠵᠢᠯᠠᠨ ᠦᠷᠭᠡᠳᠭᠡᠵᠤ᠂ | ᠪᠦᠳᠦᠭᠡᠨ ᠪᠠᠶᠢᠭᠤᠯᠵᠤ ᠪᠠᠶᠢᠭ᠎ᠠ ᠨᠡᠬᠦᠷᠡᠰᠤ ᠬᠢᠮᠢ ᠶᠢᠨ ᠠᠵᠤ ᠦᠢᠯᠡᠳᠪᠤᠷᠢ ᠶᠢᠨ ᠠᠵᠤ ᠦᠢᠯᠡᠰ ᠤᠨ ᠵᠢᠱᠢᠶ᠎ᠠ ᠦᠵᠡᠬᠦᠯᠬᠦ ᠲᠦᠷᠦᠯ ᠵᠦᠢᠯ ᠤᠨ ᠪᠦᠳᠦᠭᠡᠨ | ᠪᠠᠶᠢᠭᠤᠯᠤᠯᠳᠠ ᠶᠢ ᠲᠦᠷᠭᠡᠳᠭᠡᠵᠤ᠂ ᠨᠡᠬᠦᠷᠡᠰᠤ ᠬᠢᠮᠢ ᠶᠢᠨ ᠠᠵᠤ ᠦᠢᠯᠡᠳᠪᠤᠷᠢ ᠶᠢᠨ ᠠᠵᠤ ᠦᠢᠯᠡᠰ ᠤᠨ ᠬᠡᠯᠬᠢᠶ᠎ᠠ ᠶᠢ ᠤᠷᠳᠤᠳᠬᠠᠵᠤ᠂ ᠵᠦᠡᠭ ᠲᠢᠶᠠᠨ ᠾᠧ | ᠴᠤᠸᠠᠩ ᠤᠨ ᠬᠤᠶᠠᠷ ᠮᠧᠲ᠋ᠢᠯᠳᠤ ᠡᠲ᠋ᠧᠷ᠂ ᠢ ᠲᠠᠢ ᠶᠢᠨ ᠨᠠᠷᠢᠯᠢᠭ ᠬᠢᠮᠢ ᠶᠢᠨ ᠦᠢᠯᠡᠳᠬᠦᠨ᠂ ᠲᠤᠮᠳᠠᠳᠤ ᠤᠯᠤᠰ ᠤᠨ ᠴᠠᠬᠢᠯᠭᠠᠨ ᠬᠦᠴᠦᠨ ᠤ ᠪᠠᠯᠠ | ᠤᠷᠤᠭᠤᠯᠤᠯᠳᠠ ᠶᠢᠨ ᠺᠤᠮᠫᠠᠨᠢ ᠶᠢᠨ ᠠᠯᠺᠧᠨ᠂ ᠲᠤᠮᠳᠠᠳᠤ ᠤᠯᠤᠰ ᠤᠨ ᠲᠠᠯᠠᠢ ᠶᠢᠨ ᠴᠢᠯᠠᠭᠤᠨ ᠲᠤᠰᠤᠨ ᠤ ᠺᠤᠮᠫᠠᠨᠢ ᠶᠢᠨ ᠨᠡᠬᠦᠷᠡᠰᠤ ᠪᠠᠷ ᠬᠡᠢ ᠦᠢᠯᠡᠳᠬᠦ ᠪᠠ ᠢ | ᠲᠠᠢ᠂ ᠱᠧᠨ ᠬᠤᠸᠠ ᠶᠢᠨ ᠨᠡᠬᠦᠷᠡᠰᠤ ᠪᠠᠷ ᠲᠤᠰᠤ ᠦᠢᠯᠡᠳᠬᠦ ᠬᠤᠶᠠᠳᠤᠭᠠᠷ ᠬᠤᠭᠤᠴᠠᠭ᠎ᠠ ᠵᠡᠷᠭᠡ ᠴᠢᠬᠤᠯᠠ ᠶᠡᠭᠡ ᠲᠦᠷᠦᠯ ᠵᠦᠢᠯ ᠤᠨ ᠪᠦᠳᠦᠭᠡᠨ | ᠪᠠᠶᠢᠭᠤᠯᠤᠯᠳᠠ ᠶᠢ ᠪᠦᠬᠦ ᠲᠠᠯ᠎ᠠ ᠪᠠᠷ ᠠᠬᠢᠭᠤᠯᠵᠤ᠂ ᠨᠡᠬᠦᠷᠡᠰᠤ ᠬᠢᠮᠢ ᠶᠢᠨ ᠠᠵᠤ ᠦᠢᠯᠡᠳᠪᠤᠷᠢ ᠶᠢᠨ ᠦᠢᠯᠡᠳᠪᠤᠷᠢᠯᠠᠯ ᠤᠨ ᠴᠢᠳᠠᠪᠤᠷᠢ ᠶᠢ ᠰᠢᠨ᠎ᠠ ᠪᠠᠷ 350 | ᠲᠦᠮᠠᠨ ᠲᠤᠨ ᠨᠡᠮᠡᠭᠳᠡᠬᠦᠯᠦᠨ᠎ᠠ᠃ ᠴᠠᠬᠢᠯᠭᠠᠨ ᠬᠦᠴᠦᠨ ᠤ ᠠᠵᠤ ᠦᠢᠯᠡᠳᠪᠤᠷᠢ ᠶᠢ ᠪᠤᠵᠠᠭᠠᠶᠢᠷᠠᠭᠤᠯᠤᠨ ᠬᠦᠴᠦᠷᠭᠡᠭᠵᠢᠬᠦᠯᠵᠤ᠂ ᠵᠡᠬᠦᠨᠭᠠᠷ ᠬᠤᠰᠢᠭᠤ᠂ ᠲᠠᠯᠠᠳ | ᠬᠤᠰᠢᠭᠤ᠂ ᠤᠳᠤᠭ ᠤᠨ ᠡᠮᠤᠨᠠᠳᠤ ᠬᠤᠰᠢᠭᠤ᠂ ᠬᠠᠨᠭ᠍ᠬᠢᠨ ᠬᠤᠰᠢᠭᠤ ᠵᠡᠷᠭᠡ ᠭᠠᠵᠠᠷ ᠲᠤ ᠨᠢᠭᠡ ᠪᠦᠯᠦᠭ ᠭᠠᠯ ᠤᠨ ᠬᠦᠴᠦᠨ ᠤ ᠴᠠᠬᠢᠯᠭᠠᠨ ᠦᠷᠳᠡᠭᠡ ᠶᠢᠨ | ᠰᠦᠷᠦᠭ ᠢ ᠰᠢᠨ᠎ᠠ ᠪᠠᠷ ᠲᠦᠯᠦᠪᠵᠢᠬᠦᠯᠦᠨ ᠪᠦᠳᠦᠭᠡᠨ ᠪᠠᠶᠢᠭᠤᠯᠵᠤ᠂ ᠠᠵᠤ ᠠᠬᠤᠶᠢᠯᠠᠯ ᠠᠴᠠ ᠦᠪᠡᠷ ᠢ ᠪᠠᠨ ᠬᠠᠩᠭᠠᠬᠤ ᠪᠠᠯᠠᠳᠬᠡᠯ ᠴᠠᠬᠢᠯᠭᠠᠨ ᠭᠠᠷᠭᠠᠬᠤ | ᠦᠢᠯᠡᠳᠪᠤᠷᠢ ᠪᠠᠶᠢᠭᠤᠯᠬᠤ ᠶᠢ ᠲᠠᠮᠵᠢᠵᠤ᠂ ᠴᠤᠭᠴᠠᠯᠠᠪᠤᠷᠢ ᠨᠢ 400 ᠲᠦᠮᠠᠨ ᠺᠢᠯᠤᠸᠠᠲ ᠢ ᠲᠠᠪᠠᠭᠰᠠᠨ ᠴᠠᠬᠢᠯᠭᠠᠨ ᠬᠦᠴᠦᠨ ᠤ ᠪᠠᠷᠢᠯᠭ᠎ᠠ ᠶᠢ ᠰᠢᠨ᠎ᠠ ᠪᠠᠷ | ᠡᠬᠢᠯᠡᠬᠦᠯᠬᠦ ᠪᠠᠷ ᠴᠢᠷᠮᠠᠶᠢᠨ᠎ᠠ᠃ ᠰᠠᠯᠬᠢᠨ ᠡᠨᠧᠷᠬᠢ᠂ ᠨᠠᠷᠠᠨ ᠡᠨᠧᠷᠬᠢ᠂ ᠠᠮᠢᠳᠤ ᠪᠤᠳᠠᠰ ᠤᠨ ᠮᠠᠰ ᠤᠨ ᠡᠨᠧᠷᠬᠢ ᠶᠢᠨ ᠴᠠᠬᠢᠯᠭᠠᠨ ᠭᠠᠷᠭᠠᠬᠤ ᠶᠢ ᠲᠤᠭᠳᠠᠭᠤᠨ | ᠢᠶᠠᠷ ᠬᠦᠭᠵᠢᠬᠦᠯᠵᠤ᠂ ᠭᠠᠵᠠᠷ ᠤᠷᠤᠨ ᠤ ᠡᠨᠧᠷᠬᠢ ᠶᠢᠨ ᠪᠦᠳᠦᠴᠠ ᠶᠢ ᠰᠢᠯᠢᠳᠡᠭᠵᠢᠬᠦᠯᠦᠨ᠎ᠠ᠃ ᠨᠡᠬᠦᠷᠡᠰᠤ ᠶᠢ ᠲᠠᠭᠠᠯᠳᠤᠨ ᠪᠤᠢ ᠪᠤᠯᠤᠭᠰᠠᠨ ᠡᠬᠢ ᠪᠠᠶᠠᠯᠢᠭ ᠤᠨ | ᠨᠡᠭᠡᠭᠡᠯᠳᠠ ᠶᠢ ᠲᠦᠷᠭᠡᠳᠭᠡᠵᠤ᠂ ᠳ᠋ᠠ ᠯᠤ᠋ ᠠᠵᠤ ᠦᠢᠯᠡᠳᠪᠤᠷᠢ ᠶᠢᠨ ᠬᠦᠷᠢᠶᠠᠯᠠᠩ ᠲᠤᠭᠤᠷᠢᠭ ᠲᠤ ᠨᠡᠬᠦᠷᠡᠰᠤ ᠴᠠᠬᠢᠯᠭᠠᠨ ᠬᠦᠡᠭᠭᠡᠨ ᠴᠠᠭᠠᠨ ᠢ | ᠴᠤᠭᠴᠠᠵᠢᠭᠤᠯᠤᠭᠰᠠᠨ ᠡᠷᠬᠢᠯᠳᠠᠳᠤ ᠠᠵᠤ ᠦᠢᠯᠡᠰ ᠤᠨ ᠰᠠᠭᠤᠷᠢᠨ ᠭᠠᠵᠠᠷ ᠢ ᠲᠦᠪᠯᠡᠷᠡᠬᠦᠯᠦᠨ ᠪᠠᠶᠢᠭᠤᠯᠵᠤ᠂ ᠲᠠᠯᠠᠳ ᠤᠨ ᠠᠵᠤ ᠠᠬᠤᠢ ᠶᠢᠨ ᠨᠡᠭᠡᠭᠡᠯᠳᠠ ᠶᠢᠨ | ᠤᠷᠤᠨ ᠳᠤ ᠠᠩᠬᠠᠨ ᠤ ᠬᠦᠡᠭᠭᠡᠨ ᠴᠠᠭᠠᠨ ᠤ ᠡᠬᠢ ᠪᠠᠶᠠᠯᠢᠭ ᠢ ᠨᠠᠷᠢᠯᠢᠭ ᠬᠦᠨᠵᠡᠭᠡᠢ ᠪᠤᠯᠪᠠᠰᠤᠷᠠᠭᠤᠯᠬᠤ ᠠᠵᠤ ᠦᠢᠯᠡᠰ ᠤᠨ ᠬᠦᠷᠢᠶᠠᠯᠠᠩ ᠲᠤᠭᠤᠷᠢᠭ ᠢ | ᠲᠦᠪᠯᠡᠷᠡᠬᠦᠯᠦᠨ ᠪᠦᠳᠦᠭᠡᠨ ᠪᠠᠶᠢᠭᠤᠯᠵᠤ ᠂ ᠱᠧᠨ ᠬᠤᠸᠠ ᠶᠢᠨ ᠵᠡᠬᠦᠨᠭᠠᠷ ᠤᠨ ᠡᠨᠧᠷᠬᠢ᠂ ᠳ᠋ᠠ ᠲᠠᠩ᠂ ᠰᠢᠨ ᠾᠸᠡᠭ᠂ ᠵᠡᠷᠭᠡ ᠨᠡᠬᠦᠷᠡᠰᠤᠨ ᠤ ᠦᠨᠡᠰᠤ ᠠᠴᠠ | ᠢᠰᠤᠯᠳᠦᠭᠰᠡᠨ ᠬᠦᠡᠭᠭᠡᠨ ᠴᠠᠭᠠᠨ ᠭᠠᠷᠭᠠᠨ ᠠᠪᠬᠤ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢ ᠪᠦᠬᠦ ᠲᠠᠯ᠎ᠠ ᠪᠠᠷ ᠠᠬᠢᠭᠤᠯᠵᠤ᠂ ᠵᠢᠯ ᠤᠨ ᠲᠤᠳᠤᠷ᠎ᠠ | 430 ᠲᠦᠮᠠᠨ ᠲᠤᠨ ᠢᠰᠤᠯᠳᠦᠭᠰᠡᠨ ᠬᠦᠡᠭᠭᠡᠨ ᠴᠠᠭᠠᠨ ᠤ ᠪᠦᠳᠦᠭᠡᠨ ᠪᠠᠶᠢᠭᠤᠯᠤᠯᠳᠠ ᠶᠢᠨ ᠬᠦᠷᠢᠶ᠎ᠠ ᠬᠡᠪᠴᠢᠶ᠎ᠠ ᠶᠢ ᠪᠦᠷᠢᠯᠳᠦᠬᠦᠯᠦᠨ᠎ᠠ᠃ ᠡᠬᠦᠨ ᠤ ᠵᠡᠷᠭᠡᠪᠡᠷ | ᠪᠠᠶᠢᠭᠠᠯᠢ ᠶᠢᠨ ᠰᠢᠳᠠᠮᠠᠬᠠᠢ ᠬᠡᠢ᠂ ᠨᠡᠬᠦᠷᠡᠰᠦᠨ ᠲᠡᠪᠬᠤᠷᠭ᠎ᠠ ᠶᠢᠨ ᠬᠡᠢ ᠶᠢ ᠨᠡᠭᠡᠭᠡᠨ ᠠᠰᠢᠭᠯᠠᠬᠤ ᠠᠵᠢᠯ ᠢ ᠰᠠᠶᠢᠳᠤᠷ ᠬᠢᠨ᠎ᠠ᠃ | ᠡᠬᠢ ᠪᠠᠶᠠᠯᠢᠭ ᠤᠨ ᠪᠤᠰᠤ ᠬᠡᠯᠪᠡᠷᠢ ᠶᠢᠨ ᠠᠵᠤ ᠦᠢᠯᠡᠰ ᠤᠨ ᠰᠦᠷᠦᠭᠵᠢᠯ ᠢ ᠲᠦᠷᠭᠡᠨ ᠢᠶᠠᠷ ᠪᠠᠶᠢᠭᠤᠯᠤᠨ᠎ᠠ᠃ ᠮᠠᠰᠢᠨ ᠲᠡᠷᠭᠡ ᠦᠢᠯᠡᠳᠬᠦ ᠪᠠᠷ ᠭᠤᠤᠯ | ᠪᠤᠯᠭᠠᠭᠰᠠᠨ ᠲᠤᠨᠤᠭᠯᠠᠯ ᠦᠢᠯᠡᠳᠬᠦ ᠦᠢᠯᠡᠰ ᠤᠨ ᠰᠦᠷᠦᠭᠵᠢᠯ ᠢ ᠪᠦᠬᠦ ᠬᠦᠴᠦᠨ ᠢᠶᠠᠷ ᠪᠤᠢ ᠪᠤᠯᠭᠠᠵᠤ᠂ ᠴᠢ ᠷᠦᠢ᠂ ᠠᠮᠧᠷᠢᠺᠠ ᠶᠢᠨ GTA᠂ ᠬᠤᠸᠠ ᠲᠠᠢ᠂ | ᠴᠢᠩ ᠨᠢᠶᠠᠨ ᠯᠢᠶᠠᠨ ᠬᠤᠸᠠ᠂ ᠬᠤᠸᠠ ᠷᠦᠢ ᠵᠡᠷᠭᠡ ᠮᠠᠰᠢᠨ ᠲᠡᠷᠭᠡ ᠦᠢᠯᠡᠳᠬᠦ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢ ᠢᠳᠡᠪᠬᠢᠳᠠᠢ ᠠᠬᠢᠭᠤᠯᠵᠤ᠂ | ᠮᠠᠰᠢᠨ ᠲᠡᠷᠭᠡ ᠦᠢᠯᠡᠳᠪᠦᠷᠢᠯᠡᠬᠦ ᠴᠢᠳᠠᠪᠤᠷᠢ ᠶᠢ ᠰᠢᠨ᠎ᠠ ᠪᠠᠷ 20 ᠲᠦᠮᠠ ᠠᠴᠠ ᠲᠡᠭᠡᠭᠰᠢ ᠨᠡᠮᠡᠭᠳᠡᠬᠦᠯᠦᠨ᠎ᠠ᠃ ᠨᠡᠬᠦᠷᠡᠰᠤ᠂ ᠬᠢᠮᠢ ᠶᠢᠨ ᠠᠵᠤ ᠦᠢᠯᠡᠳᠪᠤᠷᠢ ᠶᠢᠨ | ᠮᠧᠬᠠᠨᠢᠭ ᠪᠠ ᠰᠠᠯᠬᠢᠨ ᠬᠦᠴᠦᠨ ᠤ ᠴᠠᠬᠢᠯᠭᠠᠨ ᠭᠠᠷᠭᠠᠬᠤ ᠲᠤᠨᠤᠭ ᠲᠦᠬᠦᠭᠡᠷᠦᠮᠵᠢ ᠦᠢᠯᠡᠳᠬᠦ ᠦᠢᠯᠡᠰ ᠢ ᠢᠳᠡᠪᠬᠢᠳᠡᠢ ᠬᠦᠭᠵᠢᠬᠦᠯᠵᠤ᠂ ᠦᠵᠦᠬᠦᠷ ᠲᠡᠰ ᠤᠨ | ᠲᠤᠨᠤᠭᠯᠠᠯ ᠦᠢᠯᠡᠳᠬᠦ ᠲᠦᠷᠦᠯ ᠵᠦᠢᠯ ᠢ ᠤᠷᠤᠭᠤᠯᠤᠨ ᠪᠦᠳᠦᠭᠡᠨ ᠪᠠᠶᠢᠭᠤᠯᠵᠤ᠂ ᠵᠢᠩ ᠳ᠋ᠦᠡᠭ ᠹᠠᠨᠭ᠌ ᠤᠨ ᠰᠢᠩᠭᠡᠨ ᠲᠠᠯᠠᠰᠳᠤ ᠦᠵᠡᠬᠦᠯᠦᠬᠦᠷ᠂ ᠳ᠋ᠠ ᠵᠤ᠋ ᠶᠢᠨ | ᠯᠠᠶᠢᠰᠧᠷ ᠤᠨ ᠲᠤᠨᠤᠭ ᠲᠦᠬᠦᠭᠡᠷᠦᠮᠵᠢ᠂ ᠷᠦᠡᠭ ᠲᠠᠢ ᠶᠢᠨ LED ᠵᠡᠷᠭᠡ ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢ ᠠᠬᠢᠭᠤᠯᠤᠨ᠎ᠠ᠃ ᠪᠠᠶᠢᠯᠳᠤᠬᠤ | ᠪᠤᠳᠤᠯᠭ᠎ᠠ ᠶᠢᠨ ᠴᠢᠨᠠᠷᠳᠠᠢ ᠰᠢᠨ᠎ᠠ ᠪᠠᠷ ᠡᠬᠦᠰᠦᠭᠰᠡᠨ ᠠᠵᠤ ᠦᠢᠯᠡᠰ ᠤᠨ ᠰᠦᠷᠦᠭᠵᠢᠯ ᠢ ᠲᠦᠷᠭᠡᠨ ᠢᠶᠠᠷ ᠪᠤᠢ ᠪᠤᠯᠭᠠᠵᠤ᠂ ᠰᠢᠨ᠎ᠠ ᠡᠨᠧᠷᠬᠢ᠂ ᠰᠢᠨ᠎ᠠ ᠮᠠᠲ᠋ᠧᠷᠢᠶᠠᠯ | ᠂ ᠠᠮᠢᠳᠤ ᠪᠤᠳᠠᠰ ᠤᠨ ᠮᠡᠷᠭᠡᠵᠢᠯ᠂ ᠡᠨᠧᠷᠬᠢ ᠠᠷᠪᠢᠯᠠᠨ ᠪᠤᠬᠢᠷᠳᠤᠯ ᠦᠭᠡᠢ ᠂ ᠡᠯᠧᠲᠷᠦᠨ ᠴᠢᠮᠡᠭᠡ ᠵᠠᠩᠬᠢ ᠵᠡᠷᠭᠡ ᠠᠵᠤ ᠦᠢᠯᠡᠰ ᠢ ᠶᠡᠭᠡᠪᠡᠷ ᠬᠦᠭᠵᠢᠬᠦᠯᠦᠨ᠎ᠠ᠃ | ᠹᠸᠡᠭ ᠸᠧᠢ᠂ ᠷᠧᠨ ᠳ᠋ᠧ᠂ ᠵᠦᠡᠭ ᠱᠸᠡᠭ ᠤᠨ ᠬᠡᠷᠡᠯ ᠴᠠᠬᠢᠯᠭᠠᠨ ᠵᠡᠷᠭᠡ ᠤᠯᠠᠨ ᠲᠠᠯᠠᠰᠳᠤ ᠴᠠᠬᠢᠭᠤᠷ ᠵᠢᠴᠢ ᠲᠠᠭᠠᠯᠳᠤᠭᠰᠠᠨ ᠦᠢᠯᠡᠳᠬᠦᠨ ᠢ ᠪᠤᠯᠪᠠᠰᠤᠷᠠᠭᠤᠯᠬᠤ | ᠲᠦᠷᠦᠯ ᠵᠦᠢᠯ ᠤᠨ ᠪᠦᠳᠦᠭᠡᠨ ᠪᠠᠶᠢᠭᠤᠯᠤᠯᠳᠠ ᠶᠢ ᠠᠬᠢᠭᠤᠯᠵᠤ᠂ 4.4 ᠲᠦᠮᠠᠨ ᠲᠤᠨ ᠤᠯᠠᠨ ᠲᠠᠯᠠᠰᠳᠤ ᠴᠠᠬᠢᠭᠤᠷ ᠦᠢᠯᠡᠳᠪᠦᠷᠢᠯᠡᠬᠦ ᠪᠦᠳᠦᠭᠡᠨ ᠪᠠᠶᠢᠭᠤᠯᠤᠯᠳᠠ | ᠶᠢᠨ ᠬᠦᠷᠢᠶ᠎ᠠ ᠬᠡᠪᠴᠢᠶ᠎ᠠ ᠶᠢ ᠪᠦᠷᠢᠯᠳᠤᠬᠦᠯᠵᠤ᠂ ᠬᠡᠷᠡᠯ ᠸᠤᠯᠲ ᠤᠨ ᠠᠵᠤ ᠦᠢᠯᠡᠰ ᠤᠨ ᠰᠠᠭᠤᠷᠢᠨ ᠭᠠᠵᠠᠷ ᠢ ᠪᠠᠶᠢᠭᠤᠯᠵᠤ᠂ ᠵᠦᠡᠭ ᠰᠢᠩ᠂ ᠱᠢ ᠵᠢᠢ ᠬᠤ᠋ | ᠯᠢᠶᠠᠨ ᠤ ᠡᠬᠦᠯᠠᠨ ᠪᠤᠳᠤᠯᠭ᠎ᠠ ᠶᠢᠨ ᠨᠢᠭᠡᠳᠤᠭᠡᠷ ᠬᠤᠭᠤᠴᠠᠭᠠᠨ ᠤ ᠲᠦᠷᠦᠯ ᠵᠦᠢᠯ ᠢ ᠪᠠᠶᠢᠭᠤᠯᠤᠨ ᠠᠰᠢᠭᠯᠠᠯᠳᠠ ᠳᠤ ᠤᠷᠤᠭᠤᠯᠤᠨ᠎ᠠ᠃ ᠤᠯᠠᠮᠵᠢᠯᠠᠯᠳᠤ ᠠᠵᠤ | ᠦᠢᠯᠡᠰ ᠢ ᠲᠡᠰ ᠲᠡᠪᠰᠢᠬᠦᠯᠤᠨ ᠰᠢᠨᠡᠳᠭᠡᠨ ᠬᠠᠯᠠᠬᠤ ᠶᠢ ᠲᠦᠷᠭᠡᠳᠭᠡᠵᠤ᠂ ᠦᠵᠦᠬᠦᠷ ᠲᠡᠰ ᠤᠨ ᠨᠤᠯᠤᠤᠷ ᠤᠨ ᠨᠡᠭᠡᠮᠠᠯ ᠤᠨ ᠦᠢᠯᠡᠳᠬᠦᠨ᠂ ᠲᠡᠭᠡᠳᠤ ᠲᠡᠰ ᠤᠨ | ᠪᠠᠷᠢᠯᠭ᠎ᠠ ᠶᠢᠨ ᠮᠠᠲ᠋ᠧᠷᠢᠶᠠᠯ᠂ ᠲᠠᠷᠢᠶᠠᠯᠠᠩ ᠮᠠᠯ ᠤᠢ ᠡᠯᠡᠰᠤᠨ ᠤ ᠦᠢᠯᠡᠳᠬᠦᠨ ᠢ ᠪᠤᠯᠪᠠᠰᠤᠷᠠᠭᠤᠯᠬᠤ ᠵᠡᠷᠭᠡ ᠠᠵᠤ ᠦᠢᠯᠡᠰ ᠤᠨ ᠬᠦᠷᠢᠶ᠎ᠠ ᠬᠡᠪᠴᠢᠶ᠎ᠠ ᠶᠢ | ᠦᠷᠬᠦᠯᠵᠢᠯᠠᠨ ᠶᠡᠭᠡᠳᠭᠡᠵᠤ᠂ ᠳ᠋ᠦᠡᠭᠱᠸᠡᠭ ᠤᠨ ᠬᠦᠡᠭᠬᠡᠨ ᠨᠡᠭᠡᠮᠠᠯ ᠤᠨ ᠠᠵᠤ ᠦᠢᠯᠡᠳᠪᠤᠷᠢ ᠶᠢᠨ ᠬᠦᠷᠢᠶᠠᠯᠠᠩ ᠲᠤᠭᠤᠷᠢᠭ᠂ ᠢᠳᠡᠭᠡᠨ ᠪᠤᠯᠪᠠᠰᠤᠷᠠᠭᠤᠯᠬᠤ | ᠬᠦᠷᠢᠶᠠᠯᠠᠩ ᠲᠤᠭᠤᠷᠢᠭ ᠢ ᠪᠠᠶᠢᠭᠤᠯᠤᠨ ᠠᠰᠢᠭᠯᠠᠯᠳᠠ ᠳᠤ ᠤᠷᠤᠭᠤᠯᠬᠤ ᠶᠢ ᠪᠠᠳᠤᠯᠠᠵᠤ᠂ ᠵᠢᠯ ᠤᠨ ᠲᠤᠳᠤᠷ᠎ᠠ 16 ᠵᠤᠷᠪᠤᠰ ᠱᠠᠭᠠᠵᠠᠩ ᠦᠢᠯᠡᠳᠪᠤᠷᠢᠯᠠᠯ ᠤᠨ | ᠱᠤᠭᠤᠮ ᠢ ᠰᠢᠨ᠎ᠠ ᠪᠠᠷ ᠨᠡᠮᠡᠭᠳᠡᠬᠦᠯᠵᠤ᠂ PVC ᠵᠢᠴᠢ ᠲᠠᠭᠠᠯᠳᠤᠭᠰᠠᠨ ᠦᠢᠯᠡᠳᠬᠦᠨ ᠤ ᠦᠢᠯᠡᠳᠪᠤᠷᠢᠯᠠᠯ ᠤᠨ ᠴᠢᠳᠠᠪᠤᠷᠢ ᠶᠢ 120 ᠲᠦᠮᠠᠨ ᠲᠤᠨ | ᠨᠡᠮᠡᠭᠳᠡᠬᠦᠯᠦᠨ᠎ᠠ᠃ | ᠤᠳᠤ ᠦᠶ᠎ᠠ ᠶᠢᠨ ᠦᠢᠯᠡᠴᠢᠯᠡᠭᠡᠨ ᠤ ᠦᠢᠯᠡᠰ ᠢ ᠶᠡᠭᠡᠪᠠᠷ ᠬᠦᠭᠵᠢᠬᠦᠯᠦᠨ᠎ᠠ᠃ ᠲᠦᠷᠦ ᠶᠢᠨ ᠪᠤᠳᠤᠯᠭ᠎ᠠ ᠶᠢᠨ ᠠᠷᠭ᠎ᠠ ᠪᠠᠷᠢᠯ ᠲᠤᠭᠳᠠᠭᠠᠵᠤ ᠦᠢᠯᠡᠴᠢᠯᠡᠭᠡᠨ | ᠤ ᠦᠢᠯᠡᠰ ᠢ ᠲᠠᠮᠵᠢᠨ ᠬᠦᠭᠵᠢᠬᠦᠯᠤᠨ᠎ᠠ᠃ ᠪᠤᠳᠠᠰ ᠤᠨ ᠬᠦᠢᠯᠭᠡᠭᠡ ᠶᠢᠨ ᠦᠢᠯᠡᠰ ᠢ ᠲᠦᠷᠬᠡᠨ ᠢᠶᠠᠷ ᠬᠦᠭᠵᠢᠬᠦᠯᠵᠤ᠂ ᠨᠡᠬᠦᠷᠡᠰᠤ ᠶᠢ ᠲᠦᠪᠯᠡᠷᠡᠬᠦᠯᠬᠦ ᠲᠠᠷᠬᠠᠭᠠᠬᠤ | ᠴᠢᠬᠤᠯᠠ ᠭᠠᠵᠠᠷ ᠲᠤ ᠶᠡᠷᠦᠩᠭᠡᠶᠢᠯᠡᠭᠰᠡᠨ ᠴᠢᠨᠠᠷᠳᠠᠢ ᠨᠡᠬᠦᠷᠡᠰᠤ ᠲᠤᠬᠢᠷᠠᠭᠤᠯᠬᠤ ᠦᠢᠯᠡᠳᠪᠤᠷᠢ ᠪᠠᠶᠢᠭᠤᠯᠵᠤ᠂ ᠭᠤᠤᠯ ᠵᠠᠮ ᠬᠠᠷᠢᠯᠴᠠᠭᠠᠨ ᠤ ᠱᠤᠭᠤᠮ ᠳᠤ | ᠲᠦᠰᠢᠭᠯᠡᠨ ᠨᠡᠬᠦᠷᠡᠰᠦᠨ ᠤ ᠪᠤᠳᠠᠰ ᠤᠨ ᠬᠦᠢᠯᠭᠡᠭᠡ ᠶᠢᠨ ᠲᠦᠪ ᠢ ᠵᠤᠬᠢᠰᠳᠠᠢ ᠪᠠᠶᠢᠷᠢᠯᠠᠭᠤᠯᠤᠨ᠎ᠠ᠃ ᠠᠯᠳᠠᠨᠰᠢᠷᠡᠭᠡᠳᠤ ᠬᠢᠶ᠎ᠠ ᠪᠠᠭᠰᠢ᠂ ᠵᠠᠰᠠᠭ ᠵᠡᠷᠭᠡ ᠭᠤᠤᠯᠳᠠᠯᠭ᠎ᠠ | ᠲᠠᠢ ᠪᠤᠳᠠᠰ ᠤᠨ ᠬᠦᠢᠯᠭᠡᠭᠡ ᠶᠢᠨ ᠬᠦᠷᠢᠶᠠᠯᠠᠩ ᠲᠤᠭᠤᠷᠢᠭ ᠤᠨ ᠴᠢᠳᠠᠪᠬᠢ ᠶᠢ ᠴᠢᠨᠠᠭᠰᠢᠳᠠ ᠲᠡᠭᠦᠯᠳᠡᠷᠵᠢᠬᠦᠯᠵᠤ᠂ ᠨᠢᠭᠡ ᠪᠦᠯᠦᠭ ᠪᠤᠳᠠᠰ ᠤᠨ ᠬᠦᠢᠯᠭᠡᠭᠡ ᠶᠢᠨ | ᠭᠤᠤᠯᠯᠠᠭᠴᠢ ᠠᠵᠤ ᠠᠬᠤᠶᠢᠯᠠᠯ ᠢ ᠤᠷᠤᠭᠤᠯᠬᠤ ᠪᠠ ᠪᠤᠶᠢᠵᠢᠭᠤᠯᠤᠨ ᠪᠤᠵᠠᠭᠠᠶᠢᠷᠠᠭᠤᠯᠤᠨ᠎ᠠ᠃ ᠠᠭᠠᠷ ᠤᠨ ᠠᠶᠠᠯᠠᠯ ᠤᠨ ᠪᠠᠷᠠᠭ᠎ᠠ ᠲᠡᠭᠡᠭᠡᠪᠤᠷᠢ ᠶᠢᠨ ᠦᠢᠯᠡᠰ ᠢ | ᠢᠳᠡᠪᠬᠢᠳᠠᠢ ᠬᠦᠭᠵᠢᠬᠦᠯᠵᠤ᠂ ᠤᠷᠳᠤᠰ ᠤᠨ ᠠᠭᠠᠷ ᠤᠨ ᠭᠠᠷᠠᠮ ᠤᠨ ᠪᠤᠳᠠᠰ ᠤᠨ ᠬᠦᠢᠯᠭᠡᠭᠡ ᠶᠢᠨ ᠲᠤᠭᠤᠷᠢᠭ ᠢ ᠪᠦᠳᠦᠭᠡᠨ ᠪᠠᠶᠢᠭᠤᠯᠤᠨ᠎ᠠ᠃ ᠮᠦᠡᠭᠬᠦᠨ | ᠬᠦᠢᠯᠭᠡᠭᠡᠨ ᠤ ᠦᠢᠯᠡᠰ ᠤᠨ ᠬᠦᠷᠢᠶ᠎ᠠ ᠬᠡᠪᠴᠢᠶ᠎ᠠ ᠶᠢ ᠦᠷᠭᠡᠳᠭᠡᠵᠤ᠂ ᠰᠢᠨ᠎ᠠ ᠪᠠᠷ ᠨᠢᠭᠡ ᠪᠦᠯᠦᠭ ᠮᠦᠡᠭᠬᠦᠨ ᠬᠦᠢᠯᠭᠡᠭᠡᠨ ᠤ ᠪᠠᠶᠢᠭᠤᠯᠤᠮᠵᠢ ᠶᠢ ᠤᠷᠤᠭᠤᠯᠤᠨ | ᠠᠪᠴᠢᠷᠠᠵᠤ᠂ ᠲᠤᠰᠬᠤᠨ ᠪᠠᠯᠭᠠᠰᠤᠨ ᠤ ᠪᠠᠩᠬᠢ ᠪᠠ ᠪᠠᠭ᠎ᠠ ᠲᠤᠭᠠᠨ ᠤ ᠵᠢᠭᠡᠯᠡᠯᠭᠡ ᠶᠢᠨ ᠺᠤᠮᠫᠠᠨᠢ ᠶᠢ ᠶᠡᠭᠡᠪᠡᠷ ᠬᠦᠭᠵᠢᠬᠦᠯᠵᠤ ᠂ ᠬᠦᠳᠡᠭᠡ ᠲᠤᠰᠬᠤᠨ ᠤ | ᠢᠳᠡᠭᠡᠮᠵᠢᠳᠤ ᠵᠢᠭᠡᠯᠡᠯᠭᠡ ᠶᠢᠨ ᠬᠤᠷᠰᠢᠶ᠎ᠠ ᠶᠢᠨ ᠦᠬᠡᠷᠡᠴᠢᠯᠠᠯᠳᠠ ᠶᠢᠨ ᠠᠯᠬᠤᠴᠠ ᠶᠢ ᠲᠦᠷᠭᠡᠳᠭᠡᠨ᠎ᠠ᠃ ᠬᠤᠪᠢ ᠠᠴᠠ ᠴᠤᠭᠯᠠᠭᠤᠯᠤᠭᠰᠠᠨ ᠰᠲ᠋ᠤᠺ ᠤᠨ ᠡᠷᠬᠡ | ᠲᠠᠢ ᠰᠠᠭᠤᠷᠢ ᠮᠦᠡᠭᠬᠦ ᠪᠠᠷ ᠭᠤᠤᠯᠳᠠᠯᠭ᠎ᠠ ᠪᠤᠯᠭᠠᠭᠰᠠᠨ ᠰᠢᠨ᠎ᠠ ᠪᠠᠷ ᠡᠬᠦᠰᠦᠭᠰᠡᠨ ᠮᠦᠡᠭᠬᠦᠨ ᠬᠦᠢᠯᠭᠡᠭᠡᠨ ᠤ ᠦᠢᠯᠡᠰ ᠢ ᠢᠳᠡᠪᠬᠢᠳᠠᠢ ᠬᠦᠭᠵᠢᠬᠦᠯᠦᠨ᠎ᠠ᠃ ᠠᠵᠤ | ᠠᠬᠤᠶᠢᠯᠠᠯ ᠤᠨ ᠵᠢᠭᠡᠯᠡᠯᠭᠡ ᠶᠢᠨ ᠲᠡᠮᠳᠡᠭᠳᠤ ᠲᠠᠷᠬᠠᠭᠠᠬᠤ ᠪᠠ ᠪᠠᠷᠢᠮᠳᠠ ᠪᠠᠷ ᠪᠠᠯᠠ ᠴᠤᠭᠯᠠᠭᠤᠯᠬᠤ ᠶᠢ ᠵᠤᠷᠢᠭᠵᠢᠭᠤᠯᠵᠤ᠂ 2 ᠠᠴᠠ 3 ᠠᠵᠤ ᠠᠬᠤᠶᠢᠯᠠᠯ ᠤᠨ | ᠰᠲ᠋ᠤᠺ ᠢᠶᠠᠨ ᠵᠠᠬ᠎ᠠ ᠲᠡᠯᠭᠡᠬᠦᠷ ᠲᠤ ᠭᠠᠷᠭᠠᠨ ᠪᠠᠯᠠ ᠴᠤᠭᠯᠠᠭᠤᠯᠬᠤ ᠶᠢ ᠪᠠᠶᠡᠯᠡᠬᠦᠯᠬᠦ ᠶᠢ ᠠᠬᠢᠭᠤᠯᠤᠨ᠎ᠠ᠃ ᠤᠷᠤᠨ ᠪᠦᠰᠠ ᠶᠢᠨ ᠵᠢᠭᠤᠯᠴᠢᠯᠠᠯ ᠤᠨ ᠬᠠᠮᠳᠤᠷᠠᠯᠴᠠᠭ᠎ᠠ | ᠶᠢ ᠢᠳᠡᠪᠬᠢᠳᠠᠢ ᠦᠷᠨᠢᠬᠦᠯᠵᠤ᠂ ᠬᠠᠳᠤᠨ ᠭᠤᠤᠯ ᠲᠠᠭᠠᠤ ᠵᠢᠭᠤᠯᠴᠢᠯᠠᠯ ᠤᠨ ᠦᠵᠡᠮᠵᠢ ᠶᠢᠨ ᠪᠦᠰᠠ ᠶᠢᠨ ᠪᠦᠳᠦᠭᠡᠨ ᠪᠠᠶᠢᠭᠤᠯᠤᠯᠳᠠ ᠶᠢ ᠲᠦᠷᠭᠡᠳᠭᠡᠵᠤ᠂ ᠨᠢᠭᠡ | ᠪᠦᠯᠦᠭ ᠰᠤᠳᠤᠨ ᠦᠵᠡᠮᠵᠢ ᠶᠢᠨ ᠤᠷᠤᠨ ᠪᠠ ᠵᠢᠭᠤᠯᠴᠢᠯᠠᠯ ᠤᠨ ᠱᠤᠭᠤᠮ ᠢ ᠪᠤᠢ ᠪᠤᠯᠭᠠᠵᠤ᠂ ᠤᠷᠳᠤᠰ ᠤᠨ ᠵᠢᠭᠤᠯᠴᠢᠯᠠᠯ ᠤᠨ ᠨᠡᠷᠡᠳᠤ ᠬᠤᠳᠠ ᠶᠢᠨ ᠲᠡᠮᠳᠡᠭ ᠢ | ᠡᠬᠦᠳᠤᠨ᠎ᠠ᠃ ᠬᠤᠳᠠ ᠬᠦᠳᠡᠭᠡ ᠶᠢᠨ ᠬᠦᠢᠯᠭᠡᠭᠡ ᠶᠢᠨ ᠰᠢᠰᠲ᠋ᠧᠮᠵᠢ ᠶᠢᠨ ᠪᠠᠶᠢᠭᠤᠯᠤᠯᠳᠠ ᠶᠢ ᠴᠢᠩᠭᠠᠳᠬᠠᠵᠤ᠂ ᠤᠯᠤᠰ ᠤᠨ ᠲᠤᠳᠤᠭᠠᠳᠤ ᠭᠠᠳᠠᠭᠠᠳᠤ ᠶᠢᠨ ᠨᠡᠷᠡᠳᠤ | ᠬᠡᠯᠬᠢᠶᠡᠵᠢᠭᠰᠡᠨ ᠠᠵᠤ ᠠᠬᠤᠶᠢᠯᠠᠯ ᠢ ᠢᠳᠠᠪᠬᠢᠳᠠᠢ ᠤᠷᠤᠭᠤᠯᠵᠤ᠂ ᠤᠷᠤᠨ ᠨᠤᠳᠤᠭ ᠤᠨ ᠬᠤᠳᠠᠯᠳᠤᠭ᠎ᠠ ᠠᠷᠠᠯᠵᠢᠶᠠᠨ ᠤ ᠠᠵᠤ ᠠᠬᠤᠶᠢᠯᠠᠯ ᠢ ᠲᠠᠮᠵᠢᠨ | ᠪᠤᠵᠠᠭᠠᠶᠢᠷᠠᠭᠤᠯᠤᠨ᠎ᠠ᠃ ᠨᠢᠭᠡ ᠪᠦᠯᠦᠭ ᠬᠤᠳᠠ ᠶᠢᠨ ᠬᠤᠳᠠᠯᠳᠤᠭᠠᠨ ᠤ ᠭᠤᠤᠯ ᠲᠤᠭᠤᠷᠢᠭ ᠢ ᠪᠦᠳᠦᠭᠡᠨ ᠪᠠᠶᠢᠭᠤᠯᠵᠤ᠂ ᠰᠤᠶᠤᠯ᠂ ᠵᠢᠭᠤᠯᠴᠢᠯᠠᠯ᠂ ᠪᠡᠶ᠎ᠠ | ᠴᠢᠬᠢᠷᠠᠭᠵᠢᠭᠤᠯᠬᠤ ᠵᠡᠷᠭᠡ ᠬᠠᠯᠠᠮᠰᠠᠯ ᠲᠠᠢ ᠬᠡᠷᠡᠭᠯᠡᠭᠡ ᠪᠠ ᠨᠡᠶᠢᠭᠡᠮ ᠲᠤᠭᠤᠷᠢᠭ ᠤᠨ ᠬᠤᠳᠠᠯᠳᠤᠭ᠎ᠠ᠂ ᠠᠳᠠᠯ ᠠᠬᠤᠢ᠂ ᠬᠡᠷ ᠤᠨ ᠶᠠᠪᠤᠳᠠᠯ᠂ ᠨᠠᠰᠤᠳᠠᠨ ᠢ ᠠᠰᠠᠷᠠᠬᠤ | ᠵᠡᠷᠭᠡ ᠦᠢᠯᠡᠴᠢᠯᠡᠭᠡᠨ ᠤ ᠴᠢᠨᠠᠷᠳᠠᠢ ᠬᠡᠷᠭᠯᠡᠭᠡ ᠶᠢ ᠦᠷᠭᠡᠳᠭᠡᠨ᠎ᠠ᠃ ᠲᠦᠮᠠᠨ ᠲᠤᠰᠬᠤᠨ ᠮᠢᠩᠭᠠᠨ ᠰᠢᠶᠠᠩ ᠤᠨ ᠵᠠᠬ᠎ᠠ ᠲᠡᠯᠭᠡᠬᠦᠷ ᠤᠨ ᠪᠠᠷᠢᠯᠭ᠎ᠠ ᠶᠢᠨ ᠪᠦᠳᠦᠭᠡᠨ | ᠪᠠᠶᠢᠭᠤᠯᠤᠯᠳᠠ ᠶᠢ ᠠᠬᠢᠭᠤᠯᠵᠤ᠂ ᠬᠡᠷ ᠤᠨ ᠴᠠᠬᠢᠯᠭᠠᠨ ᠬᠡᠷᠡᠭᠰᠡᠯ᠂ ᠮᠠᠰᠢᠨ ᠲᠡᠷᠭᠡ ᠵᠡᠷᠭᠡ ᠬᠦᠳᠡᠭᠡ ᠪᠠᠭᠤᠯᠭᠠᠬᠤ ᠠᠵᠢᠯᠯᠠᠭ᠎ᠠ ᠶᠢ ᠵᠤᠬᠢᠶᠠᠨ ᠪᠠᠶᠢᠭᠤᠯᠤᠨ | ᠬᠡᠷᠡᠭᠵᠢᠬᠦᠯᠵᠤ᠂ ᠮᠠᠯᠵᠢᠬᠤ ᠲᠠᠷᠢᠶᠠᠯᠠᠬᠤ ᠤᠷᠤᠨ ᠤ ᠬᠡᠷᠡᠭᠯᠡᠭᠡ ᠶᠢ ᠴᠢᠷᠮᠠᠶᠢᠨ ᠦᠷᠭᠡᠳᠭᠡᠨ᠎ᠠ᠃ ᠵᠠᠬ᠎ᠠ ᠲᠡᠯᠭᠡᠬᠦᠷ ᠤᠨ ᠦᠨ᠎ᠠ ᠬᠠᠨᠭ᠍ᠰᠢ ᠶᠢᠨ ᠬᠢᠨᠠᠨ ᠬᠠᠮᠢᠶᠠᠷᠤᠯᠳᠠ | ᠶᠢ ᠴᠢᠩᠭᠠᠳᠬᠠᠵᠤ᠂ ᠦᠨ᠎ᠠ ᠬᠠᠨᠭ᠍ᠰᠢ ᠶᠢᠨ ᠬᠠᠤᠯᠢ ᠶᠢ ᠵᠦᠷᠢᠴᠡᠭᠰᠡᠨ ᠠᠵᠢᠯᠯᠠᠭ᠎ᠠ ᠶᠢ ᠴᠢᠩᠭ᠎ᠠ ᠪᠠᠶᠢᠴᠠᠭᠠᠨ ᠰᠢᠢᠳᠪᠤᠷᠢᠯᠠᠵᠤ᠂ ᠬᠡᠷᠡᠭᠯᠡᠭᠡ ᠶᠢᠨ ᠤᠷᠴᠢᠨ ᠲᠤᠭᠤᠷᠢᠨ | ᠢ ᠴᠢᠨᠠᠭᠰᠢᠳᠠ ᠰᠢᠯᠢᠳᠡᠭᠵᠢᠬᠦᠯᠦᠨ᠎ᠠ᠃ | ︵ᠭᠤᠷᠪᠠ︶ ᠠᠷᠠᠳ ᠤᠨ ᠠᠮᠢᠳᠤᠷᠠᠯ ᠢ ᠪᠦᠬᠦ ᠬᠦᠴᠤᠨ ᠢᠶᠠᠷ ᠪᠠᠳᠤᠯᠠᠨ ᠰᠠᠶᠢᠵᠢᠷᠠᠭᠤᠯᠤᠨ᠎ᠠ᠃ ᠠᠷᠠᠳ ᠢᠶᠠᠨ ᠪᠠᠶᠠᠵᠢᠭᠤᠯᠬᠤ ᠪᠠ ᠬᠤᠳᠠ ᠪᠠᠨ | ᠬᠦᠴᠦᠷᠭᠡᠭᠵᠢᠬᠦᠯᠬᠦ ᠶᠢ ᠵᠡᠷᠭᠡᠪᠡᠷ ᠴᠢᠬᠤᠯᠠᠴᠢᠯᠠᠬᠤ᠂ ᠠᠷᠠᠳ ᠢᠶᠠᠨ ᠪᠠᠶᠠᠵᠢᠭᠤᠯᠬᠤ ᠶᠢ ᠤᠷᠢᠳᠠᠪᠠᠷ ᠪᠠᠶᠢᠯᠭᠠᠬᠤ ᠤᠨᠤᠯᠵᠢᠭᠤᠨ ᠢ ᠪᠠᠷᠢᠮᠳᠠᠯᠠᠵᠤ᠂ ᠨᠡᠩ ᠤᠯᠠᠨ ᠡᠳ᠋ | ᠤᠨ ᠬᠦᠴᠦ᠂ ᠪᠤᠳᠠᠰ ᠤᠨ ᠬᠦᠴᠦ ᠶᠢ ᠠᠷᠠᠳ ᠲᠤ ᠬᠠᠷᠠᠭᠠᠯᠵᠠᠯ ᠦᠵᠡᠬᠦᠯᠦᠨ ᠠᠷᠠᠳ ᠢᠶᠠᠨ ᠪᠠᠶᠠᠵᠢᠭᠤᠯᠬᠤ ᠳᠤ ᠤᠷᠤᠭᠤᠯᠵᠤ᠂ ᠵᠤᠭᠤᠰ ᠮᠦᠡᠭᠬᠦ ᠶᠢ ᠦᠨᠡᠨᠬᠦ | ᠠᠷᠠᠳ ᠲᠦᠮᠠᠨ ᠤ ᠪᠠᠶ᠎ᠠ ᠲᠡᠭᠡᠷ᠎ᠠ ᠵᠠᠷᠤᠵᠤ᠂ ᠤᠯᠠᠨ ᠲᠦᠮᠠᠨ ᠤ ᠪᠤᠶᠠᠨ ᠬᠡᠰᠢᠭ ᠢ ᠲᠠᠰᠤᠷᠠᠯᠳᠠ ᠦᠭᠡᠢ ᠨᠡᠮᠡᠭᠳᠡᠬᠦᠯᠦᠨ᠎ᠠ᠃ ᠠᠷᠭ᠎ᠠ ᠪᠦᠬᠦᠨ ᠢ ᠰᠦᠪᠡᠭᠴᠢᠯᠠᠨ | ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠤᠷᠤᠯᠭ᠎ᠠ ᠶᠢ ᠨᠡᠮᠡᠭᠳᠡᠬᠦᠯᠵᠤ᠂ ᠪᠡᠯᠴᠢᠭᠡᠷ ᠤᠨ ᠠᠮᠢ ᠠᠬᠤᠢ ᠶᠢᠨ ᠱᠠᠩᠨᠠᠯ ᠨᠦᠬᠦᠪᠦᠷᠢ ᠶᠢᠨ ᠲᠦᠷᠦ ᠶᠢᠨ | ᠪᠤᠳᠤᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠡᠬᠢ ᠪᠠᠶᠠᠯᠢᠭ ᠤᠨ ᠨᠡᠭᠡᠭᠡᠯᠳᠠ ᠬᠢᠬᠦ᠂ ᠭᠠᠵᠠᠷ ᠲᠠᠳᠠᠪᠤᠷᠢᠯᠠᠨ ᠨᠤᠷᠠᠭᠠᠨ ᠰᠢᠯᠵᠢᠬᠦᠯᠬᠦ ᠨᠦᠬᠦᠪᠦᠷᠢ ᠶᠢᠨ | ᠠᠷᠭ᠎ᠠ ᠶᠢ ᠲᠡᠬᠦᠯᠳᠡᠷᠵᠢᠬᠦᠯᠵᠤ᠂ ᠠᠵᠤ ᠠᠬᠤᠶᠢᠯᠠᠯ ᠤᠨ ᠬᠠᠮᠤᠭ ᠲᠤᠤᠷ᠎ᠠ ᠴᠠᠯᠢᠩ ᠤᠨ ᠪᠠᠷᠢᠮᠵᠢᠶ᠎ᠠ ᠶᠢ ᠲᠡᠭᠡᠭᠰᠢᠯᠡᠬᠦᠯᠵᠤ᠂ ᠺᠠᠳ᠋ᠷ ᠠᠵᠢᠯᠳᠠᠳ ᠤᠨ ᠨᠠᠮᠠᠬᠦᠷᠢ | ᠨᠦᠬᠦᠪᠦᠷᠢ ᠶᠢᠨ ᠬᠡᠪ ᠤᠨ ᠨᠡᠮᠡᠭᠳᠡᠯ ᠤᠨ ᠲᠤᠭᠳᠠᠴᠠ ᠶᠢ ᠪᠠᠶᠢᠭᠤᠯᠵᠤ᠂ ᠦᠢᠯᠡᠰ ᠪᠦᠳᠦᠭᠡᠬᠦ ᠠᠵᠢᠯ ᠤᠯᠬᠤ ᠱᠠᠩᠨᠠᠨ ᠲᠡᠳᠬᠦᠬᠦ ᠪᠠ ᠪᠦᠳᠦᠴᠠ ᠶᠢᠨ ᠴᠢᠨᠠᠷᠳᠠᠢ | ᠭᠠᠶᠢᠯᠢ ᠶᠢ ᠬᠠᠰᠤᠨ ᠬᠡᠯᠳᠤᠷᠢᠬᠦᠯᠬᠦ ᠲᠦᠷᠦ ᠶᠢᠨ ᠪᠤᠳᠤᠯᠭ᠎ᠠ ᠶᠢ ᠬᠡᠷᠡᠭᠵᠢᠬᠦᠯᠵᠤ᠂ ᠬᠤᠪᠢ ᠶᠢᠨ ᠡᠵᠡᠩᠨᠡᠯ ᠤᠨ ᠡᠷᠦᠭᠡ ᠦᠢᠯᠡᠳᠪᠤᠷᠢ ᠬᠤᠳᠠᠯᠳᠤᠭ᠎ᠠ ᠶᠢᠨ ᠬᠤᠪᠢ | ᠡᠷᠦᠭᠡ ᠠᠴᠠ ᠭᠠᠶᠢᠯᠢ ᠲᠡᠳᠠᠪᠤᠷᠢᠯᠠᠬᠤ ᠡᠬᠢᠯᠠᠨ ᠲᠠᠳᠠᠪᠤᠷᠢᠯᠠᠬᠤ ᠴᠡᠭ ᠢ ᠲᠡᠭᠡᠭᠰᠢᠯᠡᠬᠦᠯᠵᠤ᠂ ᠬᠤᠳᠠ ᠬᠦᠳᠡᠭᠡ ᠶᠢᠨ ᠰᠠᠭᠤᠭᠠᠯᠢ ᠠᠷᠠᠳ ᠤᠨ ᠤᠷᠤᠯᠭ᠎ᠠ ᠶᠢᠨ | ᠨᠡᠮᠡᠭᠳᠡᠯ ᠨᠢ ᠠᠵᠤ ᠠᠬᠤᠢ ᠶᠢᠨ ᠬᠦᠭᠵᠢᠯᠳᠠ ᠲᠠᠢ ᠠᠯᠬᠤᠮ ᠨᠢᠭᠡᠳᠠᠢ ᠪᠠᠶᠢᠬᠤ ᠪᠠ ᠠᠷᠠᠳ ᠲᠦᠮᠠᠨ ᠤ ᠬᠦᠳᠡᠯᠮᠤᠷᠢ ᠶᠢᠨ ᠤᠯᠭᠤᠮᠵᠢ ᠨᠢ ᠬᠦᠳᠡᠯᠮᠤᠷᠢ | ᠦᠢᠯᠡᠳᠪᠤᠷᠢᠯᠠᠯ ᠤᠨ ᠨᠤᠷᠮ᠎ᠠ ᠶᠢᠨ ᠲᠡᠭᠡᠭᠰᠢᠯᠡᠯᠳᠠ ᠲᠠᠢ ᠠᠯᠬᠤᠮ ᠨᠢᠭᠡᠳᠠᠢ ᠪᠠᠶᠢᠬᠤ ᠶᠢ ᠴᠢᠷᠮᠠᠶᠢᠨ ᠪᠠᠶᠠᠯᠡᠬᠦᠯᠵᠤ᠂ ᠪᠦᠬᠦ ᠬᠤᠳᠠ ᠶᠢᠨ ᠡᠯ᠎ᠠ ᠦᠨᠳᠤᠰᠦᠳᠠᠨ | ᠨᠦᠭᠦᠳ ᠤᠨ ᠠᠷᠠᠳ ᠲᠦᠮᠠᠨ ᠳᠤ ᠦᠭᠡᠷᠡᠴᠢᠯᠠᠯᠳᠠ ᠬᠦᠭᠵᠢᠯᠳᠠ ᠶᠢᠨ ᠦᠷ᠎ᠠ ᠪᠦᠳᠦᠭᠡᠯ ᠢ ᠨᠠᠩ ᠤᠯᠠᠨ ᠡᠳ᠋ᠯᠡᠬᠦᠯᠦᠨ᠎ᠠ᠃ | ᠡᠨᠡ ᠵᠢᠯ᠂ ᠡᠯ᠎ᠡ ᠱᠠᠲᠤᠨ ᠤ ᠵᠠᠰᠠᠭ ᠤᠨ ᠤᠷᠳᠤᠨ ᠬᠦᠴᠦ ᠪᠠᠨ ᠲᠦᠪᠯᠡᠷᠡᠬᠦᠯᠦᠨ ᠣᠯᠠᠨ ᠲᠦᠮᠡᠨ ᠳᠤ 12 ᠵᠦᠢᠯ ᠤᠨ ᠪᠤᠲᠠᠲᠤ ᠶᠠᠪᠤᠳᠠᠯ ᠢ | ᠪᠦᠲᠦᠬᠡᠵᠤ ᠦᠭᠬᠦᠨ᠎ᠡ᠃ ᠨᠢᠬᠡ ᠳᠤ ᠠᠵᠢᠯ ᠤᠯᠭᠤᠯᠲᠠ ᠶᠢ ᠦᠷᠭᠡᠳᠭᠡᠭᠦ ᠪᠠᠷ ᠴᠢᠷᠮᠠᠶᠢᠨ᠎ᠠ᠃ ᠠᠵᠢᠯ ᠤᠯᠭᠤᠯᠲᠠ ᠶᠢᠨ ᠵᠤᠬᠢᠶᠠᠨ ᠪᠠᠶᠢᠭᠤᠯᠤᠴᠢᠯᠠᠯᠳᠠ ᠶᠢᠨ | ᠬᠢᠷᠢ ᠬᠡᠮᠵᠢᠶ᠎ᠡ ᠶᠢ ᠲᠡᠭᠡᠭᠰᠢᠯᠡᠬᠦᠯᠵᠤ᠂ ᠠᠵᠢᠯ ᠤᠯᠭᠤᠯᠲᠠ ᠶᠢᠨ ᠦᠢᠯᠡᠴᠢᠯᠡᠬᠡᠨ ᠤ ᠰᠢᠰᠲ᠋ᠧᠮᠵᠢ ᠶᠢ ᠲᠡᠭᠦᠯᠳᠡᠷᠵᠢᠬᠦᠯᠦᠨ᠎ᠡ᠃ ᠦᠨ᠎ᠡ ᠲᠦᠯᠦᠪᠦᠷᠢ ᠦᠬᠡᠢ ᠪᠠᠷ | ᠠᠵᠢᠯ ᠤᠯᠭᠤᠬᠤ ᠪᠤᠯᠪᠠᠰᠣᠷᠠᠯ ᠢ 5 ᠲᠦᠮᠡᠨ ᠬᠦᠮᠦᠨ ᠤᠳᠠᠭ᠎ᠠ ᠪᠡᠶᠡᠯᠡᠬᠦᠯᠵᠤ᠂ ᠬᠤᠲᠠ ᠪᠠᠯᠭᠠᠰᠣᠨ ᠤ ᠠᠵᠢᠯ ᠤᠯᠤᠭᠰᠠᠳ ᠢ ᠰᠢᠨ᠎ᠡ ᠪᠠᠷ 3 ᠲᠦᠮᠡ | ᠨᠡᠮᠡᠭᠳᠡᠬᠦᠯᠵᠤ ᠂ ᠡᠬᠦᠨ ᠳᠤ ᠤᠷᠳᠤᠰ ᠨᠤᠳᠤᠭ ᠲᠠᠢ ᠶᠡᠭᠡ ᠰᠣᠷᠭᠠᠭᠤᠯᠢ ᠶᠢᠨ ᠤᠶᠤᠳᠠᠨ ᠢ 1 ᠲᠦᠮᠡ ᠲᠤᠬᠢᠷᠠᠭᠤᠯᠤᠨ᠎ᠠ᠃ ᠬᠤᠶᠠᠷ ᠲᠤ ᠪᠠᠷᠠᠭᠠᠨ ᠤ | ᠦᠨ᠎ᠡ ᠶᠢᠨ ᠬᠢᠷᠢ ᠲᠦᠪᠰᠢᠨ ᠢ ᠲᠤᠭᠳᠠᠭᠤᠨ ᠢᠶᠠᠷ ᠬᠢᠵᠠᠭᠠᠷᠯᠠᠨ᠎ᠠ᠃ ᠵᠠᠬ᠎ᠠ ᠲᠡᠯᠬᠡᠬᠦᠷ ᠤᠨ ᠬᠦᠢᠯᠬᠡᠬᠡᠨ ᠤ ᠰᠢᠰᠲ᠋ᠧᠮᠵᠢ ᠶᠢ ᠴᠢᠨᠠᠭᠰᠢᠲᠠ ᠲᠡᠭᠦᠯᠳᠡᠷᠵᠢᠬᠦᠯᠵᠤ᠂ | ᠪᠠᠷᠢᠮᠵᠢᠶᠠᠵᠢᠭᠤᠯᠤᠭᠰᠠᠨ ᠢᠳᠠᠰᠢᠨ ᠨᠤᠭᠤᠭ᠎ᠠ ᠶᠢᠨ ᠵᠠᠬ᠎ᠠ ᠲᠡᠯᠬᠡᠬᠦᠷ ᠢ ᠰᠢᠨ᠎ᠡ ᠪᠠᠷ 6 ᠪᠠᠶᠢᠭᠤᠯᠵᠤ᠂ ᠭᠡᠮ ᠦᠬᠡᠢ ᠠᠮᠤ ᠪᠤᠳᠠᠭ᠎ᠠ ᠢᠳᠡᠰᠢᠨ ᠲᠤᠰᠤᠨ ᠤ | ᠲᠡᠯᠭᠡᠭᠦᠷ ᠢ 100 ᠪᠠᠶᠢᠭᠤᠯᠵᠤ᠂ ᠡᠩ ᠤᠨ ᠦᠨᠡᠲᠦ ᠠᠷᠠᠳ ᠲᠤ ᠲᠦᠬᠦᠮ ᠦᠵᠡᠬᠦᠯᠬᠦ ᠲᠡᠯᠬᠡᠬᠦᠷ ᠢ 160 ᠪᠠᠶᠢᠭᠤᠯᠵᠤ ᠂ ᠲᠠᠸᠠᠷ ᠲᠤᠬᠢᠷᠠᠭᠤᠯᠤᠨ ᠬᠦᠷᠭᠡᠭᠦ | ᠲᠦᠪ ᠢ 2 ᠪᠠᠶᠢᠭᠤᠯᠵᠤ᠂ ᠲᠠᠷᠢᠶᠠᠴᠢᠨ ᠠᠶᠢᠯ ᠤᠨ ᠲᠡᠯᠬᠡᠬᠦᠷ ᠢ 200 ᠪᠠᠶᠢᠭᠤᠯᠤᠨ᠎ᠠ᠃ ᠭᠤᠷᠪᠠ ᠳᠤ ᠲᠤᠤᠷ᠎ᠠ ᠤᠷᠤᠯᠭᠠᠳᠠᠳ ᠤᠨ ᠠᠮᠢᠲᠤᠷᠠᠯ ᠤᠨ ᠬᠢᠷᠢ | ᠲᠦᠪᠰᠢᠨ ᠢ ᠲᠡᠭᠡᠭᠰᠢᠯᠡᠬᠦᠯᠦᠨ᠎ᠡ᠃ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠨᠠᠭᠠᠲᠤ ᠵᠠᠬ᠎ᠠ ᠶᠢᠨ ᠠᠮᠢᠲᠤᠷᠠᠯ ᠤᠨ ᠪᠠᠲᠤᠯᠠᠭ᠎ᠠ ᠶᠢᠨ ᠬᠢᠷᠢ ᠬᠡᠮᠵᠢᠶ᠎ᠡ ᠶᠢ | ᠰᠠᠷ᠎ᠠ ᠪᠦᠷᠢ ᠲᠤᠰᠪᠤᠷᠢ 40 ᠲᠦᠬᠦᠷᠢᠭ ᠲᠡᠭᠡᠭᠰᠢᠯᠡᠬᠦᠯᠦᠨ᠎ᠡ︔ ᠲᠠᠪᠤᠨ ᠪᠠᠲᠤᠯᠭᠠᠲᠤ ᠡᠷᠦᠬᠡ ᠶᠢ ᠲᠦᠪᠯᠡᠷᠡᠬᠦᠯᠦᠨ ᠪᠤᠶᠤ ᠲᠠᠷᠠᠬᠠᠢ ᠪᠠᠷ ᠠᠰᠠᠷᠠᠨ ᠲᠡᠵᠢᠬᠡᠬᠦ | ᠪᠠᠷᠢᠮᠵᠢᠶ᠎ᠠ ᠶᠢ ᠵᠢᠯ ᠪᠤᠯᠭᠠᠨ 1000 ᠲᠦᠬᠦᠷᠢᠭ ᠪᠠ 450 ᠲᠦᠬᠦᠷᠢᠭ ᠲᠡᠭᠡᠭᠰᠢᠯᠡᠬᠦᠯᠦᠨ᠎ᠡ︔ ︽ᠭᠤᠷᠪᠠ ᠦᠬᠡᠢ ᠬᠦᠮᠦᠰ︾ ᠪᠠ ᠦᠨᠦᠴᠢᠨ ᠬᠡᠤᠭᠡᠳ ᠢ | ᠲᠦᠪᠯᠡᠷᠡᠬᠦᠯᠦᠨ ᠪᠤᠶᠤ ᠲᠠᠷᠠᠬᠠᠢ ᠪᠠᠷ ᠠᠰᠠᠷᠠᠨ ᠲᠡᠵᠢᠬᠡᠬᠦ ᠪᠠᠷᠢᠮᠵᠢᠶ᠎ᠠ ᠶᠢ ᠰᠠᠷ᠎ᠠ ᠪᠤᠯᠭᠠᠨ ᠲᠤᠰᠪᠤᠷᠢ 300 ᠲᠦᠬᠦᠷᠢᠭ ᠲᠡᠭᠡᠭᠰᠢᠯᠡᠬᠦᠯᠵᠤ᠂ ᠭᠤᠤᠯᠳᠠᠯᠭ᠎ᠠ ᠲᠠᠢ | ᠬᠠᠷᠠᠭᠠᠯᠵᠠᠬᠤ ᠡᠳᠡᠭᠡᠳ ᠤᠨ ᠠᠮᠢᠲᠤᠷᠠᠯ ᠤᠨ ᠨᠦᠬᠦᠪᠦᠷᠢ ᠶᠢ ᠰᠠᠷ᠎ᠠ ᠪᠦᠷᠢ 100 ᠲᠦᠬᠦᠷᠢᠭ ᠲᠡᠭᠡᠭᠰᠢᠯᠡᠬᠦᠯᠦᠨ᠎ᠡ︔ ᠠᠵᠤ ᠠᠮᠢᠲᠤᠷᠠᠯ ᠨᠢ ᠬᠦᠴᠢᠷᠳᠠᠯᠳᠡᠢ ᠤᠯᠠᠨ | ᠲᠦᠮᠡᠨ ᠨᠠᠰᠣᠵᠢᠯ ᠤᠨ ᠲᠠᠭᠠᠳᠬᠠᠯ ᠳᠤ ᠤᠷᠤᠯᠴᠠᠪᠠᠯ ᠨᠦᠬᠦᠪᠦᠷᠢ ᠤᠯᠭᠤᠨ᠎ᠠ᠃ ᠠᠵᠤ ᠠᠬᠤᠶᠢᠯᠠᠯ ᠤᠨ ᠠᠵᠢᠯ ᠠᠴᠠ ᠪᠠᠨ ᠰᠠᠯᠵᠤ ᠠᠮᠠᠷᠠᠭᠰᠠᠨ ᠠᠵᠢᠯᠲᠠᠨ | ᠠᠵᠢᠯᠴᠢᠳ ᠲᠤ ᠬᠦᠮᠦᠨ ᠪᠤᠯᠭᠠᠨ ᠳᠤ ᠰᠠᠷ᠎ᠠ ᠪᠦᠷᠢ 100 ᠲᠦᠬᠦᠷᠢᠭ ᠤᠨ ᠠᠮᠢᠲᠤᠷᠠᠯ ᠤᠨ ᠨᠦᠬᠦᠪᠦᠷᠢ ᠨᠡᠮᠡᠭᠳᠡᠭᠦᠯᠦᠨ᠎ᠡ᠃ ᠤᠷᠴᠢᠨ ᠠᠬᠤᠢ ᠶᠢᠨ ᠠᠷᠢᠭᠤᠨ | ᠴᠠᠪᠠᠷ ᠢ ᠬᠠᠮᠠᠭᠠᠯᠠᠭᠴᠢ ᠠᠠᠵᠢᠯᠴᠢᠨ ᠤ ᠤᠷᠤᠨ ᠰᠠᠭᠤᠴᠠ ᠵᠡᠷᠬᠡ ᠠᠮᠢᠲᠤᠷᠠᠯ ᠤᠨ ᠨᠦᠬᠦᠴᠡᠯ ᠢ ᠶᠡᠬᠡᠪᠡᠷ ᠰᠠᠶᠢᠵᠢᠷᠠᠭᠤᠯᠵᠤ᠂ ᠬᠤᠲᠠ ᠶᠢᠨ ᠭᠤᠤᠯ ᠲᠤᠭᠤᠷᠢᠭ | ᠤᠨ ᠠᠵᠢᠯ ᠤᠨ ᠡᠭᠡᠯᠵᠢᠨ ᠳᠤ ᠪᠠᠶᠢᠬᠤ ᠤᠷᠴᠢᠨ ᠠᠬᠤᠢ ᠶᠢᠨ ᠠᠷᠢᠭᠤᠨ ᠴᠠᠪᠠᠷ ᠢ ᠬᠠᠮᠠᠭᠠᠯᠠᠭᠴᠢ ᠠᠵᠢᠯᠴᠢᠳ ᠲᠤ ᠦᠨ᠎ᠡ ᠲᠦᠯᠦᠪᠦᠷᠢ ᠦᠬᠡᠢ ᠪᠠᠷ | ᠦᠷᠯᠦᠬᠡ ᠶᠢᠨ ᠬᠤᠭᠤᠯᠠ ᠬᠠᠩᠭᠠᠨ᠎ᠠ᠃ ᠲᠦᠷᠪᠡ ᠳᠤ᠂ ᠡᠮ ᠡᠮᠨᠡᠯᠬᠡ ᠪᠠᠷ ᠠᠷᠠᠳ ᠲᠤ ᠬᠠᠷᠠᠭᠠᠯᠵᠠᠯ ᠦᠵᠡᠬᠦᠯᠬᠦ ᠢᠨᠵᠧᠨᠧᠷᠢᠩ ᠢ ᠭᠡᠷᠡᠭᠵᠢᠬᠦᠯᠦᠨ᠎ᠡ᠃ | ᠰᠢᠨ᠎ᠠ ᠮᠠᠯᠵᠢᠬᠤ ᠲᠠᠷᠢᠶᠠᠯᠠᠬᠤ ᠤᠷᠤᠨ ᠤ ᠬᠤᠷᠰᠢᠭᠰᠠᠨ ᠡᠮᠨᠡᠯᠬᠡ ᠶᠢᠨ ᠪᠡᠯᠡ ᠴᠤᠭᠯᠠᠭᠤᠯᠬᠤ ᠪᠠᠷᠢᠮᠵᠢᠶ᠎ᠠ ᠶᠢ 292 ᠲᠦᠬᠦᠷᠢᠭ ᠠᠴᠠ ᠲᠡᠬᠡᠭᠰᠢᠯᠠᠬᠦᠯᠤᠨ 412 | ᠲᠦᠬᠦᠷᠢᠭ ᠪᠤᠯᠭᠠᠬᠤ ᠶᠢᠨ ᠬᠠᠮᠲᠤ ᠬᠤᠲᠠ ᠶᠢᠨ ᠱᠠᠲᠤᠨ ᠤ ᠨᠢᠬᠡᠳᠦᠯᠲᠠᠢ ᠲᠦᠯᠦᠪᠵᠢᠬᠦᠯᠬᠡ ᠶᠢ ᠪᠡᠶᠡᠯᠡᠬᠦᠯᠦᠨ᠎ᠡ︔ ᠬᠤᠲᠠ ᠪᠠᠯᠭᠠᠰᠣᠨ ᠤ ᠰᠠᠭᠤᠭᠠᠯᠢ ᠠᠷᠠᠳ | ᠤᠨ ᠨᠠᠰᠣᠨ ᠳᠤ ᠬᠦᠷᠦᠭᠰᠡᠳ ᠤᠨ ᠡᠮᠨᠡᠯᠬᠡ ᠶᠢᠨ ᠲᠠᠭᠠᠳᠬᠠᠯ ᠤᠨ ᠪᠡᠯᠡ ᠴᠤᠭᠯᠠᠭᠤᠯᠬᠤ ᠪᠠᠷᠢᠮᠵᠢᠶ᠎ᠠ ᠶᠢ 310 ᠲᠦᠬᠦᠷᠢᠭ ᠠᠴᠠ ᠲᠡᠬᠡᠭᠰᠢᠯᠠᠬᠦᠯᠤᠨ 500 | ᠲᠦᠬᠦᠷᠢᠭ ᠪᠤᠯᠭᠠᠵᠤ᠂ ᠨᠠᠰᠣᠨ ᠳᠤ ᠦᠯᠦ ᠬᠦᠷᠦᠭᠰᠡᠳ ᠤᠨ ᠪᠡᠯᠡ ᠴᠤᠭᠯᠠᠭᠤᠯᠬᠤ ᠪᠠᠷᠢᠮᠵᠢᠶ᠎ᠠ ᠶᠢ 190 ᠲᠦᠬᠦᠷᠢᠭ ᠠᠴᠠ ᠲᠡᠬᠡᠭᠰᠢᠯᠠᠬᠦᠯᠤᠨ 280 | ᠲᠦᠬᠦᠷᠢᠭ ᠪᠤᠯᠭᠠᠨ᠎ᠠ᠃ ᠦᠨᠳᠦᠰᠦᠨ ᠱᠠᠲᠤᠨ ᠤ ᠡᠮ ᠡᠮᠨᠡᠯᠬᠡ ᠡᠷᠡᠬᠦᠯ ᠬᠠᠮᠠᠭᠠᠯᠠᠯ ᠤᠨ ᠰᠠᠭᠤᠷᠢ ᠪᠦᠲᠦᠬᠡᠨ ᠪᠠᠶᠢᠭᠤᠯᠤᠯᠲᠠ ᠶᠢ ᠴᠢᠩᠭᠠᠳᠬᠠᠵᠤ᠂ ᠨᠢᠬᠡ | ᠪᠦᠯᠦᠭ ᠰᠢᠶᠠᠩ ᠪᠠᠯᠭᠠᠰᠣ ︵ᠨᠡᠶᠢᠬᠡᠮ ᠲᠤᠭᠤᠷᠢᠭ︶ ᠶᠢᠨ ᠭᠤᠤᠯᠳᠠᠯᠭᠠᠲᠤ ᠡᠷᠡᠬᠦᠯ ᠬᠠᠮᠠᠭᠠᠯᠠᠯ ᠤᠨ ᠬᠤᠷᠢᠶ᠎ᠠ ︵ᠭᠡᠷ︶ ᠶᠢ ᠰᠢᠨ᠎ᠡ ᠪᠠᠷ ᠪᠤᠶᠤ ᠦᠬᠡᠷᠡᠴᠢᠯᠡᠵᠤ | ᠦᠷᠭᠡᠳᠭᠡᠨ ᠪᠠᠶᠢᠭᠤᠯᠤᠨ᠎ᠠ᠃ ᠪᠦᠬᠦ ᠬᠤᠲᠠ ᠶᠢᠨ 65 ᠪᠦᠬᠦᠯᠢ ᠨᠠᠰᠣᠨ ᠠᠴᠠ ᠲᠡᠭᠡᠭᠰᠢᠬᠢ ᠨᠠᠰᠣᠳᠠᠶᠢᠴᠣᠳ ᠲᠤ ᠪᠡᠶ᠎ᠡ ᠶᠢᠨ ᠪᠠᠶᠢᠴᠠᠭᠠᠯᠲᠠ ᠶᠢ ᠦᠨ᠎ᠡ | ᠲᠦᠯᠦᠪᠦᠷᠢ ᠦᠬᠡᠢ ᠪᠠᠷ ᠬᠢᠵᠤ ᠦᠭᠬᠦᠨ᠎ᠡ᠃ ᠲᠠᠪᠤ ᠳᠤ ᠰᠣᠷᠭᠠᠨ ᠬᠦᠮᠦᠵᠢᠯ ᠢᠶᠠᠷ ᠠᠷᠠᠳ ᠲᠤ ᠬᠠᠷᠠᠭᠠᠯᠵᠠᠯ ᠦᠵᠡᠬᠦᠯᠬᠦ ᠡᠷᠴᠢᠮ ᠢᠶᠠᠨ ᠴᠢᠩᠭᠠᠷᠠᠭᠤᠯᠤᠨ᠎ᠠ᠃ | 15 ᠵᠢᠯ ᠤᠨ ᠰᠦᠢᠳᠬᠡᠯ ᠬᠤᠷᠢᠶᠠᠬᠤ ᠦᠬᠡᠢ ᠰᠣᠷᠭᠠᠨ ᠬᠦᠮᠦᠵᠢᠯ ᠢ ᠪᠦᠬᠦ ᠲᠠᠯ᠎ᠠ ᠪᠠᠷ ᠲᠡᠯᠬᠡᠷᠡᠬᠦᠯᠦᠨ᠎ᠡ᠃ ᠲᠤᠮᠳᠠ ᠵᠡᠷᠭᠡ ᠶᠢᠨ ᠠᠵᠢᠯ ᠮᠡᠷᠭᠡᠵᠢᠯ ᠤᠨ | ᠰᠣᠷᠭᠠᠭᠤᠯᠢ ᠶᠢᠨ ᠰᠣᠷᠣᠭᠴᠢᠳ ᠲᠤ ᠰᠣᠷᠣᠯᠭ᠎ᠠ ᠶᠢᠨ ᠲᠡᠳᠭᠦᠮᠵᠢ ᠶᠢᠨ ᠮᠦᠩᠬᠦ ᠤᠯᠭᠤᠬᠤ ᠲᠦᠷᠢᠮ ᠢ ᠪᠦᠬᠦ ᠲᠠᠯ᠎ᠠ ᠪᠠᠷ ᠭᠡᠷᠡᠭᠵᠢᠬᠦᠯᠦᠨ᠎ᠡ᠃ ᠰᠣᠷᠬᠤ | ᠨᠠᠰᠣᠨ ᠠᠴᠠ ᠡᠮᠦᠨᠡᠬᠢ ᠰᠤᠷᠭᠠᠨ ᠬᠦᠮᠤᠵᠢᠯ ᠤᠨ ᠰᠠᠭᠤᠷᠢ ᠪᠦᠲᠦᠬᠡᠨ ᠪᠠᠶᠢᠭᠤᠯᠤᠯᠲᠠ ᠶᠢ ᠴᠢᠩᠭᠠᠳᠬᠠᠵᠤ᠂ ᠰᠣᠮᠣ ᠰᠢᠶᠠᠩ ᠪᠠᠯᠭᠠᠰᠣ ᠨᠢᠬᠡᠪᠦᠷᠢ ᠳᠤ ᠨᠢᠬᠡ | ᠪᠠᠷᠢᠮᠵᠢᠶᠠᠵᠢᠭᠤᠯᠤᠭᠰᠠᠨ ᠠᠯᠪᠠᠨ ᠠᠴᠠ ᠡᠷᠬᠢᠯᠡᠭᠰᠡᠨ ᠬᠡᠤᠭᠡᠳ ᠤᠨ ᠴᠡᠴᠡᠷᠯᠢᠭ ᠪᠠᠶᠢᠭᠤᠯᠬᠤ ᠪᠠᠷ ᠴᠢᠷᠮᠠᠶᠢᠨ᠎ᠠ᠃ ᠬᠡᠤᠭᠡᠳ ᠪᠠᠭᠠᠴᠣᠳ ᠤᠨ ᠰᠢᠮ᠎ᠡ ᠲᠡᠵᠢᠬᠡᠯᠲᠦ | ᠦᠷᠯᠦᠬᠡᠨ ᠤ ᠬᠤᠭᠤᠯᠠ ᠶᠢᠨ ᠢᠨᠵᠧᠨᠧᠷᠢᠩ ᠢ ᠡᠬᠢᠯᠡᠬᠦᠯᠦᠨ ᠭᠡᠷᠡᠭᠵᠢᠬᠦᠯᠵᠤ᠂ ᠬᠤᠲᠠ ᠬᠤᠰᠢᠭᠤ ᠬᠤᠶᠠᠷ ᠱᠠᠳᠤᠨ ᠤ ᠡᠳ᠋ ᠤᠨ ᠵᠠᠰᠠᠭ ᠠᠴᠠ ᠪᠡᠯᠡ | ᠤᠷᠤᠭᠤᠯᠤᠨ ᠠᠩᠬᠠᠳᠤᠭᠠᠷ ᠬᠤᠭᠤᠴᠠᠭ᠎ᠠ 300 ᠰᠤᠷᠭᠠᠭᠤᠯᠢ ᠶᠢᠨ ᠲᠡᠷᠭᠡ ᠶᠢ ᠲᠦᠬᠦᠷᠵᠢᠬᠦᠯᠦᠨ᠎ᠡ᠃ ᠬᠤᠲᠠ ᠶᠢᠨ ᠭᠤᠤᠯ ᠲᠤᠭᠤᠷᠢᠭ ᠤᠨ ᠨᠤᠮ ᠤᠨ | ᠲᠡᠯᠬᠡᠬᠦᠷ ᠲᠤ ᠬᠡᠷ ᠪᠠᠶᠢᠰᠢᠩ ᠤᠨ ᠲᠦᠷᠢᠶᠡᠰᠦᠨ ᠵᠤᠭᠤᠰ ᠤᠨ ᠨᠦᠬᠦᠪᠤᠷᠢ ᠤᠯᠭᠤᠨ᠎ᠠ᠃ ᠵᠢᠷᠭᠤᠭ᠎ᠠ ᠳᠤ ᠨᠡᠶᠢᠬᠡᠮ ᠤᠨ ᠨᠠᠰᠣᠵᠢᠯ ᠪᠤᠯᠤᠨ ᠠᠰᠠᠷᠠᠮᠵᠢ ᠶᠢᠨ | ᠪᠠᠶᠢᠭᠤᠯᠤᠮᠵᠢ ᠶᠢᠨ ᠪᠦᠲᠦᠬᠡᠨ ᠪᠠᠶᠢᠭᠤᠯᠤᠯᠲᠠ ᠶᠢ ᠴᠢᠩᠭᠠᠳᠬᠠᠨ᠎ᠠ᠃ ᠬᠤᠲᠠ ᠶᠢᠨ ᠱᠠᠲᠤᠨ ᠤ ᠶᠡᠷᠦᠩᠬᠡᠶᠢᠯᠡᠭᠰᠡᠨ ᠠᠰᠠᠷᠠᠮᠵᠢ ᠶᠢᠨ ᠬᠦᠷᠢᠶᠡᠯᠡᠩ ᠲᠤᠭᠤᠷᠢᠭ ᠢ | ᠰᠢᠨ᠎ᠠ ᠪᠠᠷ 1 ᠪᠠᠶᠢᠭᠤᠯᠵᠤ᠂ ᠬᠤᠰᠢᠭᠤ ᠲᠤᠭᠤᠷᠢᠭ ᠤᠨ ᠶᠡᠷᠦᠩᠬᠡᠶᠢᠯᠡᠭᠰᠡᠨ ᠠᠰᠠᠷᠠᠮᠵᠢ ᠶᠢᠨ ᠲᠦᠪ ᠢ 6 ᠪᠠᠶᠢᠭᠤᠯᠵᠤ᠂ 9 ᠭᠤᠤᠯᠳᠠᠯᠭᠠᠳᠤ ᠨᠠᠰᠤᠳᠠᠨ ᠤ | ᠬᠦᠷᠢᠶᠠᠯᠠᠩ ᠢ ᠦᠬᠡᠷᠡᠴᠢᠯᠠᠨ ᠦᠷᠬᠡᠳᠬᠡᠨ ᠪᠠᠶᠢᠭᠤᠯᠵᠤ ᠂ ᠨᠡᠶᠢᠬᠡᠮ ᠲᠤᠭᠤᠷᠢᠭ ᠤᠨ ᠡᠳᠦᠷᠵᠢᠨ ᠬᠠᠷᠠᠭᠠᠯᠵᠠᠬᠤ ᠲᠦᠪ ᠢ 26 ᠪᠠᠶᠢᠭᠤᠯᠵᠤ᠂ ᠰᠢᠶᠠᠩ | ᠪᠠᠯᠭᠠᠰᠣᠨ ᠤ ᠨᠠᠰᠣᠳᠠᠶᠢᠴᠤᠳ ᠤᠨ ᠨᠡᠶᠢᠲᠡ ᠶᠢᠨ ᠰᠠᠭᠤᠴᠠ ᠶᠢ 14 ᠪᠠᠶᠢᠭᠤᠯᠤᠨ᠎ᠠ᠃ ᠪᠦᠬᠦ ᠬᠤᠲᠠ ᠶᠢᠨ 75 ᠪᠦᠬᠦᠯᠢ ᠨᠠᠰᠣᠨ ᠠᠴᠠ ᠲᠡᠭᠡᠭᠰᠢᠬᠢ | ᠨᠠᠰᠣᠳᠠᠶᠢᠴᠤᠳ ᠲᠤ ᠰᠠᠷ᠎ᠠ ᠪᠤᠯᠭᠠᠨ 100 ᠲᠦᠬᠦᠷᠢᠭ ᠤᠨ ᠠᠮᠢᠲᠤᠷᠠᠯ ᠤᠨ ᠨᠦᠬᠦᠪᠦᠷᠢ ᠤᠯᠭᠤᠵᠤ᠂ ᠡᠬᠦᠨ ᠳᠤ 80 ᠨᠠᠰᠣᠨ ᠠᠴᠠ ᠲᠡᠭᠡᠭᠰᠢᠬᠢ | ᠨᠠᠰᠣᠳᠠᠶᠢᠴᠤᠳ ᠲᠤ ᠰᠠᠷ᠎ᠠ ᠪᠤᠯᠭᠠᠨ 150 ᠲᠦᠬᠦᠷᠢᠭ ᠤᠨ ᠨᠦᠬᠦᠪᠦᠷᠢ ᠤᠯᠭᠤᠨ᠎ᠠ᠃ ᠲᠤᠯᠤᠭ᠎ᠠ ᠳᠤ ᠬᠦᠴᠢᠷᠳᠠᠯᠳᠡᠢ ᠤᠯᠠᠨ ᠲᠦᠮᠡᠨ ᠤ ᠤᠷᠤᠨ ᠰᠠᠭᠤᠴᠠ | ᠶᠢᠨ ᠠᠰᠠᠭᠤᠳᠠᠯ ᠢ ᠴᠢᠷᠮᠠᠶᠢᠨ ᠰᠢᠢᠳᠪᠦᠷᠢᠯᠡᠨ᠎ᠡ᠃ ᠡᠯ᠎ᠡ ᠲᠦᠷᠦᠯ ᠤᠨ ᠪᠠᠲᠤᠯᠠᠭ᠎ᠠ ᠶᠢᠨ ᠴᠢᠨᠠᠷᠲᠠᠢ ᠤᠷᠤᠨ ᠰᠠᠭᠤᠴᠠ ᠶᠢ ᠰᠢᠨ᠎ᠠ ᠪᠠᠷ 23513 ᠢᠵᠢ | ᠪᠠᠶᠢᠭᠤᠯᠬᠤ ᠪᠤᠶᠤ ᠪᠤᠴᠠᠭᠠᠨ ᠬᠤᠳᠠᠯᠳᠤᠨ ᠠᠪᠴᠤ᠂ ᠮᠠᠯᠵᠢᠬᠤ ᠲᠠᠷᠢᠶᠠᠯᠠᠬᠤ ᠤᠷᠤᠨ ᠤ ᠨᠤᠷᠡᠬᠤ ᠠᠶᠤᠯᠲᠠᠢ 2000 ᠬᠠᠭᠤᠴᠢᠨ ᠬᠡᠷ ᠪᠠᠶᠢᠰᠢᠩ ᠢ | ᠦᠬᠡᠷᠡᠴᠢᠯᠡᠨ ᠵᠠᠰᠠᠨ᠎ᠠ᠃ ᠨᠠᠢᠮᠠ ᠳᠤ ᠬᠤᠲᠠ ᠬᠦᠳᠡᠭᠡ ᠶᠢ ᠨᠢᠬᠡᠳᠦᠯᠲᠠᠢ ᠲᠦᠯᠦᠪᠵᠢᠬᠦᠯᠬᠦ ︽ᠲᠦᠷᠪᠡᠨ ᠨᠢᠬᠡ︾ ᠶᠢᠨ ᠢᠵᠢ ᠪᠦᠷᠢᠳᠦᠭᠰᠡᠨ ᠲᠦᠷᠦ ᠶᠢᠨ | ᠪᠤᠳᠤᠯᠭ᠎ᠠ ᠶᠢ ᠲᠡᠬᠦᠯᠳᠡᠷᠵᠢᠬᠦᠯᠵᠤ᠂ ᠮᠠᠯᠵᠢᠬᠤ ᠲᠠᠷᠢᠶᠠᠯᠠᠬᠤ ᠤᠷᠤᠨ ᠤ ᠬᠦᠮᠦᠨ ᠠᠮᠠ ᠶᠢ 4.7 ᠲᠦᠮᠡ ᠰᠢᠯᠵᠢᠬᠦᠯᠦᠨ᠎ᠡ᠃ ᠶᠢᠰᠦ ᠳᠤ ᠶᠠᠳᠠᠭᠤ ᠶᠢ ᠲᠡᠳᠬᠦᠬᠦ | ᠪᠠᠷᠢᠮᠵᠢᠶ᠎ᠠ ᠶᠢ ᠲᠡᠭᠡᠭᠰᠢᠯᠡᠬᠦᠯᠵᠤ᠂ ᠪᠡᠯᠡ ᠮᠦᠩᠬᠦᠨ ᠤ ᠤᠷᠤᠭᠤᠯᠤᠯᠲᠠ ᠪᠠᠨ ᠨᠡᠮᠡᠭᠳᠡᠬᠦᠯᠵᠤ᠂ ᠬᠦᠴᠦ ᠪᠠᠨ ᠲᠦᠪᠯᠡᠷᠡᠬᠦᠯᠦᠨ ᠪᠠᠬᠢᠯᠡᠯᠲᠡ ᠲᠠᠭᠠᠷᠢᠵᠤ᠂ 4 | ᠲᠦᠮᠡᠨ ᠬᠦᠮᠦᠨ ᠢ ᠲᠤᠭᠳᠠᠭᠤᠨ ᠢᠶᠠᠷ ᠶᠠᠳᠠᠭᠤ ᠠᠴᠠ ᠠᠩᠬᠢᠵᠢᠷᠠᠭᠤᠯᠬᠤ ᠶᠢ ᠪᠡᠶᠡᠯᠡᠬᠦᠯᠦᠨ᠎ᠡ᠃ ᠠᠷᠪᠠ ᠳᠤ ᠪᠦᠬᠦ ᠬᠤᠲᠠ ᠶᠢᠨ ᠵᠡᠮᠳᠡᠭ ᠬᠦᠮᠦᠨ ᠢ | ᠬᠠᠪᠰᠤᠷᠤᠨ ᠲᠡᠳᠬᠦᠬᠦ ᠡᠷᠴᠢᠮ ᠢᠶᠠᠨ ᠴᠢᠩᠭᠠᠷᠠᠭᠤᠯᠤᠨ᠎ᠠ᠃ ᠵᠡᠮᠳᠡᠭᠴᠦᠳ ᠤᠨ ᠲᠤᠭᠳᠠᠭᠰᠠᠨ ᠲᠤᠭᠠᠨ ᠤ ᠨᠦᠬᠦᠪᠦᠷᠢ ᠶᠢ ᠪᠠᠭᠤᠯᠭᠠᠵᠤ᠂ ᠡᠬᠦᠨ ᠳᠤ ᠬᠤᠲᠠ | ᠪᠠᠯᠭᠠᠰᠣ ᠪᠤᠯᠤᠨ ᠬᠦᠳᠡᠭᠡ ᠲᠤᠰᠬᠤᠨ ᠤ ᠨᠢᠬᠡᠳᠦᠭᠡᠷ᠂ ᠬᠤᠶᠠᠳᠤᠭᠠᠷ ᠲᠡᠰ ᠤᠨ ᠵᠡᠮᠳᠡᠭᠴᠦᠳ ᠲᠤ ᠬᠦᠮᠦᠨ ᠪᠦᠷᠢ ᠳᠤ ᠵᠢᠯ ᠪᠤᠯᠭᠠᠨ 4000 ᠲᠦᠬᠦᠷᠢᠭ | ᠪᠤᠯᠤᠨ 3000 ᠲᠦᠬᠦᠷᠢᠭ ᠤᠨ ᠨᠦᠬᠦᠪᠦᠷᠢ ᠤᠯᠭᠤᠨ᠎ᠠ︔ ᠭᠤᠷᠪᠠᠳᠣᠭᠠᠷ᠂ ᠲᠦᠷᠪᠡᠳᠦᠬᠡᠷ ᠲᠡᠰ ᠤᠨ ᠵᠡᠮᠳᠡᠭᠴᠣᠳ ᠤᠨ ᠲᠤᠳᠤᠷᠠᠬᠢ ᠤᠶᠤᠨ ᠤᠬᠠᠭᠠᠨ | ᠤᠢ ᠪᠢᠯᠢᠭ ᠳᠤᠨᠢ ᠬᠡᠮ ᠲᠠᠢ ᠬᠦᠮᠦᠰ ᠲᠤ 3000 ᠲᠦᠬᠦᠷᠢᠭ ᠪᠤᠯᠤᠨ 2000 ᠲᠦᠬᠦᠷᠢᠭ ᠤᠨ ᠨᠦᠬᠦᠪᠦᠷᠢ ᠤᠯᠭᠤᠨ᠎ᠠ᠃ ᠬᠤᠲᠠ ᠶᠢᠨ ᠵᠡᠮᠳᠡᠭᠴᠣᠳ | ᠤᠨ ᠡᠷᠡᠬᠦᠯᠵᠢᠯ ᠤᠨ ᠲᠦᠪ ᠢ ᠪᠠᠷᠢᠯᠭ᠎ᠠ ᠡᠬᠢᠯᠡᠬᠦᠯᠦᠨ ᠪᠦᠲᠦᠬᠡᠨ ᠪᠠᠶᠢᠭᠤᠯᠤᠨ᠎ᠠ᠃ ᠠᠷᠪᠠᠨ ᠨᠢᠬᠡ ᠳᠤ ᠬᠤᠲᠠ ᠭᠦᠳᠡᠭᠡ ᠶᠢᠨ ᠰᠠᠭᠤᠭᠠᠯᠢ ᠠᠷᠠᠳ ᠤᠨ | ᠦᠢᠯᠡᠳᠪᠦᠷᠢᠯᠡᠯ ᠠᠮᠢᠲᠤᠷᠠᠯ ᠤᠨ ᠨᠦᠬᠦᠴᠡᠯ ᠢ ᠰᠠᠶᠢᠵᠢᠷᠠᠭᠤᠯᠤᠨ᠎ᠠ᠃ ᠭᠠᠴᠠᠭ᠎ᠠ ᠲᠤᠰᠬᠤᠨ ᠳᠤ ᠨᠡᠪᠳᠡᠷᠡᠬᠦ ᠵᠠᠰᠠᠮᠠᠯ ᠵᠠᠮ ᠢ 700 ᠺᠢᠯᠤᠮᠧᠲᠷ ᠰᠢᠨ᠎ᠡ ᠪᠠᠷ | ᠪᠤᠶᠤ ᠦᠬᠡᠷᠡᠴᠢᠯᠡᠨ ᠪᠠᠶᠢᠭᠤᠯᠵᠤ᠂ ᠬᠢᠶ᠎ᠠ ᠪᠠᠭᠰᠢ ᠰᠢᠨ᠎ᠡ ᠲᠤᠭᠤᠷᠢᠭ ᠤᠨ ᠮᠠᠰᠢᠨ ᠲᠡᠷᠭᠡᠨ ᠤ ᠦᠷᠳᠡᠭᠡ ᠶᠢ ᠪᠠᠷᠢᠯᠭ᠎ᠠ ᠡᠬᠢᠯᠡᠬᠦᠯᠦᠨ ᠪᠦᠲᠦᠬᠡᠨ ᠪᠠᠶᠢᠭᠤᠯᠵᠤ᠂ | ᠬᠤᠲᠠ ᠶᠢᠨ ᠭᠤᠤᠯ ᠲᠤᠭᠤᠷᠢᠭ ᠤᠨ ᠨᠡᠶᠢᠲᠡ ᠶᠢᠨ ᠮᠠᠰᠢᠨ ᠲᠡᠷᠭᠡ ᠶᠢ ᠰᠢᠨ᠎ᠡ ᠪᠠᠷ 50 ᠨᠡᠮᠡᠭᠳᠡᠬᠦᠯᠦᠨ᠎ᠡ᠃ ᠮᠠᠯᠵᠢᠬᠤ ᠲᠠᠷᠢᠶᠠᠯᠠᠬᠤ ᠤᠷᠤᠨ ᠤ 4.3 | ᠲᠦᠮᠡᠨ ᠬᠦᠮᠦᠨ ᠤ ᠲᠦᠬᠡᠬᠡᠯ ᠣᠰᠣ ᠤᠤᠭᠤᠬᠤ᠂ 5 ᠲᠦᠮᠡᠨ ᠡᠷᠦᠬᠡ ᠮᠠᠯᠴᠢᠨ ᠲᠠᠷᠢᠶᠠᠴᠢᠨ ᠤ ᠤᠳᠠᠰᠣᠲᠣ ᠲᠧᠯᠸᠢᠰ ᠰᠣᠨᠢᠷᠬᠠᠬᠤ᠂ 4.5 ᠲᠦᠮᠡᠨ ᠡᠷᠦᠬᠡ | ᠮᠠᠯᠴᠢᠨ ᠲᠠᠷᠢᠶᠠᠴᠢᠨ ᠤ ᠬᠦᠳᠡᠯᠭᠡᠭᠴᠢ ᠬᠦᠴᠦᠨ ᠤ ᠴᠠᠬᠢᠯᠭᠠᠨ ᠭᠡᠷᠡᠭᠯᠡᠬᠦ ᠠᠰᠠᠭᠤᠳᠠᠯ ᠢ ᠰᠢᠢᠳᠪᠦᠷᠢᠯᠡᠨ᠎ᠡ᠃ ᠠᠷᠪᠠᠨ ᠬᠤᠶᠠᠷ ᠲᠤ ᠨᠡᠶᠢᠬᠡᠮ ᠤᠨ ᠬᠠᠮᠢᠶᠠᠷᠤᠯᠲᠠ | ᠶᠢᠨ ᠰᠠᠭᠤᠷᠢ ᠪᠦᠲᠦᠬᠡᠨ ᠪᠠᠶᠢᠭᠤᠯᠤᠯᠲᠠ ᠶᠢ ᠴᠢᠩᠭᠠᠳᠬᠠᠨ᠎ᠠ᠃ ᠵᠢᠯ ᠤᠨ ᠲᠤᠳᠤᠷ᠎ᠠ ᠪᠠᠯᠭᠠᠰᠣ ᠪᠦᠷᠢ ᠳᠤ ᠰᠤᠷᠤᠯᠴᠠᠯᠭ᠎ᠠ ᠪᠤᠯᠪᠠᠰᠣᠷᠠᠯ᠂ ᠰᠤᠶᠤᠯ ᠪᠡᠶ᠎ᠡ ᠶᠢᠨ | ᠲᠠᠮᠢᠷ ᠤᠨ ᠬᠦᠳᠡᠯᠬᠡᠬᠡᠨ᠂ ᠵᠦᠷᠢᠴᠡᠯ ᠢ ᠡᠶᠡᠳᠠᠬᠦᠯᠤᠨ ᠰᠢᠢᠳᠪᠤᠷᠢᠯᠡᠬᠦ᠂ ᠵᠠᠰᠠᠭ ᠤᠨ ᠶᠠᠪᠤᠳᠠᠯ ᠤᠨ ᠦᠢᠯᠡᠴᠢᠯᠡᠭᠡ ᠵᠡᠷᠭᠡ ᠴᠢᠳᠠᠪᠬᠢ ᠶᠢ ᠴᠤᠭᠴᠠᠵᠢᠭᠤᠯᠤᠭᠰᠠᠨ | ᠶᠡᠷᠦᠩᠬᠡᠶᠢᠯᠡᠭᠰᠡᠨ ᠴᠢᠨᠠᠷᠲᠠᠢ ᠨᠡᠶᠢᠬᠡᠮ ᠤᠨ ᠬᠠᠮᠢᠶᠠᠷᠤᠯᠲᠠ ᠶᠢᠨ ᠦᠢᠯᠡᠴᠢᠯᠡᠬᠡᠨ ᠤ ᠲᠦᠪ ᠢ ᠪᠠᠶᠢᠭᠤᠯᠤᠨ᠎ᠠ᠃ | ︵ᠲᠦᠷᠪᠡ︶ ᠤᠷᠤᠰᠢᠨ ᠰᠠᠭᠤᠵᠤ ᠠᠵᠢᠯᠯᠠᠬᠤ ᠳᠤ ᠲᠤᠬᠢᠷᠠᠮᠵᠢᠲᠠᠢ ᠤᠳᠤᠬᠢᠴᠢᠯᠠᠭᠰᠠᠨ ᠬᠤᠲᠠ ᠶᠢ ᠨᠠᠷᠢᠯᠢᠭ ᠢᠶᠠᠷ ᠪᠦᠳᠤᠬᠡᠨ ᠪᠠᠶᠢᠭᠤᠯᠤᠨ᠎ᠠ᠃ ᠬᠤᠲᠠ | ᠶᠢᠨ ᠪᠦᠲᠦᠬᠡᠨ ᠪᠠᠶᠢᠭᠤᠯᠤᠯᠲᠠ ᠶᠢᠨ ᠭᠤᠤᠯᠳᠠᠯᠭ᠎ᠠ ᠶᠢ ᠪᠠᠶᠢᠷᠢᠰᠢᠭᠤᠯᠤᠯᠲᠠ ᠶᠢ ᠰᠢᠯᠢᠳᠡᠭᠵᠢᠬᠦᠯᠬᠦ᠂ ᠴᠢᠳᠠᠪᠬᠢ ᠶᠢ ᠲᠡᠬᠦᠯᠳᠡᠷᠵᠢᠬᠦᠯᠬᠦ᠂ ᠤᠨᠴᠠᠯᠢᠭ ᠢ | ᠲᠤᠪᠤᠶᠢᠯᠭᠠᠬᠤ᠂ ᠴᠢᠨᠠᠷ ᠲᠡᠰ ᠢ ᠲᠡᠬᠡᠭᠰᠢᠯᠠᠬᠦᠯᠬᠦ᠂ ᠬᠠᠮᠢᠶᠠᠷᠤᠯᠲᠠ ᠶᠢ ᠴᠢᠩᠭᠠᠳᠬᠠᠬᠤ ᠲᠡᠭᠡᠷ᠎ᠡ ᠲᠠᠯᠪᠢᠵᠤ᠂ ᠬᠤᠳᠠᠵᠢᠭᠤᠯᠤᠯᠲᠠ ᠶᠢᠨ ᠠᠬᠢᠴᠠ ᠶᠢ | ᠠᠬᠢᠭᠤᠯᠤᠨ᠎ᠠ᠃ | ᠬᠤᠲᠠ ᠶᠢᠨ ᠦᠬᠡᠷᠡᠴᠢᠯᠡᠨ ᠵᠠᠰᠠᠬᠤ ᠪᠦᠲᠦᠬᠡᠨ ᠪᠠᠶᠢᠭᠤᠯᠤᠯᠲᠠ ᠶᠢ ᠰᠢᠨᠵᠢᠯᠡᠬᠦ ᠤᠬᠠᠭᠠᠨᠴᠢ ᠪᠦᠬᠡᠳ ᠤᠶᠤᠨᠴᠢ ᠪᠠᠷ ᠠᠬᠢᠭᠤᠯᠤᠨ᠎ᠠ᠃ ᠲᠦᠯᠦᠪᠵᠢᠬᠦᠯᠬᠡ | ᠶᠢᠨ ᠬᠦᠲᠦᠯᠦᠨ ᠲᠠᠭᠠᠭᠤᠯᠬᠤ ᠦᠢᠯᠡᠳᠦᠯ ᠢ ᠲᠤᠪᠤᠶᠢᠯᠭᠠᠵᠤ᠂ ᠪᠦᠯᠦᠭᠵᠢᠬᠦᠯᠬᠦ ᠮᠠᠶ᠋ᠢᠭ ᠤᠨ ᠭᠦᠭᠵᠢᠯᠲᠡ ᠶᠢᠨ ᠱᠠᠭᠠᠷᠳᠠᠯᠭ᠎ᠠ ᠶᠤᠰᠤᠭᠠᠷ᠂ ᠳ᠋ᠦᠩᠱᠧᠩ ᠪᠤᠯᠤᠨ | ᠠᠯᠳᠠᠨᠰᠢᠷᠡᠬᠡᠳᠤ ᠬᠢᠶ᠎ᠠ ᠪᠠᠭᠰᠢ ᠰᠢᠨ᠎ᠡ ᠲᠤᠭᠤᠷᠢᠭ ᠢ ᠦᠬᠡᠳᠠ ᠴᠢᠭᠯᠡᠯ ᠢᠶᠠᠷ ᠬᠦᠭᠵᠢᠬᠦᠯᠬᠦ ᠶᠢ ᠠᠬᠢᠭᠤᠯᠵᠤ᠂ ᠠᠯᠳᠠᠨᠰᠢᠷᠡᠭᠡᠲᠦ ᠬᠢᠶ᠎ᠠ ᠪᠠᠭᠰᠢ ᠶᠢᠨ ᠴᠤᠭᠴᠠᠵᠢᠭᠰᠠᠨ | ᠠᠬᠢᠴᠠ ᠶᠢ ᠪᠦᠬᠦ ᠲᠠᠯ᠎ᠠ ᠪᠠᠷ ᠲᠦᠷᠭᠡᠳᠭᠡᠨ᠎ᠡ᠃ ᠬᠢᠶ᠎ᠠ ᠪᠠᠭᠰᠢ ᠪᠤᠯᠤᠨ᠂ ᠠᠯᠳᠠᠨᠰᠢᠷᠡᠬᠡᠲᠦ ᠶᠢᠨ ᠤᠮᠠᠷᠠᠲᠤ ᠲᠤᠭᠤᠷᠢᠭ᠂ ᠳ᠋ᠦᠩᠱᠧᠩ ᠤᠨ ᠡᠮᠦᠨ᠎ᠡ ᠬᠡᠰᠡᠭ ᠤᠨ | ᠠᠮᠢ ᠠᠬᠤᠢ ᠶᠢᠨ ᠰᠢᠨ᠎ᠡ ᠬᠤᠲᠠ ᠪᠠ ᠤᠷᠳᠤᠰ ᠤᠨ ᠲᠤᠨᠤᠭᠯᠠᠯ ᠦᠢᠯᠡᠳᠬᠦ ᠰᠠᠭᠤᠷᠢᠨ ᠭᠠᠵᠠᠷ᠂ ᠲᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠬᠦᠷᠢᠶᠡᠯᠡᠩ | ᠲᠤᠭᠤᠷᠢᠭ᠂ ᠬᠤᠲᠠ ᠬᠦᠳᠡᠭᠡ ᠶᠢ ᠨᠢᠬᠡᠳᠦᠯᠲᠠᠢ ᠲᠦᠯᠦᠪᠵᠢᠬᠦᠯᠦᠨ ᠬᠦᠭᠵᠢᠬᠦᠯᠬᠦ ᠵᠢᠱᠢᠶ᠎ᠡ ᠦᠵᠡᠬᠦᠯᠬᠦ ᠲᠤᠭᠤᠷᠢᠭ᠂ ᠠᠯᠳᠠᠨᠰᠢᠷᠡᠭᠡᠲᠦ ᠬᠢᠶ᠎ᠠ ᠪᠠᠭᠰᠢ ᠶᠢᠨ ᠪᠤᠳᠠᠰ | ᠤᠨ ᠬᠦᠢᠯᠭᠡᠭᠡᠨ ᠤ ᠬᠦᠷᠢᠶᠡᠯᠡᠩ ᠲᠤᠭᠤᠷᠢᠭ ᠵᠡᠷᠭᠡ ᠭᠡᠳᠦᠨ ᠲᠤᠮᠤ ᠭᠡᠰᠡᠭ ᠤᠷᠤᠨ ᠤ ᠰᠠᠭᠤᠷᠢ ᠲᠦᠬᠦᠬᠡᠷᠦᠮᠵᠢ ᠶᠢᠨ ᠪᠦᠲᠦᠬᠡᠨ ᠪᠠᠶᠢᠭᠤᠯᠤᠯᠲᠠ ᠶᠢ | ᠦᠷᠬᠦᠯᠵᠢᠯᠡᠨ ᠲᠦᠷᠬᠡᠳᠬᠡᠵᠦ᠂ ᠡᠯ᠎ᠡ ᠪᠦᠯᠦᠭᠯᠡᠯ ᠤᠨ ᠤᠷᠤᠨ ᠵᠠᠢ ᠶᠢ ᠵᠦᠢ ᠵᠤᠬᠢᠰᠲᠠᠢ ᠪᠠᠶᠢᠷᠢᠯᠠᠭᠤᠯᠬᠤ ᠶᠢ ᠪᠡᠶᠡᠯᠡᠬᠦᠯᠵᠤ᠂ ᠠᠵᠤ ᠦᠢᠯᠡᠰ ᠤᠨ ᠬᠠᠷᠢᠯᠴᠠᠨ | ᠠᠬᠢᠭᠤᠯᠤᠯᠴᠠᠭᠰᠠᠨ ᠬᠦᠭᠵᠢᠯᠲᠡ ᠶᠢ ᠪᠤᠢ ᠪᠤᠯᠭᠠᠨ᠎ᠠ᠃ ᠬᠤᠰᠢᠭᠤ ᠵᠠᠰᠠᠭ ᠤᠨ ᠤᠷᠳᠤᠨ ᠤ ᠪᠠᠶᠢᠭ᠎ᠠ ᠭᠠᠵᠠᠷ ᠪᠤᠯᠤᠨ ᠠᠵᠤ ᠦᠢᠯᠡᠰ ᠤᠨ ᠭᠤᠤᠯᠳᠠᠯᠭ᠎ᠠ ᠲᠠᠢ | ᠪᠠᠯᠭᠠᠰᠣ ᠶᠢᠨ ᠶᠡᠷᠦᠩᠬᠡᠢ ᠲᠦᠯᠦᠪᠵᠢᠬᠦᠯᠬᠡ᠂ ᠡᠵᠡᠮᠰᠢᠯ ᠤᠨ ᠴᠢᠨᠠᠷᠲᠠᠢ ᠨᠠᠷᠢᠨ ᠲᠦᠯᠦᠪᠵᠢᠬᠦᠯᠬᠡ ᠶᠢ ᠵᠠᠰᠠᠵᠤ ᠨᠠᠶᠢᠷᠠᠭᠤᠯᠬᠤ ᠠᠵᠢᠯ ᠢ ᠰᠠᠶᠢᠲᠤᠷ ᠬᠢᠨ᠎ᠡ᠃ | ᠬᠦᠮᠦᠨ ᠠᠮᠠ ᠶᠢᠨ ᠦᠰᠦᠯᠲᠡ ᠪᠤᠯᠤᠨ ᠠᠵᠤ ᠦᠢᠯᠡᠰ ᠤᠨ ᠬᠦᠭᠵᠢᠯᠲᠡ ᠵᠡᠷᠬᠡ ᠬᠦᠴᠤᠨ ᠵᠦᠢᠯ ᠢ ᠨᠢᠬᠡᠳᠤᠯᠳᠡᠢ ᠲᠦᠯᠦᠪᠵᠢᠬᠦᠯᠤᠨ ᠪᠤᠳᠤᠯᠬᠢᠯᠠᠵᠤ᠂ ᠲᠤᠮᠳᠠ | ᠵᠢᠵᠢᠭ ᠬᠤᠲᠠ ᠪᠠᠯᠭᠠᠰᠣᠨ ᠤ ᠪᠦᠲᠦᠬᠡᠨ ᠪᠠᠶᠢᠭᠤᠯᠤᠯᠲᠠ ᠶᠢᠨ ᠪᠠᠭᠳᠠᠭᠠᠮᠵᠢ ᠶᠢ ᠵᠤᠬᠢᠰᠲᠠᠢ ᠲᠤᠭᠳᠠᠭᠠᠨ᠎ᠠ ᠃ ᠬᠤᠲᠠ ᠪᠠᠯᠭᠠᠰᠣ ᠬᠢᠭᠡᠳ ᠬᠦᠷᠢᠶᠡᠯᠡᠩ | ᠲᠤᠭᠤᠷᠢᠭ ᠤᠨ ᠪᠦᠲᠦᠬᠡᠨ ᠪᠠᠶᠢᠭᠤᠯᠤᠯᠲᠠ ᠯᠤᠭ᠎ᠠ ᠶᠢᠨ ᠣᠷᠣᠨ ᠵᠠᠢ ᠶᠢᠨ ᠪᠠᠶᠢᠷᠢᠯᠠᠭᠤᠯᠤᠯᠳᠠ ᠶᠢᠨ ᠬᠠᠷᠢᠴᠠᠭ᠎ᠠ ᠶᠢ ᠰᠠᠶᠢᠲᠤᠷ ᠰᠢᠢᠳᠪᠦᠷᠢᠯᠡᠵᠤ᠂ ᠬᠤᠲᠠ | ᠪᠠᠯᠭᠠᠰᠣ ᠬᠢᠭᠡᠳ ᠬᠦᠷᠢᠶᠡᠯᠡᠩ ᠲᠤᠭᠤᠷᠢᠭ ᠤᠨ ᠵᠤᠬᠢᠴᠠᠩᠭᠤᠢ ᠬᠦᠭᠵᠢᠯᠲᠡ ᠶᠢ ᠪᠠᠶᠠᠯᠠᠬᠦᠯᠤᠨ᠎ᠠ᠃ ᠭᠡᠷ ᠪᠠᠶᠢᠰᠢᠩ ᠭᠠᠵᠠᠷ ᠬᠦᠷᠦᠩᠬᠡ ᠶᠢᠨ ᠵᠠᠬ᠎ᠠ ᠲᠡᠯᠬᠡᠬᠦᠷ ᠤᠨ | ᠲᠤᠬᠢᠷᠠᠭᠤᠯᠭ᠎ᠠ ᠡᠵᠡᠮᠰᠢᠯ ᠤᠨ ᠲᠦᠷᠦ ᠶᠢᠨ ᠪᠤᠳᠤᠯᠭ᠎ᠠ ᠶᠢ ᠨᠠᠷᠢᠨ ᠬᠢᠨᠠᠮᠠᠭᠠᠢ ᠨᠠᠶᠢᠲᠠᠪᠤᠷᠢᠵᠢᠭᠤᠯᠵᠤ᠂ ᠪᠦᠬᠦ ᠬᠤᠲᠠ ᠢᠯᠠᠩᠭᠤᠶ᠎ᠠ ᠬᠤᠲᠠ ᠶᠢᠨ ᠭᠤᠤᠯ | ᠲᠤᠭᠤᠷᠢᠭ ᠤᠨ ᠭᠡᠷ ᠪᠠᠶᠢᠰᠢᠩ ᠭᠠᠵᠠᠷ ᠬᠦᠷᠦᠩᠬᠡ ᠶᠢᠨ ᠨᠡᠬᠡᠬᠡᠨ ᠬᠦᠭᠵᠢᠬᠦᠯᠬᠦ ᠬᠡᠪᠴᠢᠶ᠎ᠡ ᠶᠢ ᠲᠤᠬᠢᠷᠠᠮᠵᠢᠲᠠᠢ ᠡᠵᠡᠮᠰᠢᠵᠤ᠂ ᠬᠠᠳᠠᠭᠠᠯᠠᠵᠤ ᠪᠠᠶᠢᠭ᠎ᠠ ᠲᠠᠸᠠᠷ ᠤᠨ | ᠭᠡᠷ ᠪᠠᠶᠢᠰᠢᠩ ᠤᠨ ᠪᠤᠷᠤᠯᠠᠭᠤᠯᠤᠯᠲᠠ ᠶᠢ ᠲᠦᠷᠭᠡᠳᠭᠡᠵᠤ᠂ ᠭᠡᠷ ᠪᠠᠶᠢᠰᠢᠩ ᠭᠠᠵᠠᠷ ᠬᠦᠷᠦᠩᠬᠡ ᠶᠢᠨ ᠦᠢᠯᠡᠰ ᠤᠨ ᠡᠷᠡᠬᠦᠯ ᠢᠶᠠᠷ ᠬᠦᠭᠵᠢᠬᠦ ᠶᠢ ᠠᠬᠢᠭᠤᠯᠤᠨ᠎ᠠ᠃ | | ᠬᠤᠲᠠ ᠶᠢᠨ ᠢᠵᠢ ᠪᠦᠷᠢᠳᠤᠬᠦᠯᠦᠭᠰᠡᠨ ᠦᠢᠯᠡᠴᠢᠯᠡᠬᠡᠨ ᠤ ᠲᠦᠬᠦᠬᠡᠷᠦᠮᠵᠢ ᠶᠢ ᠪᠦᠬᠦ ᠲᠠᠯ᠎ᠠ ᠪᠠᠷ ᠲᠡᠬᠦᠯᠳᠡᠷᠵᠢᠬᠦᠯᠦᠨ᠎ᠡ᠃ ᠬᠤᠲᠠ ᠶᠢᠨ ᠲᠤᠭᠤᠷᠢᠭ ᠤᠨ | ᠪᠡᠶ᠎ᠡ ᠪᠤᠯᠪᠠᠰᠣᠷᠠᠭᠤᠯᠬᠤ ᠠᠭᠤᠳᠠᠮ ᠲᠠᠯᠠᠪᠤᠷ᠂ ᠴᠡᠴᠡᠷᠯᠢᠭ ᠤᠨ ᠨᠤᠭᠤᠭᠠᠨ ᠭᠠᠵᠠᠷ ᠪᠤᠯᠤᠨ ᠬᠡᠤᠭᠡᠳ ᠤᠨ ᠴᠡᠴᠡᠷᠯᠢᠭ᠂ ᠡᠷᠡᠬᠦᠯ ᠬᠠᠮᠠᠭᠠᠯᠠᠯ ᠤᠨ ᠭᠡᠷ᠂ | ᠴᠢᠯᠦᠬᠡᠳᠤ ᠲᠡᠯᠭᠡᠭᠦᠷ ᠵᠡᠷᠭᠡ ᠠᠷᠠᠳ ᠲᠤ ᠲᠦᠬᠦᠮ ᠦᠵᠡᠬᠦᠯᠬᠦ ᠦᠢᠯᠡᠴᠢᠯᠡᠬᠡᠨ ᠤ ᠲᠦᠬᠦᠬᠡᠷᠦᠮᠵᠢ ᠶᠢ ᠨᠡᠮᠡᠭᠳᠡᠬᠦᠯᠵᠤ᠂ ᠨᠢᠬᠡ ᠪᠦᠯᠦᠭ ᠨᠤᠮ ᠰᠤᠨᠢᠨ ᠰᠡᠳᠬᠦᠯ | ᠬᠤᠳᠠᠯᠳᠣᠬᠤ ᠮᠤᠬᠤᠯᠠᠭ᠂ ᠨᠡᠶᠢᠲᠡ ᠶᠢᠨ ᠳ᠋ᠢᠶᠠᠩᠬᠤᠸᠠ ᠶᠢᠨ ᠮᠤᠬᠤᠯᠠᠭ ᠪᠠ᠂ ᠵᠡᠮᠳᠡᠭᠴᠣᠳ ᠤᠨ ᠲᠤᠰᠬᠠᠢ ᠬᠡᠷᠡᠭᠯᠡᠬᠡᠨ ᠤ ᠲᠦᠬᠦᠬᠡᠷᠦᠮᠵᠢ ᠪᠤᠯᠤᠨ ᠲᠡᠷᠭᠡᠨ | ᠵᠤᠭᠰᠤᠭᠠᠯ᠂ ᠵᠡᠬᠡᠯᠢ ᠭᠠᠲᠤᠯᠬᠤ ᠱᠠᠲᠤᠲᠤ ᠬᠦᠬᠦᠷᠭᠡ᠂ ᠭᠠᠵᠠᠷ ᠲᠤᠤᠷᠠᠬᠢ ᠵᠠᠮ ᠨᠡᠪᠳᠡᠷᠡᠯᠬᠡ ᠵᠡᠷᠭᠡ ᠲᠦᠬᠦᠭᠡᠷᠦᠮᠵᠢ ᠶᠢ ᠲᠦᠯᠦᠪᠵᠢᠬᠦᠯᠦᠨ ᠪᠠᠶᠢᠭᠤᠯᠵᠤ᠂ | ᠬᠤᠲᠠ ᠶᠢᠨ ᠲᠦᠬᠦᠮ ᠲᠦᠳᠡ ᠴᠢᠨᠠᠷ ᠪᠤᠯᠤᠨ ᠲᠠᠭᠠᠯᠠᠮᠵᠢᠲᠦ ᠬᠡᠮᠵᠢᠶ᠎ᠡ ᠶᠢ ᠲᠡᠭᠡᠭᠰᠢᠯᠡᠬᠦᠯᠦᠨ᠎ᠡ᠃ ᠳ᠋ᠦᠩᠱᠧᠩ ᠠᠴᠠ ᠬᠢᠶ᠎ᠠ ᠪᠠᠭᠰᠢ ᠬᠦᠷᠬᠦ ᠵᠠᠮ ᠱᠣᠭᠤᠮ ᠢ | ᠦᠬᠡᠷᠡᠴᠢᠯᠡᠨ ᠦᠷᠬᠡᠳᠬᠡᠨ ᠪᠦᠲᠦᠬᠡᠨ ᠪᠠᠶᠢᠭᠤᠯᠬᠤ᠂ ᠳ᠋ᠦᠩᠱᠧᠩ ᠠᠴᠠ ᠨᠢᠰᠭᠡᠯ ᠤᠨ ᠪᠠᠭᠤᠳᠠᠯ ᠬᠦᠷᠬᠦ ᠠᠶᠠᠨᠴᠢᠳ ᠤᠨ ᠵᠦᠬᠡᠬᠡᠪᠦᠷᠢ ᠶᠢᠨ ᠲᠡᠮᠦᠷ ᠵᠠᠮ᠂ ᠬᠢᠶ᠎ᠠ | ᠪᠠᠭᠰᠢ ᠠᠴᠠ ᠴᠢᠩᠬᠢᠰ ᠤᠨ ᠤᠩᠭᠤᠨ ᠬᠦᠷᠬᠦ ᠵᠢᠭᠤᠯᠴᠢᠯᠠᠯ ᠤᠨ ᠲᠤᠰᠬᠠᠢ ᠱᠣᠭᠤᠮ᠂ ᠤᠷᠳᠤᠰ ᠤᠨ ᠭᠠᠯᠲᠤ ᠲᠡᠷᠭᠡᠨ ᠦᠷᠳᠡᠭᠡ᠂ ᠬᠤᠲᠠ ᠶᠢᠨ ᠪᠡᠶ᠎ᠡ ᠶᠢᠨ | ᠲᠠᠮᠢᠷ ᠤᠨ ᠲᠦᠪ᠂ ᠬᠤᠲᠠ ᠶᠢᠨ ᠲᠦᠯᠦᠪᠵᠢᠬᠦᠯᠬᠡ ᠶᠢᠨ ᠲᠡᠯᠬᠡᠨ ᠦᠵᠡᠬᠦᠯᠦᠯᠬᠡ ᠶᠢᠨ ᠤᠷᠳᠤᠨ ᠵᠡᠷᠭᠡ ᠭᠤᠤᠯᠳᠠᠯᠭ᠎ᠠ ᠲᠠᠢ ᠪᠠᠷᠢᠯᠭ᠎ᠠ ᠶᠢᠨ ᠪᠦᠲᠦᠬᠡᠨ | ᠪᠠᠶᠢᠭᠤᠯᠤᠯᠲᠠ ᠶᠢ ᠲᠦᠷᠭᠡᠳᠭᠡᠵᠤ᠂ ᠬᠠᠳᠣᠨ ᠭᠤᠤᠯ ᠤᠨ ᠤᠰᠤ ᠶᠢ ᠲᠠᠳᠠᠨ ᠠᠪᠴᠢᠷᠠᠵᠤ ᠳ᠋ᠦᠩᠱᠧᠩ ᠳᠤ ᠤᠰᠤ ᠬᠠᠩᠭᠠᠬᠤ ᠪᠠᠷᠢᠯᠭ᠎ᠠ ᠶᠢᠨ ᠲᠠᠭᠠᠯᠲᠠ | ᠱᠣᠭᠤᠮ᠂ ᠬᠠᠳᠠᠭᠤ ᠴᠠᠶᠢᠳᠠᠮ ᠤᠨ ᠣᠰᠣᠨ ᠰᠣᠷᠪᠤᠯᠵᠢ ᠶᠢᠨ ᠭᠠᠵᠠᠷ᠂ ᠬᠢᠶ᠎ᠠ ᠪᠠᠭᠰᠢ ᠶᠢᠨ ᠢᠯᠴᠢ ᠴᠠᠬᠢᠯᠭᠠᠨ ᠤ ᠦᠢᠯᠡᠳᠪᠦᠷᠢ᠂ ᠣᠯᠠᠭᠠᠨᠮᠦ᠋ᠷᠡᠨ ᠤ 4 | ᠳ᠋ᠤᠬᠡᠷ ᠨᠤᠮᠧᠷᠲᠦ ᠬᠦᠬᠦᠷᠭᠡ᠂ ᠠᠯᠳᠠᠨᠰᠢᠷᠡᠭᠡᠲᠦ ᠬᠢᠶ᠎ᠠ ᠪᠠᠭᠰᠢ ᠶᠢᠨ ᠪᠤᠬᠢᠷ ᠤᠰᠤ ᠶᠢ ᠰᠢᠢᠳᠪᠦᠷᠢᠯᠡᠬᠦ ᠦᠢᠯᠡᠳᠪᠦᠷᠢ ᠵᠡᠷᠭᠡ ᠪᠠᠷᠢᠯᠭ᠎ᠠ ᠶᠢ ᠵᠢᠯ ᠤᠨ ᠲᠤᠳᠤᠷ᠎ᠠ | ᠪᠦᠳᠤᠬᠡᠨ ᠪᠠᠶᠢᠭᠤᠯᠵᠤ ᠲᠠᠭᠤᠰᠬᠠᠨ᠎ᠠ᠃ ᠲᠤᠮᠳᠠ ᠵᠢᠵᠢᠭ ᠬᠤᠲᠠ ᠪᠠᠯᠭᠠᠰᠣᠨ ᠤ ᠤᠰᠤ᠂ ᠴᠠᠬᠢᠯᠭᠠᠨ᠂ ᠢᠯᠴᠢ ᠪᠤᠯᠤᠨ ᠭᠡᠢ ᠬᠠᠩᠭᠠᠬᠤ᠂ ᠪᠤᠬᠢᠷᠳᠤᠯ ᠢ | ᠭᠠᠳᠠᠭᠰᠢᠯᠠᠭᠤᠯᠬᠤ ᠵᠡᠷᠭᠡ ᠲᠦᠬᠦᠬᠡᠷᠦᠮᠵᠢ ᠶᠢ ᠴᠢᠨᠠᠭᠰᠢᠳᠠ ᠲᠡᠭᠦᠯᠳᠡᠷᠵᠢᠬᠦᠯᠵᠤ᠂ ᠲᠤᠮᠳᠠ ᠵᠢᠵᠢᠭ ᠬᠤᠲᠠ ᠪᠠᠯᠭᠠᠰᠣᠨ ᠤ ᠶᠡᠷᠦᠩᠬᠡᠶᠢᠯᠡᠭᠰᠡᠨ ᠲᠠᠭᠠᠭᠠᠴᠠ ᠶᠢᠨ | ᠴᠢᠳᠠᠪᠤᠷᠢ ᠶᠢ ᠲᠡᠭᠡᠭᠰᠢᠯᠡᠬᠦᠯᠦᠨ᠎ᠡ᠃ | ᠬᠤᠲᠠ ᠶᠢᠨ ᠲᠤᠳᠤᠭᠠᠲᠤ ᠠᠭᠤᠯᠬᠤᠨ ᠪᠠ ᠴᠢᠨᠠᠷ ᠲᠡᠰ ᠢ ᠲᠠᠰᠣᠷᠠᠯᠲᠠ ᠦᠬᠡᠢ ᠲᠡᠭᠡᠭᠰᠢᠯᠡᠬᠦᠯᠦᠨ᠎ᠡ᠃ ᠮᠠᠨ ᠤ ᠬᠤᠲᠠ ᠶᠢᠨ ᠤᠷᠤᠨ ᠪᠦᠰᠡ ᠶᠢᠨ | ᠤᠨᠴᠠᠯᠢᠭ ᠪᠤᠯᠤᠨ ᠦᠨᠳᠦᠰᠦᠲᠡᠨ ᠤ ᠣᠨᠴᠠᠯᠢᠭ ᠲᠤ ᠰᠠᠭᠤᠷᠢᠯᠠᠵᠤ᠂ ᠲᠡᠤᠬᠡ ᠰᠣᠶᠣᠯ ᠪᠤᠯᠤᠨ ᠤᠳᠤ ᠦᠶ᠎ᠡ ᠶᠢᠨ ᠤᠨᠴᠠᠯᠢᠭ ᠰᠢᠨᠵᠢ ᠲᠠᠢ ᠠᠭᠤᠰᠠᠯᠴᠠᠭᠤᠯᠤᠨ | ᠂ ᠨᠢᠬᠡ ᠪᠦᠯᠦᠭ ᠰᠤᠶᠤᠯ ᠤᠨ ᠲᠤᠳᠤᠭᠠᠳᠤ ᠠᠭᠤᠯᠬᠤᠨ ᠪᠠ ᠴᠢᠨᠡᠷ ᠲᠡᠰ ᠲᠠᠢ ᠰᠤᠳᠤᠨ ᠪᠦᠳᠤᠬᠡᠯ ᠤᠨ ᠢᠨᠵᠧᠨᠧᠷᠢᠩ ᠢ ᠡᠬᠦᠳᠤᠨ᠎ᠠ᠃ ᠬᠤᠲᠠ ᠶᠢᠨ | ᠲᠤᠭᠤᠷᠢᠭ ᠤᠨ ᠨᠤᠭᠤᠭᠠᠷᠠᠭᠤᠯᠤᠯᠳᠠ ᠶᠢᠨ ᠪᠠᠷᠢᠯᠭ᠎ᠠ ᠶᠢ ᠶᠡᠬᠡᠪᠡᠷ ᠠᠬᠢᠭᠤᠯᠵᠤ᠂ 2800 ᠲᠦᠮᠡᠨ ᠲᠡᠭᠰᠢ ᠲᠦᠷᠪᠡᠯᠵᠢᠨ ᠮᠧᠲᠷ ᠤᠨ ᠨᠤᠭᠤᠭᠠᠨ ᠭᠠᠵᠠᠷ ᠢ | ᠰᠢᠨ᠎ᠡ ᠪᠠᠷ ᠨᠡᠮᠡᠭᠳᠡᠬᠦᠯᠦᠨ᠎ᠡ᠃ ᠲᠤᠬᠠᠢ ᠶᠢᠨ ᠭᠠᠵᠠᠷ ᠲᠤᠨᠢ ᠲᠤᠬᠢᠷᠠᠭᠰᠠᠨ ᠮᠤᠳᠤᠨ ᠲᠦᠷᠦᠯ ᠢ ᠲᠠᠷᠢᠬᠤ ᠪᠠ ᠲᠤᠷᠤᠭ ᠮᠤᠳᠤ᠂ ᠪᠤᠲᠠ ᠮᠤᠳᠤ᠂ ᠡᠪᠡᠰᠦ᠂ | ᠬᠤᠸᠠᠷ ᠴᠡᠴᠡᠭ ᠢ ᠬᠠᠷᠢᠯᠴᠠᠨ ᠤᠶᠠᠯᠳᠤᠭᠤᠯᠬᠤ ᠶᠢ ᠪᠠᠷᠢᠮᠲᠠᠯᠠᠵᠤ᠂ ᠤᠳᠤ ᠪᠠᠶᠢᠬᠤ ᠴᠡᠴᠡᠷᠯᠢᠭ᠂ ᠨᠤᠭᠤᠭᠠᠨ ᠭᠠᠵᠠᠷ ᠢ ᠴᠡᠴᠡᠷᠯᠢᠭᠵᠢᠬᠦᠯᠦᠨ ᠦᠬᠡᠷᠡᠴᠢᠯᠡᠨ | ᠵᠠᠰᠠᠵᠤ᠂ ᠬᠤᠲᠠ ᠶᠢᠨ ᠨᠤᠭᠤᠭᠠᠷᠠᠭᠤᠯᠤᠯᠲᠠ ᠶᠢᠨ ᠬᠢᠷᠢ ᠲᠦᠪᠰᠢᠨ ᠢ ᠲᠡᠭᠡᠭᠰᠢᠯᠡᠬᠦᠯᠦᠨ᠎ᠡ᠃ ᠬᠤᠲᠠ ᠶᠢᠨ ᠭᠤᠤᠯ ᠲᠤᠭᠤᠷᠢᠭ ᠤᠨ ᠵᠠᠭᠤᠨ ᠲᠦᠮᠡᠨ ᠮᠤ᠋ ᠶᠢᠨ | ᠬᠠᠯᠬᠠᠪᠴᠢ ᠤᠢ ᠶᠢᠨ ᠠᠮᠢ ᠠᠬᠤᠢ ᠶᠢᠨ ᠲᠤᠭᠤᠷᠢᠭ ᠤᠨ ᠪᠦᠲᠦᠬᠡᠨ ᠪᠠᠶᠢᠭᠤᠯᠤᠯᠲᠠ ᠶᠢᠨ ᠪᠠᠷᠢᠯᠭ᠎ᠠ ᠶᠢ ᠡᠬᠢᠯᠡᠬᠦᠯᠦᠨ᠎ᠡ᠃ ᠳ᠋ᠦᠩᠱᠧᠩ ᠤᠨ ︽ᠭᠤᠷᠪᠠᠨ ᠭᠤᠤᠯ | ᠭᠤᠷᠪᠠᠨ ᠬᠦᠷᠢᠶᠠᠯᠠᠩ︾᠂ ᠤᠯᠠᠭᠠᠨᠮᠦᠷᠡᠨ ᠭᠤᠤᠯ ᠳᠤ ᠵᠠᠰᠠᠯᠲᠠ ᠬᠢᠬᠦ᠂ ᠵᠡᠬᠦᠨ ᠪᠠᠷᠠᠭᠤᠨ ᠤᠯᠠᠭᠠᠨ ᠨᠠᠭᠤᠷ ᠤᠨ ᠨᠤᠶᠢᠲᠠᠨ ᠭᠠᠵᠠᠷ ᠤᠨ ᠴᠡᠴᠡᠷᠯᠢᠭ ᠵᠡᠷᠭᠡ | ᠲᠦᠷᠦᠯ ᠵᠦᠢᠯ ᠤᠨ ᠪᠦᠲᠦᠬᠡᠨ ᠪᠠᠶᠢᠭᠤᠯᠤᠯᠲᠠ ᠶᠢᠨ ᠠᠯᠬᠤᠴᠠ ᠶᠢ ᠲᠦᠷᠭᠡᠳᠭᠡᠵᠤ᠂ ᠬᠤᠲᠠ ᠶᠢᠨ ᠪᠦᠯᠦᠭᠯᠡᠯ ᠤᠨ ᠬᠤᠭᠤᠷᠤᠨᠲᠦ ᠤᠰᠤᠨ ᠰᠢᠰᠲ᠋ᠧᠮ᠂ | ᠨᠤᠭᠤᠭᠠᠷᠠᠭᠤᠯᠤᠯᠲᠠ ᠶᠢᠨ ᠪᠦᠰᠡ ᠪᠠᠷ ᠲᠤᠭᠤᠷᠢᠯᠠᠭᠤᠯᠤᠨ ᠲᠤᠰᠭᠠᠷᠯᠠᠭᠤᠯᠤᠭᠰᠠᠨ ᠲᠤᠮᠤ ᠠᠮᠢ ᠠᠬᠤᠢ ᠶᠢᠨ ᠪᠦᠲᠦᠴᠡ ᠪᠠᠶᠢᠷᠢᠯᠠᠭᠤᠯᠤᠯᠲᠠ ᠶᠢ ᠪᠤᠢ ᠪᠤᠯᠭᠠᠨ᠎ᠠ᠃ | ᠬᠤᠲᠠ ᠶᠢᠨ ᠬᠡᠷᠡᠯᠳᠤᠬᠦᠯᠬᠡ᠂ ᠭᠤᠶᠤᠵᠢᠭᠤᠯᠤᠯᠲᠠ ᠶᠢᠨ ᠪᠠᠷᠢᠯᠭ᠎ᠠ ᠶᠢ ᠨᠢᠮᠪᠠᠢ ᠪᠠᠶᠢᠭᠤᠯᠵᠤ᠂ ᠵᠢᠯ ᠤᠨ ᠲᠤᠳᠤᠷ᠎ᠠ 18 ᠰᠣᠳᠣᠨ ᠵᠡᠬᠡᠯᠢ ᠲᠤᠭᠤᠷᠢᠭ ᠢ | ᠪᠦᠳᠤᠬᠡᠨ ᠪᠠᠶᠢᠭᠤᠯᠤᠨ ᠲᠠᠭᠤᠰᠬᠠᠨ᠎ᠠ ᠃ | ᠬᠤᠲᠠ ᠶᠢᠨ ᠬᠠᠮᠢᠶᠠᠷᠤᠯᠲᠠ ᠶᠢᠨ ᠬᠢᠷᠢ ᠲᠦᠪᠰᠢᠨ ᠢ ᠴᠢᠷᠮᠠᠶᠢᠨ ᠲᠡᠭᠡᠭᠰᠢᠯᠡᠬᠦᠯᠨᠡ᠃ ᠲᠤᠭᠠᠴᠠᠯᠠᠭᠰᠠᠨ ᠬᠤᠲᠠ ᠶᠢᠨ ᠪᠦᠲᠦᠬᠡᠨ ᠪᠠᠶᠢᠭᠤᠯᠤᠯᠲᠠ ᠶᠢ | ᠠᠬᠢᠭᠤᠯᠵᠤ᠂ ᠬᠢᠨᠠᠨ ᠡᠵᠡᠮᠰᠢᠵᠤ ᠬᠤᠷᠢᠶᠠᠨ ᠴᠤᠭᠯᠠᠭᠤᠯᠬᠤ᠂ ᠵᠢᠯᠤᠭᠤᠳᠤᠨ ᠡᠵᠡᠮᠰᠢᠬᠦ ᠪᠠ ᠴᠢᠮᠡᠭᠡ ᠵᠠᠩᠬᠢ ᠶᠢᠨ ᠦᠢᠯᠡᠴᠢᠯᠡᠭᠡ ᠶᠢ ᠴᠤᠭᠴᠠᠵᠢᠭᠤᠯᠤᠭᠰᠠᠨ ᠬᠤᠲᠠ | ᠶᠢᠨ ᠤᠶᠤᠨᠴᠢᠯᠠᠭᠰᠠᠨ ᠬᠠᠮᠢᠶᠠᠷᠤᠯᠲᠠ ᠶᠢᠨ ᠰᠢᠰᠲ᠋ᠧᠮ ᠢ ᠲᠦᠷᠭᠡᠳᠭᠡᠨ ᠪᠠᠶᠢᠭᠤᠯᠵᠤ᠂ ᠬᠤᠲᠠ ᠶᠢᠨ ᠭᠤᠤᠯ ᠲᠤᠭᠤᠷᠢᠭ ᠪᠤᠯᠤᠨ ᠡᠯ᠎ᠡ ᠭᠤᠤᠯᠳᠠᠯᠭ᠎ᠠ ᠲᠠᠢ | ᠬᠤᠲᠠ ᠪᠠᠯᠭᠠᠰᠣᠨ ᠲᠤᠭᠤᠷᠢᠭ ᠤᠨ ᠭᠡᠪᠴᠢᠶᠡᠨ ᠳᠤ ᠦᠵᠡᠭᠳᠡᠮᠡᠯ ᠬᠠᠮᠢᠶᠠᠷᠤᠯᠲᠠ ᠶᠢ ᠲᠦᠬᠡᠮᠠᠯᠵᠢᠬᠦᠯᠬᠦ ᠶᠢ ᠪᠡᠶᠡᠯᠡᠬᠦᠯᠦᠨ᠎ᠡ᠃ ᠬᠤᠲᠠ ᠵᠢᠴᠢ ᠪᠠᠯᠭᠠᠰᠣᠨ | ᠲᠤᠭᠤᠷᠢᠭ ᠤᠨ ᠡᠷᠬᠢᠨ ᠲᠤᠭᠤᠷᠢᠨ ᠤ ᠭᠠᠵᠠᠷ ᠤᠷᠤᠨ ᠤ ᠤᠷᠴᠢᠨ ᠲᠤᠭᠤᠷᠢᠨ ᠢ ᠶᠡᠷᠦᠩᠬᠡᠶᠢᠯᠡᠨ ᠵᠠᠰᠠᠬᠤ ᠡᠷᠴᠢᠮ ᠢ ᠴᠢᠩᠭᠠᠷᠠᠭᠤᠯᠵᠤ᠂ ᠨᠢᠬᠡ ᠪᠦᠯᠦᠭ | ᠤᠰᠤ ᠪᠠᠷ ᠵᠠᠶᠢᠯᠠᠨ ᠤᠬᠢᠶᠠᠬᠤ ᠨᠡᠶᠢᠲᠡ ᠶᠢᠨ ᠵᠤᠷᠯᠤᠩ᠂ ᠬᠤᠭ ᠤᠨ ᠬᠠᠶᠢᠷᠴᠠᠭ᠂ ᠪᠤᠬᠢᠷ ᠤᠰᠤ ᠬᠤᠭ ᠯᠠᠭ ᠢ ᠬᠤᠷᠢᠶᠠᠨ ᠴᠤᠭᠯᠠᠭᠤᠯᠵᠤ ᠰᠢᠯᠵᠢᠬᠦᠯᠦᠨ | ᠵᠦᠬᠡᠬᠡᠪᠦᠷᠢᠯᠡᠬᠦ ᠵᠡᠷᠭᠡ ᠤᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠲᠦᠬᠦᠬᠡᠷᠦᠮᠵᠢ ᠶᠢ ᠨᠡᠮᠡᠨ ᠲᠤᠬᠢᠷᠠᠭᠤᠯᠵᠤ᠂ ᠬᠡᠷ ᠤᠨ ᠭᠠᠳᠠᠨᠠᠬᠢ ᠵᠠᠷ ᠮᠡᠳᠡᠭᠡ᠂ | ᠨᠡᠭᠦᠳᠡᠯ ᠲᠡᠯᠬᠡᠬᠦᠷ ᠴᠡᠭ᠂ ᠪᠠᠷᠢᠯᠭ᠎ᠠ ᠶᠢᠨ ᠭᠠᠵᠠᠷ᠂ ᠤᠯᠠᠨ ᠨᠠᠶᠢᠳᠠ ᠶᠢᠨ ᠲᠡᠯᠡᠪᠤᠷ ᠭᠠᠵᠠᠷ᠂ ᠵᠢᠵᠢᠭ ᠵᠡᠬᠡᠯᠢ ᠭᠤᠳᠤᠮᠵᠢ ᠵᠡᠷᠭᠡ ᠭᠤᠤᠯᠳᠠᠯᠭ᠎ᠠ ᠲᠠᠢ ᠤᠷᠤᠨ | ᠪᠦᠰᠡ ᠶᠢᠨ ᠡᠷᠡᠬᠦᠯ ᠬᠠᠮᠠᠭᠠᠯᠠᠯ ᠤᠷᠴᠢᠨ ᠲᠤᠭᠤᠷᠢᠨ ᠳᠤ ᠲᠤᠰᠬᠠᠢ ᠵᠦᠢᠯ ᠢᠶᠠᠷ ᠴᠡᠭᠴᠡᠯᠡᠨ ᠵᠠᠰᠠᠯᠳᠠ ᠬᠢᠬᠦ ᠠᠵᠢᠯᠯᠠᠭ᠎ᠠ ᠶᠢ ᠢᠳᠡᠪᠬᠢᠲᠠᠢ ᠦᠷᠨᠢᠬᠦᠯᠦᠨ᠎ᠡ᠃ | ᠨᠡᠶᠢᠬᠡᠮ ᠲᠤᠭᠤᠷᠢᠭ ᠤᠨ ᠬᠠᠮᠢᠶᠠᠷᠤᠯᠲᠠ ᠶᠢᠨ ᠦᠢᠯᠡᠴᠢᠯᠡᠬᠡᠨ ᠤ ᠬᠢᠷᠢ ᠲᠦᠪᠰᠢᠨ ᠢ ᠲᠠᠰᠣᠷᠠᠯᠲᠠ ᠦᠬᠡᠢ ᠲᠡᠭᠡᠭᠰᠢᠯᠡᠬᠦᠯᠵᠤ᠂ 60 ᠪᠠᠷᠢᠮᠵᠢᠶᠠᠵᠢᠭᠤᠯᠤᠭᠰᠠᠨ | ᠨᠡᠶᠢᠬᠡᠮ ᠲᠤᠭᠤᠷᠢᠭ ᠤᠨ ᠦᠢᠯᠡᠴᠢᠯᠡᠬᠡᠨ ᠤ ᠲᠦᠪ ᠢ ᠰᠢᠨ᠎ᠡ ᠪᠠᠷ ᠪᠤᠶᠤ ᠦᠬᠡᠷᠡᠴᠢᠯᠡᠵᠤ ᠦᠷᠭᠡᠳᠭᠡᠨ ᠪᠠᠶᠢᠭᠤᠯᠤᠨ᠎ᠠ᠃ | ︵ᠲᠠᠪᠤ︶ ᠬᠤᠲᠠ ᠬᠦᠳᠡᠭᠡ ᠶᠢ ᠨᠢᠬᠡᠳᠦᠯᠲᠠᠢ ᠲᠦᠯᠦᠪᠵᠢᠬᠦᠯᠦᠨ ᠬᠦᠭᠵᠢᠬᠦᠯᠬᠦ ᠠᠯᠬᠤᠴᠠ ᠶᠢ ᠲᠦᠷᠭᠡᠳᠭᠡᠨ᠎ᠡ᠃ ᠦᠪᠡᠷᠳᠡᠭᠡᠨ ᠵᠠᠰᠠᠬᠤ ᠤᠷᠤᠨ ᠤ | ᠬᠤᠲᠠ ᠬᠦᠳᠡᠭᠡ ᠶᠢ ᠨᠢᠬᠡᠳᠤᠯᠳᠡᠢ ᠲᠦᠯᠦᠪᠵᠢᠬᠦᠯᠬᠦ ᠶᠡᠷᠦᠩᠬᠡᠶᠢᠯᠡᠭᠰᠡᠨ ᠲᠦᠬᠦᠷᠵᠢᠬᠦᠯᠦᠯᠲᠡ ᠶᠢᠨ ᠲᠤᠷᠰᠢᠯᠲᠠ ᠶᠢᠨ ᠴᠡᠭ ᠤᠨ ᠪᠦᠲᠦᠬᠡᠨ ᠪᠠᠶᠢᠭᠤᠯᠤᠯᠲᠠ ᠶᠢ | ᠪᠦᠬᠦ ᠲᠠᠯ᠎ᠠ ᠪᠠᠷ ᠠᠬᠢᠭᠤᠯᠵᠤ᠂ ᠬᠤᠲᠠ ᠬᠦᠳᠡᠭᠡ ᠶᠢ ᠴᠤᠭᠴᠠᠵᠢᠭᠤᠯᠤᠨ᠂ ᠤᠷᠤᠨ ᠪᠦᠰᠡ ᠶᠢ ᠨᠢᠬᠡᠳᠦᠯᠲᠠᠢ ᠲᠦᠯᠦᠪᠵᠢᠬᠦᠯᠵᠤ᠂ ᠵᠤᠬᠢᠴᠠᠩᠭᠤᠢ ᠪᠠᠷ | ᠬᠦᠭᠵᠢᠬᠦᠯᠦᠭᠰᠡᠨ ᠰᠢᠨ᠎ᠡ ᠪᠦᠲᠦᠴᠡ ᠮᠠᠶ᠋ᠢᠭ ᠢ ᠲᠦᠷᠭᠡᠳᠭᠡᠨ ᠪᠠᠶᠢᠭᠤᠯᠤᠨ᠎ᠠ᠃ | ᠰᠢᠨ᠎ᠡ ᠮᠠᠯᠵᠢᠬᠤ ᠲᠠᠷᠢᠶᠠᠯᠠᠬᠤ ᠤᠷᠤᠨ ᠤ ᠪᠦᠲᠦᠬᠡᠨ ᠪᠠᠶᠢᠭᠤᠯᠤᠯᠲᠠ ᠶᠢ ᠴᠢᠩᠭᠠᠳᠬᠠᠨ᠎ᠠ᠃ ᠮᠠᠯᠵᠢᠬᠤ ᠲᠠᠷᠢᠶᠠᠯᠠᠬᠤ ᠤᠷᠤᠨ ᠤ ᠭᠠᠴᠠᠭ᠎ᠠ ᠲᠤᠰᠬᠠᠤᠨ᠂ | ᠠᠵᠤ ᠦᠢᠯᠡᠰ ᠪᠤᠯᠤᠨ ᠬᠦᠮᠦᠨ ᠠᠮᠠ ᠶᠢᠨ ᠪᠠᠶᠢᠷᠢᠯᠠᠭᠤᠯᠤᠯᠳᠠ ᠶᠢ ᠴᠢᠨᠠᠭᠰᠢᠲᠠ ᠲᠤᠬᠢᠷᠠᠭᠤᠯᠵᠤ᠂ ᠭᠠᠴᠠᠭ᠎ᠠ ᠲᠤᠰᠬᠤᠨ ᠢ ᠡᠮᠬᠢᠯᠡᠨ ᠨᠡᠶᠢᠯᠡᠬᠦᠯᠭᠦ ᠠᠵᠢᠯ ᠢ | ᠠᠬᠢᠭᠤᠯᠵᠤ᠂ ᠰᠤᠮᠤ ᠰᠢᠶᠠᠩ ᠪᠠᠯᠭᠠᠰᠣ ᠶᠢᠨ ᠪᠠᠶᠢᠭ᠎ᠠ ᠭᠠᠵᠠᠷ ᠢᠶᠠᠷ ᠭᠤᠤᠯᠳᠠᠯᠭ᠎ᠠ ᠪᠤᠯᠭᠠᠨ᠂ ᠭᠤᠤᠯ ᠰᠠᠭᠤᠭᠠᠯᠢ ᠠᠷᠠᠳ ᠤᠨ ᠴᠡᠭ ᠢᠶᠠᠷ ᠲᠤᠯᠭᠠᠭᠤᠷᠢ ᠪᠤᠯᠭᠠᠵᠤ | ᠂ ᠡᠩ ᠤᠨ ᠰᠠᠭᠤᠭᠠᠯᠢ ᠠᠷᠠᠳ ᠤᠨ ᠴᠡᠭ᠂ ᠲᠠᠷᠬᠠᠢ ᠰᠠᠭᠤᠷᠢᠰᠢᠵᠤ ᠪᠠᠶᠢᠭ᠎ᠠ ᠮᠠᠯᠴᠢᠨ ᠡᠷᠦᠬᠡ ᠪᠠᠷ ᠨᠦᠬᠦᠪᠦᠷᠢ ᠪᠤᠯᠭᠠᠭᠰᠠᠨ ᠭᠤᠷᠪᠠᠨ ᠱᠠᠲᠤᠨ ᠤ ᠭᠠᠴᠠᠭ᠎ᠠ | ᠲᠤᠰᠬᠤᠨ ᠤ ᠪᠦᠲᠦᠴᠡ ᠪᠠᠶᠢᠷᠢᠯᠠᠭᠤᠯᠤᠯᠲᠠ ᠶᠢ ᠪᠠᠶᠢᠭᠤᠯᠤᠨ᠎ᠠ᠃ ᠨᠢᠬᠡᠨᠳᠡ ᠪᠠᠷᠢᠯᠭ᠎ᠠ ᠡᠬᠢᠯᠡᠭᠰᠡᠨ 21 ᠭᠤᠤᠯᠳᠠᠯᠭᠠᠳᠤ ᠰᠠᠭᠤᠭᠠᠯᠢ ᠠᠷᠠᠳ ᠤᠨ ᠴᠡᠭ ᠤᠨ | ᠪᠦᠲᠦᠬᠡᠨ ᠪᠠᠶᠢᠭᠤᠯᠤᠯᠲᠠ ᠶᠢᠨ ᠠᠬᠢᠴᠠ ᠶᠢ ᠲᠦᠷᠭᠡᠳᠭᠡᠵᠤ᠂ 18 ᠰᠣᠳᠣᠨ ᠨᠡᠬᠦᠳᠡᠯ ᠠᠷᠠᠳ ᠤᠨ ᠵᠢᠵᠢᠭ ᠲᠤᠭᠤᠷᠢᠭ ᠤᠨ ᠢᠵᠢ ᠪᠦᠷᠢᠳᠦᠭᠰᠡᠨ | ᠲᠦᠬᠦᠬᠡᠷᠦᠮᠵᠢ ᠶᠢ ᠪᠦᠬᠦ ᠲᠡᠯ᠎ᠠ ᠪᠠᠷ ᠲᠡᠬᠦᠯᠳᠡᠷᠵᠢᠬᠦᠯᠵᠤ᠂ ᠰᠢᠯᠵᠢᠵᠤ ᠢᠷᠡᠬᠦ ᠮᠠᠯᠴᠢᠨ ᠲᠠᠷᠢᠶᠠᠴᠢᠳ ᠢ ᠲᠦᠷᠭᠡᠭᠡᠨ ᠨᠡᠬᠦᠯᠬᠡᠨ ᠠᠪᠴᠢᠷᠠᠵᠤ ᠰᠠᠭᠤᠯᠭᠠᠨ᠎ᠠ᠃ | ᠰᠢᠯᠵᠢᠵᠤ ᠭᠠᠷᠬᠤ ᠮᠠᠯᠴᠢᠨ ᠲᠠᠷᠢᠶᠠᠴᠢᠳ ᠤᠨ ᠠᠵᠢᠯ ᠤᠯᠭᠤᠯᠲᠠ ᠶᠢᠨ ᠠᠰᠠᠭᠤᠳᠠᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠤ᠂ ᠠᠵᠢᠯ ᠮᠡᠷᠭᠡᠵᠢᠯ | ᠤᠨ ᠪᠤᠯᠪᠠᠰᠣᠷᠠᠯ᠂ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ ᠭᠠᠷᠭᠠᠬᠤ᠂ ᠠᠵᠤ ᠦᠢᠯᠡᠰ ᠤᠨ ᠰᠠᠭᠤᠷᠢᠨ ᠭᠠᠵᠠᠷ ᠪᠠᠶᠢᠭᠤᠯᠬᠤ᠂ ᠪᠡᠶ᠎ᠡ | ᠪᠠᠨ ᠲᠠᠭᠠᠭᠠᠵᠤ ᠠᠳᠠᠯ ᠪᠤᠰᠬᠠᠬᠤ ᠶᠢ ᠲᠡᠮᠵᠢᠬᠦ ᠵᠡᠷᠭᠡ ᠠᠷᠭ᠎ᠠ ᠬᠡᠮᠵᠢᠶ᠎ᠡ ᠠᠪᠬᠤ ᠪᠠᠷ ᠲᠠᠮᠵᠢᠨ᠂ ᠬᠦᠳᠡᠯᠮᠦᠷᠢᠯᠡᠬᠦ ᠴᠢᠳᠠᠪᠤᠷᠢ ᠲᠠᠢ ᠰᠢᠯᠵᠢᠵᠤ ᠭᠠᠷᠤᠭᠰᠠᠨ ᠮᠠᠯᠴᠢᠨ | ᠲᠠᠷᠢᠶᠠᠴᠢᠨ ᠪᠦᠬᠦᠨ ᠳᠤ ᠲᠤᠭᠳᠠᠭᠤᠨ ᠢᠶᠠᠷ ᠠᠵᠢᠯ ᠤᠯᠭᠤᠨ᠎ᠠ᠃ ᠮᠠᠯᠵᠢᠬᠤ ᠲᠠᠷᠢᠶᠠᠯᠠᠬᠤ ᠤᠷᠤᠨ ᠤ ᠰᠠᠭᠤᠷᠢ ᠲᠦᠬᠦᠬᠡᠷᠦᠮᠵᠢ ᠶᠢᠨ ᠪᠦᠲᠦᠬᠡᠨ ᠪᠠᠶᠢᠭᠤᠯᠤᠯᠲᠠ | ᠶᠢᠨ ᠦᠬᠡᠷᠡᠴᠢᠯᠡᠯᠲᠡ ᠶᠢᠨ ᠡᠷᠴᠢᠮ ᠢ ᠴᠢᠩᠭᠠᠷᠠᠭᠤᠯᠵᠤ᠂ ᠲᠠᠷᠢᠶᠠᠨ ᠭᠠᠵᠠᠷ ᠣᠰᠣᠨ ᠠᠰᠢᠭᠯᠠᠯᠲᠠ᠂ ᠬᠦᠳᠡᠭᠡ ᠲᠤᠰᠬᠤᠨ ᠤ ᠵᠠᠮ᠂ ᠠᠶᠤᠯ ᠦᠬᠡᠢ ᠤᠰᠣ | ᠣᠮᠳᠠ᠂ ᠴᠠᠬᠢᠯᠭᠠᠨ ᠲᠤᠤᠷ ᠤᠨ ᠦᠬᠡᠷᠡᠴᠢᠯᠡᠯᠲᠡ᠂ ᠴᠢᠮᠡᠭᠡ ᠨᠡᠪᠳᠡᠷᠯᠡᠭᠡ ᠵᠡᠷᠭᠡ ᠰᠠᠭᠤᠷᠢ ᠲᠦᠬᠦᠬᠡᠷᠦᠮᠵᠢ ᠶᠢᠨ ᠪᠦᠲᠦᠬᠡᠨ ᠪᠠᠶᠢᠭᠤᠯᠤᠯᠲᠠ ᠶᠢ ᠠᠬᠢᠭᠤᠯᠤᠨ᠎ᠠ᠃ | ᠲᠤᠰᠬᠤᠨ ᠤ ᠦᠩᠬᠡ ᠲᠦᠷᠰᠦ ᠶᠢ ᠴᠡᠭᠴᠡᠯᠡᠨ ᠵᠠᠰᠠᠬᠤ ᠠᠵᠢᠯ ᠢ ᠬᠦᠨᠵᠡᠬᠡᠢ ᠠᠬᠢᠭᠤᠯᠵᠤ᠂ ᠮᠠᠯᠴᠢᠨ ᠲᠠᠷᠢᠶᠠᠴᠢᠳ ᠤᠨ ᠦᠢᠯᠡᠳᠪᠦᠷᠢᠯᠡᠯ ᠠᠮᠢᠲᠤᠷᠠᠯ ᠤᠨ | ᠨᠦᠬᠦᠴᠡᠯ ᠪᠤᠯᠤᠨ ᠤᠷᠤᠰᠢᠨ ᠰᠠᠭᠤᠷᠢᠰᠢᠬᠤ ᠤᠷᠴᠢᠨ ᠲᠤᠭᠤᠷᠢᠨ ᠢ ᠴᠢᠨᠠᠭᠰᠢᠳᠠ ᠰᠠᠶᠢᠵᠢᠷᠠᠭᠤᠯᠤᠨ᠎ᠠ᠃ ᠤᠳᠤᠭ ᠤᠨ ᠡᠮᠤᠨᠠᠳᠤ ᠬᠤᠰᠢᠭᠤᠨ ᠤ ᠬᠤᠲᠠ ᠬᠦᠳᠡᠭᠡ | ᠶᠢ ᠨᠢᠬᠡᠳᠦᠯᠲᠠᠢ ᠲᠦᠯᠦᠪᠵᠢᠬᠦᠯᠬᠦ ᠲᠤᠷᠰᠢᠯᠲᠠ ᠶᠢᠨ ᠴᠡᠭ ᠤᠨ ᠪᠦᠲᠦᠬᠡᠨ ᠪᠠᠶᠢᠭᠤᠯᠤᠯᠲᠠ ᠶᠢ ᠲᠦᠷᠭᠡᠳᠭᠡᠵᠤ᠂ ᠬᠤᠲᠠ ᠶᠢᠨ ᠡᠳ᠋ ᠤᠨ ᠵᠠᠰᠠᠭ ᠠᠴᠠ 5 | ᠳ᠋ᠦᠩᠰᠢᠭᠤᠷ ᠲᠦᠬᠦᠷᠢᠭ ᠤᠨ ᠲᠤᠰᠬᠠᠢ ᠵᠦᠢᠯ ᠤᠨ ᠪᠡᠯᠡ ᠮᠦᠩᠬᠦ ᠲᠤᠬᠢᠷᠠᠭᠤᠯᠤᠨ᠂ ᠤᠳᠤᠭ ᠤᠨ ᠡᠮᠦᠨᠡᠲᠦ ᠬᠤᠰᠢᠭᠤᠨ ᠤ ᠠᠵᠤ ᠦᠢᠯᠡᠰ ᠤᠨ ᠨᠡᠬᠡᠬᠡᠨ | ᠬᠦᠭᠵᠢᠬᠦᠯᠦᠯᠲᠡ᠂ ᠰᠠᠭᠤᠷᠢ ᠲᠦᠬᠦᠬᠡᠷᠦᠮᠵᠢ᠂ ᠨᠠᠬᠦᠯᠬᠡᠨ ᠰᠢᠯᠵᠢᠬᠦᠯᠦᠭᠰᠡᠨ ᠮᠠᠯᠴᠢᠨ ᠲᠡᠷᠢᠶᠠᠴᠢᠳ ᠤᠨ ᠤᠷᠤᠨ ᠰᠠᠭᠤᠴᠠ᠂ ᠰᠢᠨ᠎ᠡ ᠮᠠᠶ᠋ᠢᠭ ᠤᠨ ᠭᠠᠴᠠᠭ᠎ᠠ | ᠲᠤᠰᠬᠤᠨ ᠵᠡᠷᠭᠡ ᠪᠦᠲᠦᠬᠡᠨ ᠪᠠᠶᠢᠭᠤᠯᠤᠯᠲᠠ ᠳᠤ ᠲᠦᠪᠯᠡᠷᠡᠬᠦᠯᠦᠨ ᠭᠡᠷᠡᠭᠯᠡᠵᠤ᠂ ᠮᠠᠯᠵᠢᠬᠤ ᠲᠠᠷᠢᠶᠠᠯᠠᠬᠤ ᠤᠷᠤᠨ ᠤ ᠬᠦᠮᠦᠨ ᠠᠮᠠ ᠶᠢ ᠰᠢᠨ᠎ᠡ ᠪᠠᠷ 1.2 | ᠲᠦᠮᠠ ᠬᠦᠮᠦᠨ ᠰᠢᠯᠵᠢᠬᠦᠯᠦᠨ᠎ᠡ᠃ | ᠤᠳᠤ ᠦᠶ᠎ᠠ ᠶᠢᠨ ᠲᠠᠷᠢᠶᠠᠯᠠᠩ ᠮᠠᠯ ᠠᠵᠤ ᠠᠬᠤᠢ ᠶᠢ ᠶᠡᠬᠡᠪᠡᠷ ᠬᠦᠭᠵᠢᠬᠦᠯᠤᠨ᠎ᠠ᠃ ᠤᠳᠤ ᠦᠶ᠎ᠠ ᠶᠢᠨ ᠲᠡᠷᠢᠶᠠᠯᠠᠩ ᠮᠠᠯ ᠠᠵᠤ ᠠᠬᠤᠢ ᠶᠢᠨ ᠬᠦᠭᠵᠢᠯᠳᠠ | ᠶᠢᠨ ᠲᠦᠯᠦᠪᠵᠢᠬᠦᠯᠬᠡ ᠶᠢ ᠨᠠᠶᠢᠷᠡᠭᠤᠯᠤᠨ ᠵᠤᠬᠢᠶᠠᠵᠤ᠂ ᠤᠳᠤ ᠦᠶ᠎ᠠ ᠶᠢᠨ ᠲᠠᠷᠢᠶᠠᠯᠠᠩ ᠮᠠᠯ ᠠᠵᠤ ᠠᠬᠤᠢ ᠶᠢ ᠬᠠᠲᠤᠨ ᠭᠤᠤᠯ ᠲᠠᠭᠠᠤ ᠵᠡᠷᠭᠡ ᠲᠠᠪᠠᠭᠤᠯᠢᠭ | ᠭᠠᠵᠠᠷ ᠤᠷᠤᠨ ᠵᠦᠭ ᠲᠦᠪᠯᠡᠷᠡᠬᠦᠯᠬᠦ ᠶᠢ ᠠᠬᠢᠭᠤᠯᠵᠤ᠂ ᠰᠢᠨ᠎ᠡ ᠪᠠᠷ 33 ᠲᠦᠮᠡᠨ ᠮᠤ᠋ ᠶᠢᠨ ᠭᠠᠵᠠᠷ ᠰᠢᠷᠤᠢ ᠶᠢᠨ ᠬᠡᠪᠴᠢᠶᠠᠵᠢᠭ᠍ᠰᠡᠨ ᠡᠵᠡᠩᠨᠡᠯᠲᠡ ᠶᠢᠨ ᠲᠠᠯᠠᠪᠠᠢ | ᠶᠢ ᠨᠡᠮᠡᠭᠳᠡᠬᠦᠯᠵᠤ᠂ 2 ᠲᠦᠮᠡᠨ ᠮᠤ᠋ ᠶᠢᠨ ᠲᠦᠬᠦᠬᠡᠷᠦᠮᠵᠢᠲᠦ ᠲᠠᠷᠢᠶᠠᠯᠠᠩ ᠤᠨ ᠰᠠᠭᠤᠷᠢᠨ ᠭᠠᠵᠠᠷ ᠢ ᠰᠢᠨ᠎ᠡ ᠪᠠᠷ ᠪᠠᠶᠢᠭᠤᠯᠵᠤ᠂ ᠨᠢᠬᠡ ᠪᠦᠯᠦᠭ ᠣᠳᠣ ᠦᠶ᠎ᠡ | ᠶᠢᠨ ᠨᠤᠳᠤᠭ ᠪᠡᠯᠴᠢᠬᠡᠷ ᠤᠨ ᠮᠠᠯ ᠠᠵᠤ ᠠᠬᠤᠢ ᠶᠢᠨ ᠵᠢᠱᠢᠶ᠎ᠡ ᠦᠵᠡᠬᠦᠯᠬᠦ ᠡᠷᠦᠬᠡ ᠶᠢ ᠬᠦᠭᠵᠢᠬᠦᠯᠵᠤ᠂ 12 ᠲᠦᠮᠡᠨ ᠮᠤ᠋ ᠶᠢᠨ ᠲᠡᠵᠢᠬᠡᠯ ᠡᠪᠡᠰᠦ ᠪᠤᠷᠳᠤᠭᠠᠨ | ᠤ ᠰᠠᠭᠤᠷᠢᠨ ᠭᠠᠵᠠᠷ ᠢ ᠲᠦᠬᠦᠷᠵᠢᠬᠦᠯᠦᠨ ᠪᠠᠶᠢᠭᠤᠯᠤᠨ᠎ᠠ᠃ ᠲᠠᠷᠢᠶᠠᠯᠠᠩ ᠮᠠᠯ ᠠᠵᠤ ᠠᠬᠤᠢ ᠶᠢᠨ ᠪᠦᠲᠦᠴᠡ ᠳᠤ ᠲᠤᠬᠢᠷᠠᠭᠤᠯᠤᠯᠲᠠ ᠬᠢᠵᠤ᠂ ᠤᠨᠴᠠᠯᠢᠭᠲᠤ | ᠲᠠᠷᠢᠮᠠᠯ ᠲᠡᠵᠢᠬᠡᠪᠦᠷᠢ ᠶᠢᠨ ᠦᠢᠯᠡᠰ ᠢ ᠶᠡᠬᠡᠪᠡᠷ ᠭᠦᠭᠵᠢᠬᠦᠯᠵᠤ᠂ ᠴᠢᠨᠠᠷ ᠰᠠᠶᠢᠲᠠᠢ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠬᠡᠭᠳᠡᠬᠦᠨ ᠦᠢᠯᠡᠳᠪᠦᠷᠢᠯᠡᠯ | ᠤᠨ ᠰᠠᠭᠤᠷᠢᠨ ᠭᠠᠵᠠᠷ ᠢ ᠪᠠᠶᠢᠭᠤᠯᠤᠨ᠎ᠠ᠃ ᠪᠦᠬᠦ ᠬᠤᠲᠠ ᠳᠤ ᠠᠯᠠᠰᠢᠨ ᠬᠤᠨᠢ ᠢᠮᠠᠭ᠎ᠠ᠂ ᠠᠯᠠᠰᠢᠨ ᠦᠬᠡᠷ᠂ ᠠᠮᠢᠲᠤ ᠭᠠᠭ᠋ᠠᠢ ᠶᠢᠨ ᠡᠷᠴᠢᠮᠵᠢᠬᠦᠯᠦᠭᠰᠡᠨ | ᠲᠡᠵᠢᠬᠡᠪᠦᠷᠢ ᠶᠢᠨ ᠬᠦᠷᠢᠶᠡᠯᠡᠩ ᠲᠤᠭᠤᠷᠢᠭ ᠂ 1270 ᠵᠢᠱᠢᠶ᠎ᠡ ᠦᠵᠡᠬᠦᠯᠬᠦ ᠲᠡᠵᠢᠬᠡᠪᠦᠷᠢ ᠶᠢᠨ ᠲᠤᠮᠤ ᠡᠷᠦᠬᠡ ᠂ 3.5 ᠲᠦᠮᠡᠨ ᠮᠤ᠋ ᠶᠢᠨ ᠦᠨᠳᠦᠷ ᠦᠷ᠎ᠡ | ᠠᠰᠢᠭᠲᠤ ᠵᠢᠭᠠᠰᠣᠨ ᠤ ᠦᠢᠯᠡᠰ ᠤᠨ ᠲᠡᠵᠢᠬᠡᠪᠦᠷᠢ ᠶᠢᠨ ᠲᠠᠯᠠᠪᠠᠢ᠂ 8 ᠲᠦᠮᠡᠨ ᠮᠤ᠋ ᠶᠢᠨ ᠴᠢᠨᠠᠷ ᠰᠠᠶᠢᠲᠠᠢ ᠭᠤᠸ᠎ᠠ ᠵᠢᠮᠢᠰ ᠨᠠᠪᠴᠢ ᠨᠤᠭᠤᠭᠠᠨ ᠤ ᠰᠠᠭᠤᠷᠢᠨ | ᠭᠠᠵᠠᠷ ᠢ ᠰᠢᠨ᠎ᠠ ᠪᠠᠷ ᠪᠤᠶᠤ ᠦᠷᠬᠡᠳᠬᠡᠨ ᠪᠠᠶᠢᠭᠤᠯᠤᠨ᠎ᠠ᠃ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠬᠡᠭᠳᠡᠬᠦᠨ ᠤ ᠪᠠᠷᠢᠮᠵᠢᠶᠠᠲᠦ ᠦᠢᠯᠡᠳᠪᠦᠷᠢᠯᠡᠯ᠂ | ᠬᠦᠨ ᠡᠳ᠋ᠰᠢᠬᠦᠯᠦᠨ ᠪᠤᠯᠪᠠᠰᠣᠷᠠᠭᠤᠯᠬᠤ᠂ ᠰᠢᠷᠢᠰ ᠪᠦᠲᠦᠬᠡᠭᠳᠡᠬᠦᠨ ᠢ ᠨᠡᠬᠡᠬᠡᠨ ᠬᠦᠭᠵᠢᠬᠦᠯᠬᠦ᠂ ᠬᠤᠪᠢᠷᠠᠭᠤᠯᠤᠨ ᠦᠷᠳᠡᠭ ᠢ ᠨᠢ ᠨᠡᠮᠡᠭᠳᠡᠬᠦᠯᠬᠦ ᠠᠵᠢᠯ ᠢ | ᠠᠬᠢᠭᠤᠯᠵᠤ᠂ ᠤᠷᠤᠨ ᠪᠦᠰᠡ ᠶᠢᠨ ᠨᠢᠬᠡᠳᠦᠯᠲᠠᠢ ᠨᠡᠷᠡᠲᠦ ᠲᠡᠮᠳᠡᠭ ᠢ ᠡᠬᠦᠳᠦᠨ᠎ᠡ᠃ ᠵᠠᠬ᠎ᠠ ᠲᠡᠯᠬᠡᠬᠦᠷ ᠤᠨ ᠬᠦᠢᠯᠬᠡᠬᠡᠨ ᠤ ᠰᠢᠰᠲ᠋ᠧᠮᠵᠢ ᠶᠢᠨ ᠪᠠᠶᠢᠭᠤᠯᠤᠯᠲᠠ | ᠶᠢ ᠴᠢᠩᠭᠠᠳᠬᠠᠵᠤ᠂ 1 ᠲᠤᠮᠤ ᠭᠡᠯᠪᠡᠷᠢ ᠶᠢᠨ ᠠᠮᠢᠲᠤ ᠮᠠᠯ ᠤᠨ ᠠᠷᠠᠯᠵᠢᠶᠠᠨ ᠤ ᠵᠠᠬ᠎ᠠ ᠲᠡᠯᠬᠡᠬᠦᠷ ᠂ 10 ᠲᠤᠮᠤ ᠬᠡᠯᠪᠡᠷᠢ ᠶᠢᠨ ᠲᠠᠷᠢᠶᠠᠯᠠᠩ ᠮᠠᠯ ᠤᠨ | ᠠᠰᠢᠭ ᠰᠢᠮ᠎ᠡ ᠶᠢ ᠪᠦᠲᠦᠬᠡᠭᠳᠡᠬᠦᠨ ᠢ ᠬᠦᠮᠦᠷᠭᠡᠯᠡᠨ ᠬᠠᠳᠠᠭᠠᠯᠠᠬᠤ ᠪᠤᠳᠠᠰ ᠤᠨ ᠬᠦᠢᠯᠬᠡᠬᠡᠨ ᠤ ᠲᠦᠪ ᠢ ᠪᠠᠶᠢᠭᠤᠯᠵᠤ᠂ ᠲᠠᠷᠢᠶᠠᠯᠠᠩ ᠮᠠᠯ ᠤᠨ ᠠᠰᠢᠭ ᠰᠢᠮ᠎ᠡ | ᠶᠢᠨ ᠪᠦᠲᠦᠭᠡᠭᠳᠡᠬᠦᠨ ᠢ ᠬᠤᠳᠠᠯᠳᠤᠬᠤ ᠳᠤ ᠬᠦᠴᠢᠷ ᠪᠠᠶᠢᠬᠤ ᠠᠰᠠᠭᠤᠳᠠᠯ ᠢ ᠦᠨᠡᠨᠬᠦ ᠰᠢᠢᠳᠪᠦᠷᠢᠯᠡᠨ᠎ᠡ᠃ | ᠶᠠᠳᠠᠭᠤ ᠶᠢ ᠲᠡᠳᠭᠦᠵᠤ ᠨᠡᠬᠡᠬᠡᠯᠲᠡ ᠬᠢᠬᠦ ᠡᠷᠴᠢᠮ ᠢᠶᠠᠨ ᠦᠨᠡᠨᠬᠦ ᠴᠢᠩᠭᠠᠷᠠᠭᠤᠯᠤᠨ᠎ᠠ᠃ ᠶᠠᠳᠠᠭᠤ ᠶᠢ ᠲᠡᠳᠬᠦᠬᠦ ᠠᠵᠢᠯ ᠢ ᠠᠷᠠᠳ ᠤᠨ ᠠᠮᠢᠲᠤᠷᠠᠯ ᠤᠨ | ᠲᠡᠷᠢᠬᠦᠨ ᠴᠢᠬᠤᠯᠠ ᠢᠨᠵᠧᠨᠧᠷᠢᠩ ᠪᠤᠯᠭᠠᠵᠤ᠂ ᠰᠢᠨ᠎ᠡ ᠨᠢᠬᠡᠨ ᠡᠬᠡᠯᠵᠢ ᠶᠢᠨ ᠶᠠᠳᠠᠭᠤ ᠶᠢ ᠲᠡᠳᠭᠦᠵᠤ ᠨᠡᠬᠡᠬᠡᠯᠲᠡ ᠬᠢᠬᠦ ᠠᠵᠢᠯ ᠢ ᠪᠦᠬᠦ ᠲᠠᠯ᠎ᠠ ᠪᠠᠷ | ᠡᠬᠢᠯᠠᠬᠦᠯᠤᠨᠠ᠃ ᠶᠠᠳᠠᠭᠤ ᠶᠢ ᠲᠡᠳᠬᠦᠵᠤ ᠨᠡᠬᠡᠬᠡᠯᠲᠡ ᠬᠢᠬᠦ ᠠᠵᠢᠯ ᠢ ᠤᠲᠤ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢ ᠬᠦᠭᠵᠢᠬᠦᠯᠬᠦ ᠯᠦᠭᠡ ᠬᠠᠷᠢᠯᠴᠠᠨ | ᠤᠶᠠᠯᠳᠤᠭᠤᠯᠬᠤ ᠶᠢ ᠪᠠᠷᠢᠮᠲᠠᠯᠠᠵᠤ᠂ ᠭᠠᠵᠠᠷ ᠤᠷᠤᠨ ᠳᠤᠨᠢ ᠲᠤᠬᠢᠷᠠᠭᠤᠯᠤᠨ ᠲᠠᠪᠠᠭᠤᠯᠢᠭ ᠤᠨᠴᠠᠯᠢᠭᠲᠤ ᠠᠵᠤ ᠦᠢᠯᠡᠰ ᠢ ᠪᠤᠶᠢᠵᠢᠭᠤᠯᠤᠨ ᠬᠦᠭᠵᠢᠬᠦᠯᠵᠤ᠂ | ᠬᠦᠴᠢᠷᠳᠡᠯᠳᠡᠢ ᠮᠠᠯᠴᠢᠨ ᠲᠠᠷᠢᠶᠠᠴᠢᠳ ᠤᠨ ᠦᠢᠯᠡᠳᠪᠦᠷᠢᠯᠡᠯ ᠡᠵᠡᠩᠨᠡᠯᠲᠡ ᠶᠢᠨ ᠴᠢᠨᠠᠷᠲᠠᠢ ᠤᠷᠤᠯᠭ᠎ᠠ ᠶᠢ ᠲᠤᠭᠳᠠᠭᠤᠨ ᠢᠶᠠᠷ ᠨᠡᠮᠡᠭᠳᠡᠬᠦᠯᠦᠨ᠎ᠡ᠃ ᠪᠦᠬᠦᠯᠢ | ᠲᠤᠰᠬᠤᠨ ᠢᠶᠠᠷ ᠶᠠᠳᠠᠭᠤ ᠶᠢ ᠲᠡᠳᠬᠦᠵᠤ ᠨᠡᠭᠡᠭᠡᠯᠲᠡ ᠬᠢᠬᠦ ᠢᠨᠵᠧᠨᠧᠷᠢᠩ ᠢ ᠭᠡᠷᠡᠭᠵᠢᠬᠦᠯᠵᠤ᠂ ᠡᠯ᠎ᠡ ᠲᠦᠷᠦᠯ ᠤᠨ ᠮᠠᠯ ᠲᠠᠷᠢᠶᠠᠯᠠᠩ ᠳᠤ ᠬᠤᠯᠪᠤᠭᠳᠠᠬᠤ ᠪᠡᠯᠡ | ᠮᠦᠩᠬᠦ ᠪᠤᠯᠤᠨ ᠨᠡᠶᠢᠬᠡᠮ ᠤᠨ ᠲᠤᠰᠠᠯᠠᠮᠵᠢ ᠶᠢᠨ ᠪᠡᠯᠡ ᠮᠦᠩᠬᠦ ᠶᠢ ᠡᠮᠬᠢᠯᠡᠨ ᠨᠡᠶᠢᠯᠡᠬᠦᠯᠵᠤ᠂ ᠬᠦᠭᠵᠢᠬᠦᠯᠬᠦ ᠨᠦᠬᠦᠴᠡᠯ ᠢ ᠪᠦᠷᠢᠯᠳᠦᠬᠦᠯᠦᠭᠰᠡᠨ ᠶᠠᠳᠠᠭᠤ | ᠬᠦᠴᠢᠷᠳᠠᠯᠳᠡᠢ ᠭᠠᠴᠠᠭ᠎ᠠ ᠲᠤᠰᠬᠤᠨ ᠳᠤ ᠲᠦᠪᠯᠡᠷᠡᠩᠬᠦᠢ ᠪᠠᠷ ᠪᠡᠯᠡ ᠤᠷᠤᠭᠤᠯᠤᠨ᠂ ᠪᠦᠬᠦᠯᠢ ᠲᠤᠰᠬᠤᠨ ᠢᠶᠠᠷ ᠶᠠᠳᠠᠭᠤ ᠠᠴᠠ ᠠᠩᠬᠢᠵᠢᠷᠠᠭᠤᠯᠬᠤ ᠶᠢ | ᠪᠡᠶᠡᠯᠡᠬᠦᠯᠦᠨ᠎ᠡ᠃ ᠨᠡᠬᠡᠬᠡᠨ ᠬᠦᠭᠵᠢᠬᠦᠯᠬᠦ ᠶᠢ ᠴᠠᠭᠠᠵᠠᠯᠠᠭᠰᠠᠨ ᠤᠷᠤᠨ ᠤ ᠬᠦᠴᠢᠷᠳᠠᠯᠳᠡᠢ ᠭᠠᠴᠠᠭ᠎ᠠ ᠲᠤᠰᠬᠤᠨ ᠢ ᠠᠭᠠᠵᠢᠮ ᠢᠶᠠᠷ ᠪᠦᠬᠦᠯᠢ ᠴᠤᠭᠴᠠ ᠪᠠᠷ | ᠨᠡᠬᠦᠯᠬᠡᠨ ᠰᠢᠯᠵᠢᠬᠦᠯᠵᠤ᠂ ᠬᠦᠴᠢᠷᠳᠠᠯᠳᠡᠢ ᠮᠠᠯᠴᠢᠨ ᠲᠠᠷᠢᠶᠠᠴᠢᠳ ᠢ ᠲᠡᠮᠵᠢᠨ ᠬᠤᠲᠠ ᠪᠠᠯᠭᠠᠰᠣ ᠪᠤᠯᠤᠨ ᠬᠤᠶᠠᠳᠣᠭᠠᠷ ᠭᠤᠷᠪᠠᠳᠣᠭᠠᠷ ᠠᠵᠤ ᠦᠢᠯᠡᠰ ᠵᠦᠭ | ᠰᠢᠯᠵᠢᠬᠦᠯᠵᠤ᠂ ᠲᠡᠳᠠᠨᠠᠷ ᠤᠨ ᠪᠤᠯᠪᠠᠰᠣᠷᠠᠯ ᠬᠦᠷᠳᠡᠵᠤ ᠠᠵᠢᠯ ᠤᠯᠬᠤ᠂ ᠤᠷᠤᠨ ᠰᠠᠭᠤᠴᠠ᠂ ᠨᠡᠶᠢᠬᠡᠮ ᠤᠨ ᠪᠠᠲᠤᠯᠠᠭ᠎ᠠ᠂ ᠦᠷ᠎ᠡ ᠬᠡᠤᠭᠡᠳ ᠤᠨ ᠰᠣᠷᠭᠠᠭᠤᠯᠢ | ᠳᠤ ᠰᠠᠭᠤᠬᠤ ᠵᠡᠷᠭᠡ ᠠᠰᠠᠭᠤᠳᠠᠯ ᠢ ᠲᠤᠬᠢᠲᠠᠢ ᠰᠢᠢᠳᠪᠦᠷᠢᠯᠡᠵᠤ᠂ ᠡᠳᠡᠭᠡᠷ ᠬᠦᠮᠦᠰ ᠢ ᠰᠢᠯᠵᠢᠬᠦᠯᠤᠨ ᠭᠠᠷᠭᠠᠨ ᠲᠤᠭᠳᠠᠪᠤᠷᠢᠵᠢᠭᠤᠯᠬᠤ ᠪᠠ ᠪᠠᠶᠠᠵᠢᠭᠤᠯᠬᠤ ᠶᠢ | ᠦᠨᠡᠨᠬᠦ ᠪᠠᠳᠤᠯᠠᠨ᠎ᠠ᠃ ᠬᠦᠴᠢᠷᠳᠠᠯᠳᠡᠢ ᠬᠡᠷ ᠪᠦᠯᠢ ᠶᠢᠨ ᠶᠡᠭᠡ ᠰᠣᠷᠭᠠᠭᠤᠯᠢ ᠶᠢᠨ ᠤᠶᠤᠳᠠᠳ ᠢ ᠲᠦᠪᠬᠢᠨᠡᠬᠦᠯᠦᠨ ᠠᠵᠢᠯ ᠤᠯᠭᠤᠬᠤ ᠡᠷᠴᠢᠮ ᠢ ᠴᠢᠩᠭᠠᠳᠬᠠᠵᠤ | ᠂ ᠪᠦᠬᠦᠳᠠ ᠳᠤᠨᠢ ᠠᠵᠢᠯ ᠤᠯᠭᠤᠬᠤ ᠶᠢ ᠦᠨᠡᠨᠬᠦ ᠪᠠᠲᠤᠯᠠᠨ᠎ᠠ᠃ ᠭᠤᠤᠯᠳᠠᠯᠭ᠎ᠠ ᠲᠠᠢ ᠪᠠᠷ ᠰᠢᠪᠲᠤᠯᠤᠯᠲᠠ ᠬᠢᠬᠦ ᠶᠢ ᠪᠠᠷᠢᠮᠲᠠᠯᠠᠵᠤ᠂ ᠬᠠᠩᠬᠢᠨ ᠬᠤᠰᠢᠭᠤ ᠪᠦᠬᠦ | ᠬᠤᠲᠠ ᠶᠢᠨ ᠶᠠᠳᠠᠭᠤ ᠶᠢ ᠲᠡᠳᠬᠦᠵᠤ ᠨᠡᠭᠡᠭᠡᠯᠲᠡ ᠬᠢᠬᠦ ᠵᠢᠱᠢᠶ᠎ᠡ ᠦᠵᠡᠬᠦᠯᠬᠦ ᠤᠷᠤᠨ ᠪᠤᠯᠤᠭᠰᠠᠨ ᠤ ᠬᠤᠪᠢ ᠳᠤ᠂ ᠬᠤᠲᠠ ᠶᠢᠨ ᠡᠳ᠋ ᠤᠨ ᠵᠠᠰᠠᠭ ᠠᠴᠠ 4 | ᠳ᠋ᠦᠩᠰᠢᠭᠤᠷ ᠲᠦᠬᠦᠷᠢᠭ ᠤᠨ ᠲᠤᠰᠬᠠᠢ ᠵᠦᠢᠯ ᠤᠨ ᠪᠡᠯᠡ ᠮᠦᠩᠬᠦ ᠲᠤᠬᠢᠷᠠᠭᠤᠯᠤᠨ᠂ ᠬᠠᠩᠬᠢᠨ ᠬᠤᠰᠢᠭᠤᠨ ᠤ ᠶᠠᠳᠠᠭᠤ ᠶᠢ ᠲᠡᠳᠬᠦᠵᠤ ᠨᠡᠭᠡᠭᠡᠯᠲᠡ ᠬᠢᠬᠦ ᠠᠵᠢᠯ | ᠳᠤ ᠲᠦᠪᠯᠡᠷᠡᠬᠦᠯᠦᠨ ᠬᠡᠷᠡᠭᠯᠡᠵᠤ᠂ ᠬᠠᠩᠬᠢᠨ ᠬᠤᠰᠢᠭᠤᠨ ᠤ ᠶᠠᠳᠠᠭᠤ ᠬᠦᠴᠢᠷᠳᠠᠯᠳᠡᠢ ᠭᠠᠵᠠᠷ ᠤᠷᠤᠨ ᠤ ᠶᠠᠳᠠᠭᠤ ᠠᠴᠠ ᠠᠩᠬᠢᠵᠢᠷᠠᠨ ᠪᠠᠶᠠᠵᠢᠯ ᠤᠨ ᠵᠠᠮ ᠳᠠᠭᠠᠨ | ᠤᠷᠤᠬᠤ ᠠᠬᠢᠴᠠ ᠶᠢ ᠪᠦᠬᠦ ᠲᠠᠯ᠎ᠠ ᠪᠠᠷ ᠲᠦᠷᠭᠡᠳᠬᠡᠨ᠎ᠡ᠃ | ᠨᠢᠬᠡᠳᠦᠯᠲᠠᠢ ᠲᠦᠯᠦᠪᠵᠢᠬᠦᠯᠦᠨ ᠬᠦᠭᠵᠢᠬᠦᠯᠬᠦ ᠪᠠᠶᠢᠭᠤᠯᠤᠯ ᠤᠨ ᠲᠤᠭᠳᠠᠴᠠ ᠶᠢᠨ ᠰᠢᠨ᠎ᠡ ᠶᠢ ᠡᠬᠦᠳᠦᠨ᠎ᠡ᠃ ᠭᠠᠵᠠᠷ ᠰᠢᠷᠤᠢ ᠨᠤᠳᠤᠭ ᠪᠡᠯᠴᠢᠭᠡᠷ ᠤᠨ | ᠡᠵᠡᠩᠨᠡᠯᠲᠡ ᠶᠢᠨ ᠲᠦᠷᠢᠮ ᠤᠨ ᠦᠬᠡᠷᠡᠴᠢᠯᠡᠯᠲᠡ ᠶᠢ ᠬᠦᠨᠵᠡᠬᠡᠶᠢᠷᠡᠬᠦᠯᠵᠤ᠂ ᠮᠠᠯᠴᠢᠨ ᠲᠡᠷᠢᠶᠠᠴᠢᠳ ᠢ ᠵᠤᠷᠢᠭᠵᠢᠭᠤᠯᠤᠨ ᠲᠦᠷᠢᠶᠡᠰᠦᠯᠡᠬᠦᠯᠬᠦ᠂ ᠬᠤᠪᠢ | ᠤᠷᠤᠭᠤᠯᠬᠤ᠂ ᠬᠤᠪᠢᠷᠠᠭᠤᠯᠬᠤ ᠵᠡᠷᠭᠡ ᠠᠷᠭ᠎ᠠ ᠮᠠᠶ᠋ᠢᠭ ᠢᠶᠠᠷ ᠭᠠᠵᠠᠷ ᠰᠢᠷᠤᠢ ᠪᠠ ᠨᠤᠳᠤᠭ ᠪᠡᠯᠴᠢᠭᠡᠷ ᠤᠨ ᠡᠷᠴᠢᠮᠵᠢᠭᠰᠡᠨ᠂ ᠬᠡᠪᠴᠢᠶᠠᠵᠢᠭ᠍ᠰᠡᠨ ᠡᠵᠡᠩᠨᠡᠯᠲᠡ ᠳᠤ | ᠤᠷᠤᠯᠴᠠᠭᠤᠯᠤᠨ᠎ᠠ᠃ ᠮᠠᠯᠵᠢᠬᠤ ᠲᠠᠷᠢᠶᠠᠯᠠᠬᠤ ᠤᠷᠤᠨ ᠤ ᠭᠠᠵᠠᠷ ᠰᠢᠷᠤᠢ ᠶᠢᠨ ᠡᠷᠬᠡ ᠶᠢ ᠵᠦᠪᠰᠢᠶᠠᠷᠡᠨ ᠲᠡᠩᠰᠠᠯᠠᠬᠤ ᠪᠤᠯᠤᠨ ᠦᠨᠡᠮᠯᠡᠯ ᠤᠯᠭᠤᠬᠤ ᠠᠵᠢᠯ ᠢ | ᠦᠷᠨᠢᠬᠦᠯᠵᠤ᠂ ᠮᠠᠯᠵᠢᠬᠤ ᠲᠠᠷᠢᠶᠠᠯᠠᠬᠤ ᠤᠷᠤᠨ ᠤ ᠭᠠᠵᠠᠷ ᠰᠢᠷᠤᠢ ᠶᠢᠨ ᠡᠵᠡᠩᠨᠡᠯᠲᠡ ᠶᠢᠨ ᠡᠷᠭᠡ ᠪᠤᠯᠤᠨ ᠤᠷᠤᠨ ᠰᠠᠭᠤᠴᠠ ᠶᠢ ᠪᠠᠷᠢᠴᠠᠭᠠᠯᠠᠭᠰᠠᠨ ᠵᠢᠬᠡᠯᠡᠯᠬᠡ | ᠵᠡᠷᠭᠡ ᠪᠠᠶᠢᠭᠤᠯᠤᠯ ᠤᠨ ᠦᠬᠡᠷᠡᠴᠢᠯᠡᠯᠲᠡ ᠶᠢ ᠠᠬᠢᠭᠤᠯᠵᠤ᠂ ᠬᠠᠮᠲᠤ ᠶᠢᠨ ᠤᠢ ᠮᠤᠳᠤᠨ ᠤ ᠡᠷᠭᠡ ᠶᠢᠨ ᠲᠦᠷᠢᠮ ᠤᠨ ᠦᠬᠡᠷᠡᠴᠢᠯᠡᠯᠲᠡ ᠶᠢᠨ ᠡᠬᠦᠷᠭᠡ ᠶᠢ | ᠪᠡᠶᠡᠯᠡᠬᠦᠯᠦᠨ᠎ᠡ᠃ ᠬᠤᠲᠠ ᠬᠦᠳᠡᠭᠡ ᠶᠢᠨ ᠴᠤᠭᠴᠠᠵᠢᠭᠰᠠᠨ ᠡᠷᠦᠬᠡ ᠠᠮᠠ ᠶᠢᠨ ᠬᠠᠮᠢᠶᠠᠷᠤᠯᠲᠠ ᠶᠢᠨ ᠲᠦᠷᠢᠮ ᠢ ᠠᠯᠬᠤᠮ ᠠᠯᠬᠤᠮ ᠢᠶᠠᠷ ᠪᠠᠶᠢᠭᠤᠯᠵᠤ᠂ | ᠰᠢᠯᠵᠢᠵᠤ ᠭᠠᠷᠤᠭᠰᠠᠨ ᠮᠠᠯᠴᠢᠨ ᠲᠡᠷᠢᠶᠠᠴᠢᠳ ᠤᠨ ᠲᠠᠭᠠᠭᠠᠴᠢᠯᠠᠭᠰᠠᠨ ᠭᠠᠵᠠᠷ ᠰᠢᠷᠤᠢ᠂ ᠨᠤᠳᠤᠭ ᠪᠡᠯᠴᠢᠬᠡᠷ᠂ ᠪᠠᠶᠢᠰᠢᠩ ᠤᠨ ᠰᠠᠭᠤᠷᠢ ᠭᠠᠵᠠᠷ ᠵᠢᠴᠢ ᠬᠠᠮᠲᠤ | ᠶᠢᠨ ᠠᠵᠤ ᠠᠬᠤᠢ ᠶᠢᠨ ᠭᠡᠷᠡᠭᠯᠡᠯᠲᠡ ᠶᠢᠨ ᠡᠷᠭᠡ ᠪᠤᠯᠤᠨ ᠠᠰᠢᠭ ᠤᠯᠵᠠᠪᠤᠷᠢ ᠤᠯᠬᠤ ᠡᠷᠭᠡ ᠶᠢ ᠵᠤᠬᠢᠬᠤ ᠬᠤᠭᠤᠴᠠᠭᠠᠨ ᠲᠤᠳᠤᠷ᠎ᠠ ᠦᠯᠡᠳᠡᠬᠡᠵᠤ ᠡᠬᠦᠨ ᠤ | ᠵᠡᠷᠬᠡᠪᠡᠷ ᠬᠤᠲᠠ ᠪᠠᠯᠭᠠᠰᠣᠨ ᠤ ᠰᠠᠭᠤᠭᠠᠯᠢ ᠠᠷᠠᠳ ᠲᠠᠢ ᠠᠳᠠᠯᠢ ᠲᠡᠭᠰᠢ ᠨᠡᠶᠢᠬᠡᠮ ᠤᠨ ᠪᠠᠲᠤᠯᠠᠭ᠎ᠠ ᠪᠤᠯᠤᠨ ᠤᠯᠠᠨ ᠨᠡᠶᠢᠲᠡ ᠶᠢᠨ ᠦᠢᠯᠡᠴᠢᠯᠡᠭᠡ ᠶᠢ ᠡᠳ᠋ᠯᠠᠨ᠎ᠠ᠃ | | ︵ ᠵᠢᠷᠭᠤᠭ᠎ᠠ︶ ᠰᠠᠭᠤᠷᠢ ᠲᠦᠬᠦᠬᠡᠷᠦᠮᠵᠢ ᠪᠤᠯᠤᠨ ᠠᠮᠢ ᠠᠬᠤᠢ ᠶᠢᠨ ᠪᠦᠲᠦᠬᠡᠨ ᠪᠠᠶᠢᠭᠤᠯᠤᠯᠲᠠ ᠶᠢᠨ ᠡᠷᠴᠢᠮ ᠢᠶᠠᠨ ᠲᠠᠰᠣᠷᠠᠯᠲᠠ ᠦᠬᠡᠢ | ᠴᠢᠩᠭᠠᠳᠬᠠᠨ᠎ᠠ᠃ ᠠᠵᠤ ᠦᠢᠯᠡᠳᠪᠦᠷᠢᠵᠢᠯᠲᠡ᠂ ᠬᠤᠲᠠᠵᠢᠭᠤᠯᠤᠯᠲᠠ ᠶᠢᠨ ᠬᠦᠭᠵᠢᠯᠲᠠ ᠶᠢᠨ ᠪᠠᠶᠢᠳᠠᠯ ᠪᠤᠯᠤᠨ ᠢᠷᠡᠭᠡᠳᠦᠢ ᠶᠢᠨ ᠬᠦᠭᠵᠢᠯᠲᠡ ᠶᠢᠨ | ᠱᠠᠭᠠᠷᠳᠠᠯᠭ᠎ᠠ ᠯᠤᠭ᠎ᠠ ᠲᠤᠬᠢᠷᠠᠯᠴᠠᠬᠤ ᠰᠠᠭᠤᠷᠢ ᠲᠦᠬᠦᠬᠡᠷᠦᠮᠵᠢ ᠶᠢᠨ ᠲᠤᠯᠭᠠᠭᠤᠷᠢᠯᠠᠬᠤ ᠰᠢᠰᠲ᠋ᠧᠮᠵᠢ ᠪᠤᠯᠤᠨ ᠰᠠᠶᠢᠨ ᠰᠠᠶᠢᠬᠠᠨ ᠠᠮᠢ ᠠᠬᠤᠢ ᠶᠢᠨ ᠤᠷᠴᠢᠨ | ᠲᠤᠭᠤᠷᠢᠨ ᠢ ᠢᠳᠡᠪᠬᠢᠲᠠᠢ ᠪᠠᠶᠢᠭᠤᠯᠵᠤ᠂ ᠭᠠᠵᠠᠷ ᠤᠷᠤᠨ ᠤ ᠦᠷᠬᠦᠯᠵᠢᠯᠡᠭᠰᠡᠨ ᠬᠦᠭᠵᠢᠯᠲᠡ ᠶᠢᠨ ᠴᠢᠳᠠᠪᠤᠷᠢ ᠶᠢ ᠲᠠᠰᠤᠷᠠᠯᠲᠠ ᠦᠬᠡᠢ ᠴᠢᠩᠭᠠᠳᠬᠠᠨ᠎ᠠ᠃ | ᠰᠠᠭᠤᠷᠢ ᠲᠦᠬᠦᠬᠡᠷᠦᠮᠵᠢ ᠶᠢᠨ ᠪᠠᠲᠤᠯᠠᠭ᠎ᠠ ᠶᠢᠨ ᠴᠢᠳᠠᠪᠤᠷᠢ ᠶᠢ ᠴᠢᠩᠭᠠᠳᠬᠠᠨ᠎ᠠ᠃ ᠵᠡᠬᠦᠨ ᠪᠠᠷᠠᠭᠤᠨ ᠬᠤᠶᠠᠷ ᠱᠣᠭᠤᠮ ᠤᠨ ᠠᠵᠤ ᠦᠢᠯᠡᠳᠪᠦᠷᠢ ᠶᠢᠨ | ᠬᠦᠷᠢᠶᠡᠯᠡᠩ ᠲᠤᠭᠤᠷᠢᠭ ᠤᠨ ᠤᠰᠤ ᠬᠠᠩᠭᠠᠬᠤ ᠪᠠᠷᠢᠯᠭ᠎ᠠ ᠶᠢᠨ ᠪᠦᠲᠦᠬᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠠᠬᠢᠭᠤᠯᠵᠤ᠂ ᠪᠦᠬᠦ ᠬᠤᠲᠠ ᠳᠤ ᠳ᠋ᠦᠩᠰᠢᠭᠤᠷ | ᠪᠤᠰᠤᠭ᠎ᠠ ᠲᠦᠷᠪᠡᠯᠵᠢᠨ ᠮᠧᠲᠷ ᠤᠨ ᠣᠰᠣ ᠬᠠᠩᠭᠠᠬᠤ ᠴᠢᠳᠠᠪᠤᠷᠢ ᠶᠢ ᠰᠢᠨ᠎ᠡ ᠪᠠᠷ ᠨᠡᠮᠡᠭᠳᠡᠬᠦᠯᠦᠨ᠎ᠡ᠃ ᠤᠰᠤᠨ ᠤ ᠡᠷᠬᠡ ᠶᠢ ᠬᠤᠪᠢᠷᠠᠭᠤᠯᠬᠤ ᠡᠷᠴᠢᠮ ᠢ | ᠴᠢᠩᠭᠠᠷᠠᠭᠤᠯᠵᠤ᠂ ᠤᠰᠤᠨ ᠤ ᠡᠷᠭᠡ ᠶᠢ ᠬᠤᠪᠢᠷᠠᠭᠤᠯᠬᠤ ᠬᠤᠶᠠᠳᠤᠭᠠᠷ ᠬᠤᠭᠤᠴᠠᠭᠠᠨ ᠤ ᠡᠬᠦᠷᠭᠡ ᠶᠢ ᠪᠡᠶᠡᠯᠡᠬᠦᠯᠵᠤ᠂ ᠭᠠᠵᠠᠷ ᠤᠷᠤᠨ ᠠᠯᠤᠰᠯᠠᠭᠤᠯᠤᠨ ᠤᠰᠤᠨ | ᠤ ᠡᠷᠭᠡ ᠶᠢ ᠬᠤᠪᠢᠷᠠᠭᠤᠯᠬᠤ ᠪᠠᠷᠢᠯᠭ᠎ᠠ ᠶᠢ ᠴᠢᠷᠮᠠᠶᠢᠨ ᠡᠬᠢᠯᠡᠬᠦᠯᠦᠨ᠎ᠡ᠃ ᠵᠡᠬᠦᠨᠭᠠᠷ ᠠᠴᠠ ᠱᠦᠸᠧᠵᠸᠦ᠂ ᠡᠮᠦᠨ᠎ᠡ ᠭᠡᠰᠡᠭ᠂ ᠬᠠᠲᠤᠨ ᠭᠤᠤᠯ ᠲᠠᠭᠠᠣ᠂ | ᠬᠦᠬᠡᠬᠤᠲᠠ ᠠᠴᠠ ᠵᠡᠬᠦᠨᠭᠠᠷ ᠳ᠋ᠦᠩᠱᠧᠩ ᠬᠦᠷᠬᠦ ᠲᠡᠮᠦᠷ ᠵᠠᠮ ᠵᠡᠷᠭᠡ ᠭᠤᠤᠯᠳᠠᠯᠭ᠎ᠠ ᠲᠠᠢ ᠲᠦᠷᠦᠯ ᠵᠦᠢᠯ ᠢ ᠲᠦᠷᠬᠡᠬᠡᠨ ᠪᠦᠲᠦᠬᠡᠨ ᠪᠠᠶᠢᠭᠤᠯᠵᠤ᠂ ᠵᠢᠯ ᠤᠨ | ᠲᠤᠳᠤᠷ᠎ᠠ 247 ᠺᠢᠯᠤᠮᠧᠲᠷ ᠤᠨ ᠲᠡᠮᠦᠷ ᠵᠠᠮ ᠢ ᠪᠠᠶᠢᠭᠤᠯᠤᠨ ᠲᠠᠭᠤᠰᠬᠠᠨ᠎ᠠ︔ ᠤᠷᠳᠤᠰ ᠠᠴᠠ ᠼᠣᠣ ᠹᠸᠢ ᠳ᠋ᠢᠶᠠᠨ᠂ ᠲᠤᠮᠳᠠᠳᠣ ᠣᠷᠤᠨ ᠳᠤ ᠬᠦᠷᠬᠦ ᠲᠡᠮᠦᠷ | ᠵᠠᠮ ᠤᠨ ᠨᠡᠬᠦᠷᠡᠰᠦ ᠵᠦᠬᠡᠬᠡᠪᠦᠷᠢᠯᠡᠬᠦ ᠱᠤᠭᠤᠮ ᠤᠨ ᠪᠦᠲᠦᠬᠡᠨ ᠪᠠᠶᠢᠭᠤᠯᠤᠯᠲᠠ ᠶᠢᠨ ᠡᠮᠤᠨ᠎ᠠ ᠬᠤᠭᠤᠴᠠᠭᠠᠨ ᠤ ᠠᠵᠢᠯ ᠢ ᠰᠠᠶᠢᠲᠤᠷ ᠬᠢᠨ᠎ᠡ᠃ ᠳ᠋ᠦᠩᠱᠧᠩ | ᠠᠴᠠ ᠪᠤᠭᠤᠲᠤ ᠬᠦᠷᠬᠦ ᠬᠤᠶᠠᠳᠤᠭᠠᠷ ᠵᠤᠷᠪᠤᠰ ᠲᠡᠭᠡᠳᠦ ᠬᠤᠷᠳᠤᠴᠠᠲᠤ ᠵᠠᠰᠠᠮᠠᠯ ᠵᠠᠮ᠂ ᠴᠠᠭᠠᠨᠨᠠᠭᠤᠷ ᠠᠴᠠ ᠶᠠᠨ ᠤᠤᠢ ᠬᠦᠷᠬᠦ ᠨᠢᠬᠡᠳᠦᠭᠡᠷ ᠲᠡᠰ ᠤᠨ ᠵᠠᠰᠠᠮᠠᠯ ᠵᠠᠮ᠂ | ᠳ᠋ᠦᠩᠱᠧᠩ ᠬᠢᠶ᠎ᠠ ᠪᠠᠭᠰᠢ ᠠᠯᠳᠠᠨᠰᠢᠷᠡᠭᠡᠲᠦ ᠶᠢᠨ ᠬᠤᠲᠠ ᠲᠤᠭᠤᠷᠢᠭᠰᠠᠨ ᠲᠡᠭᠡᠳᠦ ᠬᠤᠷᠳᠤᠴᠠᠲᠤ ᠵᠠᠰᠠᠮᠠᠯ ᠵᠠᠮ ᠵᠡᠷᠭᠡ ᠭᠤᠤᠯᠳᠠᠯᠭ᠎ᠠ ᠲᠠᠢ ᠵᠠᠰᠠᠮᠠᠯ ᠵᠠᠮ ᠤᠨ | ᠲᠦᠷᠦᠯ ᠵᠦᠢᠯ ᠢ ᠪᠠᠷᠢᠯᠭ᠎ᠠ ᠡᠬᠢᠯᠡᠬᠦᠯᠦᠨ ᠪᠦᠲᠦᠬᠡᠨ ᠪᠠᠶᠢᠭᠤᠯᠵᠤ᠂ ᠰᠢᠨ᠎ᠡ ᠪᠠᠷ 306 ᠺᠢᠯᠤᠮᠧᠲᠷ ᠤᠨ ᠲᠡᠭᠡᠳᠦ ᠲᠡᠰ ᠤᠨ ᠵᠠᠰᠠᠮᠠᠯ ᠵᠠᠮ ᠢ ᠪᠦᠳᠤᠬᠡᠨ | ᠪᠠᠶᠢᠭᠤᠯᠤᠨ᠎ᠠ᠃ ᠨᠢᠰᠭᠡᠯ ᠤᠨ ᠪᠠᠭᠤᠳᠠᠯ ᠢ ᠦᠬᠡᠷᠡᠴᠢᠯᠡᠵᠤ ᠦᠷᠭᠡᠳᠭᠡᠨ ᠪᠠᠶᠢᠭᠤᠯᠬᠤ ᠪᠠᠷᠢᠯᠭ᠎ᠠ ᠶᠢ ᠪᠦᠬᠦ ᠲᠠᠯ᠎ᠠ ᠪᠠᠷ ᠪᠡᠶᠡᠯᠡᠬᠦᠯᠵᠤ᠂ ᠤᠯᠤᠰ ᠤᠨ | ᠲᠤᠳᠤᠭᠠᠲᠤ ᠳᠠᠬᠢ ᠠᠭᠠᠷ ᠤᠨ ᠠᠶᠠᠯᠠᠯ ᠤᠨ ᠱᠣᠭᠤᠮ ᠢ ᠨᠢᠭᠲᠠ ᠪᠤᠯᠭᠠᠵᠤ᠂ ᠤᠯᠠᠨ ᠤᠯᠤᠰ ᠤᠨ ᠠᠭᠠᠷ ᠤᠨ ᠠᠶᠠᠯᠠᠯ ᠤᠨ ᠱᠣᠭᠤᠮ ᠢ ᠨᠡᠪᠳᠡᠷᠡᠬᠦᠯᠵᠤ᠂ | ᠤᠯᠠᠨ ᠤᠯᠤᠰ ᠤᠨ ᠬᠢᠯᠢ ᠶᠢᠨ ᠪᠤᠭᠤᠮᠲᠠ ᠶᠢᠨ ᠨᠢᠰᠭᠡᠯ ᠤᠨ ᠪᠠᠭᠤᠳᠠᠯ ᠢ ᠪᠠᠶᠢᠭᠤᠯᠤᠨ᠎ᠠ᠃ ᠤᠷᠳᠤᠰ ᠠᠴᠠ ᠴᠠᠩᠱᠠ᠂ ᠵᠢᠶᠠᠩᠰᠣ᠂ ᠭᠤᠸᠠᠩᠳᠦ᠋ᠩ ᠤᠨ | ᠣᠮᠠᠷᠠᠲᠤ ᠭᠡᠰᠡᠭ ᠵᠡᠷᠭᠡ ᠭᠠᠵᠠᠷ ᠤᠷᠤᠨ ᠳᠤ ᠬᠦᠷᠬᠦ ᠤᠨᠴᠠ ᠦᠨᠳᠦᠷ ᠬᠦᠴᠤᠳᠠᠯᠳᠤ ᠴᠠᠬᠢᠯᠭᠠᠨ ᠬᠦᠴᠦᠨ ᠤ ᠵᠦᠬᠡᠬᠡᠪᠦᠷᠢ ᠶᠢᠨ ᠵᠠᠮ ᠢ ᠪᠠᠷᠢᠯᠭ᠎ᠠ | ᠡᠬᠢᠯᠡᠬᠦᠯᠦᠨ ᠪᠦᠲᠦᠬᠡᠨ ᠪᠠᠶᠢᠭᠤᠯᠬᠤ ᠪᠠᠷ ᠴᠢᠷᠮᠠᠶᠢᠵᠤ᠂ ᠬᠤᠲᠠ ᠶᠢᠨ ᠤᠷᠤᠨ ᠪᠦᠰᠡ ᠲᠤᠳᠤᠷᠠᠬᠢ ᠴᠠᠬᠢᠯᠭᠠᠨ ᠲᠤᠤᠷ ᠢ ᠤᠶᠤᠨᠴᠢᠯᠠᠬᠤ ᠦᠬᠡᠷᠡᠴᠢᠯᠡᠯᠲᠡ ᠶᠢ | ᠠᠬᠢᠭᠤᠯᠤᠨ᠎ᠠ᠃ ᠮᠠᠨ ᠤ ᠬᠤᠲᠠ ᠠᠴᠠ ᠵᠢᠩ ᠶᠢᠨ ᠲᠠᠩ ᠭᠠᠷᠠᠮ᠂ ᠲᠤᠮᠳᠠᠳᠣ ᠣᠷᠤᠨ ᠵᠡᠷᠭᠡ ᠭᠠᠵᠠᠷ ᠤᠷᠤᠨ ᠳᠤ ᠬᠦᠷᠬᠦ ᠰᠢᠩᠬᠡᠨ ᠪᠡᠶᠡᠲᠦ ᠪᠤᠯᠤᠨ ᠬᠡᠢ | ᠪᠡᠶᠡᠲᠦ ᠦᠢᠯᠡᠳᠬᠦᠨ ᠢ ᠲᠠᠮᠵᠢᠭᠤᠯᠤᠨ ᠵᠦᠬᠡᠬᠡᠪᠤᠷᠢᠯᠡᠬᠦ ᠬᠤᠭᠤᠯᠠᠢ ᠵᠠᠮ ᠤᠨ ᠪᠦᠲᠦᠬᠡᠨ ᠪᠠᠶᠢᠭᠤᠯᠤᠯᠲᠠ ᠶᠢᠨ ᠡᠮᠤᠨ᠎ᠠ ᠬᠤᠭᠤᠴᠠᠭᠠᠨ ᠤ ᠠᠵᠢᠯ ᠢ ᠰᠠᠶᠢᠳᠤᠷ | ᠬᠢᠨ᠎ᠠ᠃ | ᠠᠮᠢ ᠠᠬᠤᠢ ᠶᠢᠨ ᠪᠤᠯᠪᠠᠰᠣᠨ ᠤ ᠪᠠᠶᠢᠭᠤᠯᠤᠯᠲᠠ ᠶᠢᠨ ᠬᠢᠷᠢ ᠲᠦᠪᠰᠢᠨ ᠢ ᠲᠡᠭᠡᠭᠰᠢᠯᠡᠬᠦᠯᠦᠨ᠎ᠡ᠃ ︽ᠭᠤᠷᠪᠠᠨ ᠤᠷᠤᠨ︾ ᠤ ᠲᠦᠯᠦᠪᠵᠢᠬᠦᠯᠬᠡ ᠶᠢ | ᠴᠢᠩᠭ᠎ᠠ ᠭᠡᠷᠡᠭᠵᠢᠬᠦᠯᠵᠤ᠂ ᠠᠮᠢ ᠠᠬᠤᠢ ᠶᠢᠨ ᠠᠶᠠᠨᠳᠠᠭᠠᠨ ᠰᠡᠷᠬᠦᠬᠦ ᠤᠷᠤᠨ ᠢ ᠰᠢᠨ᠎ᠡ ᠪᠠᠷ 6563 ᠲᠡᠭᠰᠢ ᠲᠦᠷᠪᠡᠯᠵᠢᠨ ᠺᠢᠯᠤᠮᠧᠲᠷ ᠪᠠᠶᠢᠭᠤᠯᠵᠤ᠂ 120 | ᠲᠦᠮᠡᠨ ᠮᠤ᠋ ᠶᠢᠨ ᠤᠢ ᠰᠢᠭᠤᠢ ᠶᠢᠨ ᠪᠦᠲᠦᠬᠡᠨ ᠪᠠᠶᠢᠭᠤᠯᠤᠯᠲᠠ ᠶᠢ ᠪᠡᠶᠡᠯᠡᠬᠦᠯᠵᠤ᠂ 340 ᠲᠦᠮᠡᠨ ᠮᠤ᠋ ᠪᠡᠯᠴᠢᠬᠡᠷ ᠢ ᠰᠣᠯᠠᠳᠬᠠᠨ ᠡᠪᠡᠰᠦ ᠲᠠᠷᠢᠨ᠎ᠠ᠃ ᠦᠨᠳᠦᠷ | ᠪᠠᠷᠢᠮᠵᠢᠶᠠᠲᠤ ᠰᠤᠶᠤᠭ᠎ᠠ ᠮᠤᠳᠤᠨ ᠤ ᠰᠠᠭᠤᠷᠢᠨ ᠭᠠᠵᠠᠷ ᠢ 1.5 ᠲᠦᠮᠡᠨ ᠮᠤ᠋ ᠲᠦᠯᠦᠪᠵᠢᠬᠦᠯᠦᠨ ᠪᠠᠶᠢᠭᠤᠯᠤᠨ᠎ᠠ᠃ ᠮᠠᠯ ᠪᠡᠯᠴᠢᠬᠡᠷᠯᠡᠬᠦᠯᠬᠦ ᠶᠢ ᠬᠤᠷᠢᠭᠯᠠᠬᠤ᠂ | ᠰᠡᠯᠬᠦᠨ ᠮᠠᠯᠵᠢᠬᠤ᠂ ᠡᠭᠡᠯᠵᠢᠯᠡᠨ ᠮᠠᠯᠵᠢᠬᠤ ᠲᠦᠷᠦ ᠶᠢᠨ ᠪᠤᠳᠤᠯᠭ᠎ᠠ ᠶᠢ ᠴᠢᠩᠭ᠎ᠠ ᠭᠡᠷᠡᠭᠵᠢᠬᠦᠯᠵᠤ᠂ ᠨᠤᠳᠤᠭ ᠪᠡᠯᠴᠢᠭᠡᠷ ᠤᠨ ᠬᠠᠮᠠᠭᠠᠯᠠᠯᠲᠠ ᠪᠤᠯᠤᠨ ᠪᠦᠲᠦᠬᠡᠨ | ᠪᠠᠶᠢᠭᠤᠯᠤᠯᠲᠠ ᠶᠢ ᠴᠢᠩᠭᠠᠳᠬᠠᠨ᠎ᠠ᠃ ᠬᠦᠷᠦᠰᠦ ᠰᠢᠷᠤᠢ ᠶᠢᠨ ᠬᠠᠮᠠᠭᠠᠯᠠᠯᠲᠠ ᠶᠢᠨ ᠠᠵᠢᠯ ᠢ ᠰᠠᠶᠢᠲᠤᠷ ᠬᠢᠵᠤ᠂ ᠬᠠᠲᠤᠨ ᠭᠤᠤᠯ ᠤᠨ ᠲᠤᠮᠤ ᠬᠡᠯᠪᠡᠷᠢ ᠶᠢᠨ | ᠡᠯᠡᠰᠦ ᠶᠢ ᠬᠤᠷᠢᠭᠯᠠᠬᠤ ᠬᠠᠰᠢᠯᠭ᠎ᠠ᠂ ᠠᠷᠪᠠᠨ ᠶᠡᠭᠡ ᠬᠦᠨᠳᠡᠢ ᠶᠢ ᠵᠠᠰᠠᠬᠤ ᠪᠤᠯᠤᠨ ᠬᠦᠷᠦᠰᠦ ᠰᠢᠷᠤᠢ ᠶᠢᠨ ᠢᠳᠡᠭᠳᠡᠯ ᠢ ᠵᠠᠰᠠᠭᠰᠠᠨ ᠬᠡᠮᠵᠢᠶ᠎ᠡ ᠪᠠᠷ ᠣᠰᠣ ᠦᠭᠬᠦ | ᠲᠦᠷᠦᠯ ᠵᠦᠢᠯ ᠢ ᠭᠡᠷᠡᠭᠵᠢᠬᠦᠯᠵᠤ᠂ 160 ᠲᠦᠮᠡᠨ ᠮᠤ᠋ ᠶᠢᠨ ᠴᠡᠭᠴᠡᠯᠡᠨ ᠵᠠᠰᠠᠯᠲᠠ ᠶᠢ ᠪᠡᠶᠡᠯᠡᠬᠦᠯᠦᠨ᠎ᠡ᠃ ᠲᠠᠪᠤᠨ ᠲᠤᠮᠤ ᠲᠦᠷᠤᠯ ᠬᠡᠯᠪᠡᠷᠢ ᠶᠢᠨ ᠤᠷᠤᠨ ᠤ | ᠠᠮᠢ ᠠᠬᠤᠢ ᠶᠢᠨ ᠬᠢᠨᠠᠨ ᠬᠡᠮᠵᠢᠯᠳᠠ ᠪᠤᠯᠤᠨ ᠬᠤᠷᠠᠮᠠᠯ ᠵᠢᠱᠢᠶ᠎ᠡ ᠦᠵᠡᠬᠦᠯᠬᠦ ᠲᠦᠷᠦᠯ ᠵᠦᠢᠯ ᠤᠨ ᠪᠦᠲᠦᠬᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠠᠬᠢᠭᠤᠯᠵᠤ᠂ | ᠪᠦᠬᠦ ᠤᠯᠤᠰ ᠤᠨ ᠬᠦᠷᠦᠰᠦ ᠰᠢᠷᠤᠢ ᠶᠢᠨ ᠬᠠᠮᠠᠭᠠᠯᠠᠯᠲᠠ ᠶᠢᠨ ᠠᠮᠢ ᠠᠬᠤᠢ ᠶᠢᠨ ᠤᠷᠴᠢᠨ ᠲᠤᠭᠤᠷᠢᠨ ᠤ ᠪᠦᠲᠦᠬᠡᠨ ᠪᠠᠶᠢᠭᠤᠯᠤᠯᠲᠠ ᠶᠢᠨ ᠵᠢᠱᠢᠶ᠎ᠡ | ᠦᠵᠡᠬᠦᠯᠬᠦ ᠬᠤᠲᠠ ᠶᠢ ᠡᠬᠦᠳᠤᠨ ᠪᠠᠶᠢᠭᠤᠯᠤᠨ᠎ᠠ᠃ ᠠᠭᠤᠷᠬᠠᠢ ᠶᠢᠨ ᠤᠷᠤᠨ ᠢ ᠴᠡᠭᠴᠡᠯᠡᠨ ᠵᠠᠰᠠᠬᠤ ᠡᠷᠴᠢᠮ ᠢ ᠴᠢᠩᠭᠠᠷᠠᠭᠤᠯᠵᠤ᠂ ᠮᠠᠯᠳᠠᠵᠤ | ᠬᠤᠭᠤᠰᠤᠷᠠᠭᠤᠯᠤᠭᠰᠠᠨ ᠤᠷᠤᠨ ᠤ ᠰᠠᠭᠤᠭᠠᠯᠢ ᠠᠷᠠᠳ ᠢ ᠨᠡᠬᠦᠯᠬᠡᠨ ᠰᠢᠯᠵᠢᠬᠦᠯᠬᠦ ᠠᠬᠢᠴᠠ ᠶᠢ ᠲᠦᠷᠭᠡᠳᠭᠡᠨ᠎ᠡ᠃ ᠠᠭᠤᠷᠬᠠᠢ ᠶᠢᠨ ᠤᠷᠤᠨ ᠤ ᠠᠵᠤ | ᠦᠢᠯᠡᠳᠪᠦᠷᠢ ᠶᠢᠨ ᠠᠭᠤᠳᠠᠮ ᠲᠠᠯᠠᠪᠤᠷ᠂ ᠲᠤᠭᠤᠰᠤ ᠰᠡᠷᠭᠡᠶᠢᠯᠡᠬᠦ ᠲᠤᠤᠷ ᠪᠤᠯᠤᠨ ᠨᠡᠬᠦᠷᠡᠰᠦ ᠬᠠᠳᠠᠭᠠᠯᠠᠬᠤ ᠬᠦᠮᠦᠷᠭᠡ ᠶᠢᠨ ᠪᠦᠲᠦᠬᠡᠨ ᠪᠠᠶᠢᠭᠤᠯᠤᠯᠲᠠ ᠶᠢ | ᠴᠢᠩᠭᠠᠳᠬᠠᠵᠤ᠂ ᠠᠭᠤᠷᠬᠠᠢ ᠶᠢᠨ ᠤᠷᠤᠨ ᠤ ᠵᠠᠮ ᠪᠦᠬᠦᠨ ᠢ ᠬᠠᠳᠠᠭᠤᠵᠢᠭᠤᠯᠵᠤ᠂ ᠲᠤᠶᠢᠮᠠᠷ ᠤᠨ ᠤᠷᠤᠨ ᠪᠤᠯᠤᠨ ᠵᠠᠳᠠᠭᠠᠢ ᠮᠠᠯᠲᠠᠬᠤ ᠤᠷᠤᠨ ᠢ ᠴᠦᠮ ᠲᠠᠬᠢᠨ | ᠬᠠᠭᠠᠯᠪᠤᠷᠢᠯᠠᠬᠤ ᠶᠢ ᠪᠡᠶᠡᠯᠡᠬᠦᠯᠦᠨ᠎ᠡ᠃ ᠨᠡᠬᠦᠷᠡᠰᠦᠨ ᠠᠭᠤᠷᠬᠠᠢ ᠶᠢᠨ ᠭᠠᠯ ᠤᠨᠳᠠᠷᠠᠭᠠᠬᠤ ᠪᠠᠷᠢᠯᠭ᠎ᠠ ᠶᠢ ᠭᠡᠷᠡᠭᠵᠢᠬᠦᠯᠵᠤ ᠂ ᠤᠨ ᠤ ᠡᠬᠦᠷᠭᠡ ᠪᠠᠨ ᠪᠡᠶᠡᠯᠡᠬᠦᠯᠬᠦ | ᠶᠢ ᠦᠨᠡᠨᠬᠦ ᠪᠠᠲᠤᠯᠠᠨ᠎ᠠ᠃ | ᠡᠨᠧᠷᠬᠢ ᠠᠷᠪᠢᠯᠠᠵᠤ ᠭᠠᠳᠠᠭᠰᠢᠯᠠᠭᠤᠯᠤᠯ ᠢ ᠪᠠᠭᠠᠰᠬᠠᠬᠤ ᠪᠠ ᠤᠰᠤ ᠠᠷᠪᠢᠯᠠᠬᠤ ᠠᠵᠢᠯ ᠢ ᠰᠠᠶᠢᠲᠤᠷ ᠬᠢᠨ᠎ᠡ᠃ ᠡᠨᠧᠷᠬᠢ ᠭᠡᠷᠡᠭᠯᠡᠬᠦ ᠶᠡᠷᠦᠩᠬᠡᠢ ᠬᠡᠮᠵᠢᠶ᠎ᠡ ᠶᠢ | ᠬᠢᠵᠠᠭᠠᠷᠯᠠᠨ᠂ ᠡᠨᠧᠷᠬᠢ ᠶᠢᠨ ᠭᠡᠷᠡᠭᠯᠡᠯᠲᠡ ᠳᠠᠬᠢ ᠬᠠᠮᠢᠶᠠᠷᠤᠯᠲᠠ ᠪᠠᠨ ᠴᠢᠩᠭᠠᠳᠬᠠᠵᠤ᠂ ᠡᠨᠧᠷᠬᠢ ᠶᠢᠨ ᠬᠤᠷᠤᠭᠳᠠᠯ ᠢᠶᠠᠷ ᠦᠨᠳᠤᠷ ᠠᠵᠤ ᠦᠢᠯᠡᠰ ᠤᠨ ᠡᠨᠧᠷᠬᠢ | ᠶᠢᠨ ᠭᠡᠷᠡᠭᠯᠡᠯᠲᠡ ᠶᠢᠨ ︽ᠲᠢᠭ ᠨᠡᠮᠡᠭᠳᠡᠯ︾ ᠢ ᠪᠡᠶᠡᠯᠡᠬᠦᠯᠦᠨ᠎ᠡ᠃ ᠡᠨᠧᠷᠬᠢ ᠠᠷᠪᠢᠯᠠᠵᠤ ᠭᠠᠳᠠᠭᠰᠢᠯᠠᠭᠤᠯᠤᠯ ᠢ ᠪᠠᠭᠠᠰᠬᠠᠬᠤ ᠭᠤᠤᠯᠳᠠᠯᠭ᠎ᠠ ᠲᠠᠢ ᠪᠠᠷᠢᠯᠭ᠎ᠠ | ᠶᠢᠨ ᠪᠦᠲᠦᠬᠡᠨ ᠪᠠᠶᠢᠭᠤᠯᠤᠯᠲᠠ ᠶᠢ ᠰᠠᠶᠢᠲᠤᠷ ᠠᠳᠬᠤᠵᠤ᠂ ᠠᠵᠤ ᠦᠢᠯᠡᠳᠪᠦᠷᠢ ᠶᠢᠨ ᠪᠤᠬᠢᠷᠲᠤᠯ ᠤᠨ ᠡᠬᠢ ᠢᠷᠡᠯᠳᠠ ᠶᠢ ᠴᠡᠭᠴᠡᠯᠡᠨ ᠵᠠᠰᠠᠬᠤ᠂ ᠬᠤᠲᠠ | ᠪᠠᠯᠭᠠᠰᠣᠨ ᠤ ᠪᠤᠬᠢᠷ ᠤᠰᠤ ᠬᠤᠭ ᠯᠠᠭ ᠢ ᠰᠢᠢᠳᠪᠦᠷᠢᠯᠡᠬᠦ ᠲᠦᠬᠦᠬᠡᠷᠦᠮᠵᠢ ᠶᠢᠨ ᠪᠦᠲᠦᠬᠡᠨ ᠪᠠᠶᠢᠭᠤᠯᠤᠯᠲᠠ᠂ ᠪᠠᠷᠢᠯᠭ᠎ᠠ ᠶᠢᠨ ᠭᠠᠵᠠᠷ ᠤᠨ ᠡᠨᠧᠷᠬᠢ ᠠᠷᠪᠢᠯᠠᠬᠤ | ᠪᠠ ᠨᠡᠶᠢᠬᠡᠮ ᠤᠨ ᠡᠨᠧᠷᠬᠢ ᠠᠷᠪᠢᠯᠠᠬᠤ ᠵᠡᠷᠭᠡ ᠲᠦᠷᠦᠯ ᠵᠦᠢᠯ ᠢ ᠰᠠᠶᠢᠲᠤᠷ ᠭᠡᠷᠡᠭᠵᠢᠬᠦᠯᠦᠨ᠎ᠡ᠃ ᠤᠷᠴᠢᠨ ᠲᠤᠭᠤᠷᠢᠨ ᠤ ᠬᠠᠮᠠᠭᠠᠯᠠᠯᠲᠠ ᠶᠢᠨ ᠬᠢᠨᠠᠯᠲᠠ | ᠬᠠᠮᠢᠶᠠᠷᠤᠯᠲᠠ ᠶᠢᠨ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠵᠤ᠂ ᠡᠯ᠎ᠡ ᠲᠦᠷᠦᠯ ᠤᠨ ᠪᠤᠬᠢᠷᠳᠤᠯ ᠢ ᠭᠠᠳᠠᠭᠰᠢᠯᠠᠭᠤᠯᠬᠤ ᠲᠤᠨᠤᠭ ᠲᠦᠬᠦᠬᠡᠷᠦᠮᠵᠢ | ᠶᠢᠨ ᠡᠷᠬᠢᠯᠳᠠ ᠳᠤ ᠬᠢᠨᠠᠯᠲᠠ ᠬᠠᠮᠢᠶᠠᠷᠤᠯᠲᠠ ᠬᠢᠬᠦ ᠡᠷᠴᠢᠮ ᠢᠶᠠᠨ ᠴᠢᠩᠭᠠᠳᠬᠠᠨ᠎ᠠ᠃ ᠪᠦᠬᠦ ᠬᠤᠲᠠ ᠶᠢᠨ ᠤᠰᠤᠨ ᠤ ᠡᠬᠢ ᠪᠠᠶᠠᠯᠢᠭ ᠤᠨ ᠦᠷᠬᠦᠯᠵᠢᠯᠡᠭᠰᠡᠨ | ᠠᠰᠢᠭᠯᠠᠯᠲᠠ ᠶᠢᠨ ᠶᠡᠷᠦᠩᠬᠡᠢ ᠲᠦᠯᠦᠪᠵᠢᠬᠦᠯᠬᠡ ᠶᠢ ᠨᠠᠶᠢᠷᠡᠭᠤᠯᠤᠨ ᠵᠤᠬᠢᠶᠠᠵᠤ᠂ ᠬᠠᠮᠤᠭ ᠤᠨ ᠬᠠᠳᠠᠭᠤ ᠴᠢᠩᠭ᠎ᠠ ᠣᠰᠣᠨ ᠤ ᠡᠬᠢ ᠪᠠᠶᠠᠯᠢᠭ ᠤᠨ ᠬᠠᠮᠢᠶᠠᠷᠤᠯᠲᠠ | ᠶᠢᠨ ᠲᠦᠷᠢᠮ ᠢ ᠨᠠᠶᠢᠲᠠᠪᠤᠷᠢᠵᠢᠭᠤᠯᠵᠤ᠂ ᠣᠣᠭᠤᠬᠤ ᠤᠰᠤᠨ ᠤ ᠤᠰᠤᠨ ᠰᠣᠷᠪᠤᠯᠵᠢ ᠶᠢᠨ ᠭᠠᠵᠠᠷ ᠤᠨ ᠬᠠᠮᠠᠭᠠᠯᠠᠯᠲᠠ ᠶᠢ ᠴᠢᠩᠭᠠᠳᠬᠠᠵᠤ᠂ ᠭᠠᠵᠠᠷ ᠲᠤᠤᠷᠠᠬᠢ | ᠤᠰᠤ ᠭᠡᠷᠡᠭᠯᠡᠬᠦ ᠠᠵᠤ ᠦᠢᠯᠡᠳᠪᠦᠷᠢ ᠶᠢᠨ ᠲᠦᠷᠦᠯ ᠵᠦᠢᠯ ᠤᠨ ᠣᠰᠣᠨ ᠤ ᠰᠣᠷᠪᠤᠯᠵᠢ ᠶᠢ ᠰᠣᠯᠢᠬᠤ ᠠᠵᠢᠯ ᠢ ᠲᠦᠷᠭᠡᠳᠭᠡᠨ ᠠᠬᠢᠭᠤᠯᠵᠤ᠂ ᠰᠢᠨ᠎ᠡ ᠪᠠᠷ | ᠭᠠᠷᠭᠠᠬᠤ ᠠᠵᠤ ᠦᠢᠯᠡᠳᠪᠦᠷᠢ ᠶᠢᠨ ᠲᠦᠷᠦᠯ ᠵᠦᠢᠯ ᠳᠤ ᠭᠠᠵᠠᠷ ᠲᠤᠤᠷᠠᠬᠢ ᠤᠰᠤ ᠬᠡᠷᠡᠭᠯᠡᠬᠦ ᠶᠢ ᠡᠷᠡᠰ ᠴᠠᠭᠠᠵᠠᠯᠠᠨ᠎ᠠ᠃ ᠦᠨᠳᠦᠷ ᠪᠦᠲᠦᠮᠵᠢᠲᠦ ᠣᠰᠣ | ᠠᠷᠪᠢᠯᠠᠬᠤ ᠮᠡᠷᠭᠡᠵᠢᠯ ᠢ ᠶᠡᠬᠡᠪᠡᠷ ᠲᠡᠯᠭᠡᠷᠡᠬᠦᠯᠵᠤ᠂ ᠣᠰᠣ ᠠᠷᠪᠢᠯᠠᠬᠤ ᠮᠠᠶ᠋ᠢᠭ ᠤᠨ ᠨᠡᠶᠢᠬᠡᠮ ᠢ ᠪᠦᠬᠦ ᠲᠠᠯ᠎ᠠ ᠪᠠᠷ ᠪᠠᠶᠢᠭᠤᠯᠤᠨ᠎ᠠ᠃ | ︵ᠲᠤᠯᠤᠭ᠎ᠠ︶ ᠨᠡᠶᠢᠬᠡᠮ ᠤᠨ ᠦᠢᠯᠡᠰ ᠤᠨ ᠪᠦᠬᠦ ᠲᠠᠯ᠎ᠠ ᠶᠢᠨ ᠲᠠᠪᠰᠢᠯᠲᠠ ᠶᠢ ᠶᠡᠬᠡᠪᠡᠷ ᠠᠬᠢᠭᠤᠯᠤᠨ᠎ᠠ᠃ ᠡᠯ᠎ᠡ ᠵᠦᠢᠯ ᠤᠨ ᠨᠡᠶᠢᠬᠡᠮ ᠤᠨ ᠦᠢᠯᠡᠰ | ᠤᠨ ᠬᠦᠭᠵᠢᠯᠲᠡ ᠶᠢ ᠲᠦᠷᠭᠡᠳᠭᠡᠨ ᠠᠬᠢᠭᠤᠯᠵᠤ᠂ ᠬᠤᠲᠠ ᠬᠦᠳᠡᠭᠡ ᠶᠢᠨ ᠰᠠᠭᠤᠭᠠᠯᠢ ᠠᠷᠠᠳ ᠲᠤ ᠴᠢᠨᠠᠷᠵᠢᠭᠤᠨ᠂ ᠠᠳᠠᠯᠢ ᠲᠡᠭᠰᠢ᠂ ᠲᠦᠬᠡᠮᠡᠯ ᠬᠠᠷᠠᠭᠠᠯᠵᠠᠯ | ᠤᠨ ᠤᠯᠠᠨ ᠨᠡᠶᠢᠲᠡ ᠶᠢᠨ ᠦᠢᠯᠡᠴᠢᠯᠡᠭᠡ ᠬᠠᠩᠭᠠᠬᠤ ᠪᠠᠷ ᠴᠢᠷᠮᠠᠶᠢᠨ᠎ᠠ᠃ | ᠰᠣᠶᠣᠯ ᠤᠨ ᠶᠡᠭᠡ ᠦᠷᠨᠢᠩᠬᠦᠢ ᠬᠦᠭᠵᠢᠯᠲᠡ ᠶᠢ ᠠᠬᠢᠭᠤᠯᠤᠨ᠎ᠠ᠃ ᠣᠯᠣᠰ ᠤᠨ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠬᠡᠨ ᠤ ᠰᠢᠰᠲ᠋ᠧᠮᠵᠢ | ᠶᠢᠨ ᠰᠢᠨ᠎ᠡ ᠶᠢ ᠡᠬᠦᠳᠬᠦ ᠭᠦᠭᠵᠢᠯᠲᠡ ᠶᠢᠨ ᠵᠢᠱᠢᠶ᠎ᠡ ᠦᠵᠡᠬᠦᠯᠬᠦ ᠤᠷᠤᠨ ᠤ ᠪᠦᠲᠦᠬᠡᠨ ᠪᠠᠶᠢᠭᠤᠯᠤᠯᠲᠠ ᠶᠢ ᠠᠬᠢᠭᠤᠯᠵᠤ᠂ ︽ᠲᠠᠪᠤᠨ ᠵᠦᠢᠯ ᠤᠨ ᠰᠣᠶᠣᠯ ᠤᠨ | ᠵᠢᠱᠢᠶ᠎ᠡ ᠦᠵᠡᠬᠦᠯᠬᠦ ᠢᠨᠵᠧᠨᠧᠷᠢᠩ︾ ᠢ ᠶᠡᠬᠡᠪᠡᠷ ᠭᠡᠷᠡᠭᠵᠢᠬᠦᠯᠵᠤ᠂ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠬᠡᠨ ᠤ ᠰᠢᠰᠲ᠋ᠧᠮᠵᠢ ᠶᠢᠨ ᠪᠦᠲᠦᠬᠡᠨ | ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠵᠤ᠂ ᠪᠦᠬᠦ ᠬᠤᠲᠠ ᠳᠤ ᠰᠢᠨ᠎ᠡ ᠪᠠᠷ 8 ᠮᠦᠽᠸᠢ᠂ 50 ᠨᠡᠶᠢᠬᠡᠮ ᠲᠤᠭᠤᠷᠢᠭ ᠤᠨ ᠰᠣᠶᠣᠯ ᠤᠨ | ᠠᠵᠢᠯᠯᠠᠭᠠᠨ ᠤ ᠲᠦᠪ ᠢ ᠪᠠᠶᠢᠭᠤᠯᠵᠤ᠂ ᠭᠠᠴᠠᠭ᠎ᠠ ᠲᠤᠰᠬᠤᠨ ᠤ ᠰᠣᠶᠣᠯ ᠤᠨ ᠦᠷᠦᠬᠡ ᠶᠢ 200 ᠪᠠᠶᠢᠭᠤᠯᠵᠤ᠂ ᠰᠣᠶᠣᠯ ᠢ ᠬᠦᠳᠡᠭᠡ ᠪᠠᠭᠤᠯᠭᠠᠬᠤ | ᠠᠵᠢᠯᠯᠠᠭ᠎ᠠ ᠶᠢ 1000 ᠲᠠᠯᠠᠪᠤᠷ ᠤᠳᠠᠭ᠎ᠠ ᠵᠤᠬᠢᠶᠠᠨ ᠪᠠᠶᠢᠭᠤᠯᠤᠨ ᠶᠠᠪᠤᠭᠳᠠᠭᠤᠯᠤᠨ᠎ᠠ᠃ ︽ᠵᠠᠰᠠᠭ ᠤᠨ ᠤᠷᠳᠤᠨ ᠠᠴᠠ ᠵᠤᠭᠤᠰ ᠭᠠᠷᠭᠠᠨ᠂ ᠨᠡᠶᠢᠬᠡᠮ ᠤᠨ | ᠬᠢᠨ ᠤᠷᠤᠯᠴᠠᠵᠤ᠂ ᠤᠯᠠᠨ ᠲᠦᠮᠡᠨ ᠦᠨ᠎ᠡ ᠲᠦᠯᠦᠪᠦᠷᠢ ᠦᠬᠡᠢ ᠪᠠᠷ ᠰᠣᠨᠢᠷᠬᠠᠬᠤ︾ ᠰᠤᠶᠤᠯ ᠤᠨ ᠠᠵᠢᠯᠯᠠᠭᠠᠨ ᠤ ᠰᠢᠨ᠎ᠡ ᠵᠠᠭᠪᠤᠷ ᠢ ᠢᠳᠡᠪᠬᠢᠲᠠᠢ | ᠲᠡᠯᠬᠡᠷᠡᠬᠦᠯᠵᠤ᠂ ᠤᠯᠠᠨ ᠨᠠᠶᠢᠳᠠ ᠶᠢᠨ ᠰᠤᠶᠤᠯ ᠤᠨ ᠲᠦᠬᠦᠬᠡᠷᠤᠮᠵᠢ ᠶᠢᠨ ᠬᠡᠷᠡᠭᠯᠡᠯᠳᠡ ᠶᠢᠨ ᠨᠤᠷᠮ᠎ᠠ ᠪᠠ ᠦᠢᠯᠡᠴᠢᠯᠡᠬᠡᠨ ᠤ ᠴᠢᠳᠠᠪᠤᠷᠢ ᠶᠢ ᠴᠢᠷᠮᠠᠶᠢᠨ | ᠲᠡᠬᠡᠭᠰᠢᠯᠠᠬᠦᠯᠵᠤ ᠂ ᠬᠤᠲᠠ ᠶᠢᠨ ᠲᠤᠳᠤᠨᠠᠬᠢ ᠪᠤᠢ ᠪᠦᠬᠦᠢ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠨᠤᠮ ᠤᠨ ᠰᠠᠩ᠂ ᠰᠤᠶᠤᠯ ᠤᠨ ᠬᠤᠳᠠ᠂ ᠮᠦᠽᠸᠢ ᠂ | ᠪᠠᠶ᠎ᠠ ᠶᠢᠨ ᠲᠡᠮᠢᠷ ᠤᠨ ᠤᠷᠳᠤᠨ ᠵᠡᠷᠭᠡ ᠶᠢ ᠰᠦᠢᠳᠭᠡᠯ ᠬᠤᠷᠢᠶᠠᠬᠤ ᠦᠬᠡᠢ ᠪᠠᠷ ᠨᠡᠭᠡᠭᠡᠭᠦ ᠶᠢ ᠪᠡᠶᠡᠯᠡᠬᠦᠯᠦᠨ᠎ᠡ᠃ ᠨᠢᠬᠡ ᠪᠦᠯᠦᠭ ᠰᠤᠳᠤᠨ ᠲᠠᠶᠢᠰᠠᠨ ᠵᠦᠴᠦᠭᠡ | ᠶᠢ ᠲᠦᠪᠯᠡᠷᠡᠬᠦᠯᠦᠨ ᠵᠤᠬᠢᠶᠠᠵᠤ᠂ ᠭᠠᠳᠠᠭᠠᠲᠤ ᠳᠤ ᠣᠷᠠᠨ ᠰᠠᠶᠢᠬᠠᠨ ᠤ ᠲᠤᠭᠯᠠᠯᠲᠠ ᠭᠠᠷᠭᠠᠵᠤ ᠰᠣᠯᠢᠯᠴᠠᠭ᠎ᠠ ᠬᠢᠬᠦ ᠪᠠᠨ ᠴᠢᠩᠭᠠᠳᠬᠠᠨ᠎ᠠ᠃ ᠠᠷᠪᠠᠳᠣᠭᠠᠷ | ᠬᠤᠭᠤᠴᠠᠭᠠᠨ ᠤ ᠪᠦᠬᠦ ᠤᠯᠤᠰ ᠤᠨ ᠴᠦᠬᠡᠨ ᠲᠤᠭᠠᠲᠤ ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠤ ᠪᠡᠯᠡᠳᠭᠡᠯ ᠠᠵᠢᠯ ᠢ | ᠰᠠᠶᠢᠲᠤᠷ ᠬᠢᠵᠤ᠂ ᠤᠷᠳᠤᠰ ᠤᠨ ᠤᠯᠠᠨ ᠤᠯᠤᠰ ᠤᠨ ᠨᠠᠭᠠᠲᠤᠮ ᠤᠨ ᠬᠤᠷᠠᠯ᠂ ᠴᠢᠩᠬᠢᠰ ᠬᠠᠭᠠᠨ ᠤ ᠰᠣᠶᠣᠯ ᠤᠨ ᠨᠠᠶᠢᠷ ᠵᠡᠷᠭᠡ ᠴᠢᠬᠤᠯᠠ ᠶᠡᠭᠡ ᠠᠵᠢᠯᠯᠠᠭ᠎ᠠ | ᠶᠢ ᠰᠠᠶᠢᠲᠤᠷ ᠡᠷᠬᠢᠯᠡᠵᠤ᠂ ᠪᠠᠶᠠᠷ ᠲᠤᠷᠠᠰᠬᠠᠯ ᠤᠨ ᠰᠣᠶᠣᠯ ᠤᠨ ᠨᠡᠷᠡᠲᠦ ᠲᠡᠮᠳᠡᠭ ᠢ ᠡᠬᠦᠳᠦᠨ᠎ᠡ᠃ ᠪᠤᠳᠠᠰ ᠤᠨ ᠪᠤᠰᠤ ᠰᠤᠶᠤᠯ ᠤᠨ ᠦᠪ ᠤᠨ ᠦᠯᠡᠳᠡᠭᠳᠡᠯ ᠢ | ᠣᠯᠠᠮᠵᠢᠯᠠᠬᠤ ᠪᠠ ᠬᠠᠮᠠᠭᠠᠯᠠᠬᠤ ᠠᠵᠢᠯ ᠢ ᠴᠢᠩᠭᠠᠳᠬᠠᠨ᠎ᠠ᠃ ᠰᠤᠶᠤᠯ ᠤᠨ ᠪᠠᠶᠢᠭᠤᠯᠤᠮᠵᠢ ᠶᠢᠨ ᠦᠬᠡᠷᠡᠴᠢᠯᠡᠯᠲᠡ ᠶᠢ ᠯᠠᠪᠳᠠᠭᠤᠨ ᠢᠶᠠᠷ ᠠᠬᠢᠭᠤᠯᠵᠤ᠂ | ᠡᠵᠡᠩᠨᠡᠯᠲᠡ ᠶᠢᠨ ᠴᠢᠨᠠᠷᠲᠠᠢ ᠰᠤᠶᠤᠯ ᠤᠨ ᠨᠢᠬᠡᠴᠢ ᠶᠢ ᠠᠵᠤ ᠠᠬᠤᠶᠢᠯᠠᠯ ᠪᠤᠯᠭᠠᠬᠤ ᠪᠠᠶᠢᠭᠤᠯᠤᠯ ᠤᠨ ᠦᠬᠡᠷᠡᠴᠢᠯᠡᠯᠲᠡ ᠪᠤᠯᠤᠨ ᠨᠡᠶᠢᠲᠡ ᠶᠢᠨ ᠠᠰᠠᠷᠠᠮᠵᠢ ᠶᠢᠨ | ᠴᠢᠨᠡᠷᠳᠡᠢ ᠰᠣᠶᠣᠯ ᠤᠨ ᠨᠢᠬᠡᠴᠢ ᠶᠢᠨ ᠦᠬᠡᠷᠡᠴᠢᠯᠡᠯᠲᠡ ᠶᠢ ᠭᠤᠤᠯᠳᠠᠯᠭ᠎ᠠ ᠲᠠᠢ ᠰᠠᠶᠢᠲᠤᠷ ᠠᠳᠬᠤᠨ᠎ᠠ᠂ ᠰᠤᠶᠤᠯ ᠤᠨ ᠪᠦᠳᠤᠬᠡᠯᠴᠢ ᠲᠦᠰᠦᠪᠯᠡᠯ᠂ ᠺᠢᠨᠤ᠋ | ᠲᠧᠯᠸᠢᠰ ᠺᠠᠷᠲ᠋ᠣᠨ᠂ ᠲᠤᠭᠯᠠᠯᠲᠠ ᠵᠤᠭ᠎ᠠ ᠴᠡᠩᠬᠡᠯ᠂ ᠵᠠᠷ ᠮᠠᠳᠡᠭᠡ ᠲᠡᠯᠭᠡᠨ ᠦᠵᠡᠬᠦᠯᠦᠯᠬᠡ᠂ ᠭᠡᠪᠯᠡᠯ ᠤᠯᠠᠮᠵᠢᠯᠠᠬᠤ ᠵᠠᠭᠤᠴᠢ ᠵᠡᠷᠭᠡ ᠰᠣᠶᠣᠯ ᠤᠨ ᠠᠵᠤ ᠦᠢᠯᠡᠰ ᠢ | ᠶᠡᠬᠡᠪᠡᠷ ᠭᠦᠭᠵᠢᠬᠦᠯᠵᠤ᠂ ᠰᠣᠶᠤᠯ ᠤᠨ ᠪᠦᠳᠤᠬᠡᠯᠴᠢ ᠲᠦᠰᠤᠪᠯᠠᠯ ᠤᠨ ᠠᠵᠤ ᠦᠢᠯᠡᠰ ᠤᠨ ᠬᠦᠷᠢᠶᠡᠯᠡᠩ᠂ ᠮᠤᠩᠭᠤᠯ ᠤᠨ ᠡᠬᠦᠰᠤᠯ ᠬᠦᠭᠵᠢᠯ ᠤᠨ ᠺᠢᠨᠤ᠋ | ᠲᠧᠯᠸᠢᠰ ᠤᠨ ᠬᠤᠲᠠ ᠵᠡᠷᠭᠡ ᠭᠤᠤᠯᠳᠠᠯᠭ᠎ᠠ ᠲᠠᠢ ᠰᠣᠶᠣᠯ ᠤᠨ ᠠᠵᠤ ᠦᠢᠯᠡᠰ ᠤᠨ ᠬᠦᠷᠢᠶᠡᠯᠡᠩ ᠲᠤᠭᠤᠷᠢᠭ ᠤᠨ ᠪᠦᠲᠦᠭᠡᠨ ᠪᠠᠶᠢᠭᠤᠯᠤᠯᠲᠠ ᠶᠢ | ᠲᠦᠷᠭᠡᠳᠭᠡᠵᠤ᠂ 10 ᠭᠤᠤᠯᠳᠠᠯᠭ᠎ᠠ ᠲᠠᠢ ᠰᠣᠶᠣᠯ ᠤᠨ ᠠᠵᠤ ᠠᠬᠤᠶᠢᠯᠠᠯ ᠢ ᠲᠦᠪᠯᠡᠷᠡᠩᠬᠦᠢ ᠪᠠᠷ ᠬᠦᠭᠵᠢᠬᠦᠯᠦᠨ ᠪᠤᠵᠠᠭᠠᠶᠢᠷᠠᠭᠤᠯᠤᠨ᠎ᠠ᠃ | ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠬᠦᠳᠬᠦ ᠴᠢᠳᠠᠪᠤᠷᠢ ᠶᠢ ᠲᠡᠭᠡᠭᠰᠢᠯᠡᠬᠦᠯᠦᠨ᠎ᠡ᠃ ᠴᠢᠩᠬᠤᠸᠠ ᠶᠡᠭᠡ ᠰᠣᠷᠭᠠᠭᠤᠯᠢ ᠶᠢᠨ ᠲᠤᠤᠷ᠎ᠠ | ᠨᠡᠬᠦᠷᠡᠰᠦᠳᠦ᠋ᠷᠦᠭᠴᠢᠲᠦ ᠬᠦᠨᠳᠡᠢ᠂ ᠲᠤᠮᠳᠠᠳᠣ ᠣᠯᠣᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠢᠨᠵᠢᠯᠡᠬᠦ ᠤᠬᠠᠭᠠᠨ ᠤ ᠲᠤᠮᠤ ᠲᠤᠨᠤᠭ ᠲᠦᠬᠦᠬᠡᠷᠦᠮᠵᠢ | ᠵᠡᠷᠭᠡ ᠭᠤᠤᠯᠳᠠᠯᠭ᠎ᠠ ᠲᠠᠢ ᠬᠦᠷᠢᠶᠡᠯᠡᠩ ᠲᠤᠭᠤᠷᠢᠭ ᠪᠤᠯᠤᠨ ᠲᠦᠷᠦᠯ ᠵᠦᠢᠯ ᠤᠨ ᠪᠦᠲᠦᠬᠡᠨ ᠪᠠᠶᠢᠭᠤᠯᠤᠯᠲᠠ ᠶᠢ ᠲᠦᠷᠭᠡᠳᠭᠡᠵᠤ᠂ ᠬᠤᠲᠠ ᠶᠢᠨ ᠲᠡᠭᠡᠳᠦ ᠰᠢᠨ᠎ᠡ | ᠮᠡᠷᠭᠡᠵᠢᠯ ᠤᠨ ᠠᠵᠤ ᠦᠢᠯᠡᠰ ᠤᠨ ᠬᠦᠷᠢᠶᠡᠯᠡᠩ ᠲᠤᠭᠤᠷᠢᠭ ᠢ ᠤᠯᠤᠰ ᠤᠨ ᠲᠡᠰ ᠤᠨ ᠬᠦᠷᠢᠶᠡᠯᠡᠩ ᠲᠤᠭᠤᠷᠢᠭ ᠪᠤᠯᠭᠠᠬᠤ ᠪᠠᠷ ᠭᠤᠶᠤᠴᠢᠯᠠᠨ ᠮᠡᠳᠡᠬᠦᠯᠦᠨ᠎ᠡ᠃ | ᠭᠤᠤᠯᠳᠠᠯᠭ᠎ᠠ ᠲᠠᠢ ᠠᠵᠤ ᠦᠢᠯᠡᠳᠪᠦᠷᠢ ᠶᠢᠨ ᠬᠦᠷᠢᠶᠡᠯᠡᠩ ᠲᠤᠭᠤᠷᠢᠭ ᠪᠤᠯᠤᠨ ᠠᠵᠤ ᠠᠬᠤᠶᠢᠯᠠᠯ ᠰᠢᠨᠵᠢᠯᠡᠬᠦ ᠣᠬᠠᠭᠠᠨ ᠮᠡᠷᠭᠡᠵᠢᠯ ᠤᠨ ᠰᠢᠨ᠎ᠡ ᠶᠢ ᠡᠬᠦᠳᠬᠦ | ᠰᠣᠳᠣᠯᠣᠨ ᠨᠡᠭᠡᠭᠡᠯᠲᠡ ᠶᠢᠨ ᠪᠠᠶᠢᠭᠤᠯᠤᠮᠵᠢ ᠪᠠᠶᠢᠭᠤᠯᠬᠤ ᠶᠢ ᠲᠡᠮᠵᠢᠵᠤ᠂ ᠵᠢᠯ ᠤᠨ ᠲᠤᠳᠤᠷ᠎ᠠ ᠦᠪᠡᠷᠳᠡᠭᠡᠨ ᠵᠠᠰᠠᠬᠤ ᠤᠷᠤᠨ ᠤ ᠲᠡᠰ ᠤᠨ ᠰᠢᠨᠵᠢᠯᠡᠬᠦ | ᠤᠬᠠᠭᠠᠨ ᠮᠡᠷᠭᠡᠵᠢᠯ ᠤᠨ ᠰᠣᠳᠣᠯᠣᠨ ᠨᠡᠬᠡᠬᠡᠯᠲᠡ ᠶᠢᠨ ᠪᠠᠶᠢᠭᠤᠯᠤᠮᠵᠢ ᠶᠢ 2 ᠠᠴᠠ ᠲᠡᠬᠡᠭᠰᠢ᠂ 1 ᠤᠯᠤᠰ ᠤᠨ ᠲᠡᠭᠡᠳᠦ ᠰᠢᠨ᠎ᠡ ᠮᠡᠷᠭᠡᠵᠢᠯ ᠤᠨ ᠠᠵᠤ | ᠠᠬᠤᠶᠢᠯᠠᠯ ᠢ 1 ᠪᠤᠶᠢᠵᠢᠭᠤᠯᠤᠨ᠎ᠠ᠃ ︽ᠴᠢᠳᠠᠪᠤᠷᠢᠲᠠᠨ ᠤ ᠤᠷᠳᠤᠰ︾ ᠤᠨ ᠪᠠᠶᠢᠯᠳᠤᠬᠤ ᠪᠤᠳᠤᠯᠭ᠎ᠠ ᠪᠤᠯᠤᠨ ︽ᠬᠦᠬᠡ ᠲᠦᠯᠦ ᠲᠦᠯᠦᠪᠯᠡᠭᠡ︾ ᠶᠢ | ᠠᠬᠢᠭᠤᠯᠵᠤ᠂ ᠲᠡᠭᠡᠳᠦ ᠲᠠᠪᠬᠤᠷᠭᠠᠨ ᠤ ᠴᠢᠳᠠᠪᠤᠷᠢᠲᠠᠨ ᠪᠤᠯᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠶᠢ ᠡᠬᠦᠳᠬᠦ ᠲᠠᠶᠢᠴᠢᠯᠠᠭᠴᠢ ᠴᠢᠳᠠᠪᠤᠷᠢᠲᠠᠨ ᠢ | ᠢᠳᠡᠪᠬᠢᠲᠠᠢ ᠪᠠᠷ ᠤᠷᠤᠭᠤᠯᠤᠨ ᠠᠪᠴᠢᠷᠠᠨ᠎ᠠ᠃ ᠠᠵᠤ ᠠᠬᠤᠶᠢᠯᠠᠯ ᠤᠨ ᠠᠵᠢᠯᠴᠢᠨ ᠤ ᠪᠤᠯᠪᠠᠰᠣᠷᠠᠯ ᠢ ᠲᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠠᠵᠢᠯ | ᠮᠡᠷᠭᠡᠵᠢᠯ ᠤᠨ ᠰᠤᠷᠭᠠᠨ ᠬᠦᠮᠦᠵᠢᠯ ᠢ ᠲᠦᠷᠭᠡᠭᠡᠨ ᠬᠦᠭᠵᠢᠬᠦᠯᠵᠤ᠂ ᠮᠠᠨ ᠤ ᠬᠤᠲᠠ ᠶᠢᠨ ᠠᠵᠢᠯ ᠮᠡᠷᠭᠡᠵᠢᠯ ᠤᠨ ᠲᠡᠭᠡᠳᠦ ᠰᠣᠷᠭᠠᠭᠤᠯᠢ ᠶᠢᠨ ᠬᠢᠴᠢᠶᠡᠯ | ᠰᠢᠨᠵᠢᠯᠡᠬᠡᠨ ᠤ ᠲᠤᠬᠢᠷᠠᠭᠤᠯᠤᠯᠲᠠ ᠶᠢ ᠲᠡᠬᠦᠯᠳᠡᠷᠵᠢᠬᠦᠯᠵᠤ᠂ ᠲᠤᠮᠤ ᠬᠡᠯᠪᠡᠷᠢ ᠶᠢᠨ ᠠᠵᠢᠯ ᠮᠡᠷᠭᠡᠵᠢᠯ ᠤᠨ ᠪᠤᠲᠠᠲᠤ ᠪᠤᠯᠪᠠᠰᠣᠷᠠᠯ ᠤᠨ ᠰᠠᠭᠤᠷᠢᠨ ᠭᠠᠵᠠᠷ ᠢ | ᠡᠬᠢᠯᠡᠬᠦᠯᠦᠨ ᠪᠦᠲᠦᠬᠡᠨ ᠪᠠᠶᠢᠭᠤᠯᠵᠤ᠂ ᠭᠠᠵᠠᠷ ᠤᠷᠤᠨ ᠤ ᠠᠵᠤ ᠠᠬᠤᠶᠢᠯᠠᠯ ᠤᠨ ᠬᠦᠭᠵᠢᠯᠲᠡ ᠳᠤ ᠲᠤᠬᠢᠷᠠᠭᠰᠠᠨ᠂ ᠠᠵᠤ ᠦᠢᠯᠡᠰ ᠤᠨ ᠬᠦᠮᠦᠨ ᠭᠡᠷᠡᠭᠯᠡᠬᠦ | ᠭᠡᠷᠡᠭᠴᠡᠭᠡ ᠶᠢ ᠬᠠᠩᠭᠠᠭᠰᠠᠨ ᠨᠢᠬᠡ ᠪᠦᠯᠦᠭ ᠮᠡᠷᠭᠡᠵᠢᠯ ᠤᠨ ᠴᠢᠳᠠᠪᠤᠷᠢᠲᠠᠨ ᠢ ᠴᠢᠷᠮᠠᠶᠢᠨ ᠬᠦᠮᠦᠵᠢᠬᠦᠯᠦᠨ᠎ᠡ᠃ | ᠰᠤᠷᠭᠠᠨ ᠬᠦᠮᠦᠵᠢᠯ ᠤᠨ ᠦᠢᠯᠡᠰ ᠢ ᠤᠷᠢᠳᠠᠪᠠᠷ ᠭᠦᠭᠵᠢᠬᠦᠯᠦᠨ᠎ᠡ᠃ ᠰᠣᠷᠭᠠᠨ ᠬᠦᠮᠦᠵᠢᠯ ᠤᠨ ᠪᠡᠯᠡ ᠤᠷᠤᠭᠤᠯᠤᠯᠲᠠ ᠶᠢ ᠴᠢᠨᠠᠭᠰᠢᠳᠠ ᠨᠡᠮᠡᠭᠳᠡᠬᠦᠯᠵᠤ᠂ | ᠰᠣᠷᠭᠠᠨ ᠬᠦᠮᠦᠵᠢᠯ ᠤᠨ ᠵᠢᠭᠠᠨ ᠰᠤᠷᠭᠠᠬᠤ ᠨᠦᠬᠦᠴᠡᠯ ᠢ ᠰᠠᠶᠢᠵᠢᠷᠠᠭᠤᠯᠵᠤ᠂ 42 ᠬᠡᠤᠭᠡᠳ ᠤᠨ ᠴᠡᠴᠡᠷᠯᠢᠭ᠂ 59 ᠲᠤᠮᠳᠠᠳᠣ ᠪᠠᠭ᠎ᠠ ᠰᠣᠷᠭᠠᠭᠤᠯᠢ ᠶᠢ | ᠰᠢᠨ᠎ᠡ ᠪᠠᠷ ᠪᠤᠶᠤ ᠦᠷᠭᠡᠳᠭᠡᠨ ᠪᠠᠶᠢᠭᠤᠯᠤᠨ᠎ᠠ᠃ ᠬᠤᠲᠠ ᠶᠢᠨ ᠮᠤᠩᠭᠤᠯ ᠦᠨᠳᠦᠰᠦᠲᠡᠨ ᠤ ᠰᠣᠷᠭᠠᠭᠤᠯᠢ᠂ ᠬᠤᠲᠠ ᠶᠢᠨ ᠪᠠᠶᠢᠭᠠᠯᠢ ᠲᠧᠭᠨᠢᠭ ᠤᠨ ᠤᠬᠠᠭᠠᠨ | ᠤ ᠰᠣᠷᠭᠠᠭᠤᠯᠢ ᠶᠢ ᠰᠢᠨ᠎ᠡ ᠰᠤᠷᠭᠠᠭᠤᠯᠢ ᠶᠢᠨ ᠲᠤᠭᠤᠷᠢᠭ ᠲᠤ ᠨᠠᠬᠦᠯᠬᠡᠵᠤ ᠢᠷᠡᠬᠦ ᠶᠢ ᠦᠨᠡᠨᠬᠦ ᠪᠠᠲᠤᠯᠠᠵᠤ᠂ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ | ᠤᠷᠳᠤᠰ ᠲᠡᠭᠡᠳᠦ ᠰᠣᠷᠭᠠᠭᠤᠯᠢ ᠶᠢᠨ ᠬᠤᠶᠠᠳᠤᠭᠠᠷ ᠬᠤᠭᠤᠴᠠᠭᠠᠨ ᠤ ᠪᠠᠷᠢᠯᠭ᠎ᠠ ᠶᠢ ᠲᠠᠭᠤᠰᠬᠠᠵᠤ᠂ ᠬᠤᠲᠠ ᠶᠢᠨ ᠠᠮᠢ ᠠᠬᠤᠢ ᠤᠷᠴᠢᠨ ᠲᠤᠭᠤᠷᠢᠨ ᠤ | ᠲᠡᠭᠡᠳᠦ ᠰᠤᠷᠠᠭᠠᠤᠯᠢ ᠶᠢ ᠲᠦᠷᠬᠡᠨ ᠢᠶᠠᠷ ᠪᠦᠲᠦᠬᠡᠨ ᠪᠠᠶᠢᠭᠤᠯᠤᠨ᠎ᠠ᠃ ᠤᠯᠤᠰ ᠤᠨ ᠲᠤᠳᠤᠭᠠᠲᠤ ᠭᠠᠳᠠᠭᠠᠲᠤ ᠶᠢᠨ ᠨᠡᠷᠡᠲᠦ ᠲᠡᠭᠡᠳᠦ ᠰᠣᠷᠭᠠᠭᠤᠯᠢ ᠯᠤᠭ᠎ᠠ ᠶᠢᠨ | ᠬᠠᠮᠳᠤᠷᠡᠯᠴᠠᠭ᠎ᠠ ᠶᠢ ᠴᠢᠩᠭᠠᠳᠬᠠᠵᠤ᠂ ᠴᠢᠩᠬᠤᠸᠠ ᠶᠡᠭᠡ ᠰᠣᠷᠭᠠᠭᠤᠯᠢ᠂ ᠪᠡᠬᠡᠵᠢᠩ ᠶᠡᠭᠡ ᠰᠤᠷᠭᠠᠭᠤᠯᠢ᠂ ᠪᠡᠭᠡᠵᠢᠩ ᠤᠨ ᠠᠭᠠᠷ ᠰᠠᠨᠰᠠᠷ ᠤᠨ ᠠᠶᠠᠯᠠᠯ ᠤᠨ | ᠶᠡᠭᠡ ᠰᠣᠷᠭᠠᠭᠤᠯᠢ ᠵᠡᠷᠭᠡ ᠰᠤᠷᠭᠠᠭᠤᠯᠢ ᠨᠤᠭᠤᠳ ᠲᠠᠢ ᠲᠤᠭᠳᠠᠭᠰᠠᠨ ᠬᠠᠮᠲᠤᠷᠠᠨ ᠠᠵᠢᠯᠯᠠᠬᠤ ᠬᠡᠯᠡᠯᠴᠡᠭᠡᠷ ᠢ ᠨᠠᠶᠢᠲᠠᠪᠤᠷᠢᠵᠢᠭᠤᠯᠵᠤ᠂ ᠤᠷᠳᠤᠰ ᠶᠡᠭᠡ | ᠰᠣᠷᠭᠠᠭᠤᠯᠢ ᠶᠢᠨ ᠬᠤᠲᠠ ᠶᠢᠨ ᠪᠦᠲᠦᠬᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠡᠬᠢᠯᠡᠬᠦᠯᠦᠨ᠎ᠡ᠃ ᠰᠣᠷᠭᠠᠭᠤᠯᠢ ᠶᠢᠨ ᠬᠠᠮᠢᠶᠠᠷᠤᠯᠲᠠ ᠪᠤᠯᠤᠨ ᠪᠠᠭᠰᠢ ᠶᠢᠨ | ᠡᠩᠨᠡᠬᠡᠨ ᠤ ᠪᠠᠶᠢᠭᠤᠯᠤᠯᠲᠠ ᠶᠢ ᠴᠢᠩᠭᠠᠳᠬᠠᠵᠤ᠂ ᠨᠢᠬᠡ ᠪᠦᠯᠦᠭ ᠰᠢᠯᠢᠳᠡᠭ ᠵᠢᠭᠠᠨ ᠰᠣᠷᠭᠠᠯᠲᠠ ᠪᠤᠯᠤᠨ ᠬᠠᠮᠢᠶᠠᠷᠤᠯᠲᠠ ᠶᠢᠨ ᠴᠢᠳᠠᠪᠤᠷᠢᠲᠠᠨ ᠢ ᠰᠢᠨ᠎ᠡ ᠪᠠᠷ | ᠤᠷᠤᠭᠤᠯᠤᠨ ᠠᠪᠴᠢᠷᠠᠵᠤ᠂ ᠭᠡᠪ ᠴᠢᠨᠠᠷ ᠤᠨ ᠰᠣᠷᠭᠠᠨ ᠬᠦᠮᠦᠵᠢᠯ ᠢ ᠢᠳᠡᠪᠬᠢᠲᠠᠢ ᠠᠬᠢᠭᠤᠯᠵᠤ᠂ ᠰᠠᠭᠤᠷᠢ ᠰᠤᠷᠭᠠᠨ ᠬᠦᠮᠦᠵᠢᠯ ᠤᠨ ᠲᠡᠩᠴᠡᠭᠦᠷᠢᠲᠠᠢ | ᠬᠦᠭᠵᠢᠯᠲᠡ ᠶᠢ ᠴᠢᠷᠮᠠᠶᠢᠨ ᠠᠬᠢᠭᠤᠯᠵᠤ᠂ ᠰᠣᠷᠭᠠᠨ ᠬᠦᠮᠦᠵᠢᠯ ᠤᠨ ᠵᠢᠭᠠᠨ ᠰᠣᠷᠭᠠᠯᠲᠠ ᠶᠢᠨ ᠬᠢᠷᠢ ᠲᠦᠪᠰᠢᠨ ᠢ ᠲᠠᠰᠤᠷᠠᠯᠲᠠ ᠦᠬᠡᠢ ᠲᠡᠬᠡᠭᠰᠢᠯᠠᠬᠦᠯᠤᠨ᠎ᠠ᠃ | ᠲᠦᠷᠦ ᠶᠢᠨ ᠪᠤᠳᠤᠯᠭ᠎ᠠ ᠠᠷᠭ᠎ᠠ ᠬᠡᠮᠵᠢᠶ᠎ᠡ ᠲᠤᠭᠳᠠᠭᠠᠵᠤ᠂ ᠦᠨᠳᠦᠰᠦᠲᠡᠨ ᠤ ᠰᠤᠷᠭᠠᠨ ᠬᠦᠮᠦᠵᠢᠯ ᠤᠨ ᠦᠢᠯᠡᠰ ᠤᠨ ᠬᠦᠭᠵᠢᠯᠲᠡ ᠶᠢ ᠠᠬᠢᠭᠤᠯᠤᠨ᠎ᠠ᠃ | ᠡᠷᠡᠬᠦᠯ ᠬᠠᠮᠠᠭᠠᠯᠠᠯ ᠤᠨ ᠦᠢᠯᠡᠰ ᠢ ᠶᠡᠬᠡᠪᠡᠷ ᠭᠦᠭᠵᠢᠬᠦᠯᠦᠨ᠎ᠡ᠃ ᠡᠮ ᠡᠮᠨᠡᠯᠬᠡ ᠡᠷᠡᠬᠦᠯ ᠬᠠᠮᠠᠭᠠᠯᠠᠯ ᠤᠨ ᠪᠠᠶᠢᠭᠤᠯᠤᠮᠵᠢ ᠪᠤᠯᠤᠨ ᠴᠢᠳᠠᠪᠤᠷᠢᠲᠠᠨ ᠤ | ᠡᠩᠨᠡᠭᠡ ᠶᠢᠨ ᠪᠠᠶᠢᠭᠤᠯᠤᠯᠲᠠ ᠶᠢ ᠴᠢᠩᠭᠠᠳᠬᠠᠵᠤ᠂ ᠤᠷᠳᠤᠰ ᠡᠮᠨᠡᠯᠬᠡ ᠶᠢᠨ ᠬᠤᠷᠢᠶ᠎ᠠ᠂ ᠡᠬᠡ ᠨᠢᠯᠬᠠᠰ ᠤᠨ ᠡᠷᠡᠬᠦᠯᠵᠢᠯ ᠤᠨ ᠬᠤᠷᠢᠶ᠎ᠠ ᠶᠢ ᠪᠠᠶᠢᠭᠤᠯᠤᠨ | ᠠᠰᠢᠭᠯᠠᠯᠲᠠ ᠳᠤ ᠤᠷᠤᠭᠤᠯᠬᠤ ᠪᠠᠷ ᠴᠢᠷᠮᠠᠶᠢᠵᠤ᠂ ᠬᠤᠲᠠ ᠶᠢᠨ ᠬᠤᠶᠠᠳᠤᠭᠠᠷ ᠡᠮᠨᠡᠯᠬᠡ ᠶᠢᠨ ᠬᠤᠷᠢᠶ᠎ᠠ᠂ ᠬᠢᠳᠡᠳ ᠡᠮᠨᠡᠯᠬᠡ ᠶᠢᠨ ᠬᠤᠷᠢᠶ᠎ᠠ᠂ ᠵᠢᠷᠦᠬᠡ ᠲᠠᠷᠢᠬᠢ | ᠴᠢᠰᠣᠨ ᠰᠣᠳᠠᠯ ᠤᠨ ᠡᠮᠨᠡᠯᠬᠡ ᠶᠢᠨ ᠬᠤᠷᠢᠶ᠎ᠠ ᠶᠢ ᠪᠠᠷᠢᠯᠭ᠎ᠠ ᠡᠬᠢᠯᠡᠬᠦᠯᠦᠨ ᠪᠦᠲᠦᠬᠡᠨ ᠪᠠᠶᠢᠭᠤᠯᠵᠤ᠂ ᠲᠤᠮᠳᠠᠳᠣ ᠣᠯᠣᠰ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠲᠤᠤᠷ᠎ᠠ ᠦᠪᠡᠷ ᠤᠨ ᠦᠷᠳᠡᠭᠲᠦ ᠡᠮᠨᠡᠯᠬᠡ ᠶᠢᠨ ᠲᠦᠷᠦᠯ ᠵᠦᠢᠯ ᠢ ᠤᠷᠤᠭᠤᠯᠤᠨ ᠭᠡᠷᠡᠭᠵᠢᠬᠦᠯᠵᠤ᠂ ᠦᠨᠳᠦᠰᠦᠨ ᠱᠠᠲᠤᠨ ᠤ ᠡᠮ ᠡᠮᠨᠡᠯᠬᠡ | ᠶᠢᠨ ᠪᠠᠶᠢᠭᠤᠯᠤᠮᠵᠢ ᠶᠢᠨ ᠪᠦᠬᠦ ᠰᠠᠯᠠᠭᠠᠨ ᠤ ᠡᠮᠴᠢ ᠶᠢ ᠬᠦᠮᠦᠵᠢᠬᠦᠯᠬᠦ ᠲᠦᠯᠦᠪᠯᠡᠭᠡ ᠶᠢ ᠡᠬᠢᠯᠡᠬᠦᠯᠦᠨ᠎ᠡ᠃ ᠠᠯᠪᠠᠨ ᠠᠴᠠ ᠡᠷᠬᠢᠯᠡᠭᠰᠡᠨ ᠡᠮᠨᠡᠯᠬᠡ ᠶᠢᠨ | ᠬᠤᠷᠢᠶ᠎ᠠ ᠶᠢᠨ ᠦᠬᠡᠷᠡᠴᠢᠯᠡᠯᠲᠡ ᠶᠢᠨ ᠠᠯᠬᠤᠴᠠ ᠶᠢ ᠲᠦᠷᠭᠡᠳᠭᠡᠵᠤ᠂ ᠬᠤᠰᠢᠭᠤ ᠪᠤᠯᠤᠨ ᠬᠦᠳᠡᠭᠡ ᠲᠤᠰᠬᠤᠨ ᠤ ᠡᠮ ᠡᠮᠨᠡᠯᠬᠡ ᠡᠷᠡᠬᠦᠯ ᠬᠠᠮᠠᠭᠠᠯᠠᠯ ᠤᠨ | ᠪᠠᠶᠢᠭᠤᠯᠤᠮᠵᠢ ᠶᠢᠨ ᠴᠤᠭᠴᠠᠵᠢᠭᠰᠠᠨ ᠬᠠᠮᠢᠶᠠᠷᠤᠯᠲᠠ ᠶᠢᠨ ᠰᠢᠨ᠎ᠡ ᠭᠡᠪ ᠵᠠᠭᠪᠤᠷ ᠢ ᠢᠳᠡᠪᠬᠢᠲᠠᠢ ᠲᠡᠯᠬᠡᠷᠡᠬᠦᠯᠦᠨ᠎ᠡ᠃ ᠮᠤᠩᠭᠤᠯ ᠬᠢᠳᠠᠳ ᠡᠮ ᠡᠮᠨᠡᠯᠬᠡ ᠶᠢᠨ | ᠦᠢᠯᠡᠰ ᠢ ᠶᠡᠬᠡᠪᠡᠷ ᠭᠦᠭᠵᠢᠬᠦᠯᠦᠨ᠎ᠡ᠃ ᠬᠦᠮᠦᠨ ᠠᠮᠠ ᠬᠢᠬᠡᠳ ᠲᠦᠯᠦᠪᠯᠡᠭᠡᠲᠠᠢ ᠪᠠᠷ ᠬᠡᠤᠭᠡᠳ ᠠᠪᠬᠤ ᠠᠵᠢᠯ ᠢ ᠰᠠᠶᠢᠲᠤᠷ ᠬᠢᠵᠤ᠂ ᠲᠦᠷᠦᠭᠰᠡᠨ ᠬᠦᠮᠦᠨ ᠠᠮᠠ | ᠶᠢᠨ ᠭᠡᠪ ᠴᠢᠨᠠᠷ ᠢ ᠲᠡᠭᠡᠭᠰᠢᠯᠡᠬᠦᠯᠦᠨ᠎ᠡ᠃ | ︵ᠨᠠᠢᠮᠠ︶ ᠦᠬᠡᠷᠡᠴᠢᠯᠡᠯᠲᠡ ᠬᠢᠵᠤ ᠴᠢᠯᠦᠬᠡᠳᠡᠢ ᠶᠠᠪᠤᠯᠴᠠᠬᠤ ᠶᠢ ᠢᠳᠡᠪᠬᠢᠲᠠᠢ ᠠᠬᠢᠭᠤᠯᠤᠨ᠎ᠠ᠃ ᠤᠯᠤᠰ ᠤᠨ ᠦᠮᠴᠢᠯᠡᠯᠲᠦ ᠭᠦᠷᠦᠩᠬᠡ ᠶᠢᠨ ᠬᠢᠨᠠᠯᠲᠠ | ᠬᠠᠮᠢᠶᠠᠷᠤᠯᠲᠠ ᠶᠢ ᠴᠢᠩᠭᠠᠳᠬᠠᠵᠤ᠂ ᠤᠯᠤᠰ ᠤᠨ ᠦᠮᠴᠢᠯᠡᠯᠲᠦ ᠬᠦᠷᠦᠩᠬᠡ ᠪᠤᠯᠤᠨ ᠡᠬᠢ ᠪᠠᠶᠠᠯᠢᠭ ᠢ ᠲᠠᠪᠠᠭᠤᠯᠢᠭ ᠠᠵᠤ ᠦᠢᠯᠡᠰ᠂ ᠲᠠᠪᠠᠭᠤᠯᠢᠭ ᠠᠵᠤ | ᠠᠬᠤᠶᠢᠯᠠᠯ ᠵᠦᠭ ᠲᠦᠪᠯᠡᠷᠡᠬᠦᠯᠬᠦ ᠶᠢ ᠬᠦᠲᠦᠯᠦᠨ ᠵᠢᠯᠤᠭᠤᠳᠴᠣ᠂ ᠤᠯᠤᠰ ᠤᠨ ᠦᠮᠴᠢᠯᠡᠯᠲᠦ ᠬᠦᠷᠦᠩᠬᠡ ᠶᠢᠨ ᠺᠤᠮᠫᠠᠨᠢ ᠶᠢᠨ ᠪᠤᠲᠠᠲᠤ ᠬᠦᠴᠦᠨ ᠢ | ᠪᠤᠵᠠᠭᠠᠶᠢᠷᠠᠭᠤᠯᠵᠤ᠂ ᠦᠷᠳᠡᠭ ᠢ ᠪᠠᠲᠤᠯᠠᠵᠤ ᠦᠷᠳᠡᠭ ᠨᠡᠮᠡᠭᠳᠡᠬᠦᠯᠬᠦ ᠶᠢ ᠦᠨᠡᠨᠬᠦ ᠪᠡᠶᠡᠯᠡᠬᠦᠯᠦᠨ᠎ᠡ᠃ ᠵᠠᠰᠠᠭ ᠤᠨ ᠤᠷᠳᠤᠨ ᠤ ᠪᠡᠯᠡ ᠴᠤᠭᠯᠠᠭᠤᠯᠬᠤ ᠲᠠᠪᠴᠠᠩ | ᠢ ᠡᠮᠬᠢᠯᠡᠨ ᠨᠡᠶᠢᠯᠡᠬᠦᠯᠵᠤ᠂ ᠵᠠᠰᠠᠭ ᠤᠨ ᠤᠷᠳᠤᠨ ᠤ ᠦᠷᠢ ᠰᠢᠷᠢ ᠶᠢᠨ ᠬᠠᠮᠢᠶᠠᠷᠤᠯᠲᠠ ᠶᠢ ᠴᠢᠩᠭᠠᠳᠬᠠᠵᠤ᠂ ᠵᠢᠬᠡᠯᠡᠯᠬᠡ ᠶᠢᠨ ᠭᠡᠪᠴᠢᠶ᠎ᠡ ᠶᠢ ᠵᠤᠬᠢᠰᠲᠠᠢ | ᠪᠠᠭᠠᠰᠬᠠᠵᠤ᠂ ᠵᠢᠬᠡᠯᠡᠯᠬᠡ ᠶᠢᠨ ᠠᠶᠤᠯ ᠲᠦᠭᠰᠢᠬᠦᠷᠢ ᠶᠢ ᠪᠦᠲᠦᠮᠵᠢᠲᠠᠢ ᠰᠡᠷᠭᠡᠶᠢᠯᠡᠨ᠎ᠡ᠃ ᠤᠯᠤᠰ ᠤᠨ ᠡᠬᠢ ᠪᠠᠶᠠᠯᠢᠭ ᠤᠨ ᠬᠡᠯᠪᠡᠷᠢ ᠶᠢᠨ ᠬᠤᠲᠠ ᠶᠢᠨ ᠰᠢᠨ᠎ᠡ | ᠶᠢ ᠡᠬᠦᠳᠬᠦ ᠭᠦᠭᠵᠢᠯᠲᠡ ᠶᠢᠨ ᠶᠡᠷᠦᠩᠬᠡᠶᠢᠯᠡᠭᠰᠡᠨ ᠲᠦᠬᠦᠷᠵᠢᠬᠦᠯᠬᠦ ᠦᠬᠡᠷᠡᠴᠢᠯᠡᠯᠲᠡ ᠶᠢᠨ ᠲᠤᠷᠰᠢᠯᠲᠠ ᠶᠢᠨ ᠴᠡᠭ ᠤᠨ ᠬᠤᠲᠠ ᠪᠤᠯᠬᠤ ᠪᠠᠷ ᠴᠢᠷᠮᠠᠶᠢᠨ᠎ᠠ᠃ | ᠦᠪᠡᠷᠳᠡᠭᠡᠨ ᠵᠠᠰᠠᠬᠤ ᠤᠷᠤᠨ ᠤ ᠮᠦᠩᠬᠦᠨ ᠬᠦᠢᠯᠬᠡᠬᠡᠨ ᠤ ᠦᠬᠡᠷᠡᠴᠢᠯᠡᠯᠲᠡ ᠶᠢᠨ ᠰᠢᠨ᠎ᠡ ᠶᠢ ᠡᠬᠦᠳᠬᠦ ᠲᠤᠷᠰᠢᠯᠲᠠ ᠶᠢᠨ ᠴᠡᠭ ᠤᠨ ᠬᠤᠲᠠ ᠶᠢᠨ ᠪᠦᠲᠦᠬᠡᠨ | ᠪᠠᠶᠢᠭᠤᠯᠤᠯᠲᠠ ᠶᠢ ᠠᠬᠢᠭᠤᠯᠵᠤ᠂ ᠮᠦᠩᠬᠦᠨ ᠬᠦᠢᠯᠬᠡᠬᠡᠨ ᠤ ᠰᠢᠨ᠎ᠡ ᠶᠢ ᠡᠬᠦᠳᠬᠦ ᠶᠢ ᠵᠤᠷᠢᠭᠵᠢᠭᠤᠯᠤᠨ ᠲᠡᠮᠵᠢᠵᠤ᠂ ᠠᠷᠠᠳ ᠤᠨ ᠬᠦᠷᠦᠩᠬᠡ ᠶᠢ ᠵᠢᠯᠤᠭᠤᠳᠤᠨ | ᠪᠤᠲᠠᠲᠤ ᠴᠤᠭᠴᠠᠳᠤ ᠠᠵᠤ ᠠᠬᠤᠢ ᠶᠢᠨ ᠬᠦᠷᠢᠶ᠎ᠠ ᠬᠡᠪᠴᠢᠶ᠎ᠠ ᠳᠤ ᠤᠷᠤᠭᠤᠯᠤᠨ᠎ᠠ᠃ ᠠᠵᠢᠯ ᠦᠢᠯᠡᠰ ᠤᠨ ᠨᠢᠬᠡᠴᠢ ᠶᠢᠨ ᠲᠦᠷᠦᠯ ᠬᠤᠪᠢᠶᠠᠬᠤ ᠦᠬᠡᠷᠡᠴᠢᠯᠡᠯᠲᠡ | ᠶᠢ ᠯᠠᠪᠳᠠᠭᠤᠨ ᠪᠠᠲᠤᠲᠠᠢ ᠠᠬᠢᠭᠤᠯᠤᠨ᠎ᠠ᠃ ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠭᠠᠶᠢᠯᠢ ᠶᠢᠨ ᠪᠠᠶᠢᠭᠤᠯᠤᠯ ᠤᠨ ᠦᠬᠡᠷᠡᠴᠢᠯᠡᠯᠲᠡ ᠶᠢᠨ | ᠱᠠᠭᠠᠷᠳᠠᠯᠭ᠎ᠠ ᠶᠤᠰᠤᠭᠠᠷ᠂ ᠬᠤᠲᠠ᠂ ᠬᠤᠰᠢᠭᠤ ᠬᠤᠶᠠᠷ ᠱᠠᠲᠤᠨ ᠤ ᠡᠳ᠋ ᠤᠨ ᠵᠠᠰᠠᠭ ᠤᠨ ᠬᠤᠪᠢᠶᠠᠬᠤ ᠪᠠᠶᠢᠭᠤᠯᠤᠯ ᠳᠤ ᠵᠤᠬᠢᠰᠲᠠᠢ ᠪᠠᠷ ᠲᠤᠭᠢᠷᠠᠭᠤᠯᠤᠯᠲᠠ | ᠬᠢᠨ᠎ᠡ᠃ ᠡᠨᠡ ᠵᠢᠯ ᠠᠴᠠ ᠡᠬᠢᠯᠡᠨ᠂ ᠤᠳᠤᠭ ᠤᠨ ᠡᠮᠦᠨᠡᠲᠦ ᠬᠤᠰᠢᠭᠤ᠂ ᠬᠠᠩᠬᠢᠨ ᠬᠤᠰᠢᠭᠤ᠂ ᠲᠠᠯᠠᠳ ᠬᠤᠰᠢᠭᠤᠨ ᠤ ᠡᠳ᠋ ᠤᠨ ᠵᠠᠰᠠᠭ ᠤᠨ ᠬᠤᠲᠠ ᠶᠢᠨ | ᠲᠤᠰ ᠱᠠᠲᠤᠨ ᠳᠤ ᠲᠤᠰᠢᠶᠠᠭᠰᠠᠨ ᠭᠡᠰᠡᠭ ᠢ ᠪᠦᠬᠦ ᠲᠤᠭ᠎ᠠ ᠪᠠᠷ ᠪᠤᠴᠠᠭᠠᠨ ᠦᠭᠴᠦ᠂ ᠬᠤᠲᠠ ᠬᠦᠳᠡᠭᠡ ᠶᠢ ᠨᠢᠬᠡᠳᠦᠯᠲᠠᠢ ᠲᠦᠯᠦᠪᠵᠢᠬᠦᠯᠬᠦ ᠪᠠ ᠶᠠᠳᠠᠭᠤ ᠶᠢ | ᠲᠡᠳᠬᠦᠵᠤ ᠨᠡᠬᠡᠬᠡᠯᠳᠠ ᠬᠢᠬᠦ ᠠᠵᠢᠯ ᠳᠤ ᠲᠤᠰᠬᠠᠢ ᠵᠦᠢᠯ ᠢᠶᠠᠷ ᠭᠡᠷᠡᠭᠯᠡᠵᠤ᠂ ᠡᠳ᠋ ᠤᠨ ᠵᠠᠰᠠᠭ ᠬᠦᠴᠢᠷᠳᠠᠯᠳᠡᠢ ᠬᠤᠰᠢᠭᠤ ᠲᠤᠭᠤᠷᠢᠭ ᠤᠨ ᠵᠠᠷᠤᠯᠭ᠎ᠠ ᠶᠢᠨ | ᠲᠠᠷᠤᠭᠠᠰᠣ ᠶᠢ ᠬᠦᠩᠭᠡᠷᠡᠬᠦᠯᠦᠨ᠎ᠡ᠃ ᠡᠬᠢ ᠪᠠᠶᠠᠯᠢᠭ ᠤᠨ ᠲᠤᠬᠢᠷᠠᠭᠤᠯᠤᠯᠲᠠ ᠶᠢᠨ ᠲᠦᠷᠦ ᠶᠢᠨ ᠪᠤᠳᠤᠯᠭ᠎ᠠ ᠳᠤ ᠲᠤᠬᠢᠷᠠᠭᠤᠯᠤᠯᠲᠠ ᠬᠢᠵᠤ᠂ ᠲᠤᠬᠢᠷᠠᠭᠤᠯᠤᠯᠲᠠ | ᠶᠢᠨ ᠲᠡᠰ ᠲᠠᠷᠠᠭᠠᠯᠠᠯ ᠢ ᠴᠢᠩᠳᠠᠯᠠᠵᠤ᠂ ᠡᠬᠢ ᠪᠠᠶᠠᠯᠢᠭ ᠤᠨ ᠲᠤᠬᠢᠷᠠᠭᠤᠯᠤᠯᠲᠠ ᠶᠢᠨ ᠦᠷ᠎ᠡ ᠠᠰᠢᠭ ᠢ ᠲᠡᠭᠡᠭᠰᠢᠯᠡᠬᠦᠯᠵᠤ᠂ ᠠᠵᠤ ᠦᠢᠯᠡᠰ ᠤᠨ ᠪᠦᠲᠦᠴᠡ | ᠶᠢᠨ ᠭᠡᠯᠪᠡᠷᠢ ᠶᠢ ᠬᠤᠪᠢᠷᠠᠭᠤᠯᠤᠨ ᠲᠡᠰ ᠲᠡᠪᠰᠢᠬᠦᠯᠬᠦ ᠶᠢ ᠠᠬᠢᠭᠤᠯᠤᠨ᠎ᠠ᠃ ᠤᠯᠤᠰ ᠤᠨ ᠲᠤᠳᠤᠭᠠᠲᠤ ᠭᠠᠳᠠᠭᠠᠲᠤ ᠶᠢᠨ ᠬᠢᠨ ᠲᠠᠢ ᠬᠠᠮᠲᠤᠷᠠᠨ ᠠᠵᠢᠯᠯᠠᠵᠤ | ᠰᠤᠯᠢᠯᠴᠠᠭ᠎ᠠ ᠬᠢᠬᠦ ᠪᠠᠨ ᠴᠢᠩᠭᠠᠳᠬᠠᠵᠤ᠂ ᠬᠦᠭᠵᠢᠭᠰᠡᠨ ᠭᠠᠵᠠᠷ ᠤᠷᠤᠨ ᠤ ᠠᠵᠤ ᠦᠢᠯᠡᠰ ᠤᠨ ᠰᠢᠯᠵᠢᠯᠲᠡ ᠶᠢ ᠢᠳᠡᠪᠬᠢᠲᠠᠢ ᠵᠠᠯᠭᠠᠮᠵᠢᠯᠠᠵᠤ᠂ ᠰᠢᠶᠠᠩᠭᠠᠩ ᠤᠨ | ᠠᠵᠤ ᠠᠬᠤᠢ ᠶᠢᠨ ᠠᠷᠠᠯᠵᠢᠶᠠᠨ ᠤ ᠬᠠᠮᠲᠤᠷᠠᠨ ᠠᠵᠢᠯᠯᠠᠬᠤ ᠭᠠᠷᠠᠭ ᠤᠨ ᠠᠷᠡᠯᠵᠢᠶᠠᠴᠢᠨ ᠤᠷᠢᠬᠤ ᠠᠵᠢᠯᠯᠠᠭ᠎ᠠ ᠶᠢ ᠰᠠᠶᠢᠲᠤᠷ ᠵᠤᠬᠢᠶᠠᠨ ᠪᠠᠶᠢᠭᠤᠯᠵᠤ᠂ ᠵᠢᠶᠠᠩᠰᠣ | ᠮᠤᠵᠢ᠂ ᠲᠤᠮᠳᠠᠳᠣ ᠣᠯᠣᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠵᠡᠷᠭᠡ ᠭᠠᠵᠠᠷ ᠤᠷᠤᠨ ᠪᠠ ᠡᠷᠳᠡᠮ ᠰᠢᠨᠵᠢᠯᠡᠬᠡᠨ ᠤ ᠬᠦᠷᠢᠶᠡᠯᠡᠩ ᠭᠠᠵᠠᠷ ᠯᠤᠭ᠎ᠠ | ᠲᠤᠭᠳᠠᠭᠰᠠᠨ ᠬᠠᠮᠲᠤᠷᠠᠨ ᠠᠵᠢᠯᠯᠠᠬᠤ ᠬᠡᠯᠡᠯᠴᠡᠭᠡᠷ ᠢ ᠪᠦᠬᠦ ᠲᠠᠯ᠎ᠠ ᠪᠠᠷ ᠨᠠᠶᠢᠲᠠᠪᠤᠷᠢᠵᠢᠭᠤᠯᠤᠨ᠎ᠠ᠃ ᠤᠷᠤᠨ ᠪᠦᠰᠡ ᠶᠢᠨ ᠬᠠᠮᠳᠤᠷᠡᠯᠴᠠᠭ᠎ᠠ ᠶᠢ ᠴᠢᠩᠭᠠᠳᠬᠠᠵᠤ᠂ | ᠬᠦᠬᠡᠬᠤᠳᠠ ᠪᠤᠭᠤᠲᠤ ᠤᠷᠳᠣᠰ ᠤᠨ ᠬᠤᠲᠠ ᠶᠢᠨ ᠰᠦᠷᠦᠭᠵᠢᠯ᠂ ᠬᠦᠬᠡᠬᠤᠳᠠ ᠪᠤᠭᠤᠲᠤ ᠢᠷᠭᠠᠢ ᠶᠢᠨ ᠠᠵᠤ ᠠᠬᠤᠢ ᠶᠢᠨ ᠪᠦᠰᠡ ᠪᠤᠯᠤᠨ ᠦᠪᠦᠷ ᠮᠤᠩᠭᠤᠯ | ᠱᠠᠨᠰᠢ ᠭᠠᠨᠰᠣ ᠨᠢᠩᠰᠢᠶᠠ ᠶᠢᠨ ᠡᠨᠧᠷᠬᠢ ᠶᠢᠨ ᠰᠠᠭᠤᠷᠢᠨ ᠭᠠᠵᠠᠷ ᠲᠤ ᠰᠠᠨᠠᠭᠠᠴᠢᠯᠠᠭ᠎ᠠ ᠠᠴᠠ ᠠᠭᠤᠰᠤᠨ ᠤᠷᠤᠵᠤ᠂ ᠵᠠᠰᠠᠭ ᠵᠠᠬᠢᠷᠭᠠᠨ ᠤ ᠤᠷᠤᠨ | ᠠᠯᠤᠰᠯᠠᠭᠰᠠᠨ ᠠᠵᠤ ᠦᠢᠯᠡᠰ ᠤᠨ ᠬᠠᠮᠳᠤᠷᠡᠯᠴᠠᠭ᠎ᠠ ᠪᠠ ᠴᠢᠬᠤᠯᠠ ᠶᠡᠭᠡ ᠰᠠᠭᠤᠷᠢ ᠲᠦᠬᠦᠬᠡᠷᠦᠮᠵᠢ ᠶᠢᠨ ᠪᠦᠲᠦᠬᠡᠨ ᠪᠠᠶᠢᠭᠤᠯᠤᠯᠲᠠ ᠶᠢ ᠢᠳᠡᠪᠬᠢᠲᠠᠢ ᠠᠬᠢᠭᠤᠯᠵᠤ᠂ | ᠲᠠᠪᠠᠭᠤᠯᠢᠭ ᠢᠶᠠᠨ ᠬᠠᠷᠢᠯᠴᠠᠨ ᠨᠦᠬᠦᠪᠦᠷᠢᠯᠡᠯᠴᠡᠵᠤ᠂ ᠬᠠᠷᠢᠯᠴᠠᠨ ᠠᠰᠢᠭ ᠲᠠᠢ ᠬᠠᠮᠲᠤᠪᠠᠷ ᠢᠯᠠᠬᠤ ᠶᠢ ᠪᠡᠶᠡᠯᠡᠬᠦᠯᠦᠨ᠎ᠡ᠃ ᠬᠢᠩᠭᠠᠨ ᠠᠶᠢᠮᠠᠭ ᠢ ᠠᠵᠢᠯ ᠲᠦᠷᠦᠯ | ᠢᠶᠠᠷ ᠲᠤᠰᠠᠯᠠᠬᠤ ᠠᠵᠢᠯ ᠢ ᠢᠳᠡᠪᠬᠢᠲᠠᠢ ᠰᠠᠶᠢᠲᠤᠷ ᠬᠢᠵᠤ᠂ ᠴᠢᠬᠤᠯᠠ ᠶᠡᠭᠡ ᠲᠦᠷᠦᠯ ᠵᠦᠢᠯ ᠤᠨ ᠪᠦᠲᠦᠬᠡᠨ ᠪᠠᠶᠢᠭᠤᠯᠤᠯᠲᠠ ᠶᠢᠨ ᠠᠬᠢᠴᠠ ᠶᠢ ᠲᠦᠷᠭᠡᠳᠭᠡᠵᠤ | ᠂ ᠬᠢᠩᠭᠠᠨ ᠠᠶᠢᠮᠠᠭ — ᠤᠷᠳᠤᠰ ᠤᠨ ᠠᠵᠤ ᠦᠢᠯᠡᠳᠪᠦᠷᠢ ᠶᠢᠨ ᠬᠦᠷᠢᠶᠡᠯᠡᠩ ᠲᠤᠭᠤᠷᠢᠭ ᠤᠨ ᠪᠦᠲᠦᠬᠡᠨ ᠪᠠᠶᠢᠭᠤᠯᠤᠯᠲᠠ ᠶᠢ ᠰᠠᠶᠢᠲᠤᠷ ᠠᠳᠬᠤᠵᠤ᠂ | ᠬᠠᠮᠲᠤᠷᠠᠨ ᠠᠵᠢᠯᠯᠠᠬᠤ ᠬᠦᠷᠢᠶ᠎ᠡ ᠴᠠᠷᠠᠭ᠎ᠠ ᠪᠠᠨ ᠴᠢᠨᠠᠭᠰᠢᠲᠠ ᠦᠷᠭᠡᠳᠭᠡᠨ᠎ᠡ᠃ | ︵ᠶᠢᠰᠦ︶ ᠨᠡᠶᠢᠬᠡᠮ ᠤᠨ ᠬᠠᠮᠢᠶᠠᠷᠤᠯᠲᠠ ᠶᠢ ᠴᠢᠨᠠᠭᠰᠢᠲᠠ ᠴᠢᠩᠭᠠᠳᠬᠠᠬᠤ ᠪᠠ ᠰᠢᠨ᠎ᠡ ᠶᠢ ᠡᠬᠦᠳᠦᠨ᠎ᠡ᠃ ᠤᠯᠤᠰ ᠤᠨ ᠨᠡᠶᠢᠬᠡᠮ ᠤᠨ ᠬᠠᠮᠢᠶᠠᠷᠤᠯᠲᠠ | ᠶᠢᠨ ᠰᠢᠨ᠎ᠡ ᠶᠢ ᠡᠬᠦᠳᠬᠦ ᠶᠡᠷᠦᠩᠬᠡᠶᠢᠯᠡᠭᠰᠡᠨ ᠲᠤᠷᠰᠢᠯᠲᠠ ᠶᠢᠨ ᠴᠡᠭ ᠤᠨ ᠬᠤᠲᠠ ᠶᠢᠨ ᠪᠦᠲᠦᠬᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠠᠬᠢᠭᠤᠯᠵᠤ᠂ | ᠭᠠᠵᠠᠷ ᠤᠷᠤᠨ ᠤ ᠡᠶ᠎ᠡ ᠵᠤᠬᠢᠴᠠᠯ ᠠᠮᠤᠷ ᠲᠤᠭᠳᠠᠭᠤᠨ ᠢ ᠦᠨᠡᠨᠬᠦ ᠪᠠᠲᠤᠯᠠᠨ᠎ᠠ᠃ ᠵᠦᠷᠢᠴᠡᠯ ᠵᠢᠭᠤᠷᠠᠯᠳᠤᠭᠠᠨ ᠢ ᠵᠢᠭᠰᠠᠭᠠᠨ ᠪᠠᠶᠢᠴᠠᠭᠠᠵᠤ ᠰᠢᠢᠳᠪᠦᠷᠢᠯᠡᠬᠦ ᠡᠷᠴᠢᠮ | ᠢ ᠴᠢᠩᠭᠠᠷᠠᠭᠤᠯᠵᠤ᠂ ᠡᠯ᠎ᠡ ᠲᠦᠷᠦᠯ ᠤᠨ ᠵᠦᠷᠢᠴᠡᠯ ᠵᠢᠭᠤᠷᠠᠯᠳᠤᠭᠠᠨ ᠢ ᠦᠨᠳᠦᠰᠦᠨ ᠱᠠᠲᠤᠨ ᠳᠤ᠂ ᠴᠤᠬᠤᠶᠢᠨ ᠡᠬᠦᠰᠴᠦ ᠪᠠᠶᠢᠭ᠎ᠠ ᠪᠠᠶᠢᠳᠠᠯ ᠳᠤᠨᠢ | ᠰᠢᠢᠳᠪᠤᠷᠢᠯᠠᠨ᠎ᠠ᠃ ᠠᠷᠠᠳ ᠤᠨ ᠪᠡᠯᠡ ᠬᠤᠷᠠᠮᠳᠤᠯᠭ᠎ᠠ ᠶᠢᠨ ᠠᠵᠢᠯᠯᠠᠭ᠎ᠠ ᠶᠢ ᠵᠢᠷᠤᠮᠵᠢᠭᠤᠯᠵᠤ᠂ ᠠᠷᠠᠳ ᠤᠨ ᠵᠢᠬᠡᠯᠡᠯᠬᠡ ᠶᠢᠨ ᠲᠦᠭᠰᠢᠬᠦᠷᠢ ᠶᠢ ᠢᠳᠡᠪᠬᠢᠲᠠᠢ | ᠰᠡᠷᠬᠡᠶᠢᠯᠠᠨ ᠰᠢᠢᠳᠪᠤᠷᠢᠯᠠᠨ᠎ᠠ᠃ ᠠᠶᠤᠯ ᠦᠬᠡᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠨᠠᠶᠢᠲᠠᠪᠤᠷᠢᠵᠢᠭᠤᠯᠵᠤ᠂ ᠨᠡᠬᠦᠷᠡᠰᠣ ᠪᠤᠯᠤᠨ | ᠬᠢᠮᠢ ᠶᠢᠨ ᠠᠵᠤ ᠦᠢᠯᠡᠳᠪᠦᠷᠢ ᠶᠢᠨ ᠦᠢᠯᠡᠳᠪᠦᠷᠢᠯᠡᠯ᠂ ᠵᠠᠮ ᠬᠠᠷᠢᠯᠴᠠᠭ᠎ᠠ ᠲᠡᠬᠡᠬᠡᠪᠤᠷᠢ᠂ ᠪᠠᠷᠢᠯᠭ᠎ᠠ ᠶᠢᠨ ᠲᠤᠨᠤᠭᠯᠠᠯ᠂ ᠭᠠᠯ ᠤᠨᠳᠠᠷᠠᠭᠠᠬᠤ᠂ ᠰᠤᠷᠭᠠᠭᠠᠤᠯᠢ | ᠶᠢᠨ ᠬᠦᠷᠢᠶᠡᠨ ᠤ ᠠᠮᠤᠷ ᠲᠦᠪᠰᠢᠨ ᠵᠡᠷᠭᠡ ᠭᠤᠤᠯᠳᠠᠯᠭ᠎ᠠ ᠲᠠᠢ ᠬᠦᠷᠢᠶ᠎ᠡ ᠭᠡᠪᠴᠢᠶ᠎ᠡ ᠶᠢᠨ ᠲᠠᠯᠳᠠ ᠭᠡᠮ ᠢ ᠵᠢᠭᠰᠠᠭᠠᠨ ᠪᠠᠶᠢᠴᠠᠭᠠᠵᠤ ᠴᠡᠭᠴᠡᠯᠡᠨ ᠵᠠᠰᠠᠬᠤ ᠠᠵᠢᠯ | ᠢ ᠰᠠᠶᠢᠲᠤᠷ ᠠᠳᠬᠤᠵᠤ᠂ ᠤᠨᠴᠠ ᠬᠦᠨᠲᠦ ᠶᠡᠭᠡ ᠠᠶᠤᠯ ᠦᠬᠡᠢ ᠶᠢᠨ ᠭᠡᠷᠡᠭ ᠠᠳᠡᠯ ᠡᠬᠦᠰᠬᠦ ᠶᠢ ᠡᠷᠡᠰ ᠰᠡᠷᠬᠡᠶᠢᠯᠠᠨ᠎ᠠ᠃ ᠢᠳᠡᠭᠡᠨ ᠡᠮ ᠤᠨ ᠵᠦᠢᠯ ᠤᠨ ᠠᠶᠤᠯ | ᠦᠬᠡᠢ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠡᠯᠧᠺᠲᠷᠤᠨ ᠬᠢᠨᠠᠨ ᠬᠠᠮᠢᠶᠠᠷᠤᠯᠲᠠ ᠶᠢᠨ ᠰᠢᠰᠲ᠋ᠧᠮ ᠤᠨ ᠪᠦᠲᠦᠬᠡᠨ ᠪᠠᠶᠢᠭᠤᠯᠤᠯᠲᠠ ᠶᠢ | ᠠᠬᠢᠭᠤᠯᠵᠤ᠂ ᠤᠯᠠᠨ ᠲᠦᠮᠡᠨ ᠤ ᠢᠳᠡᠬᠡᠨ ᠤᠮᠳᠠᠭᠠᠨ ᠭᠡᠷᠡᠭᠯᠡᠬᠦ ᠡᠮ ᠤᠨ ᠠᠶᠤᠯ ᠦᠬᠡᠢ ᠶᠢ ᠦᠨᠡᠨᠬᠦ ᠪᠠᠳᠤᠯᠠᠨ᠎ᠠ᠃ ᠭᠠᠮᠰᠢᠭ ᠠᠴᠠ ᠰᠡᠷᠭᠡᠶᠢᠯᠡᠵᠤ ᠭᠠᠮᠰᠢᠭ ᠢ | ᠪᠠᠭᠠᠰᠬᠠᠬᠤ ᠬᠢᠭᠡᠳ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠰᠢᠰᠲ᠋ᠧᠮᠵᠢ ᠶᠢᠨ ᠪᠠᠶᠢᠭᠤᠯᠤᠯᠲᠠ ᠶᠢ ᠴᠢᠩᠭᠠᠳᠬᠠᠵᠤ᠂ ᠠᠭᠠᠷ ᠤᠨ ᠰᠡᠷᠭᠡᠶᠢᠯᠡᠯᠲᠡ | ᠭᠠᠮᠰᠢᠭ ᠤᠨ ᠰᠡᠷᠭᠡᠶᠢᠯᠡᠯᠲᠡ ᠶᠢᠨ ᠬᠦᠮᠦᠨ ᠠᠮᠠ ᠶᠢ ᠲᠠᠷᠠᠬᠠᠭᠠᠬᠤ ᠰᠠᠭᠤᠷᠢᠨ ᠭᠠᠵᠠᠷ ᠢ ᠪᠦᠲᠦᠬᠡᠨ ᠪᠠᠶᠢᠭᠤᠯᠵᠤ᠂ ᠬᠤᠲᠠ ᠶᠢᠨ ᠦᠶᠡᠷ ᠢ ᠰᠡᠷᠭᠡᠶᠢᠯᠡᠬᠦ ᠠᠵᠢᠯ | ᠢ ᠴᠢᠬᠤᠯᠠᠴᠢᠯᠠᠵᠤ᠂ ᠡᠯ᠎ᠡ ᠲᠦᠷᠦᠯ ᠤᠨ ᠬᠡᠨᠡᠳᠳᠡ ᠶᠢᠨ ᠭᠡᠷᠡᠭ ᠪᠤᠯᠤᠨ ᠤᠯᠠᠨ ᠲᠦᠮᠠᠨᠴᠢ ᠴᠢᠨᠠᠷᠲᠠᠢ ᠭᠡᠷᠡᠭ ᠭᠠᠷᠬᠤ ᠶᠢ ᠪᠦᠲᠦᠮᠵᠢᠲᠠᠢ ᠰᠡᠷᠡᠮᠵᠢᠯᠡᠨ | ᠰᠢᠢᠳᠪᠤᠷᠢᠯᠠᠨ᠎ᠠ᠃ ᠨᠡᠶᠢᠬᠡᠮ ᠤᠨ ᠠᠮᠤᠷ ᠲᠦᠪᠰᠢᠨ ᠢ ᠶᠡᠷᠦᠩᠬᠡᠶᠢᠯᠡᠨ ᠵᠠᠰᠠᠬᠤ ᠠᠵᠢᠯ ᠢ ᠴᠢᠩᠭᠠᠳᠬᠠᠵᠤ᠂ ᠬᠦᠮᠦᠨ ᠪᠤᠯᠤᠨ ᠪᠤᠳᠠᠰ ᠢᠶᠠᠷ ᠰᠡᠷᠭᠡᠶᠢᠯᠡᠬᠦ ᠶᠢ | ᠮᠡᠷᠭᠡᠵᠢᠯ ᠢᠶᠠᠷ ᠰᠡᠷᠭᠡᠶᠢᠯᠡᠬᠦ ᠯᠦᠭᠡ ᠪᠦᠲᠦᠮᠵᠢᠲᠠᠢ ᠤᠶᠠᠯᠳᠤᠭᠤᠯᠬᠤ ᠶᠢ ᠪᠡᠶᠡᠯᠡᠬᠦᠯᠵᠤ᠂ ᠪᠦᠬᠦ ᠲᠠᠯ᠎ᠠ ᠶᠢᠨ᠂ ᠪᠡᠶᠡᠲᠦᠴᠢᠯᠡᠭᠰᠡᠨ᠂ ᠪᠦᠬᠦᠯᠢ ᠡᠳᠦᠷ ᠤᠨ ᠨᠡᠶᠢᠬᠡᠮ | ᠤᠨ ᠠᠮᠤᠷ ᠲᠦᠪᠰᠢᠨ ᠤ ᠰᠡᠷᠭᠡᠶᠢᠯᠡᠨ ᠡᠵᠡᠮᠳᠡᠬᠦ ᠰᠢᠰᠲ᠋ᠧᠮᠵᠢ ᠶᠢ ᠪᠤᠢ ᠪᠤᠯᠭᠠᠵᠤ᠂ ᠡᠯ᠎ᠡ ᠲᠦᠷᠦᠯ ᠤᠨ ᠬᠠᠤᠯᠢ ᠠᠴᠠ ᠵᠦᠷᠢᠴᠡᠭᠰᠡᠨ ᠶᠠᠯᠠᠲᠤ ᠠᠵᠢᠯᠯᠠᠭ᠎ᠠ ᠳᠤ | ᠴᠢᠩᠭ᠎ᠠ ᠴᠤᠬᠢᠯᠲᠠ ᠦᠭᠴᠦ᠂ ᠠᠮᠤᠭᠤᠯᠤᠠᠩ ᠤᠷᠳᠣᠰ ᠤᠨ ᠪᠦᠲᠦᠬᠡᠨ ᠪᠠᠶᠢᠭᠤᠯᠤᠯᠲᠠ ᠶᠢᠨ ᠬᠢᠷᠢ ᠲᠦᠪᠰᠢᠨ ᠢ ᠲᠡᠭᠡᠭᠰᠢᠯᠡᠬᠦᠯᠦᠨ᠎ᠡ᠃ ᠪᠦᠬᠦ ᠠᠷᠠᠳ ᠤᠨ | ᠤᠯᠤᠰ ᠤᠨ ᠪᠠᠲᠤᠯᠠᠨ ᠬᠠᠮᠠᠭᠠᠯᠠᠯᠲᠠ ᠶᠢᠨ ᠬᠦᠮᠦᠵᠢᠯ ᠢ ᠬᠦᠨᠵᠡᠬᠡᠶᠢᠷᠡᠬᠦᠯᠵᠤ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠲᠠᠶᠢᠴᠢᠯᠠᠯᠲᠠ ᠪᠤᠯᠤᠨ ᠨᠦᠬᠡᠴᠡ | ᠬᠦᠴᠦᠨ ᠤ ᠪᠦᠲᠦᠬᠡᠨ ᠪᠠᠶᠢᠭᠤᠯᠤᠯᠲᠠ ᠶᠢ ᠴᠢᠩᠭᠠᠳᠬᠠᠵᠤ᠂ ᠴᠡᠷᠢᠭ ᠢᠶᠠᠨ ᠬᠦᠷᠢᠶᠡᠯᠡᠨ ᠬᠡᠷ ᠪᠦᠯᠢ ᠶᠢ ᠨᠢ ᠬᠠᠷᠠᠭᠠᠯᠵᠠᠬᠤ᠂ ᠵᠠᠰᠠᠭ ᠢᠶᠠᠨ ᠬᠦᠷᠢᠶᠡᠯᠡᠨ ᠠᠷᠠᠳ | ᠢᠶᠠᠨ ᠬᠠᠶᠢᠷᠠᠯᠠᠬᠤ ᠠᠵᠢᠯ ᠢ ᠰᠠᠶᠢᠲᠤᠷ ᠬᠢᠵᠤ᠂ ᠰᠢᠨ᠎ᠡ ᠪᠠᠶᠢᠳᠠᠯ ᠲᠤᠤᠷᠠᠬᠢ ᠴᠡᠷᠢᠭ ᠵᠠᠰᠭ ᠴᠡᠷᠢᠭ ᠠᠷᠠᠳ ᠤᠨ ᠪᠦᠯᠬᠦᠮᠳᠡᠯ ᠢ ᠲᠠᠰᠣᠷᠠᠯᠲᠠ ᠦᠬᠡᠢ | ᠪᠢᠬᠢᠵᠢᠬᠦᠯᠦᠨᠡ᠃ | ︵ᠠᠷᠪᠠ︶ ᠤᠶᠤᠨ ᠤ ᠪᠤᠯᠪᠠᠰᠣᠨ ᠪᠠ ᠠᠷᠠᠳᠴᠢᠯᠠᠯ ᠬᠠᠤᠯᠢ ᠪᠠᠷ ᠵᠠᠰᠠᠬᠤ ᠪᠠᠶᠢᠭᠤᠯᠤᠯᠲᠠ ᠶᠢ ᠬᠦᠨᠵᠡᠬᠡᠢ ᠠᠬᠢᠭᠤᠯᠤᠨ᠎ᠠ᠃ ᠤᠷᠲᠤ ᠬᠤᠭᠤᠴᠠᠭᠠᠨ ᠤ | ᠪᠦᠲᠦᠮᠵᠢᠲᠦ ᠲᠤᠭᠳᠠᠴᠠ ᠶᠢ ᠪᠠᠶᠢᠭᠤᠯᠵᠤ᠂ ᠪᠦᠬᠦ ᠤᠯᠤᠰ ᠤᠨ ᠪᠤᠯᠪᠠᠰᠣᠨ ᠬᠤᠲᠠ ᠶᠢ ᠡᠬᠦᠳᠦᠨ ᠪᠠᠶᠢᠭᠤᠯᠤᠭᠰᠠᠨ ᠦᠷ᠎ᠡ ᠪᠦᠲᠦᠬᠡᠯ ᠢ ᠲᠠᠰᠣᠷᠠᠯᠲᠠ ᠦᠬᠡᠢ | ᠪᠢᠬᠢᠵᠢᠬᠦᠯᠦᠨ ᠬᠦᠭᠵᠢᠬᠦᠯᠦᠨ᠎ᠡ᠃ ᠨᠡᠶᠢᠬᠡᠮ ᠵᠢᠷᠤᠮ ᠤᠨ ᠭᠤᠤᠯ ᠦᠷᠳᠡᠭ ᠤᠨ ᠰᠢᠰᠲ᠋ᠧᠮᠵᠢ ᠶᠢᠨ ᠪᠠᠶᠢᠭᠤᠯᠤᠯᠲᠠ ᠶᠢ ᠦᠷᠬᠦᠯᠵᠢᠯᠡᠨ ᠠᠬᠢᠭᠤᠯᠵᠤ᠂ ᠨᠡᠶᠢᠬᠡᠮ | ᠨᠡᠶᠢᠲᠡ ᠶᠢᠨ ᠶᠤᠰᠤ ᠰᠣᠷᠳᠠᠬᠤᠨ᠂ ᠠᠵᠢᠯ ᠤᠨ ᠶᠤᠰᠤ ᠰᠤᠷᠳᠠᠬᠤᠨ ᠪᠤᠯᠤᠨ ᠭᠡᠷ ᠪᠦᠯᠢ ᠶᠢᠨ ᠡᠷᠬᠢᠮ ᠰᠣᠷᠳᠠᠯ ᠤᠨ ᠬᠦᠮᠦᠵᠢᠯ ᠢ ᠴᠢᠨᠠᠭᠰᠢᠲᠠ | ᠴᠢᠩᠭᠠᠳᠬᠠᠵᠤ᠂ ᠪᠤᠯᠪᠠᠰᠣᠨ ᠶᠤᠰᠤ ᠮᠤᠷᠠᠯ ᠤᠨ ᠪᠢᠶᠤᠤᠪᠢᠩ᠂ ᠶᠤᠰᠤ ᠰᠣᠷᠳᠠᠬᠤᠨ ᠤ ᠵᠢᠱᠢᠶᠡᠴᠢ ᠪᠤᠯᠤᠨ ᠡᠷᠬᠢᠮ ᠰᠣᠷᠳᠠᠯᠳᠤ ᠪᠠᠭᠠᠴᠤᠳ ᠢ ᠰᠣᠩᠭᠤᠨ | ᠰᠢᠯᠭᠠᠷᠠᠭᠤᠯᠬᠤ ᠠᠵᠢᠯᠯᠠᠭ᠎ᠠ ᠶᠢ ᠬᠦᠨᠵᠡᠬᠡᠢ ᠦᠷᠨᠢᠬᠦᠯᠵᠤ᠂ ᠬᠤᠲᠠ ᠶᠢᠨ ᠠᠷᠠᠳ ᠤᠨ ᠰᠣᠶᠣᠯ ᠤᠨ ᠶᠡᠭᠡ ᠬᠢᠴᠢᠶᠡᠯ ᠤᠨ ᠲᠢᠩᠬᠢᠮ᠂ ᠪᠦᠬᠦ ᠠᠷᠠᠳ ᠤᠨ | ᠣᠩᠰᠢᠯᠭ᠎ᠠ᠂ ᠲᠤᠤᠷ᠎ᠠ ᠨᠡᠬᠦᠷᠡᠰᠦᠳᠦ᠋ᠷᠦᠭᠴᠢᠲᠦ ᠦᠬᠦᠯᠡᠯ ᠤᠨ ᠲᠠᠪᠴᠠᠩ ᠵᠡᠷᠭᠡ ᠠᠵᠢᠯᠯᠠᠭ᠎ᠠ ᠶᠢ ᠢᠳᠡᠪᠬᠢᠲᠠᠢ ᠵᠤᠬᠢᠶᠠᠨ ᠪᠠᠶᠢᠭᠤᠯᠤᠨ ᠦᠷᠨᠢᠬᠦᠯᠵᠤ᠂ ᠬᠤᠲᠠ | ᠬᠦᠳᠡᠭᠡ ᠶᠢᠨ ᠪᠤᠯᠪᠠᠰᠣᠨ ᠤ ᠬᠡᠮᠵᠢᠶ᠎ᠡ ᠶᠢ ᠲᠠᠰᠤᠷᠠᠯᠲᠠ ᠦᠬᠡᠢ ᠲᠡᠭᠡᠭᠰᠢᠯᠡᠬᠦᠯᠵᠤ ᠂ ᠤᠯᠠᠨ ᠲᠦᠮᠡᠨ ᠢ ᠬᠦᠲᠦᠯᠦᠨ ᠵᠢᠯᠤᠭᠤᠳᠴᠤ ᠵᠦᠪ ᠤᠨᠤᠪᠴᠢᠲᠠᠢ | ᠦᠷᠳᠡᠭ ᠤᠨ ᠦᠵᠡᠯᠲᠡ ᠶᠢ ᠪᠤᠢ ᠪᠤᠯᠭᠠᠵᠤ᠂ ᠰᠢᠨᠵᠢᠯᠡᠬᠦ ᠤᠬᠠᠭᠠᠨᠴᠢ ᠪᠦᠬᠡᠳ ᠤᠶᠤᠨᠴᠢ ᠬᠡᠷᠡᠭᠯᠡᠭᠡ ᠶᠢᠨ ᠦᠢᠯᠠᠭᠠᠭᠳᠠᠬᠤᠨ ᠢ ᠰᠠᠨᠠᠭᠠᠴᠢᠯᠠᠵᠤ᠂ ᠯᠠᠪᠳᠠᠭᠤᠨ | ᠲᠤᠭᠳᠠᠭᠤᠨ᠂ ᠰᠢᠷᠭᠠᠭᠤ ᠬᠠᠳᠠᠭᠤᠵᠢᠯᠲᠠᠢ ᠪᠠᠷ ᠠᠳᠠᠯ ᠪᠤᠰᠬᠠᠵᠤ᠂ ᠪᠤᠲᠠᠲᠤ ᠦᠢᠯᠡᠰ ᠢᠶᠠᠷ ᠪᠠᠶᠠᠵᠢᠬᠤ ᠨᠡᠶᠢᠬᠡᠮ ᠤᠨ ᠤᠷᠴᠢᠨ ᠠᠬᠤᠢ ᠶᠢ ᠴᠢᠷᠮᠠᠶᠢᠨ | ᠡᠬᠦᠳᠦᠨ᠎ᠡ᠃ ᠨᠠᠰᠣᠨ ᠳᠤ ᠦᠯᠦ ᠬᠦᠷᠦᠭᠰᠡᠳ ᠤᠨ ᠦᠵᠡᠯ ᠰᠠᠨᠠᠭ᠎ᠠ ᠶᠤᠰᠤ ᠰᠣᠷᠳᠠᠬᠤᠨ ᠤ ᠭᠦᠮᠦᠵᠢᠯ ᠢ ᠴᠢᠩᠭᠠᠳᠬᠠᠵᠤ᠂ ᠬᠤᠶᠢᠴᠢ ᠦᠶ᠎ᠡ ᠶᠢᠨ ᠬᠢᠨ ᠢ | ᠬᠠᠯᠠᠮᠵᠢᠯᠠᠬᠤ ᠠᠵᠢᠯ ᠢ ᠰᠠᠶᠢᠲᠤᠷ ᠬᠢᠨ᠎ᠠ᠃ ᠬᠤᠲᠠ ᠶᠢᠨ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠵᠢᠴᠢ ᠪᠠᠶᠢᠩᠭᠤ ᠶᠢᠨ ᠬᠤᠷᠢᠶᠠᠨ ᠤ ᠰᠢᠢᠳᠪᠦᠷᠢ | ᠲᠤᠭᠳᠠᠭᠠᠯ ᠢ ᠬᠢᠨᠠᠮᠠᠭᠠᠢ ᠭᠡᠷᠡᠭᠵᠢᠬᠦᠯᠵᠤ᠂ ᠬᠤᠲᠠ ᠶᠢᠨ ᠤᠯᠤᠰ ᠲᠦᠷᠦ ᠶᠢᠨ ᠵᠦᠪᠯᠡᠯᠭᠡᠨ ᠤ ᠡᠷᠭᠡ ᠲᠤᠰᠢᠶᠠᠯ ᠢᠶᠠᠨ ᠬᠦᠢᠴᠡᠳᠭᠡᠭᠦ ᠶᠢ ᠢᠳᠡᠪᠬᠢᠲᠠᠢ ᠲᠡᠮᠵᠢᠵᠤ | ᠂ ᠡᠯ᠎ᠡ ᠠᠷᠠᠳᠴᠢᠯᠠᠭᠰᠠᠨ ᠨᠠᠮ ᠪᠦᠯᠦᠭ᠂ ᠠᠵᠤ ᠦᠢᠯᠡᠳᠪᠦᠷᠢ ᠬᠤᠳᠠᠯᠳᠤᠭᠠᠨ ᠤ ᠬᠤᠯᠪᠤᠭ᠎ᠠ᠂ ᠨᠠᠮ ᠪᠦᠯᠦᠭ ᠤᠨ ᠪᠤᠰᠤ ᠬᠦᠮᠦᠰ ᠪᠤᠯᠤᠨ ᠠᠷᠠᠳ ᠤᠨ | ᠪᠦᠯᠬᠦᠮ ᠤᠨ ᠰᠠᠨᠠᠯ ᠰᠠᠨᠠᠭᠤᠯᠭ᠎ᠠ ᠢ ᠢᠳᠡᠪᠬᠢᠲᠠᠢ ᠭᠦᠯᠢᠶᠡᠨ ᠠᠪᠴᠣ᠂ ᠵᠦᠪᠯᠡᠯᠬᠡ᠂ ᠰᠠᠨᠠᠭᠤᠯᠭ᠎ᠠ ᠪᠤᠯᠤᠨ ᠰᠠᠨᠠᠯ ᠲᠤᠷᠠᠳᠣᠯᠭ᠎ᠠ ᠶᠢ ᠬᠦᠢᠴᠡᠳᠭᠡᠭᠦ ᠶᠠᠰᠣ ᠴᠢᠨᠠᠷ | ᠢ ᠲᠡᠬᠡᠭᠰᠢᠯᠠᠬᠦᠯᠤᠨ᠎ᠠ᠃ ᠬᠠᠤᠯᠢ ᠲᠦᠷᠢᠮ ᠤᠨ ᠤᠬᠠᠭᠤᠯᠭ᠎ᠠ ᠭᠦᠮᠦᠵᠢᠯ ᠢ ᠬᠦᠨᠵᠡᠬᠡᠢ ᠦᠷᠨᠢᠬᠦᠯᠵᠤ᠂ ︽ᠵᠢᠷᠭᠤᠭ᠎ᠠ ᠲᠡᠪᠤ ︾ ᠶᠢᠨ ᠬᠠᠤᠯᠢ ᠲᠦᠬᠡᠮᠡᠯᠵᠢᠬᠦᠯᠬᠦ | ᠠᠵᠢᠯ ᠢ ᠬᠦᠨᠵᠡᠬᠡᠢ ᠦᠷᠨᠢᠬᠦᠯᠵᠤ᠂ ᠬᠠᠤᠯᠢ ᠶᠤᠰᠤᠭᠠᠷ ᠵᠠᠰᠠᠭ ᠶᠠᠪᠤᠭᠤᠯᠬᠤ ᠠᠵᠢᠯ ᠢ ᠴᠢᠨᠠᠭᠰᠢᠲᠠ ᠠᠬᠢᠭᠤᠯᠵᠤ᠂ ᠬᠠᠤᠯᠢ ᠪᠠᠷ ᠵᠠᠰᠠᠭᠰᠠᠨ ᠤᠷᠳᠤᠰ ᠢ | ᠪᠦᠲᠦᠬᠡᠨ ᠪᠠᠶᠢᠭᠤᠯᠤᠨ᠎ᠠ᠃ ᠠᠵᠢᠯᠴᠢᠨ ᠤ ᠡᠪᠯᠡᠯ᠂ ᠡᠮᠡᠭᠳᠡᠶᠢᠴᠣᠳ ᠤᠨ ᠬᠤᠯᠪᠤᠭ᠎ᠠ᠂ ᠡᠪ ᠬᠠᠮᠲᠤ ᠵᠠᠯᠠᠭᠤᠴᠤᠳ ᠤᠨ ᠡᠪᠯᠡᠯ ᠵᠡᠷᠭᠡ ᠪᠦᠯᠬᠦᠮ ᠤᠨ ᠵᠤᠬᠢᠶᠠᠨ | ᠪᠠᠶᠢᠭᠤᠯᠤᠯᠲᠠ ᠶᠢᠨ ᠦᠢᠯᠡᠳᠦᠯ ᠢ ᠬᠦᠢᠴᠡᠳ ᠪᠠᠳᠠᠷᠡᠭᠤᠯᠤᠨᠠ᠃ ᠦᠨᠳᠦᠰᠦᠲᠡᠨ ᠬᠢᠭᠡᠳ ᠱᠠᠰᠢᠨ ᠰᠣᠷᠳᠠᠬᠤᠨ ᠤ ᠠᠵᠢᠯ ᠢ ᠨᠠᠷᠢᠨ ᠬᠢᠨᠠᠮᠠᠭᠠᠢ ᠰᠠᠶᠢᠲᠤᠷ | ᠬᠢᠨ᠎ᠠ᠃ | ︵ᠠᠷᠪᠠᠨ ᠨᠢᠬᠡ︶ ᠵᠠᠰᠠᠭ ᠤᠨ ᠤᠷᠳᠤᠨ ᠤ ᠲᠤᠰ ᠪᠡᠶ᠎ᠡ ᠶᠢᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠨ᠎ᠠ᠃ ᠤᠯᠤᠰ ᠤᠨ ᠲᠤᠳᠤᠭᠠᠳᠤ | ᠭᠠᠳᠠᠭᠠᠲᠤ ᠶᠢᠨ ᠠᠵᠤ ᠠᠬᠤᠢ ᠶᠢᠨ ᠬᠦᠭᠵᠢᠯᠲᠡ ᠶᠢᠨ ᠪᠠᠶᠢᠳᠠᠯ ᠪᠠ ᠤᠯᠤᠰ᠂ ᠦᠪᠡᠷᠳᠡᠭᠡᠨ ᠵᠠᠰᠠᠬᠤ ᠤᠷᠤᠨ ᠤ ᠲᠦᠷᠦ ᠶᠢᠨ ᠪᠤᠳᠤᠯᠭ᠎ᠠ ᠶᠢᠨ ᠴᠢᠭᠯᠡᠯ ᠢ | ᠨᠠᠷᠢᠨ ᠨᠢᠮᠪᠠᠢ ᠠᠩᠬᠠᠷᠴᠣ᠂ ᠠᠵᠤ ᠠᠬᠤᠢ ᠨᠡᠶᠢᠬᠡᠮ ᠤᠨ ᠬᠦᠭᠵᠢᠯᠲᠡ ᠲᠤᠮᠳᠠ ᠢᠯᠡᠷᠡᠨ ᠭᠠᠷᠤᠭᠰᠠᠨ ᠰᠢᠨ᠎ᠡ ᠪᠠᠶᠢᠳᠠᠯ᠂ ᠰᠢᠨ᠎ᠡ ᠠᠰᠠᠭᠤᠳᠠᠯ ᠤᠨ ᠲᠤᠭᠤᠷᠢᠨ | ᠳᠤ᠂ ᠪᠠᠶᠢᠴᠠᠭᠠᠨ ᠰᠣᠳᠣᠯᠣᠯᠲᠠ ᠬᠢᠬᠦ ᠪᠠᠨ ᠴᠢᠩᠭᠠᠳᠬᠠᠵᠤ᠂ ᠲᠤᠬᠢᠳᠡᠢ ᠰᠢᠢᠳᠪᠤᠷᠢᠯᠠᠨ ᠠᠷᠭᠠᠴᠠᠵᠤ᠂ ᠲᠦᠷᠦ ᠶᠢᠨ ᠪᠤᠳᠤᠯᠭ᠎ᠠ ᠠᠷᠭ᠎ᠠ ᠭᠡᠮᠵᠢᠶ᠎ᠡ ᠶᠢᠨ | ᠬᠠᠨᠲᠤᠯᠭᠠᠲᠤ ᠴᠢᠨᠠᠷ᠂ ᠪᠠᠷᠠᠭᠠᠯᠬᠢᠯᠠᠯ ᠤᠨ ᠴᠢᠨᠠᠷ᠂ ᠪᠦᠲᠦᠮᠵᠢᠲᠦ ᠴᠢᠨᠠᠷ ᠢ ᠪᠦᠬᠦ ᠲᠠᠯ᠎ᠠ ᠪᠠᠷ ᠲᠡᠬᠡᠭᠰᠢᠯᠠᠬᠦᠯᠤᠨ᠎ᠠ᠃ ᠴᠢᠬᠤᠯᠠ ᠶᠡᠭᠡ ᠠᠰᠠᠭᠤᠳᠠᠯ ᠳᠤ | ᠬᠠᠮᠳᠤ ᠪᠠᠷ ᠰᠢᠢᠳᠪᠦᠷᠢᠲᠦ ᠪᠤᠳᠣᠯᠭ᠎ᠠ ᠲᠤᠭᠳᠠᠭᠠᠬᠤ ᠲᠦᠷᠢᠮ ᠪᠤᠯᠤᠨ ᠰᠢᠢᠳᠪᠤᠷᠢ ᠪᠤᠳᠤᠯᠭ᠎ᠠ ᠲᠤᠭᠳᠠᠭᠠᠪᠠᠯ ᠬᠠᠷᠢᠭᠤᠴᠠᠯᠭ᠎ᠠ ᠡᠬᠦᠷᠭᠡᠯᠡᠬᠦ ᠲᠦᠷᠢᠮ ᠢ | ᠪᠦᠷᠢᠨᠰᠢᠬᠦᠯᠵᠤ᠂ ᠴᠢᠬᠤᠯᠠ ᠶᠡᠭᠡ ᠭᠡᠷᠡᠭ ᠤᠴᠢᠷ ᠤᠨ ᠲᠤᠰᠬᠠᠢ ᠮᠡᠷᠭᠡᠵᠢᠯᠲᠡᠨ ᠤ ᠠᠰᠠᠭᠤᠨ ᠯᠠᠪᠯᠠᠯᠭ᠎ᠠ᠂ ᠨᠡᠶᠢᠬᠡᠮ ᠤᠨ ᠠᠮᠤᠷ ᠲᠤᠭᠳᠠᠭᠤᠨ ᠤ ᠠᠶᠤᠯ | ᠲᠦᠭᠰᠢᠬᠦᠷᠢ ᠶᠢᠨ ᠦᠨᠡᠯᠡᠯᠲᠡ᠂ ᠤᠯᠠᠨ ᠳᠤ ᠨᠡᠶᠢᠲᠡᠯᠡᠵᠤ ᠭᠡᠷᠡᠴᠢ ᠰᠣᠨᠣᠰᠬᠤ ᠪᠠ ᠬᠠᠤᠯᠢ ᠶᠤᠰᠤᠴᠢ ᠴᠢᠨᠠᠷ ᠲᠤ ᠬᠢᠨᠠᠨ ᠪᠠᠶᠢᠴᠠᠭᠠᠯᠲᠠ ᠬᠢᠬᠦ ᠲᠦᠷᠢᠮ ᠢ ᠨᠠᠷᠢᠨ | ᠬᠢᠨᠠᠮᠠᠭᠠᠢ ᠬᠡᠷᠡᠭᠵᠢᠬᠦᠯᠤᠨ᠎ᠠ᠃ ᠵᠠᠰᠠᠭ ᠤᠨ ᠶᠠᠪᠤᠳᠠᠯ ᠢ ᠢᠯᠡ ᠪᠤᠯᠭᠠᠬᠤ ᠭᠡᠪᠴᠢᠶ᠎ᠡ ᠪᠠᠨ ᠦᠷᠭᠡᠳᠭᠡᠵᠤ᠂ ᠵᠠᠰᠠᠭ ᠤᠨ ᠤᠷᠳᠤᠨ ᠤ ᠴᠢᠮᠡᠭᠡ ᠵᠠᠩᠬᠢ ᠶᠢ ᠤᠯᠠᠨ | ᠳᠤ ᠨᠡᠶᠢᠲᠡᠯᠡᠬᠦ ᠪᠠ ᠰᠣᠨᠢᠨ ᠮᠡᠳᠡᠭᠡᠨ ᠤ ᠦᠬᠦᠯᠡᠭᠴᠢ ᠶᠢᠨ ᠲᠦᠷᠢᠮ ᠢ ᠲᠡᠭᠦᠯᠳᠡᠷᠵᠢᠬᠦᠯᠵᠤ᠂ ᠬᠤᠲᠠ ᠶᠢᠨ ᠲᠠᠷᠤᠭ᠎ᠠ ᠶᠢᠨ ᠬᠠᠯᠠᠮᠰᠢᠯ ᠤᠳᠠᠰᠣ ᠶᠢᠨ | ᠦᠢᠯᠡᠴᠢᠯᠡᠬᠡᠨ ᠤ ᠴᠢᠳᠠᠪᠤᠷᠢ ᠶᠢ ᠴᠢᠩᠭᠠᠳᠬᠠᠵᠤ᠂ ᠨᠡᠶᠢᠲᠡ ᠤᠯᠠᠨ ᠪᠤᠯᠤᠨ ᠵᠠᠭᠤᠴᠢ ᠶᠢᠨ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠠᠨ᠎ᠠ᠃ | ᠡᠯᠧᠺᠲᠷᠤᠨ ᠵᠠᠰᠠᠭ ᠤᠨ ᠶᠠᠪᠤᠳᠠᠯ ᠤᠨ ᠪᠦᠲᠦᠬᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠲᠦᠷᠭᠡᠳᠭᠡᠵᠤ᠂ ᠵᠠᠰᠠᠭ ᠵᠠᠬᠢᠷᠭᠠᠨ ᠤ ᠭᠡᠷᠡᠭ ᠶᠠᠪᠤᠳᠠᠯ ᠢ | ᠲᠦᠪᠯᠡᠷᠡᠬᠦᠯᠦᠨ ᠬᠢᠨᠠᠨ ᠵᠦᠪᠰᠢᠶᠡᠷᠡᠬᠦᠯᠬᠦ᠂ ᠰᠦᠯᠵᠢᠶᠡᠨ ᠲᠡᠭᠡᠷ᠎ᠡ ᠬᠦᠢᠴᠡᠳᠭᠡᠭᠦ ᠪᠤᠯᠤᠨ ᠡᠯᠧᠺᠲᠷᠤᠨ ᠢᠶᠠᠷ ᠬᠢᠨᠠᠨ ᠪᠠᠶᠢᠴᠠᠭᠠᠬᠤ ᠶᠢ ᠠᠬᠢᠭᠤᠯᠤᠨ᠎ᠠ᠃ ᠵᠠᠰᠠᠭ | ᠤᠨ ᠤᠷᠳᠤᠨ ᠤ ᠦᠢᠯᠡᠴᠢᠯᠡᠬᠡᠨ ᠤ ᠬᠢᠷᠢ ᠲᠦᠪᠰᠢᠨ ᠢ ᠲᠡᠭᠡᠭᠰᠢᠯᠡᠬᠦᠯᠵᠤ᠂ ᠬᠡᠯᠬᠢᠶᠡᠵᠢᠭᠰᠡᠨ᠂ ᠨᠢᠬᠡ ᠦᠷᠳᠡᠭᠡ ᠶᠢᠨ ᠭᠡᠯᠪᠡᠷᠢ ᠶᠢᠨ ᠦᠢᠯᠡᠴᠢᠯᠡᠭᠡ ᠶᠢ | ᠢᠳᠡᠪᠬᠢᠲᠠᠢ ᠲᠡᠯᠬᠡᠷᠡᠬᠦᠯᠵᠤ᠂ ᠠᠵᠢᠯᠯᠠᠬᠤ ᠲᠡᠰ ᠲᠠᠷᠠᠭᠠᠯᠠᠯ ᠢ ᠲᠦᠬᠦᠮᠴᠢᠯᠡᠵᠤ᠂ ᠠᠵᠢᠯ ᠤᠨ ᠦᠷ᠎ᠡ ᠠᠰᠢᠭ ᠢᠶᠠᠨ ᠲᠡᠭᠡᠭᠰᠢᠯᠡᠬᠦᠯᠵᠤ᠂ ᠠᠵᠢᠯ ᠤᠨ ᠦᠪᠡᠷ ᠤᠨ | ᠦᠷᠳᠡᠭ ᠢ ᠪᠠᠭᠤᠷᠡᠭᠤᠯᠤᠨᠠ᠃ ︽ᠠᠯᠪᠠᠨ ᠵᠤᠭᠤᠰ ᠢᠶᠠᠷ ᠢᠳᠡᠵᠤ ᠤᠤᠭᠤᠬᠤ᠂ ᠠᠯᠪᠠᠨ ᠲᠡᠷᠭᠡᠨ ᠤ ᠬᠡᠷᠡᠭᠯᠡᠭᠡ ᠪᠤᠯᠤᠨ ᠠᠯᠪᠠᠨ ᠵᠠᠷᠤᠳᠠᠯ ᠢᠶᠠᠷ ᠭᠠᠳᠠᠭᠠᠲᠤ | ᠳᠤ ᠭᠠᠷᠬᠤ︾ ᠵᠠᠷᠤᠯᠭ᠎ᠠ ᠪᠠ ᠡᠯ᠎ᠡ ᠲᠦᠷᠦᠯ ᠤᠨ ᠪᠠᠶᠠᠷ ᠲᠤᠷᠠᠰᠬᠠᠯ ᠤᠨ ᠬᠦᠳᠡᠯᠬᠡᠬᠡᠨ ᠢ ᠡᠷᠡᠰ ᠬᠢᠵᠠᠭᠠᠷᠯᠠᠵᠤ᠂ ᠠᠯᠪᠠᠳᠠᠨ ᠤ ᠡᠩᠨᠡᠭᠡ ᠶᠢᠨ ᠬᠠᠮᠢᠶᠠᠷᠤᠯᠲᠠ | ᠶᠢ ᠴᠢᠩᠭᠠᠳᠬᠠᠵᠤ᠂ ᠠᠵᠢᠯ ᠲᠦᠷᠦᠯ ᠤᠨ ᠰᠣᠷᠳᠠᠯ ᠢ ᠵᠦᠪᠯᠡᠨ ᠲᠤᠭᠳᠠᠭᠠᠤ ᠠᠵᠢᠯ ᠢ ᠰᠠᠶᠢᠲᠤᠷ ᠬᠢᠵᠤ᠂ ᠠᠵᠢᠯᠴᠢ ᠠᠷᠪᠢᠴᠢ ᠶᠢ ᠡᠷᠬᠢᠮᠯᠡᠵᠤ᠂ ᠪᠦᠷᠢᠯᠬᠡᠨ | ᠰᠦᠢᠳᠭᠡᠭᠦ ᠶᠢ ᠡᠰᠡᠷᠬᠦᠴᠡᠵᠤ᠂ ᠵᠠᠰᠠᠭ ᠵᠠᠬᠢᠷᠭᠠᠨ ᠤ ᠬᠢᠨᠠᠨ ᠪᠠᠶᠢᠴᠠᠭᠠᠬᠤ ᠪᠠ ᠬᠢᠨᠠᠨ ᠪᠤᠳᠤᠵᠤ ᠬᠢᠨᠠᠯᠲᠠ ᠲᠠᠯᠪᠢᠬᠤ ᠪᠠᠨ ᠴᠢᠩᠭᠠᠳᠬᠠᠵᠤ᠂ ᠵᠠᠰᠠᠭ ᠵᠠᠬᠢᠷᠭᠠᠨ | ᠤ ᠠᠵᠢᠯᠯᠠᠭ᠎ᠠ ᠦᠬᠡᠢ᠂ ᠠᠵᠢᠯᠯᠠᠭ᠎ᠠ ᠨᠢ ᠤᠳᠠᠭᠠᠨ᠂ ᠲᠤᠷ᠎ᠠ ᠪᠠᠷ ᠠᠵᠢᠯᠯᠠᠭ᠎ᠠ ᠠᠪᠬᠤ ᠪᠠ ︽ᠢᠳᠡᠵᠤ ᠤᠤᠭᠤᠬᠤ᠂ ᠲᠤᠰᠴᠤ ᠠᠪᠬᠤ᠂ ᠬᠠᠰᠢᠵᠤ ᠬᠠᠭᠠᠬᠤ᠂ | ᠨᠡᠬᠡᠵᠤ ᠠᠪᠬᠤ︾ ᠵᠡᠷᠬᠡ ᠬᠠᠤᠯᠢ ᠲᠤᠭᠳᠠᠭᠠᠯ ᠠᠴᠠ ᠵᠦᠷᠢᠴᠡᠭᠰᠡᠨ ᠦᠢᠯᠠ ᠠᠵᠢᠯᠯᠠᠭ᠎ᠠ ᠳᠤ ᠶᠡᠬᠡᠪᠡᠷ ᠵᠠᠰᠠᠯᠳᠠ ᠬᠢᠨ᠎ᠠ᠃ ᠰᠢᠷᠭᠠᠬᠤ ᠬᠠᠳᠠᠭᠤᠵᠢᠯᠳᠡᠢ ᠪᠠᠷ | ᠠᠵᠢᠯᠯᠠᠨ᠂ ᠦᠨᠠᠨ ᠢ ᠪᠠᠷᠢᠮᠳᠠᠯᠠᠨ ᠪᠤᠳᠠᠳᠡᠢ ᠶᠢ ᠡᠷᠬᠢᠮᠯᠠᠬᠦ ᠠᠵᠢᠯ ᠤᠨ ᠰᠤᠷᠳᠠᠯ ᠢ ᠰᠠᠨᠠᠭᠠᠴᠢᠯᠠᠵᠤ᠂ ᠤᠬᠤᠷ ᠬᠤᠭᠤᠴᠠᠭᠠᠨ ᠤ ᠠᠵᠢᠯᠯᠠᠭ᠎ᠠ ᠶᠢ ᠠᠪᠬᠤ ᠦᠬᠡᠢ | ᠂ ᠦᠩᠬᠡᠨ ᠲᠡᠯ᠎ᠠ ᠶᠢᠨ ᠠᠵᠢᠯ ᠬᠢᠬᠦ ᠦᠬᠡᠢ᠂ ᠦᠨᠠᠨ ᠪᠤᠳᠠᠳᠡᠢ ᠠᠵᠢᠯ ᠤᠨ ᠬᠢᠷᠢ ᠪᠦᠳᠤᠮᠵᠢ ᠶᠢ ᠴᠢᠷᠮᠠᠶᠢᠨ ᠡᠬᠦᠳᠤᠨ᠎ᠠ᠃ ᠨᠠᠮ ᠤᠨ ᠰᠣᠷᠳᠠᠯ ᠴᠢᠬᠡᠴᠢ | ᠵᠠᠰᠠᠭ ᠤᠨ ᠪᠠᠶᠢᠭᠤᠯᠤᠯᠲᠠ ᠶᠢᠨ ᠬᠠᠷᠢᠭᠤᠴᠠᠯᠭ᠎ᠠ ᠶᠢᠨ ᠲᠦᠷᠢᠮ ᠢ ᠨᠠᠶᠢᠲᠠᠪᠤᠷᠢᠵᠢᠭᠤᠯᠵᠤ᠂ ᠵᠠᠯᠬᠠᠭᠠᠨ ᠰᠢᠳᠬᠡᠬᠦ ᠪᠠ ᠤᠷᠢᠳᠴᠢᠯᠠᠨ ᠰᠡᠷᠡᠮᠵᠢᠯᠡᠬᠦᠯᠬᠦ ᠰᠢᠰᠲ᠋ᠧᠮᠵᠢ | ᠶᠢᠨ ᠪᠠᠶᠢᠭᠤᠯᠤᠯᠲᠠ ᠶᠢ ᠠᠬᠢᠭᠤᠯᠵᠤ᠂ ᠠᠷᠢᠭᠤᠨ ᠴᠢᠬᠡᠴᠢ ᠵᠠᠰᠠᠭ ᠤᠨ ᠤᠷᠳᠤᠨ ᠤ ᠲᠦᠷᠢ ᠲᠦᠷᠬᠦ ᠶᠢ ᠱᠣᠭᠤᠨ᠎ᠠ᠃ | ᠲᠦᠯᠦᠬᠡᠯᠡᠭᠴᠢᠳ ᠡ᠂ ᠰᠢᠨ᠎ᠡ ᠨᠢᠬᠡᠨ ᠵᠢᠯ ᠳᠤ᠂ ᠠᠵᠠ ᠲᠤᠬᠢᠶᠠᠯ ᠬᠢᠬᠡᠳ ᠦᠷᠢᠰᠦᠯᠳᠦᠬᠡᠨ ᠵᠡᠷᠭᠡᠪᠡᠷ ᠤᠷᠤᠰᠢᠵᠤ ᠂ ᠬᠦᠰᠡᠯ ᠡᠷᠡᠮᠡᠯᠵᠡᠯ ᠪᠤᠯᠤᠨ | ᠬᠦᠴᠢᠷ ᠪᠡᠷᠭᠡᠰᠢᠶᠡᠯ ᠬᠠᠮᠲᠤ ᠤᠷᠤᠰᠢᠵᠤ ᠪᠤᠢ᠃ ᠪᠢᠳᠡ ᠬᠤᠲᠠ ᠶᠢᠨ ᠨᠠᠮ ᠤᠨ ᠬᠤᠷᠢᠶ᠎ᠠ ᠶᠢᠨ ᠪᠠᠳᠤ ᠴᠢᠩᠭ᠎ᠠ ᠣᠳᠣᠷᠢᠳᠣᠯᠭ᠎ᠠ ᠲᠤᠤᠷ᠎ᠠ᠂ ᠰᠡᠳᠬᠢᠯ ᠵᠢᠷᠦᠬᠡ | ᠪᠠᠨ ᠬᠠᠮᠳᠤᠳᠬᠠᠨ᠂ ᠬᠦᠴᠢᠷ ᠪᠠᠷᠬᠡᠰᠢᠶᠠᠯ ᠢ ᠰᠦᠷᠢᠨ ᠵᠤᠷᠢᠭᠲᠠᠢ ᠤᠷᠤᠭᠰᠢᠯᠠᠵᠤ᠂ ᠵᠠᠮ ᠨᠡᠬᠡᠬᠡᠨ ᠰᠢᠨ᠎ᠡ ᠶᠢ ᠡᠬᠦᠳᠦᠨ᠂ ᠯᠠᠪᠳᠠᠭᠤᠨ ᠪᠠᠲᠤᠲᠠᠢ ᠠᠵᠢᠯᠯᠠᠵᠤ᠂ | ᠪᠦᠬᠦ ᠵᠢᠯ ᠤᠨ ᠡᠯ᠎ᠡ ᠵᠦᠢᠯ ᠤᠨ ᠬᠠᠷᠡᠯᠳᠠ ᠡᠬᠦᠷᠭᠡ ᠪᠠᠨ ᠲᠡᠭᠦᠰ ᠠᠮᠵᠢᠯᠲᠠ ᠲᠠᠢ ᠪᠡᠶᠡᠯᠡᠬᠦᠯᠵᠤ᠂ ᠤᠷᠳᠤᠰ ᠤᠨ ᠤᠳᠤᠬᠢᠴᠢᠯᠠᠯᠲᠠ ᠶᠢᠨ ᠪᠦᠲᠦᠬᠡᠨ | ᠪᠠᠶᠢᠭᠤᠯᠤᠯᠲᠠ ᠶᠢᠨ ᠠᠬᠢᠴᠠ ᠶᠢ ᠪᠦᠬᠦ ᠲᠠᠯ᠎ᠠ ᠪᠠᠷ ᠲᠦᠷᠭᠡᠳᠭᠡᠭᠦ ᠶᠢᠨ ᠲᠦᠯᠦᠬᠡ ᠴᠢᠷᠮᠠᠶᠢᠨ ᠲᠡᠮᠡᠴᠡᠶ᠎ᠡ︕ | | | | | | | | | ︽ ᠵᠠᠰᠠᠭ ᠤᠨ ᠤᠷᠳᠤᠨ ᠤ ᠠᠵᠢᠯ ᠤᠨ ᠢᠯᠡᠳᠭᠡᠯ ︾ ᠤᠨ ᠨᠡᠷᠡᠰ ᠤᠨ ᠲᠠᠶᠢᠯᠪᠤᠷᠢ | ᠨᠢᠬᠡ᠂ ᠬᠤᠤᠰ ᠵᠠᠭᠤᠨ ᠳ᠋ᠦᠩᠰᠢᠭᠤᠷ ᠤᠨ ᠢᠨᠵᠧᠨᠧᠷᠢᠩ᠄ ᠲᠠᠷᠤᠢ ᠦᠪᠡᠷᠳᠡᠭᠡᠨ ᠵᠠᠰᠠᠬᠤ ᠤᠷᠤᠨ ᠠᠴᠠ ᠲᠤᠷᠠᠳᠣᠭᠰᠠᠨ ︽ᠡᠵᠡᠩᠨᠡᠯᠲᠡ ᠶᠢᠨ ᠤᠷᠤᠯᠭ᠎ᠠ | ᠨᠢ ᠨᠢᠬᠡ ᠵᠠᠭᠤᠨ ᠳ᠋ᠦᠩᠰᠢᠭᠤᠷ ᠲᠦᠬᠦᠷᠢᠭ ᠢ ᠲᠠᠪᠠᠭᠰᠠᠨ ᠲᠤᠮᠤ ᠭᠡᠯᠪᠡᠷᠢ ᠶᠢᠨ ᠭᠤᠤᠯᠯᠠᠭᠴᠢ ᠠᠵᠤ ᠠᠬᠤᠶᠢᠯᠠᠯ ᠪᠤᠯᠤᠨ ᠪᠤᠷᠤᠯᠠᠭᠤᠯᠤᠯᠲᠠ ᠶᠢᠨ ᠤᠷᠤᠯᠭ᠎ᠠ ᠨᠢ | ᠨᠢᠬᠡ ᠵᠠᠭᠤᠨ ᠳ᠋ᠦᠩᠰᠢᠭᠤᠷ ᠲᠦᠬᠦᠷᠢᠭ ᠢ ᠲᠠᠪᠠᠭᠰᠠᠨ ᠭᠤᠤᠯᠳᠠᠯᠭ᠎ᠠ ᠲᠠᠢ ᠠᠵᠤ ᠦᠢᠯᠡᠰ ᠤᠨ ᠬᠦᠷᠢᠶᠡᠯᠡᠩ ᠲᠤᠭᠤᠷᠢᠭ︾ ᠢ ᠲᠦᠷᠭᠡᠭᠡᠨ ᠪᠤᠶᠢᠵᠢᠭᠤᠯᠬᠤ | ᠢᠨᠵᠧᠨᠧᠷᠢᠩ ᠪᠤᠯᠤᠨ᠎ᠠ᠃ | ᠬᠤᠶᠠᠷ᠂ ᠵᠤᠬᠢᠬᠤ ᠨᠠᠰᠣᠨ ᠤ ᠡᠮᠡᠭᠳᠡᠶᠢᠴᠤᠳ ᠤᠨ ᠬᠤᠶᠠᠷ ᠦᠮᠡᠨ ᠤ ᠰᠢᠭᠰᠢᠨ ᠪᠠᠶᠢᠴᠠᠭᠠᠯᠲᠠ᠄ ᠲᠠᠷᠤᠢ ᠮᠠᠨ ᠤ ᠬᠤᠲᠠ ᠶᠢᠨ 20 ᠪᠦᠬᠦᠯᠢ ᠨᠠᠰᠣᠨ | ᠠᠴᠠ 60 ᠪᠦᠬᠦᠯᠢ ᠨᠠᠰᠣᠨ ᠤ ᠬᠤᠭᠤᠷᠤᠨᠳᠤᠬᠢ ᠤᠷᠤᠭᠯᠠᠭᠰᠠᠨ ᠡᠮᠡᠭᠳᠡᠶᠢᠴᠣᠳ ᠲᠤ ᠬᠦᠬᠦᠨ ᠪᠤᠯᠴᠢᠷᠬᠠᠢ ᠶᠢᠨ ᠦᠮᠡᠨ ᠪᠤᠯᠤᠨ ᠰᠠᠪᠠ ᠶᠢᠨ ᠬᠦᠵᠦᠬᠦᠦ | ᠶᠢᠨ ᠦᠮᠠᠨ ᠤ ᠪᠠᠶᠢᠴᠠᠭᠠᠯᠲᠠ ᠶᠢ ᠦᠨ᠎ᠡ ᠲᠦᠯᠦᠪᠦᠷᠢ ᠦᠬᠡᠢ ᠬᠢᠵᠤ ᠦᠭᠬᠦ ᠡᠷᠡᠬᠦᠯ ᠬᠠᠮᠠᠭᠠᠯᠠᠯ ᠢᠶᠠᠷ ᠠᠷᠠᠳ ᠢ ᠬᠠᠷᠠᠭᠠᠯᠵᠠᠬᠤ ᠢᠨᠵᠧᠨᠧᠷᠢᠩ ᠪᠤᠯᠤᠨ᠎ᠠ᠃ | ᠭᠤᠷᠪᠠ᠂ ᠭᠤᠷᠪᠠᠨ ᠴᠢᠬᠤᠯᠠ ᠨᠢᠬᠡ ᠶᠡᠭᠡ᠄ ᠲᠠᠷᠤᠢ ︽ᠴᠢᠬᠤᠯᠠ ᠶᠡᠭᠡ ᠠᠰᠠᠭᠤᠳᠠᠯ ᠤᠨ ᠰᠢᠢᠳᠪᠦᠷᠢᠲᠦ ᠪᠤᠳᠤᠯᠭ᠎ᠠ ᠲᠤᠭᠳᠠᠭᠠᠬᠤ᠂ ᠴᠢᠬᠤᠯᠠ ᠺᠠᠳ᠋ᠷ ᠢ | ᠠᠵᠢᠯ ᠠᠴᠠ ᠲᠤᠮᠢᠯᠠᠵᠤ ᠪᠠᠭᠤᠯᠭᠠᠬᠤ᠂ ᠴᠢᠬᠤᠯᠠ ᠶᠡᠭᠡ ᠲᠦᠷᠦᠯ ᠵᠦᠢᠯ ᠤᠨ ᠪᠡᠯᠡ ᠤᠷᠤᠭᠤᠯᠤᠯᠲᠠ ᠶᠢᠨ ᠰᠢᠢᠳᠪᠦᠷᠢᠲᠦ ᠪᠤᠳᠤᠯᠭ᠎ᠠ ᠲᠤᠭᠳᠠᠭᠠᠬᠤ᠂ ᠶᠡᠭᠡ | ᠲᠤᠭᠠᠨ ᠤ ᠪᠡᠯᠡ ᠮᠦᠩᠬᠦᠨ ᠤ ᠭᠡᠷᠡᠭᠯᠡᠯᠲᠡ︾ ᠶᠢ ᠵᠢᠭᠠᠵᠤ ᠪᠤᠢ᠃ | ᠲᠦᠷᠪᠡ᠂ ᠡᠬᠦᠯᠡᠨ ᠪᠤᠳᠤᠯᠭ᠎ᠠ᠄ ᠲᠠᠷᠤᠢ ᠢᠨᠲ᠋ᠧᠷᠨᠧᠲ ᠰᠦᠯᠵᠢᠶ᠎ᠡ ᠳᠤ ᠰᠠᠭᠤᠷᠢᠯᠠᠭᠰᠠᠨ ᠪᠤᠳᠤᠯᠭ᠎ᠠ ᠶᠢᠨ ᠠᠷᠭ᠎ᠠ ᠪᠤᠯᠤᠨ᠎ᠠ᠃ ᠡᠶᠢᠮᠦᠷᠬᠦ ᠠᠷᠭ᠎ᠠ ᠪᠠᠷ | ᠲᠠᠮᠵᠢᠨ᠂ ᠶᠡᠭᠡ ᠬᠡᠮᠵᠢᠶᠡᠨ ᠤ ᠲᠤᠤᠷ ᠰᠦᠯᠵᠢᠶ᠎ᠡ ᠪᠠᠷ ᠵᠠᠯᠭᠠᠯᠳᠤᠭᠰᠠᠨ ᠪᠤᠳᠤᠯᠭ᠎ᠠ ᠶᠢᠨ ᠡᠬᠢ ᠪᠠᠶᠠᠯᠢᠭ ᠢ ᠨᠢᠬᠡᠳᠦᠯᠲᠠᠢ ᠬᠠᠮᠢᠶᠠᠷᠤᠨ ᠲᠤᠬᠢᠷᠠᠭᠤᠯᠵᠤ᠂ | ᠭᠡᠷᠡᠭᠴᠡᠭᠡ ᠶᠤᠰᠤᠭᠠᠷ ᠺᠤᠮᠫᠢᠦ᠋ᠲ᠋ᠧᠷ ᠪᠤᠯᠤᠨ ᠪᠤᠰᠤᠳ ᠲᠦᠬᠦᠬᠡᠷᠦᠮᠵᠢ ᠳᠤ ᠲᠤᠭ᠎ᠠ ᠪᠠᠷᠢᠮᠲᠠ ᠬᠠᠩᠭᠠᠨ᠎ᠠ᠃ | ᠲᠠᠪᠤ᠂ ᠬᠤᠪᠢ ᠠᠴᠠ ᠴᠤᠭᠯᠠᠭᠤᠯᠤᠭᠰᠠᠨ ᠰᠲ᠋ᠤᠺ ᠤᠨ ᠡᠷᠭᠡ ᠲᠠᠢ ᠰᠠᠭᠤᠷᠢ ᠮᠦᠩᠬᠦ᠄ ᠲᠠᠷᠤᠢ ᠰᠲ᠋ᠤᠺ ᠢᠶᠠᠨ ᠵᠠᠬ᠎ᠠ ᠲᠡᠯᠬᠡᠬᠦᠷ ᠲᠤ ᠭᠠᠷᠭᠠᠭᠰᠠᠨ ᠪᠤᠰᠤ | ᠺᠤᠮᠫᠠᠨᠢ ᠶᠢᠨ ᠰᠲ᠋ᠣᠺ ᠤᠨ ᠡᠷᠭᠡ ᠶᠢᠨ ᠪᠡᠯᠡ ᠤᠷᠤᠭᠤᠯᠤᠯᠲᠠ ᠶᠢ ᠡᠷᠬᠢᠯᠡᠵᠤ ᠪᠠᠶᠢᠭ᠎ᠠ ᠰᠠᠭᠤᠷᠢ ᠮᠦᠩᠬᠦ ᠶᠢ ᠵᠢᠭᠠᠨ᠎ᠠ᠂ ᠡᠨᠡ ᠨᠢ ᠢᠯᠡ ᠪᠠᠷ ᠲᠠᠷᠬᠠᠭᠠᠬᠤ | ᠶᠢ ᠲᠠᠮᠵᠢᠬᠤ ᠦᠬᠡᠢ᠂ ᠬᠠᠷᠢᠨ ᠦᠪᠡᠷ ᠵᠠᠭᠤᠷ᠎ᠠ ᠶᠢᠨ ᠲᠤᠳᠤᠷ᠎ᠠ ᠪᠠᠨ ᠣᠨᠴᠠ ᠲᠤᠭᠳᠠᠭᠰᠠᠨ ᠡᠳᠡᠭᠡᠳ ᠠᠴᠠ ᠴᠤᠭᠯᠠᠭᠤᠯᠳᠠᠭ᠃ | ᠵᠢᠷᠭᠤᠭ᠎ᠠ᠂ ᠨᠡᠶᠢᠬᠡᠮ ᠲᠤᠭᠤᠷᠢᠭ ᠤᠨ ᠡᠳᠦᠷᠵᠢᠨ ᠬᠠᠷᠠᠭᠠᠯᠵᠠᠬᠤ ᠲᠦᠪ᠄ ᠲᠠᠷᠤᠢ ᠨᠡᠶᠢᠬᠡᠮ ᠲᠤᠭᠤᠷᠢᠭ ᠤᠨ ᠲᠤᠳᠤᠷᠠᠬᠢ ᠨᠠᠰᠣᠨ ᠰᠡᠬᠦᠳᠡᠷ ᠦᠨᠳᠦᠷ᠂ | ᠠᠮᠢᠲᠤᠷᠠᠯ ᠢᠶᠠᠨ ᠪᠦᠷᠢᠮᠰᠦᠨ ᠬᠠᠷᠠᠭᠠᠯᠵᠠᠵᠤ ᠴᠢᠳᠠᠬᠤ ᠦᠬᠡᠢ ᠨᠠᠰᠣᠲᠠᠶᠢᠴᠣᠳ ᠲᠤ ᠴᠠᠢ ᠪᠤᠳᠠᠭ᠎ᠠ ᠬᠠᠩᠭᠠᠬᠤ᠂ ᠠᠮᠢᠲᠤᠷᠠᠯ ᠢ ᠨᠢ ᠬᠠᠷᠠᠭᠠᠯᠵᠠᠬᠤ᠂ ᠡᠷᠡᠬᠦᠯᠵᠢᠯ | ᠢ ᠬᠠᠮᠠᠭᠠᠯᠠᠬᠤ᠂ ᠰᠣᠶᠣᠯ ᠵᠤᠭ᠎ᠠ ᠴᠡᠩᠬᠡᠯ᠂ ᠤᠶᠤᠨ ᠰᠠᠨᠠᠭᠠᠨ ᠤ ᠲᠠᠶᠢᠳᠬᠠᠷᠠᠭᠤᠯᠤᠯ ᠬᠢᠬᠦ ᠵᠡᠷᠭᠡ ᠦᠢᠯᠡᠴᠢᠯᠡᠭᠡ ᠬᠠᠩᠭᠠᠬᠤ ᠡᠳᠦᠷᠵᠢᠨ ᠲᠦᠪᠯᠡᠷᠡᠬᠦᠯᠦᠨ | ᠬᠠᠷᠠᠭᠠᠯᠵᠠᠬᠤ ᠲᠠᠯᠠᠪᠤᠷ ᠭᠠᠵᠠᠷ ᠢ ᠵᠢᠭᠠᠵᠤ ᠪᠠᠶᠢᠨ᠎ᠠ᠃ | ᠲᠤᠯᠤᠭ᠎ᠠ᠂ ᠭᠤᠷᠪᠠᠨ ᠭᠤᠤᠯ ᠭᠤᠷᠪᠠᠨ ᠬᠦᠷᠢᠶᠡᠯᠡᠩ᠄ ᠲᠠᠷᠤᠢ ᠳ᠋ᠦᠩᠱᠧᠩ ᠲᠤᠭᠤᠷᠢᠭ ᠤᠨ ᠭᠡᠷᠡᠭᠵᠢᠬᠦᠯᠵᠤ ᠪᠠᠶᠢᠭ᠎ᠠ ᠬᠠᠨᠲᠠᠢ ᠭᠤᠤᠯ᠂ ᠵᠢᠯᠤᠭᠤᠴᠢᠨ | ᠭᠤᠤᠯ ᠪᠤᠯᠤᠨ ᠬᠦᠨᠳᠡᠯᠡᠨ ᠭᠤᠤᠯ ᠤᠨ ᠠᠮᠢ ᠠᠬᠤᠢ ᠶᠢ ᠴᠡᠭᠴᠡᠯᠡᠨ ᠵᠠᠰᠠᠬᠤ ᠪᠠᠷᠢᠯᠭ᠎ᠠ ᠪᠤᠯᠤᠨ ᠠᠮᠢᠲᠠᠨ ᠤ ᠬᠦᠷᠢᠶᠡᠯᠡᠩ᠂ ᠤᠷᠭᠤᠮᠠᠯ ᠤᠨ ᠬᠦᠷᠢᠶᠡᠯᠡᠩ᠂ | ᠴᠡᠩᠬᠡᠯ ᠤᠨ ᠬᠦᠷᠢᠶᠡᠯᠡᠩ ᠤᠨ ᠪᠦᠲᠦᠬᠡᠨ ᠪᠠᠶᠢᠭᠤᠯᠤᠯᠲᠠ ᠶᠢᠨ ᠲᠦᠷᠦᠯ ᠵᠦᠢᠯ ᠪᠤᠯᠤᠨ᠎ᠠ᠃ | ᠨᠠᠢᠮᠠ᠂ ᠲᠠᠪᠤᠨ ᠲᠤᠮᠤ ᠲᠦᠷᠦᠯ ᠬᠡᠯᠪᠡᠷᠢ ᠶᠢᠨ ᠤᠷᠤᠨ ᠤ ᠠᠮᠢ ᠠᠬᠤᠢ ᠶᠢᠨ ᠬᠢᠨᠠᠨ ᠬᠡᠮᠵᠢᠯᠲᠡ ᠪᠤᠯᠤᠨ ᠬᠤᠷᠠᠮᠠᠯ ᠵᠢᠱᠢᠶ᠎ᠡ ᠦᠵᠡᠬᠦᠯᠬᠦ ᠲᠦᠷᠦᠯ ᠵᠦᠢᠯ | ᠄ ᠲᠠᠷᠤᠢ ᠲᠤᠮᠳᠠᠳᠣ ᠣᠯᠣᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠦᠢᠲᠡᠨ ᠬᠠᠭᠰᠠᠷᠭᠠᠨ ᠤ ᠭᠠᠵᠠᠷ ᠤᠨ ᠬᠢᠨ ᠣᠷᠳᠣᠰ ᠤᠨ ︽ᠲᠤᠪᠤᠴᠠᠭ ᠭᠤᠤ | ᠭᠠᠩᠭ᠎ᠠ ᠤᠷᠤᠨ᠂ ᠭᠠᠩ ᠬᠠᠭᠤᠷᠠᠢ ᠬᠠᠳᠠᠭᠤ ᠰᠢᠯᠢᠷᠭᠡᠭ ᠤᠷᠤᠨ᠂ ᠮᠤᠤᠣᠡᠰᠣ ᠶᠢᠨ ᠡᠯᠡᠰᠦᠷᠭᠡᠭ ᠭᠠᠵᠠᠷ᠂ ᠭᠦᠪᠴᠢ ᠶᠢᠨ ᠡᠯᠡᠰᠦ ᠪᠤᠯᠤᠨ ᠠᠷᠪᠠᠨ ᠶᠡᠭᠡ | ᠬᠦᠨᠳᠡᠢ︾ ᠵᠡᠷᠭᠡ ᠲᠠᠪᠤᠨ ᠲᠤᠮᠤ ᠭᠠᠵᠠᠷ ᠤᠨ ᠪᠠᠶᠢᠴᠠ ᠳᠤ ᠬᠠᠨᠳᠤᠭᠤᠯᠵᠤ ᠲᠤᠷᠠᠳᠣᠨ ᠭᠠᠷᠭᠠᠭᠰᠠᠨ ᠠᠮᠢ ᠠᠬᠤᠢ ᠶᠢᠨ ᠬᠢᠨᠠᠨ ᠬᠡᠮᠵᠢᠯᠲᠡ ᠪᠤᠯᠤᠨ ᠭᠡᠪ ᠵᠠᠭᠪᠤᠷ | ᠢ ᠰᠢᠯᠢᠳᠡᠭᠵᠢᠬᠦᠯᠬᠦ ᠬᠤᠷᠠᠮᠠᠯ ᠵᠢᠱᠢᠶ᠎ᠡ ᠦᠵᠡᠬᠦᠯᠬᠦ ᠤᠷᠤᠨ ᠤ ᠪᠦᠲᠦᠬᠡᠨ ᠪᠠᠶᠢᠭᠤᠯᠤᠯᠲᠠ ᠶᠢᠨ ᠲᠦᠷᠦᠯ ᠵᠦᠢᠯ ᠪᠤᠯᠤᠨ᠎ᠠ᠃ | ᠶᠢᠰᠦ᠂ ᠲᠠᠪᠤᠨ ᠵᠦᠢᠯ ᠤᠨ ᠰᠣᠶᠣᠯ ᠤᠨ ᠵᠢᠱᠢᠶ᠎ᠡ ᠦᠵᠡᠬᠦᠯᠬᠦ ᠢᠨᠵᠧᠨ᠋ᠧᠷᠢᠩ᠄ ᠲᠠᠷᠤᠢ ︽ᠴᠢᠨᠡᠬᠡᠯᠢᠭᠵᠢᠯ ᠤᠨ ᠰᠣᠶᠣᠯ ᠤᠨ ᠢᠨᠵᠧᠨᠧᠷᠢᠩ᠂ ᠰᠠᠷᠠᠨ᠎ᠠ | ᠣᠷᠠᠯᠢᠭ ᠤᠨ ᠢᠨᠵᠧᠨᠧᠷᠢᠩ᠂ ᠲᠡᠤᠭᠡ ᠶᠢᠨ ᠲᠤᠷᠠᠰᠬᠠᠯᠲᠤ ᠵᠦᠢᠯ ᠢ ᠬᠠᠮᠠᠭᠠᠯᠠᠨ ᠬᠦᠭᠵᠢᠬᠦᠯᠬᠦ ᠢᠨᠵᠧᠨᠧᠷᠢᠩ᠂ ᠴᠢᠳᠠᠪᠤᠷᠢᠲᠠᠨ ᠤ ᠡᠩᠨᠡᠭᠡ ᠶᠢᠨ ᠪᠠᠶᠢᠭᠤᠯᠤᠯᠲᠠ | ᠶᠢᠨ ᠢᠨᠵᠧᠨᠧᠷᠢᠩ ᠪᠤᠯᠤᠨ ᠰᠣᠶᠣᠯ ᠤᠨ ᠠᠵᠤ ᠦᠢᠯᠡᠰ ᠤᠨ ᠬᠦᠭᠵᠢᠯᠲᠡ ᠶᠢᠨ ᠢᠨᠵᠧᠨᠧᠷᠢᠩ︾ ᠪᠤᠯᠤᠨ᠎ᠠ᠃ | ᠠᠷᠪᠠ᠂ ᠬᠦᠬᠡ ᠲᠦᠯᠦ ᠲᠦᠯᠦᠪᠯᠡᠭᠡ᠄ ᠲᠠᠷᠤᠢ ᠰᠣᠷᠭᠠᠨ ᠬᠦᠮᠦᠵᠢᠯ ᠤᠨ ᠶᠠᠮᠤᠨ ᠤ ᠲᠡᠯᠬᠡᠷᠡᠬᠦᠯᠦᠭᠰᠡᠨ ᠣᠷᠣᠨ ᠪᠦᠰᠡ ᠶᠢᠨ ᠠᠵᠤ ᠠᠬᠤᠢ ᠵᠢᠴᠢ | ᠭᠠᠵᠠᠷ ᠤᠷᠤᠨ ᠤ ᠠᠵᠤ ᠦᠢᠯᠡᠰ ᠤᠨ ᠬᠦᠭᠵᠢᠯᠲᠡ ᠶᠢᠨ ᠤᠨᠴᠠᠯᠢᠭ ᠪᠤᠯᠤᠨ ᠭᠡᠷᠡᠭᠴᠡᠭᠡ ᠶᠢ ᠤᠶᠠᠯᠳᠤᠭᠤᠯᠤᠨ᠂ ᠬᠠᠨᠲᠤᠯᠭᠠᠲᠤ ᠴᠢᠨᠠᠷ ᠲᠠᠢ ᠪᠠᠷ ᠡᠯ᠎ᠡ ᠶᠡᠭᠡ | ᠲᠡᠭᠡᠳᠦ ᠰᠣᠷᠭᠠᠭᠤᠯᠢ ᠶᠢ ᠵᠤᠬᠢᠶᠠᠨ ᠪᠠᠶᠢᠭᠤᠯᠤᠨ ᠭᠠᠵᠠᠷ ᠤᠷᠤᠨ ᠢᠶᠠᠷ ᠬᠦᠷᠴᠦ ᠦᠢᠯᠡᠳᠪᠦᠷᠢᠯᠡᠯ ᠵᠢᠭᠠᠨ ᠰᠣᠷᠭᠠᠯᠲᠠ ᠪᠤᠯᠤᠨ ᠰᠣᠳᠣᠯᠭᠠᠨ ᠤ ᠬᠠᠮᠲᠤᠷᠠᠯᠴᠠᠭ᠎ᠠ | ᠶᠢᠨ ᠰᠢᠷᠢᠰ ᠠᠵᠢᠯᠯᠠᠭ᠎ᠠ ᠦᠷᠨᠢᠬᠦᠯᠬᠦ ᠶᠢ ᠵᠢᠠᠭᠠᠵᠤ ᠪᠤᠢ᠃ | | | | |